ᠠᠯᠠᠱᠠ ᠠᠮᠠᠨ ᠠᠶᠠᠯᠠᠭᠤᠨ ᠳᠠᠬᠢ ᠡᠷᠳᠡᠨ ᠤ ᠪᠢᠴᠢᠭ ᠨᠤᠮ ᠳᠤ ᠢᠯᠡᠷᠡᠬᠦ ᠥᠭᠡᠰ
ᠨᠡᠶᠢᠲᠡᠯᠡᠭᠰᠡᠨ ᠴᠠᠭ᠄
2019/6/14
1. ᠠᠶᠢᠰᠠᠢ — ︽ᠨᠢᠭᠤᠴᠠ ᠲᠤᠪᠴᠢᠶᠠᠨ︾ ᠳᠤ ᠡᠭᠡᠭᠡ ᠲᠤᠬᠢᠶᠠᠯᠳᠤᠬᠤ ᠪᠠᠷ ᠥᠯᠥ ᠪᠠᠷᠠᠮ ᠪᠤᠰᠤᠳ ᠡᠷᠳᠡᠨ ᠤ ᠮᠤᠩᠭᠤᠯ ᠵᠤᠬᠢᠶᠠᠯ ᠪᠢᠴᠢᠭ ᠲᠤ ᠴᠤ ᠥᠵᠡᠭᠳᠡᠳᠡᠭ ᠠᠯᠠᠱᠠᠴᠤᠳ ᠨᠠᠰᠢ ᠶᠠᠪᠤᠵᠤ ᠪᠠᠶᠢᠬᠤ ᠶᠢ ᠠᠶᠢᠰᠤᠢ ᠭᠡᠬᠦ ᠤᠳᠬ᠎ᠠ ᠪᠠᠷ ᠤᠯᠠᠨ ᠭᠡᠷᠡᠭᠯᠡᠨ᠎ᠠ᠃ ᠭᠡᠬᠦ ᠳᠡᠭᠡᠨ ᠨᠥᠬᠦᠴᠡᠯ ᠤᠢᠢᠯᠡ ᠶᠢᠨ ᠲᠠᠭᠠᠪᠤᠷᠢ ᠲᠠᠢ ᠶᠠᠷᠢᠬᠤ ᠨᠢ ᠠᠷᠪᠢᠨ᠃ ᠵᠢᠱᠢᠶᠡᠯᠡᠪᠡᠯ᠄ ᠲᠡᠷᠡ ᠠᠶᠢᠰᠢᠵᠤ ᠪᠠᠶᠢᠨ᠎ᠠ᠃ ᠲᠡᠷᠡ ᠠᠰᠢᠨ᠎ᠠ᠃2. ᠥᠯᠳᠤ — ︽ᠨᠢᠭᠤᠴᠠ ᠲᠤᠪᠴᠢᠶᠠᠨ︾ ᠳᠤ ᠢᠯᠳᠤ ᠶᠢ ᠭᠡᠯᠡᠨ᠎ᠠ᠃ ᠠᠯᠠᠱᠠ ᠠᠮᠠᠨ ᠠᠶᠠᠯᠠᠭᠤᠨ ᠳᠤ ᠢᠯᠳᠤ ᠶᠢ ᠡᠳᠤᠭᠡ ᠪᠤᠯᠳᠠᠯ᠎ᠠ ︽ᠥᠯᠳᠤ︾ ᠭᠡᠵᠤ ᠭᠡᠯᠡᠳᠡᠭ ᠪᠠᠶᠢᠨ᠎ᠠ᠃3. ᠮᠠᠩᠭᠤᠳ — ᠮᠤᠩᠭᠤᠯ ᠤᠨ ᠡᠷᠳᠡᠨ ᠤ ᠪᠢᠴᠢᠭ ᠵᠤᠬᠢᠶᠠᠯ ᠳᠤ ᠬᠠᠷᠠᠬᠳᠠᠳᠠᠬ ᠨᠢᠭᠡᠨ ᠠᠶᠢᠮᠠᠬ ᠤᠬᠰᠠᠭ᠎ᠠ ᠶᠢᠨ ᠨᠡᠷ᠎ᠠ ᠪᠤᠯᠠᠢ᠃ ᠮᠠᠩᠭᠤᠳ ᠭᠡᠬᠦ ᠨᠢ ᠤᠳᠤ ᠪᠤᠯᠳᠠᠯ᠎ᠠ ᠠᠯᠠᠱᠠ ᠶᠢᠨ ᠨᠢᠭᠡ ᠪᠥᠯᠥᠭ ᠬᠥᠮᠤᠰ ᠤᠨ ᠤᠪᠤᠬ ᠪᠤᠯᠤᠬᠰᠠᠭᠠᠷ᠃4. ᠲᠠᠯᠳᠠᠢ — ︽ᠵᠢᠩᠭᠠᠷ︾ ᠲᠤ ᠡᠮᠡᠭᠡᠯ ᠤᠨ ᠬᠠᠮᠤᠬ ᠤᠨ ᠲᠤᠤᠷ᠎ᠠ ᠨᠢ ᠲᠡᠪᠢᠰᠳᠡᠭ ᠶᠠᠭᠤᠮ᠎ᠠ ᠶᠢ ᠵᠢᠭᠠᠬᠤ ᠳᠤ ᠯᠠᠱᠠᠴᠤᠳ ᠡᠮᠡᠭᠡᠯ ᠲᠤᠬᠤᠮ ᠤᠨ ᠲᠤᠤᠷᠠᠬᠢ ᠢᠰᠢᠭᠡᠢ ᠶᠢ ᠲᠠᠯᠳᠢ ᠭᠡᠵᠤ ᠨᠡᠶᠢᠳᠡᠮ ᠭᠡᠯᠡᠨ᠎ᠠ᠃5. ᠠᠰᠬᠠᠨ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠪᠥᠷᠤᠢ ᠶᠢ ᠭᠡᠯᠡᠳᠡᠭ ᠨᠢ ᠡᠳᠤᠭᠡ ᠶᠢᠨ ᠠᠯᠠᠱᠠ ᠠᠮᠠᠨ ᠠᠶᠠᠯᠠᠭᠤᠨ ᠳᠠᠬᠢ ᠠᠩᠬᠠᠨ ᠭᠡᠬᠦ ᠶᠢᠨ ᠤᠳᠬ᠎ᠠ ᠯᠤᠭ᠎ᠠ ᠠᠳᠠᠯᠢ ᠪᠠᠶᠢᠳᠠᠬ᠃6. ᠥᠷᠤᠨ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠥᠷᠯᠤᠭᠡ ᠭᠡᠰᠡᠨ ᠤᠳᠬ᠎ᠠ ᠲᠠᠢ ᠪᠥᠭᠡᠳ ᠠᠯᠠᠱᠠ ᠳᠤ ᠴᠤ ᠠᠳᠠᠯᠢ ᠤᠳᠬ᠎ᠠ ᠪᠠᠷ ᠭᠡᠷᠡᠭᠯᠡᠳᠡᠭ᠃7. ᠬᠤᠰ — ︽ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠪᠠᠶᠢᠳᠠᠬ᠃ ᠡᠬᠦᠨ ᠢ ᠬᠥᠮᠤᠰ ᠢᠯᠡᠬᠦᠤ ᠭᠡᠬᠦ ᠪᠠᠷ ᠲᠠᠶᠢᠯᠪᠤᠷᠢᠯᠠᠵᠤ ᠪᠤᠢ᠃ ᠠᠯᠠᠱᠠ ᠠᠮᠠᠨ ᠠᠶᠠᠯᠠᠭᠤᠨ ᠳᠤ ᠬᠠᠷᠢᠨ ᠬᠤᠰ ᠭᠡᠬᠦ ᠥᠭᠡ ᠪᠠᠶᠢᠬᠤ ᠪᠥᠭᠡᠳ ᠲᠡᠬᠦᠨ ᠢ ᠪᠠᠨ ᠢᠯᠡᠬᠦᠤ ᠪᠤᠶᠤ ᠠᠴᠢᠶ᠎ᠠ ᠭᠡᠬᠦ ᠪᠠᠷ ᠲᠠᠶᠢᠯᠪᠦ᠋ᠷᠯᠠᠨ᠎ᠠ᠃ ᠵᠢᠱᠢᠶᠡᠯᠡᠪᠡᠯ᠄ ᠬᠤᠰ ᠮᠤᠷᠢ ᠭᠡᠪᠡᠯ ᠢᠯᠡᠬᠦᠤ ᠮᠤᠷᠢ ᠲᠠᠢ᠂ ᠬᠤᠰ ᠲᠠᠢ ᠲᠡᠮᠡᠭᠡ ᠭᠡᠬᠦ ᠵᠡᠷᠭᠡ᠃ ᠴᠢᠨᠠᠬᠰᠢᠯᠠᠨ ᠰᠤᠳᠤᠯᠵᠤ ᠥᠵᠡᠪᠡᠯ᠂ ᠬᠤᠱᠤᠳ ᠮᠤᠩᠭᠤᠯ ᠤᠨ ᠬᠤᠱᠤᠳ ᠭᠡᠬᠦ ᠶᠢᠨ ᠢᠵᠠᠭᠤᠷ ᠢᠷᠡᠯ ᠨᠢ ᠪᠠᠰᠠ ᠬᠤᠰ ᠴᠤ ᠪᠠᠶᠢᠵᠤ ᠮᠡᠳᠡᠨ᠎ᠠ᠃8. ᠰᠡᠷᠭᠡ ᠢᠷᠭᠡ — ᠡᠷᠳᠡᠨ ᠤ ᠮᠤᠩᠭᠤᠯ ᠵᠤᠬᠢᠶᠠᠨ ᠳᠤ ᠪᠠᠰᠠ ᠬᠠᠷᠠᠬᠳᠠᠨ᠎ᠠ᠃ ᠠᠯᠠᠱᠠᠴᠤᠳ ᠡᠷ᠎ᠠ ᠬᠤᠨᠢ ᠶᠢ ᠢᠷᠭᠡ᠂ ᠡᠷ᠎ᠠ ᠢᠮᠠᠭ᠎ᠠ ᠶᠢ ᠰᠡᠷᠭᠡ ᠭᠡᠳᠡᠭ ᠴᠤ ᠡᠷᠳᠡᠨ ᠤ ᠮᠤᠩᠭᠤᠯ ᠵᠤᠬᠢᠶᠠᠯ ᠳᠠᠬᠢ ︽ᠤᠰᠤᠨ ᠳᠤ ᠤᠷᠤᠳᠠᠬ ᠰᠡᠷᠭᠡ ᠶᠢᠨ ᠡᠪᠡᠷ ᠪᠤᠯᠤᠬᠰᠠᠨ ᠁︾ ᠭᠡᠬᠦ ᠶᠢᠨ ︽ᠰᠡᠷᠭᠡ︾ ᠲᠠᠢ ᠮᠠᠰᠢ ᠠᠳᠠᠯᠢᠪᠳᠤᠷ ᠪᠠᠶᠢᠮᠤᠢ᠃ 9. ᠰᠢᠳᠠᠷᠬᠠᠨ — ︽ᠲᠡᠬᠦᠨ ᠳᠤ ᠶᠠᠭᠤᠮ᠎ᠠ ᠡᠰᠡ ᠤᠯᠳᠠᠮᠠᠬᠴᠠ ᠲᠡᠷᠡ ᠠᠭᠤᠯᠠᠨ ᠳᠤ ᠰᠢᠳᠠᠷᠬᠠᠨ ᠢᠷᠡᠵᠤ ᠁︾ ︵ᠤᠪᠠᠰᠢ ᠬᠤᠨᠭ᠌ ᠲᠠᠶᠢᠵᠢ ᠶᠢᠨ ᠲᠤᠭᠤᠵᠢ︾︶ ᠭᠡᠮᠡᠬᠦ ᠥᠬᠦᠯᠪᠤᠷᠢ ᠳᠠᠬᠢ ︽ᠰᠢᠳᠠᠷᠬᠠᠨ︾ ᠢ ᠤᠢᠢᠷᠠᠬᠠᠨ ᠭᠡᠵᠤ ᠲᠠᠶᠢᠯᠪᠤᠷᠢᠯᠠᠬᠰᠠᠨ ᠪᠤᠢ᠃ ᠡᠨᠡ ᠥᠭᠡ ᠶᠢ ᠠᠯᠱᠠᠴᠤᠳ ᠬᠠᠷᠢᠨ ︽ᠲᠠᠷᠦ᠋ᠢᠬᠠᠨ᠂ ᠰᠠᠶ᠋ᠢᠬᠠᠨ︾ ᠭᠡᠬᠦ ᠪᠠᠷ ᠭᠡᠷᠡᠭᠯᠡᠳᠡᠭ ᠪᠢᠯᠡ᠃10. ᠰᠤᠷᠠᠪᠠ — ᠡᠨᠡ ᠥᠭᠡ ᠡᠷᠳᠡᠨ ᠤ ᠮᠤᠩᠭᠤᠯ ᠵᠤᠬᠢᠶᠠᠯ ᠳᠤ ᠤᠯᠠᠨ ᠲᠤᠬᠢᠶᠠᠯᠳᠤᠨ᠎ᠠ᠃ ᠵᠠᠷᠢᠮ ᠨᠤᠮ ᠳᠤ ᠠᠰᠠᠭᠤᠪᠠ ᠭᠡᠬᠦ ᠪᠠᠷ ᠲᠠᠶᠢᠯᠪᠤᠷᠢᠯᠠᠪᠠ᠃ ᠠᠯᠠᠱᠠ ᠠᠮᠠᠨ ᠠᠶᠠᠯᠠᠭᠤᠨ ᠳᠤ ᠮᠥᠨ ᠠᠰᠠᠭᠤᠬᠤ ᠤᠳᠬ᠎ᠠ ᠪᠠᠷ ᠭᠡᠷᠡᠭᠯᠡᠵᠤ ᠪᠤᠢ ᠪᠥᠭᠡᠳ ᠶᠠᠷᠢᠶᠠᠨ ᠤ ᠭᠡᠯᠡᠯᠭᠡ ᠳᠡᠭᠡᠨ ︽ᠠᠰᠠᠭᠤᠪᠠ᠂ ᠠᠰᠠᠭᠤᠬᠤ᠂ ᠠᠰᠠᠭᠤᠯ᠎ᠠ︾ ᠭᠡᠬᠦ ᠵᠡᠷᠭᠡ ᠶᠢ ᠲᠡᠮᠡᠢ ᠭᠡᠯᠡᠬᠦ ᠥᠭᠡᠢ ᠪᠠᠷ ᠬᠠᠷᠢᠨ ︽ᠰᠤᠷᠠᠪᠠ᠂ ᠰᠤᠷᠬᠤ᠂ ᠰᠤᠷᠠᠯ᠎ᠠ︾ ᠭᠡᠬᠦ ᠮᠡᠳᠤ ᠪᠠᠷ ᠠᠷᠪᠢᠨ ᠭᠡᠯᠡᠨ᠎ᠠ᠃11. ᠢᠰᠡᠯᠡ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠶᠢᠨ 1979 ᠤᠨ ᠤ ᠭᠡᠪᠯᠡᠯ ᠤᠨ ᠪᠥᠬᠦᠯᠢ ᠡᠳᠤᠷ ᠤᠨ ᠠᠷᠪᠠᠨ ᠵᠢᠯ ᠤᠨ ᠲᠥᠷᠢᠮᠳᠤ ᠰᠤᠷᠭᠠᠭᠤᠯᠢ ᠶᠢᠨ ᠲᠡᠭᠡᠳᠤ ᠵᠡᠷᠭᠡ ᠶᠢᠨ ᠲᠤᠮᠳᠠᠳᠤ ᠰᠤᠷᠭᠠᠭᠤᠯᠢ ᠶᠢᠨ ᠭᠡᠯᠡ ᠪᠢᠴᠢᠭ ᠤᠨ ᠬᠤᠶᠠᠳᠤᠭᠠᠷ ᠲᠡᠪᠳᠡᠷ ᠲᠤ ᠡᠨᠡ ᠢᠰᠠᠯᠠ ᠶᠢ ᠵᠤᠬᠢᠶᠠᠯ ᠳᠤ ᠭᠠᠷᠳᠠᠬ ᠥᠭᠡᠯᠢᠳ ᠬᠥᠪᠡᠬᠦᠨ ᠤ ᠨᠡᠷ᠎ᠠ ᠪᠤᠯᠤᠯᠳᠠᠢ ᠭᠡᠵᠤ ᠲᠠᠶᠢᠯᠪᠠ᠃ ᠪᠠᠰᠠ ᠵᠠᠷᠢᠮ ᠨᠤᠮ ᠪᠢᠴᠢᠭ ᠲᠤ ᠰᠠᠶᠢᠨ ᠭᠡᠰᠡᠨ ᠢᠶᠠᠷ ᠲᠠᠶᠢᠯᠵᠤ ᠪᠤᠢ᠃ ᠴᠤᠬᠤᠮ ᠶᠠᠮᠠᠷ ᠤᠳᠬ᠎ᠠ ᠲᠠᠢ ᠶᠢ ᠮᠠᠭᠠᠳᠯᠠᠬᠤ᠋ ᠡᠶ᠎ᠡ ᠪᠡᠷᠭᠡ᠃ ᠭᠡᠪᠡᠴᠤ ᠡᠳᠤᠭᠡ ᠠᠯᠠᠱᠠ ᠨᠤᠳᠤᠬ ᠲᠤ ᠢᠰᠠᠯᠠᠮ ᠤᠨ ᠱᠠᠰᠢᠨ ᠰᠢᠳᠤᠳᠡᠭ ᠨᠢᠭᠡ ᠪᠥᠯᠥᠭ ᠮᠤᠩᠭᠤᠯ ᠬᠥᠮᠤᠰ ᠪᠠᠶᠢᠨ᠎ᠠ᠃ ᠲᠡᠳᠡᠨᠤᠰ ᠴᠥᠮ ᠮᠤᠩᠭᠤᠯ ᠥᠭᠡ ᠥᠰᠥᠭ ᠭᠡᠷᠡᠭᠯᠡᠬᠦ ᠪᠥᠭᠡᠳ ᠮᠠᠯ ᠮᠠᠯᠵᠢᠨ᠎ᠠ᠃ ᠲᠡᠳᠡᠨᠤᠰ ᠤᠨ ᠲᠡᠤᠭᠡᠨ ᠢᠷᠡᠯ ᠮᠥᠨ ᠬᠦ ᠠᠯᠳᠢ ᠠᠭᠤᠯᠠ ᠶᠢᠨ ᠬᠠᠪᠢ ᠠᠴᠠ ᠢᠷᠡᠭᠰᠡᠨ ᠭᠡᠯᠴᠡᠳᠡᠭ᠃ ᠲᠡᠳᠡᠨᠤᠰ ᠤᠨ ᠶᠠᠷᠢᠶᠠᠨ ᠳᠠᠬᠢ ᠨᠡᠯᠢᠶᠡᠳ ᠨᠡᠷ᠎ᠠ ᠥᠭᠡ ᠶᠢᠨ ᠲᠡᠮᠳᠡᠭ ᠥᠭᠡ᠂ ᠤᠢᠢᠯᠡ ᠥᠭᠡ ᠨᠢ ᠠᠯᠠᠱᠠ ᠠᠮᠠᠨ ᠠᠶᠠᠯᠠᠭᠤ ᠲᠠᠢ ᠠᠳᠠᠯᠢ ᠥᠭᠡᠢ ᠪᠠᠶᠢᠳᠠᠬ᠃ ᠲᠡᠳᠡᠭᠡᠷ ᠬᠥᠮᠤᠰ ᠬᠠᠷᠢᠯᠴᠠᠨ ᠠᠭᠤᠯᠵᠠᠭᠠᠳ ᠪᠥᠷᠢ ᠮᠡᠨᠳᠤ ᠠᠰᠠᠭᠤᠬᠤ ᠳᠠᠭᠠᠨ ᠬᠠᠮᠤᠬ ᠲᠥᠷᠤᠬᠦᠨ ᠳᠤ ︽ᠢᠰᠠᠯᠠ︾ ᠭᠡᠵᠤ ᠭᠡᠯᠡᠳᠡᠭ᠃ ᠡᠨᠡ ᠨᠢ ᠰᠠᠶᠢᠨ ᠭᠡᠰᠡᠨ ᠤᠳᠬ᠎ᠠ ᠲᠠᠢ ᠪᠢᠯᠡ᠃ ᠡᠶᠢᠮᠤ ᠠᠴᠠ ᠲᠡᠷᠡᠬᠦ ︽ᠢᠰᠠᠯᠠ︾ ᠨᠢ ᠰᠠᠶᠢᠨ ᠭᠡᠰᠡᠨ ᠤᠳᠬ᠎ᠠ ᠲᠠᠢ ᠪᠠᠶᠢᠬᠤ ᠨᠢ ᠪᠠᠰᠠ ᠵᠦᠢᠳᠡᠢ ᠰᠢᠭ᠃12. ᠲᠡᠪᠡᠯ ᠢ ᠵᠠᠬ᠎ᠠ ᠪᠠᠷ ᠨᠢ ᠡᠮᠤᠰᠳᠡᠭ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠬᠠᠷᠠᠬᠳᠠᠨ᠎ᠠ᠃ ᠮᠤᠩᠭᠤᠯ ᠭᠡᠯᠡᠨ ᠳᠤ ᠬᠤᠪᠴᠠᠰᠤᠨ ᠤ ᠵᠠᠭᠠᠮ᠎ᠠ ᠪᠤᠶᠤ ᠬᠤᠭᠤᠯᠠᠪᠴᠢ ᠪᠠᠷ ᠡᠮᠤᠰᠤᠨ᠎ᠠ ᠭᠡᠵᠤ ᠭᠡᠯᠡᠳᠡᠭ ᠨᠢ ᠨᠡᠶᠢᠳᠠᠮ ᠪᠠᠶᠢᠳᠠᠬ᠃ ᠬᠠᠷᠢᠨ ᠠᠯᠠᠱᠠ ᠠᠮᠠᠨ ᠠᠶᠠᠯᠠᠭᠤᠨ ᠳᠤ ᠬᠤᠪᠴᠠᠰᠤᠨ ᠤ ᠵᠠᠬ᠎ᠠ ᠭᠡᠵᠤ ᠨᠡᠶᠢᠳᠡᠮ ᠭᠡᠯᠡᠳᠡᠭ᠃ ᠲᠡᠭᠡᠷ᠎ᠠ ᠪᠢ ᠠᠯᠠᠱᠠ ᠠᠮᠠᠨ ᠠᠶᠠᠯᠠᠭᠤ ᠶᠢᠨ ᠲᠤᠳᠤᠷᠠᠬᠢ ᠮᠤᠩᠭᠤᠯ ᠤᠨ ᠡᠷᠳᠡᠨ ᠤ ᠵᠤᠬᠢᠶᠠᠯ ᠲᠠᠢ ᠬᠤᠯᠪᠤᠬᠳᠠᠬᠤ ᠥᠭᠡᠰ ᠤᠨ ᠥᠨᠴᠥᠭ ᠰᠡᠵᠢᠬᠦᠷ ᠤᠨ ᠲᠡᠳᠤᠢ ᠭᠡᠳᠤᠭᠡᠨ ᠢ ᠵᠢᠱᠢᠶᠡᠯᠡᠪᠡ᠃ ᠡᠬᠦᠨ ᠠᠴᠠ ᠮᠡᠳᠡᠬᠦ ᠨᠢ᠂ ᠮᠤᠩᠭᠤᠯ ᠤᠨ ᠡᠷᠳᠡᠨ ᠤ ᠵᠤᠬᠢᠶᠠᠯ ᠤᠨ ᠲᠤᠳᠤᠷᠠᠬᠢ ᠬᠥᠨᠳᠤ ᠥᠭᠡᠰ ᠤᠨ ᠤᠳᠬ᠎ᠠ ᠶᠢ ᠵᠥᠪ ᠤᠨᠤᠪᠴᠢᠳᠠᠢ ᠰᠢᠬ ᠲᠠᠶᠢᠯᠪᠦ᠋ᠷᠯᠠᠬᠤ ᠳᠤ ᠨᠤᠳᠤᠬ ᠤᠨ ᠠᠮᠠᠨ ᠠᠶᠠᠯᠠᠭᠤᠨ ᠢᠶᠠᠷ ᠯᠠᠪᠯᠠᠯᠳᠠ ᠪᠤᠯᠭᠠᠪᠠᠯ ᠤᠨᠤᠪᠴᠢᠳᠤ ᠴᠢᠨᠠᠷ ᠢᠶᠠᠷ ᠤᠯᠠᠮ ᠴᠢᠩᠭ᠎ᠠ ᠪᠤᠯᠤᠮᠠᠷ ᠰᠠᠨᠠᠬᠳᠠᠨ᠎ᠠ᠃ ᠭᠠᠭᠴᠠᠬᠦ ᠠᠯᠠᠱᠠ ᠠᠮᠠᠨ ᠠᠶᠠᠯᠠᠭᠤᠨ ᠳᠤ ᠯᠠ ᠪᠠᠶᠢᠬᠤ ᠪᠢᠰᠢ᠂ ᠤᠳᠤ ᠮᠠᠨ ᠳᠤ ᠤᠯᠳᠠᠬᠳᠠᠵᠤ ᠪᠥᠬᠦᠢ ᠮᠤᠩᠭᠤᠯ ᠤᠨ ᠡᠷᠳᠡᠨ ᠤ ᠲᠤᠭ᠎ᠠ ᠲᠠᠢ ᠭᠡᠳᠤᠨ ᠵᠤᠬᠢᠶᠠᠯ ᠢᠶᠠᠨ ᠨᠡᠩ ᠨᠠᠷᠢᠨ ᠬᠢᠨᠠᠮᠠᠭᠠᠢ ᠰᠤᠳᠤᠯᠠᠬᠤ ᠶᠢᠨ ᠡᠬᠦᠳᠡᠨ ᠠᠴᠠ ᠥᠵᠡᠪᠡᠯ ᠬᠤᠯᠪᠤᠬᠳᠠᠯ ᠪᠥᠬᠦᠢ ᠨᠤᠳᠤᠬ ᠤᠨ ᠠᠶᠠᠯᠠᠭᠤ ᠶᠢᠨ ᠲᠤᠬᠠᠢ ᠨᠠᠰᠤᠳᠠᠶᠢᠴᠤᠳ ᠤᠨ ᠪᠠᠶᠢᠬᠤ ᠥᠶ᠎ᠠ ᠳᠤ ᠠᠰᠠᠭᠤᠨ ᠴᠤᠯᠠᠭᠤᠯᠬᠤ ᠨᠢ ᠲᠤᠯᠭᠠᠮ᠎ᠠ ᠪᠤᠯᠤᠭᠠᠳ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号