| | ᠲᠡᠯᠡᠬᠡᠢ ᠶᠢᠨ ᠬᠦᠷᠦᠨ ᠪᠦᠬᠦᠨ ᠦᠪᠡᠷ ᠤᠨ ᠤᠯᠠᠮᠵᠢᠯᠠᠯᠲᠦ ᠰᠤᠷᠭᠠᠭᠤᠯᠢ ᠲᠠᠢ᠃ ᠬᠠᠷᠢᠨ ᠨᠡᠶᠢᠭᠡᠮ — ᠡᠳ᠋ ᠤᠨ | ᠵᠠᠰᠠᠭ᠂ ᠰᠤᠶᠤᠯ ᠤᠨ ᠲᠦᠪᠰᠢᠨ᠂ ᠨᠡᠭᠦᠳᠡᠯ ᠰᠠᠭᠤᠷᠢᠰᠢᠯ ᠤᠨ ᠪᠠᠶᠢᠳᠠᠯ᠂ ᠠᠬᠤᠢ ᠠᠮᠢᠳᠤᠷᠠᠯ᠂ ᠡᠷᠬᠢᠯᠡᠬᠦ ᠠᠵᠦ | ᠠᠬᠤᠢ ᠲᠠᠢ ᠨᠢ ᠤᠶᠠᠯᠳᠤᠨ ᠰᠤᠷᠭᠠᠯᠲᠠ ᠶᠠᠪᠤᠭᠤᠯᠬᠤ ᠠᠷᠭ᠎ᠠ ᠬᠡᠯᠪᠡᠷᠢ ᠦᠭᠡᠷ᠎ᠡ ᠦᠭᠡᠷ᠎ᠡ ᠪᠠᠶᠢᠳᠠᠭ ᠪᠢᠯᠡ᠃ | ᠮᠤᠩᠭᠤᠯ ᠤᠨ ᠠᠷᠠᠳ ᠲᠦᠮᠡᠨ ᠲᠡᠯᠡᠬᠡᠢ ᠶᠢᠨ ᠪᠤᠰᠤᠳ ᠤᠯᠤᠰ ᠤᠷᠤᠨ ᠤ ᠨᠢᠭᠡ ᠠᠳᠠᠯᠢ ᠬᠦᠮᠦᠰ ᠢ ᠪᠢᠴᠢᠭ ᠨᠤᠮ | ᠤᠨ ᠡᠷᠳᠡᠮ ᠳᠤ ᠰᠤᠷᠭᠠᠨ ᠪᠤᠯᠪᠠᠰᠤᠷᠠᠭᠤᠯᠬᠤ ᠦᠪᠡᠷ ᠤᠨ ᠭᠡᠰᠡᠨ ᠤᠯᠠᠮᠵᠢᠯᠠᠯ ᠲᠠᠢ ᠶᠤᠮ᠃ | ᠮᠤᠩᠭᠤᠯ ᠰᠤᠷᠭᠠᠭᠤᠯᠢ ᠨᠢ ᠨᠢᠭᠡ ᠠᠴᠠ ᠨᠦᠬᠦᠭᠡ ᠳᠡᠭᠡᠨ ᠦᠪᠯᠡᠭᠳᠡᠨ ᠲᠡᠭᠦᠯᠳᠡᠷᠵᠢᠵᠦ ᠪᠠᠶᠢᠭᠰᠠᠨ ᠭᠡᠷ ᠤᠨ᠂ | ᠲᠦᠷᠦ ᠶᠢᠨ ︵ᠤᠯᠤᠰ ᠤᠨ︶᠂ ᠱᠠᠰᠢᠨ ᠤ ᠭᠡᠰᠡᠨ ᠭᠤᠷᠪᠠᠨ ᠦᠨᠳᠦᠰᠦᠨ ᠬᠡᠯᠪᠡᠷᠢ ᠪᠠᠷ ᠬᠦᠭᠵᠢᠵᠦ ᠢᠷᠡᠵᠡᠢ᠃ | ᠨᠢᠭᠡ᠂ ᠭᠡᠷ ᠤᠨ ᠰᠤᠷᠭᠠᠭᠤᠯᠢ | ᠨᠡᠩ ᠡᠷᠳᠡᠨ ᠤ ᠵᠠᠯᠭᠠᠮᠵᠢᠯᠠᠯ ᠲᠠᠢ ᠨᠡᠭᠦᠳᠡᠯ ᠤᠨ ᠢᠷᠭᠡᠨᠰᠢᠯ ᠪᠦᠬᠦᠢ ᠮᠤᠩᠭᠤᠯ ᠤᠷᠤᠨ ᠤ ᠨᠦᠬᠦᠴᠡᠯ ᠳᠤ | ᠵᠤᠬᠢᠴᠠᠨ ᠡᠭᠦᠰᠴᠦ ᠪᠤᠢ ᠪᠤᠯᠤᠭᠰᠠᠨ ᠰᠤᠷᠭᠠᠯᠲᠠ ᠶᠢᠨ ᠬᠠᠮᠤᠭ ᠤᠨ ᠲᠦᠭᠡᠮᠡᠯ᠂ ᠤᠯᠠᠮᠵᠢᠯᠠᠯᠲᠦ ᠬᠡᠯᠪᠡᠷᠢ ᠨᠢ ᠭᠡᠷ | ᠤᠨ ᠰᠤᠷᠭᠠᠭᠤᠯᠢ ᠶᠤᠮ᠃ | ᠮᠠᠨ ᠤ ᠠᠷᠠᠳ ᠲᠦᠮᠡᠨ ᠤ ᠠᠮᠢᠳᠤᠷᠠᠯ᠂ ᠡᠷᠬᠢᠯᠡᠭᠰᠡᠨ ᠠᠵᠦ ᠠᠬᠤᠢ ᠲᠠᠢ ᠨᠢᠭᠳᠠ ᠤᠶᠠᠯᠳᠤᠨ ᠬᠤᠯᠪᠤᠭᠳᠠᠭᠰᠠᠨ | ᠭᠡᠷ ᠤᠨ ᠰᠤᠷᠭᠠᠭᠤᠯᠢ ᠤᠯᠤᠰ ᠤᠷᠤᠨ ᠤ ᠨᠡᠶᠢᠭᠡᠮ ᠤᠨ ᠬᠠᠷᠢᠯᠴᠠᠭ᠎ᠠ᠂ ᠡᠳ᠋ ᠤᠨ ᠵᠠᠰᠠᠭ᠂ ᠬᠡᠪ ᠵᠠᠩᠰᠢᠯ ᠤᠨ | ᠬᠦᠭᠵᠢᠯ ᠤᠨ ᠶᠠᠪᠤᠴᠠ ᠳᠤ ᠤᠯᠠᠨ ᠪᠤᠯᠪᠠᠰᠤᠷᠠᠨ ᠲᠡᠭᠦᠯᠳᠡᠷᠵᠢᠭᠰᠡᠭᠡᠷ ᠢᠷᠡᠵᠡᠢ᠃ ︽ᠮᠤᠩᠭᠤᠯ ᠤᠨ ᠨᠢᠭᠤᠴᠠ | ᠲᠤᠪᠴᠢᠶᠡᠨ︾᠂ ︽ᠠᠯᠳᠠᠨ ᠲᠤᠪᠴᠢ︾ ᠵᠡᠷᠭᠡ ᠰᠤᠷᠪᠤᠯᠵᠢ ᠵᠤᠬᠢᠶᠠᠯ ᠤᠳ ᠲᠤ ︽ᠬᠠᠰᠠᠷ ᠲᠠᠳᠠᠳᠤᠩᠭ᠎ᠠ ᠶᠢ | ᠪᠠᠭᠰᠢ ᠪᠠᠷᠢᠨ ᠬᠠᠦᠯᠢ᠂ ᠴᠡᠷᠢᠭ ᠤᠨ ᠪᠤᠳᠤᠯᠭ᠎ᠠ ᠲᠡᠷᠢᠭᠦᠳᠡᠨ ᠤᠯᠠᠨ ᠵᠦᠢᠯ ᠪᠢᠴᠢᠭ ᠤᠳᠬ᠎ᠠ ᠵᠢᠭᠠᠯᠭᠠᠵᠦ ᠤᠳᠠᠯ | ᠦᠭᠡᠢ ᠰᠤᠷᠪᠠ︾ ᠭᠡᠰᠡᠨ ᠪᠤᠯ ᠶᠤᠸᠠᠨ ᠤᠯᠤᠰ ᠤᠨ ᠰᠤᠳᠤᠷ ᠲᠤ ︽ᠴᠢᠩᠭᠢᠰ ᠬᠠᠭᠠᠨ ᠬᠦᠪᠡᠭᠦᠳ ᠲᠡᠭᠦᠦ ᠨᠡᠷ | ᠲᠤ ᠤᠶᠢᠭᠤᠷ ᠪᠢᠴᠢᠭ ᠢᠶᠠᠷ ᠤᠯᠤᠰ ᠤᠨ ᠬᠡᠯᠡ ᠶᠢ ᠲᠡᠮᠳᠡᠭᠯᠡᠬᠦ ᠶᠢ ᠰᠤᠷᠭᠠᠭᠳᠤᠨ ᠬᠡᠮᠡᠨ ᠵᠡᠬᠢᠪᠡ︾ ᠭᠡᠵᠡᠢ᠃ | ᠲᠡᠦᠬᠡ ᠰᠤᠶᠤᠯ ᠤᠨ ᠰᠤᠷᠪᠤᠯᠵᠢ ᠪᠢᠴᠢᠭ ᠤᠳ ᠲᠤ ᠲᠤᠷᠠᠳᠤᠭᠰᠠᠨ ᠢᠶᠠᠷ᠂ ᠴᠢᠩᠬᠢᠰ ᠬᠠᠭᠠᠨ ᠭᠡᠷ ᠤᠨ ᠰᠤᠷᠭᠠᠭᠤᠯᠢ | ᠪᠠᠷ ᠦᠷ᠎ᠡ ᠬᠡᠦᠬᠡᠳ ᠲᠡᠭᠦᠦ ᠨᠡᠷ ᠲᠡᠭᠡᠨ ᠪᠢᠴᠢᠭ ᠡᠷᠳᠡᠮ ᠰᠤᠷᠭᠠᠵᠦ ᠪᠠᠶᠢᠵᠠᠢ᠃ ᠡᠭᠦᠨ ᠠᠴᠠ ᠬᠤᠶᠢᠰᠢ ᠪᠢᠴᠢᠭ | ᠤᠨ ᠮᠡᠳᠡᠯᠭᠡ ᠪᠦᠬᠦᠢ ᠵᠠᠷᠢᠮ ᠬᠦᠮᠤᠨ ᠦᠪᠡᠷ ᠤᠨ ᠪᠤᠯᠤᠨ ᠪᠤᠰᠤᠳ ᠤᠨ ᠬᠡᠦᠬᠡᠳ ᠪᠠᠭᠠᠴᠤᠳ ᠲᠤ ᠭᠡᠷ ᠢᠶᠠᠷ ᠢᠶᠠᠨ | ᠨᠤᠮ ᠪᠢᠴᠢᠭ ᠵᠢᠭᠠᠵᠦ ᠰᠤᠷᠭᠠᠬᠤ ᠠᠵᠢᠯ ᠤᠯᠠᠮ ᠲᠡᠯᠭᠡᠷᠡᠭᠰᠡᠨ ᠪᠠᠶᠢᠨ᠎ᠡ᠃ | ᠭᠡᠷ ᠤᠨ ᠰᠤᠷᠭᠠᠭᠤᠯᠢ ᠶᠢ ᠰᠤᠷᠭᠠᠯᠲᠠ ᠶᠢᠨ ᠠᠭᠤᠯᠭ᠎ᠠ᠂ ᠲᠦᠷᠦᠯ ᠴᠢᠭᠯᠡᠯ ᠢᠶᠠᠷ ᠨᠢ ᠪᠢᠴᠢᠭ ᠡᠷᠳᠡᠮ ᠤᠨ᠂ ᠲᠠᠨᠢᠨ | ᠮᠡᠳᠡᠬᠦᠢ᠂ ᠭᠡᠷ ᠠᠵᠦ ᠠᠬᠤᠢ᠂ ᠠᠮᠠᠨ ᠵᠤᠬᠢᠶᠠᠯ ᠤᠨ᠂ ᠲᠠᠭᠤ ᠬᠤᠭᠤᠷ ᠤᠨ᠂ ᠴᠢᠮᠡᠭᠯᠡᠬᠦ ᠤᠷᠠᠯᠢᠭ ᠤᠨ ᠭᠡᠬᠦ ᠮᠡᠳᠦ | ᠪᠠᠷ ᠠᠩᠭᠢᠯᠠᠨ ᠦᠵᠡᠵᠦ ᠪᠤᠯᠬᠤ ᠶᠤᠮ᠃ | ᠪᠢᠴᠢᠭ ᠡᠷᠳᠡᠮ ᠤᠨ ᠭᠡᠷ ᠤᠨ ᠰᠤᠷᠭᠠᠭᠤᠯᠢ ᠨᠢ ᠭᠡᠷ ᠤᠨ ᠲᠤᠳᠤᠷᠠᠬᠢ ᠪᠢᠴᠢᠭ ᠦᠰᠦᠭ ᠲᠠᠢ ᠬᠦᠮᠦᠰ ᠦᠷ᠎ᠡ | ᠬᠡᠦᠬᠡᠳ ᠲᠡᠭᠡᠨ ᠪᠢᠴᠢᠭ ᠦᠰᠦᠭ ᠵᠢᠭᠠᠵᠦ ᠰᠤᠷᠭᠠᠬᠤ᠂ ᠭᠡᠷᠪᠡ ᠲᠤᠬᠠᠢ ᠶᠢᠨ ᠠᠶᠢᠯ ᠤᠨ ᠪᠢᠴᠢᠭ ᠦᠰᠦᠭ᠂ | ᠡᠷᠳᠡᠮ ᠨᠤᠮ ᠲᠠᠢ ᠬᠦᠮᠦᠨ ᠦᠭᠡᠢ ᠪᠤᠯ ᠡᠷᠳᠡᠮ ᠪᠤᠯᠪᠠᠰᠤᠷᠠᠯ ᠲᠠᠢ ᠬᠡᠨ ᠨᠢᠭᠡᠨ ᠬᠦᠮᠦᠨ ᠳᠤ ᠬᠡᠦᠬᠡᠳ ᠢᠶᠠᠨ ᠱᠠᠪᠢ | ᠤᠷᠤᠭᠤᠯᠵᠦ ᠰᠤᠷᠭᠠᠬᠤ ᠬᠡᠯᠪᠡᠷᠢ ᠪᠠᠷ ᠤᠷᠤᠰᠢᠨ ᠬᠦᠭᠵᠢᠵᠦ ᠢᠷᠡᠵᠡᠢ᠃ ᠦᠯᠵᠡᠢ ᠤᠴᠠᠷᠠᠯ ᠪᠦᠷᠢᠳᠦᠭᠰᠡᠨ ᠰᠠᠶᠢᠨ | ᠡᠳᠦᠷ ᠬᠡᠦᠬᠡᠳ ᠲᠡᠭᠡᠨ ᠵᠤᠯᠠ᠂ ᠬᠦᠵᠢ᠂ ᠬᠠᠳᠠᠭ ᠪᠠᠷᠢᠭᠤᠯᠵᠦ᠂ ᠮᠤᠩᠭᠤᠯ ᠦᠰᠦᠭ ᠤᠨ ᠴᠠᠭᠠᠨ ᠲᠤᠯᠤᠭᠠᠢ | ᠡᠪᠦᠷᠯᠡᠭᠦᠯᠵᠦ᠂ ᠦᠪᠡᠷ ᠤᠨ ᠪᠡᠶ᠎ᠡ ᠪᠠᠷ ᠲᠠᠭᠠᠭᠤᠯᠤᠨ ᠪᠠᠭᠰᠢ ᠬᠦᠮᠦ ᠳᠤᠨᠢ ᠠᠪᠠᠴᠢᠵᠦ ᠶᠤᠰᠤᠯᠠᠯ ᠬᠦᠨᠳᠦᠳᠬᠡᠯ | ᠦᠢᠯᠡᠳᠴᠦ ᠪᠠᠭᠰᠢ ᠱᠠᠪᠢ ᠶᠢᠨ ᠪᠠᠷᠢᠯᠳᠤᠯᠭ᠎ᠠ ᠶᠢ ᠡᠭᠦᠰᠭᠡᠨ᠎ᠡ᠃ ᠭᠡᠷ ᠤᠨ ᠰᠤᠷᠭᠠᠯᠲᠠ ᠢᠩᠭᠢᠵᠦ ᠡᠬᠢᠯᠡᠳᠡᠭ | ᠪᠠᠶᠢᠵᠠᠢ᠂ ᠭᠡᠷ ᠤᠨ ᠪᠠᠭᠰᠢ ᠨᠢ ᠱᠠᠪᠢ ᠳᠠᠭᠠᠨ ᠴᠠᠭᠠᠨ ᠲᠤᠯᠤᠭᠠᠢ ᠶᠢᠨ ᠦᠰᠦᠭ ᠠᠴᠠ ᠡᠬᠢᠯᠡᠨ ᠤᠩᠰᠢᠬᠤ ᠪᠢᠴᠢᠬᠦ | ᠶᠢ ᠵᠢᠭᠠᠵᠦ᠂ ᠦᠨᠡᠰᠦᠨ ᠰᠠᠮᠪᠠᠷ᠎ᠠ᠂ ᠬᠤᠯᠤᠰᠤᠨ ᠦᠵᠦᠭ ᠬᠡᠷᠡᠭᠯᠡᠭᠦᠯᠵᠦ᠂ ᠤᠯᠠᠮ ᠢᠶᠠᠷ ᠪᠢᠷ ᠶᠠᠨᠲ᠋ᠢ ᠶᠠᠭᠠᠬᠢᠵᠦ | ᠬᠡᠷᠡᠭᠯᠡᠬᠦ ᠶᠢ ᠬᠦᠷᠳᠡᠯ᠎ᠡ ᠰᠤᠷᠭᠠᠳᠠᠭ ᠪᠠᠶᠢᠵᠠᠢ᠃ ᠰᠤᠷᠭᠠᠯᠲᠠ ᠶᠢᠨ ᠶᠠᠪᠤᠴᠠ ᠬᠦᠨᠵᠡᠭᠡᠶᠢᠷᠡᠬᠦ ᠲᠤᠳᠤᠮ ᠬᠡᠦᠬᠡᠳ ᠢᠶᠠᠷ | ᠬᠠᠭᠤᠯᠤᠨ ᠪᠢᠴᠢᠯᠭᠡ ᠬᠢᠯᠭᠡᠬᠦ ᠵᠡᠷᠭᠡ ᠪᠠᠷ ᠪᠢᠴᠢᠯᠭᠡ ᠶᠢᠨ ᠬᠡᠪ ᠮᠠᠶ᠋ᠢᠭ᠂ ᠶᠤᠰᠤ ᠵᠠᠶ᠋ᠢᠭ ᠨᠠᠷᠢᠨ ᠭᠤᠷᠢᠮ ᠵᠢᠷᠤᠮ | ᠡᠵᠡᠮᠰᠢᠭᠦᠯᠦᠨ᠎ᠡ᠃ ᠪᠠᠰᠠ ᠰᠤᠸᠠᠮᠫᠠᠨ ᠳᠤ ᠲᠦᠷᠪᠡᠨ ᠠᠷᠭ᠎ᠠ ᠶᠢᠨ ᠦᠢᠯᠡᠳᠦᠯ ᠢ ᠬᠡᠷᠬᠢᠨ ᠬᠢᠵᠦ ᠲᠤᠭ᠎ᠠ ᠪᠤᠳᠤᠬᠤ | ᠠᠷᠭ᠎ᠠ ᠳᠤ ᠰᠤᠷᠭᠠᠨᠡ᠂ ᠮᠦᠨ ᠱᠠᠪᠢ ᠶᠢᠨ ᠢᠶᠠᠨ ᠶᠠᠭᠤᠮ᠎ᠡ ᠰᠤᠷᠬᠤ ᠰᠤᠨᠢᠷᠬᠠᠯ᠂ ᠲᠦᠯᠦᠪ ᠪᠠᠶᠢᠳᠠᠯ᠂ ᠲᠤᠬᠠᠢ | ᠶᠢᠨ ᠨᠡᠶᠢᠭᠡᠮ ᠤᠨ ᠬᠡᠷᠡᠭᠴᠡᠭᠡ ᠬᠠᠩᠭᠠᠯᠭ᠎ᠠ ᠱᠠᠭᠠᠷᠳᠠᠯᠭ᠎ᠠ ᠠᠴᠠ ᠪᠤᠯᠵᠦ᠂ ᠮᠠᠨᠵᠦ᠂ ᠬᠢᠳᠡᠳ᠂ ᠲᠦᠪᠡᠳ ᠵᠡᠷᠭᠡ | ᠭᠠᠳᠠᠭᠠᠳᠦ ᠬᠡᠯᠡ ᠪᠢᠴᠢᠭ ᠢ ᠬᠦᠷᠳᠡᠯ᠎ᠡ ᠵᠢᠭᠠᠳᠠᠭ ᠪᠠᠶᠢᠵᠠᠢ᠃ | ᠭᠡᠷ ᠤᠨ ᠪᠢᠴᠢᠭ ᠡᠷᠳᠡᠮ ᠤᠨ ᠰᠤᠷᠭᠠᠯᠲᠠ ᠨᠢ ᠠᠶᠢᠯ ᠡᠷᠦᠬᠡ ᠪᠦᠷᠢ ᠳᠤ ᠪᠠᠶᠢᠭᠰᠠᠨ ᠦᠭᠡᠢ᠂ ᠭᠤᠤᠯᠳᠠᠭᠤ | ᠰᠤᠷᠪᠤᠯᠵᠢᠳᠦ — ᠲᠠᠶᠢᠵᠢ ᠲᠦᠰᠢᠮᠡᠳ ᠤᠨ ᠬᠡᠦᠬᠡᠳ᠂ ᠮᠦᠨ ᠰᠤᠷᠬᠤ ᠪᠤᠯᠪᠠᠰᠤᠷᠠᠬᠤ ᠦᠨᠡᠨᠬᠦ ᠬᠦᠰᠡᠯ ᠰᠤᠨᠢᠷᠬᠠᠯ | ᠂ ᠠᠪᠬᠠᠯᠵᠢ ᠰᠠᠮᠪᠠᠭ᠎ᠠ᠂ ᠠᠪᠢᠶᠠᠰ ᠴᠢᠳᠠᠪᠤᠷᠢ ᠲᠠᠢ ᠵᠠᠷᠢᠮ ᠠᠷᠠᠳ ᠤᠨ ᠬᠡᠦᠬᠡᠳ ᠢ ᠬᠠᠮᠤᠷᠳᠠᠭ ᠪᠠᠶᠢᠵᠦ᠂ ᠭᠡᠷ ᠤᠨ | ᠪᠢᠴᠢᠭ ᠡᠷᠳᠡᠮ ᠤᠨ ᠰᠤᠷᠭᠠᠯᠲᠠ ᠠᠴᠠ ᠡᠷᠳᠡᠮ ᠮᠡᠳᠡᠯᠭᠡ ᠲᠠᠢ᠂ ᠲᠦᠷᠦ ᠤᠯᠤᠰ ᠤᠨ ᠮᠡᠷᠭᠡᠨ ᠲᠦᠰᠢᠶ᠎ᠡ᠂ | ᠲᠦᠰᠢᠮᠡᠳ᠂ ᠪᠢᠴᠢᠭ ᠤᠨ ᠰᠠᠶᠢᠴᠤᠤᠯ ᠲᠦᠷᠦᠵᠦ᠂ ᠠᠷᠠᠳ ᠲᠦᠮᠡᠨ ᠤ ᠲᠤᠳᠤᠷ᠎ᠠ ᠲᠡᠷᠡ ᠡᠨᠡ ᠪᠢᠴᠢᠭᠡᠴᠢ ᠬᠡᠮᠡᠬᠦ | ᠠᠯᠳᠠᠷ ᠨᠡᠷ᠎ᠡ ᠶᠢ ᠠᠶᠠᠨᠳᠠᠭᠠᠨ ᠤᠯᠵᠦ᠂ ᠲᠤᠰ ᠲᠤᠰ ᠤᠨ ᠡᠷᠳᠡᠮ ᠴᠢᠳᠠᠯ ᠤᠨ ᠴᠢᠨᠠᠷ ᠴᠢᠨᠰᠠᠭ᠎ᠠ ᠪᠠᠷ ᠪᠢᠴᠢᠭᠡᠴᠢ᠂ | ᠪᠢᠯᠢᠭᠳᠦ᠂ ᠪᠢᠩᠳᠦ᠂ ᠬᠤᠷᠴᠠ ᠭᠡᠬᠦ ᠵᠡᠷᠭᠡ ᠠᠯᠳᠠᠷ ᠴᠤᠯᠠᠳᠠᠨ ᠪᠤᠯᠤᠭᠰᠠᠨ ᠨᠢ ᠤᠯᠠᠨᠳᠠ ᠪᠤᠢ᠃ | ᠮᠤᠩᠭᠤᠯ ᠤᠨ ᠡᠪᠦᠭᠡ ᠲᠡᠭᠡᠳᠦᠰ ᠮᠠᠰᠢ ᠡᠷᠳᠡᠨ ᠠᠴᠠ ᠨᠡᠭᠦᠳᠡᠯ ᠤᠨ ᠮᠠᠯ ᠠᠵᠦ ᠠᠬᠤᠢ ᠡᠷᠬᠢᠯᠡᠵᠦ᠂ ᠮᠠᠯ ᠮᠠᠯᠯᠠᠭᠠᠨ | ᠤ ᠠᠷᠪᠢᠨ ᠪᠠᠶᠠᠯᠢᠭ ᠲᠤᠷᠰᠢᠯᠭ᠎ᠠ ᠬᠤᠷᠠᠮᠳᠤᠭᠤᠯᠤᠨ ᠦᠷ᠎ᠡ ᠠᠴᠠ ᠦᠷ᠎ᠡ ᠳᠤ ᠤᠯᠠᠮᠵᠢᠯᠠᠭᠤᠯᠵᠦ ᠢᠷᠡᠭᠰᠡᠨ ᠪᠢᠯᠡ᠂ | ᠮᠤᠩᠭᠤᠯᠴᠤᠳ ᠨᠡᠭᠦᠳᠡᠯ ᠤᠨ ᠢᠷᠭᠡᠨᠰᠢᠯ ᠤᠨ ᠨᠦᠬᠦᠴᠡᠯ ᠳᠤ ᠪᠠᠶᠢᠭᠠᠯᠢ ᠲᠠᠢ ᠡᠳᠦᠷ ᠪᠦᠷᠢ ᠬᠠᠷᠢᠴᠠᠨ᠂ ᠭᠠᠵᠠᠷ᠂ | ᠲᠡᠭᠷᠢ ᠶᠢᠨ ᠦᠢ ᠲᠦᠮᠡᠨ ᠦᠵᠡᠭᠳᠡᠯ᠂ ᠠᠮᠢᠳᠤᠷᠠᠯ ᠠᠬᠤᠢ᠂ ᠠᠵᠢᠯ ᠦᠢᠯᠡᠳᠪᠦᠷᠢ ᠳᠤ ᠲᠡᠳᠡᠨ ᠤ ᠦᠵᠡᠭᠦᠯᠬᠦ | ᠨᠦᠯᠦᠭᠡ᠂ ᠤᠴᠢᠷ ᠬᠤᠯᠪᠤᠭᠳᠠᠯ ᠢ ᠠᠵᠢᠭᠯᠠᠨ ᠲᠠᠨᠢᠵᠦ ᠮᠡᠳᠡᠭᠰᠡᠨ ᠨᠢ ᠪᠠᠭ᠎ᠠ ᠦᠭᠡᠢ ᠶᠤᠮ᠃ ᠡᠨᠡ ᠪᠦᠬᠦᠨ ᠨᠢ | ᠮᠤᠩᠭᠤᠯ ᠬᠦᠮᠦᠰ ᠤᠨ ᠲᠠᠨᠢᠨ ᠮᠡᠳᠡᠷᠡᠬᠦᠢ ᠶᠢᠨ ᠦᠨᠡᠳᠦ ᠦᠪ᠂ ᠦᠨᠳᠦᠰᠦᠲᠡᠨ ᠤ ᠰᠤᠶᠤᠯ ᠤᠨ ᠴᠢᠬᠤᠯᠠ | ᠪᠦᠷᠢᠯᠳᠦᠬᠦᠨ ᠬᠡᠰᠡᠭ ᠶᠤᠮ᠃ ᠮᠤᠩᠭᠤᠯᠴᠤᠳ ᠤᠯᠠᠨ ᠮᠢᠩᠭᠠᠨ ᠵᠢᠯ ᠤᠨ ᠲᠤᠷᠰᠢ ᠬᠤᠷᠠᠮᠳᠤᠯᠠᠭᠤᠯᠵᠦ ᠢᠷᠡᠭᠰᠡᠨ | ᠲᠡᠷᠡ ᠮᠡᠳᠡᠯᠭᠡ ᠲᠤᠷᠰᠢᠯᠭ᠎ᠠ ᠪᠠᠨ ᠠᠮᠢᠳᠤᠷᠠᠯ ᠠᠬᠤᠢ ᠳᠠᠭᠠᠨ ᠬᠡᠷᠡᠭᠯᠡᠵᠦ᠂ ᠦᠷ᠎ᠡ ᠬᠡᠦᠬᠡᠳ᠂ ᠵᠠᠯᠭᠠᠮᠵᠢ ᠬᠤᠶᠢᠴᠢ | ᠦᠶ᠎ᠡ ᠳᠡᠭᠡᠨ ᠦᠪᠯᠡᠨ ᠡᠵᠡᠮᠰᠢᠭᠦᠯᠵᠦ ᠢᠷᠡᠭᠰᠡᠨ ᠪᠠᠶᠢᠨ᠎ᠡ᠃ ᠠᠬᠠᠮᠠᠳ ᠦᠶ᠎ᠡ ᠨᠢ ᠮᠡᠳᠡᠯᠭᠡ᠂ ᠲᠤᠷᠰᠢᠯᠭ᠎ᠠ ᠪᠠᠨ | ᠦᠷ᠎ᠡ ᠬᠡᠦᠬᠡᠳ᠂ ᠵᠠᠯᠠᠭᠤ ᠦᠶ᠎ᠡ ᠳᠡᠭᠡᠨ ᠦᠪᠯᠡᠨ ᠡᠵᠡᠮᠰᠢᠭᠦᠯᠵᠦ ᠢᠷᠡᠭᠰᠡᠨ ᠪᠠᠶᠢᠨ᠎ᠡ᠃ ᠠᠬᠠᠮᠠᠳ ᠦᠶ᠎ᠡ ᠨᠢ | ᠮᠡᠳᠡᠯᠭᠡ᠂ ᠲᠤᠷᠰᠢᠯᠭ᠎ᠠ ᠪᠠᠨ ᠦᠷ᠎ᠡ ᠬᠡᠦᠬᠡᠳ᠂ ᠵᠠᠯᠠᠭᠤ ᠦᠶ᠎ᠡ ᠳᠡᠭᠡᠨ ᠰᠤᠷᠭᠠᠵᠦ ᠡᠵᠡᠮᠰᠢᠭᠦᠯᠬᠦ᠂ ᠮᠡᠳᠡᠬᠦᠯᠵᠦ | ᠬᠡᠷᠡᠭᠯᠡᠬᠦᠯᠬᠦ ᠶᠠᠪᠤᠴᠠ ᠳᠤ ᠭᠡᠷ ᠤᠨ ᠰᠤᠷᠭᠠᠭᠤᠯᠢ ᠶᠢᠨ ᠲᠠᠨᠢᠨ ᠮᠡᠳᠡᠬᠦᠢ ᠶᠢᠨ ᠰᠤᠷᠭᠠᠯᠲᠠ ᠠᠭᠠᠵᠢᠮ ᠳᠠᠭᠠᠨ | ᠡᠭᠦᠰᠴᠡᠢ᠃ ᠨᠠᠷᠠ ᠰᠠᠷ᠎ᠠ᠂ ᠤᠳᠤᠨ ᠭᠠᠷᠠᠭ ᠢᠶᠠᠷ ᠵᠦᠭ ᠴᠢᠭ ᠤᠯᠬᠤ᠂ ᠲᠡᠭᠷᠢ ᠶᠢᠨ ᠦᠩᠭᠡ᠂ ᠰᠠᠯᠬᠢᠨ ᠤ ᠠᠶᠠᠰ | ᠢᠶᠠᠷ ᠴᠠᠭ ᠠᠭᠤᠷ ᠤᠨ ᠰᠢᠨᠵᠢ ᠲᠡᠮᠳᠡᠭ ᠢ ᠲᠤᠶᠢᠮᠤᠯᠠᠨ ᠲᠠᠨᠢᠬᠤ᠂ ᠨᠡᠭᠦᠳᠡᠯ ᠰᠠᠭᠤᠳᠠᠯ ᠬᠢᠬᠦ᠂ ᠲᠤᠭᠳᠠᠵᠦ | ᠵᠠᠩᠰᠢᠭᠰᠠᠨ ᠦᠩᠭᠡ ᠵᠢᠰᠦ ᠪᠠᠷ ᠤᠰᠤ᠂ ᠬᠤᠵᠢᠷ᠂ ᠡᠪᠡᠰᠦ ᠤᠷᠭᠤᠮᠠᠯ ᠲᠠᠭᠠᠷᠠᠵᠦ ᠪᠤᠢ ᠡᠰᠡᠬᠦ᠂ ᠬᠠᠪᠤᠷ ᠡᠪᠦᠯ ᠤᠨ | ᠦᠩᠭᠡ ᠪᠠᠷ ᠵᠢᠯ ᠢ᠂ ᠮᠠᠯ ᠠᠩ ᠠᠮᠢᠳᠠᠨ ᠵᠢᠬᠦᠷᠳᠡᠨ ᠤ ᠵᠠᠩ ᠠᠭᠠᠰᠢ᠂ ᠲᠦᠷᠬᠦ ᠪᠠᠶᠢᠳᠠᠯ ᠢᠶᠠᠷ ᠡᠪᠦᠯ ᠤᠨ ᠰᠠᠶᠢᠨ | ᠮᠠᠭᠤ ᠶᠢ ᠰᠢᠨᠵᠢᠬᠦ ᠭᠡᠬᠦ ᠮᠡᠳᠦ ᠲᠠᠨᠢᠨ ᠮᠡᠳᠡᠬᠦᠢ ᠶᠢᠨ ᠤᠬᠠᠭᠠᠨ ᠢ ᠦᠷ᠎ᠡ ᠬᠡᠦᠬᠡᠳ ᠲᠡᠭᠡᠨ ᠪᠠᠭ᠎ᠠ ᠨᠠᠰᠤᠨ ᠠᠴᠠ ᠨᠢ | ᠡᠵᠡᠮᠰᠢᠭᠦᠯᠵᠦ ᠪᠠᠶᠢᠵᠠᠢ᠃ | ᠭᠡᠷ ᠤᠨ ᠠᠵᠦ ᠠᠬᠤᠢ ᠶᠢᠨ ᠰᠤᠷᠭᠠᠭᠤᠯᠢ ᠨᠢ ᠦᠷᠭᠡᠨ ᠠᠭᠤᠳᠠᠮ ᠨᠤᠳᠤᠭ ᠲᠤ ᠲᠠᠷᠬᠠᠨ ᠨᠤᠳᠤᠭᠯᠠᠭᠰᠠᠨ | ᠨᠡᠭᠦᠳᠡᠯᠴᠢᠨ ᠮᠠᠯᠴᠢᠳ ᠤᠨ ᠠᠮᠢ ᠵᠢᠭᠤᠵᠦ ᠠᠵᠦ ᠲᠦᠷᠦᠬᠦ ᠠᠷᠭ᠎ᠠ ᠤᠬᠠᠭᠠᠨ᠂ ᠬᠤᠭᠤᠯᠠ ᠬᠦᠨᠠᠰᠦ᠂ ᠮᠠᠯ ᠤᠨ | ᠠᠵᠦ ᠠᠬᠤᠢ ᠶᠢᠨ ᠪᠦᠳᠦᠭᠳᠡᠬᠦᠨ ᠪᠡᠯᠡᠳᠬᠡᠬᠦ᠂ ᠪᠤᠯᠪᠠᠰᠤᠷᠠᠭᠤᠯᠬᠤ ᠵᠡᠷᠭᠡ ᠦᠢᠯᠡᠳᠪᠦᠷᠢᠯᠡᠯ ᠤᠨ ᠠᠵᠢᠯᠯᠠᠭ᠎ᠠ ᠲᠠᠢ | ᠰᠢᠭᠤᠳ ᠬᠤᠯᠪᠤᠭ᠎ᠠ ᠲᠠᠢ ᠪᠠᠷ ᠡᠭᠦᠰᠴᠦ ᠪᠤᠢ ᠪᠤᠯᠤᠭᠰᠠᠨ ᠠᠵᠠᠢ᠃ ᠨᠡᠬᠦᠳᠡᠯ ᠤᠨ ᠮᠠᠯ ᠠᠵᠦ ᠠᠬᠤᠢ ᠪᠤᠯ ᠮᠠᠨ ᠤ | ᠡᠪᠦᠭᠡ ᠲᠡᠭᠡᠳᠦᠰ ᠤᠨ ᠤᠷᠤᠨ ᠰᠠᠭᠤᠴᠠ᠂ ᠬᠤᠪᠴᠠᠰᠦ ᠬᠤᠨᠠᠷ᠂ ᠬᠤᠭᠤᠯᠠ ᠤᠮᠳᠠ᠂ ᠠᠷᠭᠠᠯ ᠲᠦᠯᠡᠰᠢ᠂ | ᠤᠨᠤᠯᠭ᠎ᠠ ᠲᠡᠵᠢᠭᠡᠪᠦᠷᠢ ᠵᠡᠷᠭᠡ ᠪᠦᠬᠦ ᠬᠡᠷᠡᠭᠴᠡᠭᠡ ᠶᠢ ᠬᠠᠩᠭᠠᠳᠠᠭ ᠦᠨᠳᠦᠰᠦᠨ ᠭᠤᠤᠯ ᠠᠵᠦ ᠠᠬᠤᠢ ᠪᠠᠶᠢᠭᠰᠠᠨ | ᠶᠤᠮ᠃ ᠡᠶᠢᠯ ᠡᠷᠦᠬᠡ ᠪᠦᠷᠢ ᠶᠢᠨ ᠡᠮᠡᠭᠡ᠂ ᠡᠬᠡ᠂ ᠠᠬᠠᠮᠠᠳ ᠨᠠᠰᠤᠨ ᠤ ᠡᠮᠡᠭᠳᠡᠶᠢᠴᠤᠳ ᠨᠢ ᠦᠪᠡᠷᠰᠡᠳ ᠤᠨ | ᠦᠬᠢᠳ ᠲᠤ ᠰᠠᠭᠠᠯᠢ ᠠᠪᠬᠤ᠂ ᠴᠠᠭᠠᠨ ᠢᠳᠡᠭᠡ ᠪᠤᠯᠪᠠᠰᠤᠷᠠᠭᠤᠯᠬᠤ᠂ ᠨᠤᠤᠰᠦ ᠰᠠᠪᠠᠭ᠋ᠤ᠂ ᠲᠡᠭᠡᠰᠦ ᠲᠠᠮᠤᠬᠤ᠂ | ᠢᠰᠡᠬᠡᠢ ᠵᠤᠯᠭᠠᠬᠤ᠂ ᠤᠳᠠᠰᠦ ᠡᠭᠡᠷᠡᠬᠦ᠂ ᠰᠢᠷᠢᠬᠦ᠂ ᠰᠢᠳᠡᠬᠦ᠂ ᠬᠡᠷ ᠢᠶᠠᠨ ᠰᠡᠯᠪᠢᠬᠦ᠃ ᠴᠡᠪᠡᠷ ᠪᠠᠶᠢᠯᠭᠠᠬᠤ᠂ ᠠᠷᠭᠠᠯ | ᠲᠦᠯᠡᠰᠢ ᠲᠡᠭᠦᠭᠦ᠂ ᠬᠤᠪᠴᠠᠰᠦ ᠬᠤᠨᠠᠷ ᠡᠰᠭᠡᠬᠦ᠂ ᠤᠶᠤᠬᠤ᠂ ᠡᠮᠦᠰᠬᠦ ᠵᠡᠬᠦᠬᠦ᠂ ᠭᠤᠶᠤᠵᠦ ᠭᠤᠸᠠᠳᠠᠬᠤ᠂ ᠴᠡᠪᠡᠷ | ᠰᠠᠶᠢᠬᠠᠨ ᠠᠮᠳᠠ ᠲᠠᠢ ᠬᠤᠭᠤᠯᠠ ᠴᠠᠢ ᠪᠡᠯᠡᠳᠬᠡᠬᠦ᠂ ᠡᠪᠦᠭᠡᠳ ᠬᠦᠭᠰᠢᠳ ᠠᠬᠠᠰ ᠶᠡᠬᠡᠰ ᠢ ᠬᠦᠨᠳᠦᠯᠡᠬᠦ ᠭᠡᠬᠦ ᠵᠡᠷᠭᠡ | ᠮᠠᠰᠢ ᠤᠯᠠᠨ ᠵᠦᠢᠯ ᠤᠨ ᠨᠠᠷᠢᠨ ᠰᠢᠷᠢᠨ ᠤᠬᠠᠭᠠᠨ ᠢ ᠵᠢᠭᠠᠨ ᠰᠤᠷᠭᠠᠨᠡ᠃ ᠬᠠᠷᠢᠨ ᠭᠡᠷ ᠤᠨ ᠲᠤᠳᠤᠷᠠᠬᠢ ᠡᠪᠦᠭᠡ᠂ | ᠡᠴᠢᠭᠡ᠂ ᠬᠤᠳᠠ ᠶᠢᠨ ᠠᠬᠠᠮᠠᠳ ᠨᠠᠰᠦᠨ ᠤ ᠡᠷᠡᠭᠳᠡᠶᠢᠴᠤᠳ ᠨᠢ ᠬᠦᠦ ᠬᠦᠪᠡᠭᠦᠳ ᠲᠡᠭᠡᠨ ᠠᠷᠠᠰᠦ ᠨᠡᠬᠡᠢ | ᠢᠳᠡᠭᠡᠯᠡᠬᠦ᠂ ᠡᠯᠳᠡᠬᠦ᠂ ᠰᠢᠷᠢ ᠪᠠᠷ ᠰᠤᠷᠤᠨ ᠡᠳ᠋ᠯᠡᠯ ᠬᠢᠬᠦ᠂ ᠮᠠᠯ ᠠᠵᠦ ᠠᠬᠤᠢ ᠶᠢᠨ ᠲᠤᠨᠤᠭ ᠲᠦᠭᠦᠭᠡᠷᠦᠮᠵᠢ | ᠦᠢᠯᠡᠳᠬᠦ᠂ ᠵᠠᠰᠠᠬᠤ᠂ ᠶᠠᠩᠵᠤᠯᠠᠬᠤ᠂ ᠬᠠᠰᠢᠶ᠎ᠡ ᠬᠤᠷᠤᠭ᠎ᠠ ᠪᠠᠷᠢᠬᠤ᠂ ᠤᠰᠤ ᠪᠡᠯᠴᠢᠭᠡᠷ ᠰᠤᠩᠭᠤᠬᠤ᠂ ᠨᠤᠳᠤᠭ | ᠰᠡᠯᠬᠦᠭᠦ᠂ ᠮᠠᠯ ᠢᠶᠠᠨ ᠤᠳᠤᠷᠯᠠᠬᠤ᠂ ᠤᠷᠤᠭ᠎ᠠ ᠨᠡᠶᠢᠯᠡᠭᠦᠯᠪᠡᠯ ᠲᠠᠭᠠᠷᠠᠭᠤᠯᠬᠤ᠂ ᠮᠤᠷᠢ ᠮᠠᠯ ᠰᠢᠨᠵᠢᠬᠦ᠂ ᠤᠶᠠᠭ᠎ᠠ | ᠰᠦᠢᠯᠭ᠎ᠠ ᠲᠤᠬᠢᠷᠠᠭᠤᠯᠬᠤ᠂ ᠮᠠᠯ ᠮᠠᠯᠯᠠᠬᠤ᠂ ᠴᠢᠨ᠋ᠸ᠎ᠠ ᠨᠤᠬᠠᠢ ᠠᠴᠠ ᠬᠠᠮᠠᠭᠠᠯᠠᠬᠤ᠂ ᠨᠠᠮᠤᠷᠵᠢᠬᠤ᠂ ᠡᠪᠦᠯᠵᠢᠬᠦ᠂ | ᠬᠠᠪᠤᠷᠵᠢᠬᠤ᠂ ᠵᠤᠨᠵᠢᠬᠤ᠂ ᠠᠩ ᠠᠩᠨᠠᠬᠤ᠂ ᠠᠶᠠᠨ ᠵᠢᠩ ᠳᠤ ᠶᠠᠪᠤᠬᠤ ᠵᠡᠷᠭᠡ ᠡᠳᠦᠢ ᠲᠡᠳᠦᠢ ᠮᠡᠷᠭᠡᠵᠢᠯ ᠢ | ᠡᠵᠡᠮᠰᠢᠬᠦᠯᠵᠦ᠂ ᠲᠠᠳᠤᠯᠭ᠎ᠠ ᠲᠤᠷᠰᠢᠯᠭ᠎ᠠ ᠰᠠᠭᠤᠯᠭᠠᠵᠦ ᠰᠤᠷᠭᠠᠨᠡ᠃ | ᠲᠦᠪ ᠠᠽᠢᠶ᠎ᠡ ᠶᠢᠨ ᠴᠠᠭ ᠠᠭᠤᠷ ᠤᠨ ᠬᠠᠳᠠᠭᠤ ᠰᠢᠷᠤᠭᠦᠨ ᠨᠦᠬᠦᠴᠡᠯ ᠳᠤ ᠲᠠᠪᠤᠨ ᠬᠤᠰᠢᠭᠤ ᠮᠠᠯ ᠢ | ᠠᠳᠤᠭᠤᠯᠠᠬᠤ ᠨᠢ ᠶᠡᠭᠡ ᠬᠦᠴᠦ ᠴᠢᠳᠠᠯ᠂ ᠠᠷᠭ᠎ᠠ ᠤᠬᠠᠭᠠᠨ᠂ ᠬᠠᠳᠠᠭᠤᠵᠢᠯ ᠲᠡᠰᠪᠤᠷᠢ᠂ ᠵᠤᠷᠢᠭ ᠰᠠᠮᠪᠠᠭ᠎ᠠ | ᠱᠠᠭᠠᠷᠳᠠᠭᠰᠠᠨ ᠬᠦᠨᠳᠦ ᠬᠦᠳᠡᠯᠮᠤᠷᠢ ᠤᠴᠢᠷ ᠠᠴᠠ ᠬᠠᠮᠳᠦ ᠶᠢᠨ ᠬᠦᠴᠦ ᠵᠢᠳᠬᠦᠯ ᠢᠶᠠᠷ ᠬᠦᠪᠡᠭᠦᠳ᠂ ᠦᠬᠢᠳ | ᠲᠡᠭᠡᠨ ᠬᠠᠷ᠎ᠠ ᠪᠠᠭ᠎ᠠ ᠨᠠᠰᠤᠨ ᠠᠴᠠ ᠨᠢ ᠡᠬᠢᠯᠡᠨ ᠬᠢᠷᠢ ᠳᠤ ᠲᠤᠬᠢᠷᠠᠭᠰᠠᠨ ᠠᠵᠢᠯ ᠬᠦᠳᠡᠯᠮᠤᠷᠢ ᠡᠷᠬᠢᠯᠡᠭᠦᠯᠦᠨ ᠤᠯᠠᠮ | ᠢᠶᠠᠷ ᠮᠠᠯ ᠠᠵᠦ ᠠᠬᠤᠢ ᠶᠢᠨ ᠦᠢᠯᠡᠳᠪᠦᠷᠢᠯᠡᠯ ᠳᠤ ᠰᠤᠷᠤᠯᠴᠠᠭᠤᠯᠤᠭᠰᠠᠨ ᠢᠶᠠᠷ ᠨᠠᠰᠦ ᠪᠡᠶ᠎ᠡ ᠬᠦᠢᠴᠡᠭᠰᠡᠨ ᠬᠤᠶᠢᠨ᠎ᠡ | ᠡᠴᠢᠭᠡ ᠡᠬᠡ ᠪᠠᠨ ᠤᠷᠤᠯᠠᠨ ᠠᠵᠢᠯᠯᠠᠬᠤ᠂ ᠴᠢᠨᠠᠭᠰᠢᠲᠠ ᠪᠡᠶ᠎ᠡ ᠲᠠᠭᠠᠭᠠᠨ ᠠᠵᠦ ᠠᠬᠤᠢ ᠶᠢ ᠡᠷᠬᠢᠯᠡᠨ ᠬᠦᠳᠦᠯᠬᠦ ᠳᠤ | ᠪᠠᠯᠡᠨ ᠪᠤᠯᠭᠠᠵᠦ ᠪᠡᠯᠡᠳᠬᠡᠳᠡᠭ ᠪᠠᠶᠢᠪᠡ᠃ ᠡᠶᠢᠨᠬᠦ ᠮᠠᠯ ᠠᠵᠦ ᠠᠬᠤᠢ ᠶᠢ ᠡᠷᠬᠢᠯᠡᠨ ᠬᠦᠳᠦᠯᠬᠦ ᠳᠤ ᠱᠠᠭᠠᠷᠳᠠᠭᠳᠠᠬᠤ | ᠲᠠᠳᠤᠯᠭ᠎ᠠ ᠲᠤᠷᠰᠢᠯᠭ᠎ᠠ ᠲᠦᠭᠡᠮᠡᠯ ᠮᠡᠳᠡᠯᠭᠡ ᠶᠢ ᠭᠠᠭᠴᠠᠬᠦ ᠭᠡᠷ ᠤᠨ ᠠᠵᠦ ᠠᠬᠤᠢ ᠶᠢᠨ ᠰᠤᠷᠭᠠᠭᠤᠯᠢ ᠪᠠᠷ | ᠤᠯᠭᠤᠳᠠᠭ ᠪᠦᠭᠡᠳ ᠲᠡᠭᠦᠨ ᠤ ᠪᠠᠭᠰᠢ ᠨᠡᠷ ᠨᠢ ᠨᠢᠭᠡ ᠶᠤᠰᠤᠨ ᠳᠠᠭᠠᠨ ᠡᠴᠢᠭᠡ ᠡᠬᠡ ᠠᠬᠠᠮᠠᠳ ᠨᠠᠰᠤᠲᠠᠨ ᠨᠤᠭᠤᠳ | ᠂ ᠱᠠᠪᠢ ᠨᠡᠷ ᠨᠢ ᠲᠡᠳᠡᠨ ᠤ ᠬᠦᠪᠡᠬᠦᠳ᠂ ᠦᠬᠢᠳ ᠵᠠᠯᠠᠭᠤᠴᠤᠳ ᠪᠤᠯᠳᠠᠭ ᠠᠵᠢ᠃ | ᠭᠡᠷ ᠤᠨ ᠰᠤᠷᠭᠠᠭᠤᠯᠢ ᠶᠢᠨ ᠨᠦᠬᠦᠭᠡ ᠨᠢᠭᠡ ᠲᠦᠭᠡᠮᠡᠯ ᠪᠤᠰᠤ ᠬᠡᠯᠪᠡᠷᠢ ᠨᠢ ᠤᠷᠠᠨ ᠰᠠᠨᠠᠭ᠎ᠠ᠂ ᠤᠬᠠᠭᠠᠨ ᠪᠤᠳᠤᠯ᠂ | ᠠᠪᠢᠶᠠᠰ ᠴᠢᠳᠠᠪᠤᠷᠢ᠂ ᠦᠷ᠎ᠡ ᠳ᠋ᠦᠢ᠂ ᠨᠠᠷᠢᠨ ᠪᠠᠭᠠᠵᠢ ᠲᠦᠭᠦᠭᠡᠷᠦᠮᠵᠢ ᠱᠠᠭᠠᠷᠳᠠᠭᠰᠠᠨ ᠮᠤᠳᠦ᠂ ᠲᠠᠮᠤᠷ ᠤᠨ ᠲᠠᠷᠬ᠎ᠠ | ᠂ ᠠᠨᠠᠭᠠᠬᠤ ᠤᠬᠠᠭᠠᠨ᠂ ᠤᠷᠠᠯᠢᠭ ᠭᠡᠬᠦ ᠮᠡᠳᠦ ᠨᠠᠷᠢᠨ ᠮᠡᠷᠭᠡᠵᠢᠯ ᠤᠨ ᠬᠦᠮᠦᠰ ᠡᠷᠬᠢᠯᠡᠨ ᠶᠠᠪᠤᠭᠤᠯᠬᠤ ᠰᠤᠷᠭᠠᠯᠲᠠ | ᠠᠵᠢ᠃ ᠡᠶᠢᠮᠦ ᠭᠡᠷ ᠤᠨ ᠰᠤᠷᠭᠠᠭᠤᠯᠢ ᠶᠢ ᠲᠤᠬᠠᠢ ᠶᠢᠨ ᠮᠡᠷᠭᠡᠵᠢᠯ ᠢ ᠲᠡᠭᠦᠯᠳᠡᠷ ᠡᠵᠡᠮᠰᠢᠭᠰᠡᠨ ᠬᠦᠮᠦᠰ ᠡᠷᠬᠢᠯᠡᠬᠦ | ᠪᠦᠭᠡᠳ ᠲᠡᠳᠡ ᠦᠷ᠎ᠡ ᠬᠡᠦᠬᠡᠳ ᠲᠡᠭᠡᠨ ᠶᠤᠮ ᠦᠦ᠂ ᠡᠰᠡᠭᠦᠯ᠎ᠡ ᠠᠪᠢᠶᠠᠰ᠂ ᠲᠤᠷ᠎ᠠ ᠰᠤᠨᠢᠷᠬᠠᠯ ᠪᠦᠬᠦᠢ ᠪᠤᠰᠤᠳ | ᠠᠶᠢᠯ ᠤᠨ ᠭᠠᠭᠴᠠ ᠬᠤᠶᠠᠷ ᠬᠡᠦᠬᠡᠳ ᠢ ᠭᠡᠷ ᠢᠶᠠᠷ ᠢᠶᠠᠨ ᠵᠢᠭᠠᠨ ᠰᠤᠷᠭᠠᠳᠠᠭ ᠪᠠᠶᠢᠵᠠᠢ᠃ ᠲᠤᠬᠠᠶᠢᠯᠠᠪᠠᠯ᠂ ᠮᠤᠳᠤᠨ | ᠲᠠᠷᠬᠠᠨ ᠨᠢ ᠡᠮᠡᠭᠡᠯ᠂ ᠭᠡᠷ ᠤᠨ ᠮᠤᠳᠦ᠂ ᠲᠠᠪᠢᠯᠭ᠎ᠠ ᠬᠡᠷᠡᠭᠰᠡᠯ᠂ ᠨᠣᠮᠤ ᠰᠤᠮᠤ᠂ ᠰᠠᠭᠠᠳᠠᠭ ᠬᠤᠷᠤᠮᠰᠠᠭ᠎ᠠ ᠬᠢᠬᠦ᠂ | ᠲᠡᠭᠦᠨ ᠳᠤ ᠬᠡᠷᠡᠭᠯᠡᠬᠦ ᠮᠤᠳᠦ᠂ ᠲᠡᠭᠦᠨ ᠢ ᠬᠡᠷᠬᠢᠨ ᠪᠡᠯᠡᠳᠬᠡᠬᠦ ᠠᠴᠠ ᠡᠬᠢᠯᠡᠨ ᠵᠢᠭᠠᠨ᠎ᠡ᠃ ᠠᠯᠳᠠ᠂ ᠮᠦᠩᠭᠦ᠂ ᠲᠠᠮᠤᠷ | ᠤᠨ ᠲᠠᠷᠬᠠᠨ ᠨᠢ ᠴᠠᠬᠢᠭᠤᠷ ᠫᠤᠤ᠂ ᠬᠢᠳᠤᠭ᠎ᠠ ᠲᠤᠭᠤᠯᠠᠭ᠎ᠠ᠂ ᠰᠠᠯᠠᠮ᠎ᠠ᠂ ᠭᠤᠶᠤᠯ ᠴᠢᠮᠡᠭᠯᠡᠯ᠂ ᠬᠡᠳᠡ ᠬᠢᠳᠤᠭ᠎ᠠ᠂ | ᠲᠡᠷᠭᠡᠨ ᠤ ᠴᠦᠩ ᠭᠡᠬᠦ ᠮᠡᠳᠦ ᠶᠢ ᠬᠡᠷᠬᠢᠨ ᠬᠢᠬᠦ᠂ ᠬᠠᠳᠠᠭᠤ ᠤᠶᠤᠳᠠᠯ ᠤᠨ ᠬᠢᠨᠢ ᠭᠦᠯᠢᠮ ᠲᠡᠪᠰᠡ᠂ ᠭᠤᠳᠤᠯ᠂ | ᠪᠤᠭᠴᠦ ᠵᠡᠷᠭᠡ ᠶᠢ ᠦᠢᠯᠡᠳᠬᠦ ᠶᠢ ᠵᠢᠭᠠᠨ᠎ᠡ᠃ | ᠠᠷᠠᠳ ᠤᠨ ᠡᠮᠨᠡᠯᠭᠡ ᠨᠢ ᠬᠦᠮᠦᠨ ᠮᠠᠯ ᠤᠨ ᠡᠪᠡᠳᠴᠢᠨ ᠡᠮᠬᠡᠭ ᠢ ᠲᠠᠨᠢᠬᠤ᠂ ᠤᠯᠠᠨ ᠲᠦᠷᠦᠯ ᠤᠨ ᠤᠷᠭᠤᠮᠠᠯ ᠢ | ᠬᠡᠷᠬᠢᠨ ᠲᠠᠨᠢᠵᠦ᠂ ᠬᠡᠳᠦᠢ ᠳᠤ ᠬᠡᠷᠬᠢᠨ ᠲᠡᠭᠦᠵᠦ ᠪᠡᠯᠡᠳᠬᠡᠬᠦ᠂ ᠶᠠᠭᠠᠬᠢᠵᠦ ᠪᠤᠯᠪᠠᠰᠤᠷᠠᠭᠤᠯᠵᠦ᠂ ᠨᠡᠶᠢᠷᠠᠭᠤᠯᠵᠦ | ᠬᠡᠷᠡᠭᠯᠡᠬᠦ᠂ ᠮᠦᠨ ᠪᠡᠶ᠎ᠡ ᠶᠢᠨ ᠵᠠᠰᠠᠯ ᠲᠤᠷᠳᠠᠯᠭᠠ᠂ ᠲᠡᠵᠢᠭᠡᠬᠦ ᠲᠡᠩᠭᠡᠷᠡᠬᠦᠯᠬᠦ᠂ ᠤᠳᠤᠬᠤ᠂ ᠬᠠᠳᠬᠤᠬᠤ᠂ ᠬᠠᠨᠠᠬᠤ᠂ | ᠲᠦᠭᠡᠨᠡᠬᠦ᠂ ᠶᠠᠰᠤ ᠬᠤᠭᠤᠷᠠᠬᠤ ᠳᠤ ᠬᠡᠷᠬᠢᠨ ᠪᠠᠷᠢᠬᠤ᠂ ᠡᠪᠯᠡᠭᠦᠯᠬᠦ᠂ ᠢᠯᠢᠬᠦ᠂ ᠰᠢᠪᠰᠢᠬᠦ᠂ ᠮᠠᠯ ᠬᠦᠩᠭᠡᠯᠡᠬᠦ᠂ ᠮᠠᠰᠡ | ᠵᠠᠰᠠᠯ ᠬᠢᠬᠦ ᠵᠡᠷᠭᠡ ᠶᠢ ᠠᠮᠢᠳᠤᠷᠠᠯ ᠲᠡᠭᠡᠷ᠎ᠡ ᠵᠢᠭᠠᠨ ᠰᠤᠷᠭᠠᠨᠡ᠃ | ᠤᠷᠠᠯᠢᠭ ᠤᠨ ᠭᠡᠷ ᠤᠨ ᠰᠤᠷᠭᠠᠯᠲᠠ ᠪᠠᠷ ᠬᠦᠭᠵᠢᠮ ︵ᠬᠤᠭᠤᠷ᠂ ᠯᠢᠩᠪᠤ᠂ ᠲᠡᠮᠤᠷ ᠪᠤᠯᠤᠨ ᠬᠤᠯᠤᠰᠤᠨ ᠠᠮᠠᠨ | ᠬᠤᠭᠤᠷ︶᠂ ᠲᠠᠭᠤᠤ ︵ᠤᠷᠳᠤ᠂ ᠪᠤᠭᠤᠨᠢ᠂ ᠬᠠᠷᠢᠯᠴᠠᠭ᠎ᠠ᠂ ᠬᠤᠱᠤᠩ ᠱᠤᠭ︶᠂ ᠠᠮᠠᠨ ᠵᠤᠬᠢᠶᠠᠯ ︵ᠢᠷᠦᠭᠡᠯ᠂ | ᠮᠠᠭᠳᠠᠭᠠᠯ᠂ ᠦᠯᠢᠭᠡᠷ᠂ ᠤᠨᠢᠰᠤᠭ᠎ᠠ᠂ ᠲᠤᠤᠯᠢ︶᠂ ᠠᠷᠠᠳ ᠤᠨ ᠪᠡᠶᠡᠯᠡᠭᠡ ︵ᠪᠡᠶᠡᠯᠡᠭᠡ᠂ ᠲᠠᠳᠠᠯᠭ᠎ᠠ︶᠂ ᠴᠢᠮᠡᠬᠦ᠂ | ᠴᠢᠮᠡᠭᠯᠡᠬᠦ ᠤᠷᠠᠯᠢᠭ ︵ᠵᠢᠷᠤᠭ ᠰᠡᠶᠢᠯᠪᠤᠷᠢ᠂ ᠬᠡ ᠤᠭᠠᠯᠵᠠ᠂ ᠪᠠᠷᠢᠮᠠᠯ᠂ ᠨᠠᠭᠠᠮᠠᠯ᠂ ᠱᠤᠭᠤᠮᠠᠯ᠂ ᠬᠦᠭᠡᠭᠡᠮᠡᠯ ᠭᠡᠬᠦ | ᠮᠡᠳᠦ︶ ᠶᠢᠨ ᠤᠯᠠᠨ ᠲᠦᠷᠦᠯ ᠢ ᠵᠢᠭᠠᠨ ᠰᠤᠷᠭᠠᠨᠡ | ᠭᠡᠷ ᠤᠨ ᠰᠤᠷᠭᠠᠯᠲᠠ ᠨᠢ ᠬᠡᠦᠬᠡᠳ ᠠᠴᠠ ᠶᠡᠬᠡᠬᠡᠨ ᠵᠤᠷᠢᠭ ᠲᠡᠪᠴᠢᠶᠡᠷᠢ᠂ ᠲᠠᠰᠪᠤᠷᠢ ᠬᠠᠳᠠᠭᠤᠵᠢᠯ᠂ ᠤᠶᠢᠭ᠎ᠠ | ᠦᠭᠡᠢ ᠤᠷᠤᠯᠳᠤᠯᠭ᠎ᠠ᠂ ᠨᠦᠷᠢ ᠬᠢᠴᠢᠶᠡᠩᠭᠦᠢ ᠰᠢᠷᠭᠠᠭᠤ ᠬᠦᠳᠡᠯᠮᠤᠷᠢ ᠱᠠᠭᠠᠷᠳᠠᠭᠳᠠᠬᠤ ᠤᠨᠴᠠᠯᠢᠭ ᠲᠠᠢ ᠪᠢᠯᠡ᠃ | ᠡᠨᠡ ᠨᠢ ᠨᠢᠭᠡ ᠶᠤᠰᠤᠨ ᠤ ᠦᠨᠦ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠪᠠᠶᠢᠪᠡ᠃ ᠬᠦᠮᠦᠨ ᠳᠤ ᠮᠡᠳᠡᠯᠭᠡ | ᠲᠠᠳᠤᠯᠭ᠎ᠠ ᠡᠵᠡᠮᠰᠢᠭᠦᠯᠬᠦ ᠶᠢ ᠲᠠᠳᠤᠯᠭ᠎ᠠ ᠭᠡᠳᠡᠭ ᠪᠤᠯ ᠮᠤᠩᠭᠤᠯ ᠤᠨ ᠭᠡᠷ ᠤᠨ ᠰᠤᠷᠭᠠᠯᠲᠠ ᠨᠢ ᠴᠦᠮ ᠶᠠᠭᠠᠬᠢᠬᠤ | ᠠᠷᠭ᠎ᠠ ᠦᠭᠡᠢ ᠰᠤᠷᠭᠠᠭᠤᠯᠢ ᠪᠤᠯᠠᠢ᠃ ᠮᠤᠩᠭᠤᠯᠴᠤᠳ ᠰᠠᠭᠤᠷᠢᠰᠢᠯ ᠲᠠᠢ ᠭᠠᠵᠠᠷ ᠤᠷᠤᠨ ᠤ ᠬᠢ ᠰᠢᠭ᠋ ᠬᠡᠦᠬᠡᠳ ᠢ | ᠲᠠᠩᠭᠢᠮ ᠤᠨ ᠠᠷᠭ᠎ᠠ ᠪᠠᠷ ᠪᠤᠰᠦ᠂ ᠵᠦᠪᠬᠡᠨ ᠬᠡᠷ ᠤᠨ ᠪᠤᠯᠤᠨ ᠱᠠᠪᠢ ᠰᠤᠷᠭᠠᠯᠲᠠ ᠶᠢᠨ ᠬᠡᠯᠪᠡᠷᠢ ᠪᠠᠷ ᠰᠤᠷᠭᠠᠵᠦ | ᠪᠠᠶᠢᠭᠰᠠᠨ ᠳᠤ ᠮᠤᠩᠭᠤᠯ ᠤᠨ ᠤᠯᠠᠮᠵᠢᠯᠠᠯᠲᠦ ᠰᠤᠷᠭᠠᠭᠤᠯᠢ ᠶᠢᠨ ᠭᠤᠤᠯ ᠤᠨᠴᠠᠯᠢᠭ ᠤᠷᠤᠰᠢᠨ᠎ᠡ᠃ | ᠬᠦᠮᠦᠨ ᠠᠮᠠ ᠨᠢ ᠨᠡᠭᠦᠳᠡᠯ ᠤᠨ ᠭᠠᠭᠴᠠ ᠨᠢᠭᠡ ᠡᠷᠦᠬᠡ᠂ ᠬᠤᠳᠠ ᠰᠠᠬᠠᠭᠠᠯᠲᠠ ᠪᠠᠷ ᠠᠵᠦ ᠲᠦᠷᠦᠵᠦ᠂ ᠪᠠᠶᠢᠩᠭᠤ | ᠨᠡᠭᠦᠳᠡᠯᠯᠡᠨ ᠠᠮᠢᠳᠤᠷᠠᠵᠦ ᠢᠷᠡᠭᠰᠡᠨ ᠮᠤᠩᠭᠤᠯ ᠤᠨ ᠨᠦᠬᠦᠴᠡᠯ ᠳᠤ ᠰᠤᠷᠭᠠᠭᠤᠯᠢ᠂ ᠰᠤᠷᠭᠠᠯᠲᠠ ᠶᠢ ᠦᠪᠡᠷᠰᠡᠳ ᠤᠨ | ᠡᠷᠬᠢᠯᠡᠨ ᠠᠮᠢᠳᠤᠷᠠᠵᠦ ᠪᠤᠢ ᠠᠵᠦ ᠠᠬᠤᠢ᠂ ᠡᠳᠦᠷ ᠲᠤᠳᠤᠮ ᠤᠨ ᠠᠵᠢᠯ ᠦᠢᠯᠡᠳᠪᠦᠷᠢᠯᠡᠯ ᠠᠴᠠ ᠲᠡᠰᠤᠷᠬᠠᠢ | ᠶᠠᠪᠤᠭᠤᠯᠬᠤ ᠪᠤᠯᠤᠮᠵᠢ ᠦᠭᠡᠢ᠂ ᠡᠴᠢᠭᠡ ᠡᠬᠡ᠂ ᠠᠬᠠᠮᠠᠳ ᠨᠠᠰᠤᠲᠠᠨ ︵ᠪᠠᠭᠰᠢ︶᠂ ᠦᠷ᠎ᠡ ᠬᠡᠦᠬᠡᠳ ︵ᠰᠤᠷᠤᠭᠴᠢ | ︶ ᠬᠤᠶᠠᠷ ᠨᠢᠭᠡ ᠭᠡᠷ ᠲᠤ ᠪᠤᠶᠤ ᠠᠶᠢᠯ ᠰᠠᠬᠠᠭᠠᠯᠲᠠ ᠠᠮᠢᠳᠤᠷᠠᠳᠠᠭ ᠵᠡᠷᠭᠡ ᠠᠴᠠ ᠰᠢᠯᠳᠠᠭᠠᠯᠠᠨ ᠰᠤᠷᠭᠠᠯᠲᠠ ᠶᠢ ᠭᠡᠷ | ᠤᠨ ᠰᠤᠷᠭᠠᠭᠤᠯᠢ ᠠᠴᠠ ᠦᠭᠡᠷ᠎ᠡ ᠪᠠᠷ ᠶᠠᠪᠤᠭᠤᠯᠬᠤ ᠰᠠᠶᠢᠨ ᠠᠷᠭ᠎ᠠ ᠪᠠᠶᠢᠭ᠎ᠠ ᠦᠭᠡᠢ ᠪᠤᠯᠤᠯᠲᠠᠢ᠃ | ᠭᠡᠷ ᠤᠨ ᠰᠤᠷᠭᠠᠭᠤᠯᠢ ᠨᠢ ᠮᠠᠯᠴᠢᠨ ᠠᠷᠠᠳ ᠲᠦᠮᠡᠨ ᠤ ᠠᠬᠤᠢ ᠨᠦᠬᠦᠴᠡᠯ ᠳᠤ ᠨᠡᠩ ᠵᠤᠬᠢᠴᠠᠭᠰᠠᠨ ᠰᠤᠷᠭᠠᠯᠲᠠ | ᠶᠢᠨ ᠦᠪᠡᠷᠮᠢᠴᠨ ᠬᠡᠪ ᠮᠠᠶ᠋ᠢᠭ ᠪᠦᠭᠡᠳ ᠲᠡᠭᠦᠨ ᠢᠶᠠᠷ ᠲᠦᠷᠦᠯ ᠪᠦᠷᠢ ᠶᠢᠨ ᠡᠷᠳᠡᠮ ᠤᠬᠠᠭᠠᠨ᠂ ᠮᠡᠳᠡᠯᠭᠡ | ᠪᠤᠯᠪᠠᠰᠤᠷᠠᠯ᠂ ᠲᠠᠳᠤᠯᠭ᠎ᠠ᠂ ᠲᠤᠷᠰᠢᠯᠭ᠎ᠠ ᠡᠵᠡᠮᠰᠢᠭᠰᠡᠨ ᠬᠦᠮᠦᠰ ᠢ ᠲᠠᠰᠤᠷᠠᠯᠲᠠ ᠦᠭᠡᠢ ᠪᠡᠯᠡᠳᠬᠡᠵᠦ ᠪᠠᠶᠢᠭᠰᠠᠨ ᠢ | ᠦᠯᠦ ᠬᠠᠶᠢᠬᠤᠷᠤᠨ ᠰᠤᠷᠭᠠᠭᠤᠯᠢ ᠭᠡᠳᠡᠭ ᠢ ᠭᠠᠭᠴᠠᠬᠦ ᠲᠠᠩᠬᠢᠮ ᠤᠨ ᠰᠤᠷᠭᠠᠯᠳᠠᠨ ᠤ ᠢᠪᠴᠤᠤ ᠬᠦᠷᠢᠶ᠎ᠡ ᠪᠠᠷ | ᠤᠶᠢᠯᠠᠭᠠᠵᠦ ᠢᠷᠡᠭᠰᠡᠨ ᠤᠯᠠᠮ ᠠᠴᠠ 20 ᠳ᠋ᠤᠭᠠᠷ ᠵᠠᠭᠤᠨ ᠠᠴᠠ ᠤᠷᠢᠳ ᠮᠤᠩᠭᠤᠯ ᠳᠤ ᠰᠤᠷᠭᠠᠭᠤᠯᠢ ᠪᠠᠶᠢᠭ᠎ᠠ | ᠦᠭᠡᠢ ᠮᠡᠳᠦ ᠪᠠᠷ ᠶᠠᠷᠢᠬᠤ᠂ ᠪᠢᠴᠢᠬᠦ ᠨᠢ ᠦᠨᠳᠦᠰᠦᠯᠡᠯ ᠪᠠᠭᠠᠲᠠᠢ ᠶᠤᠮ᠃ | ᠭᠡᠷ ᠤᠨ ᠰᠤᠷᠭᠠᠯᠲᠠ ᠶᠢᠨ ᠭᠤᠤᠯ ᠦᠷ᠎ᠡ ᠳ᠋ᠦᠩ ᠢ ᠬᠢᠵᠦ ᠪᠦᠳᠦᠭᠡᠭᠰᠡᠨ ᠵᠤᠶᠢᠯ ᠤᠨ ᠬᠢᠨᠢ ᠤᠷ᠎ᠠ ᠬᠢᠴᠠ᠂ ᠶᠡᠰᠦ | ᠴᠢᠨᠠᠷ᠂ ᠡᠳ᠋ᠯᠡᠯ ᠬᠡᠷᠡᠭᠯᠡᠯ᠂ ᠡᠮᠦᠰᠴᠦ ᠵᠡᠭᠦᠭᠰᠡᠨ ᠢᠶᠠᠷ ᠦᠨᠡᠯᠡᠨ ᠳ᠋ᠦᠩᠨᠡᠳᠡᠭ ᠪᠠᠶᠢᠵᠠᠢ᠃ ᠡᠨᠡ ᠴᠦ ᠤᠴᠢᠷ ᠠᠴᠠ | ᠨᠡᠶᠢᠷ ᠨᠠᠭᠠᠳᠤᠮ᠂ ᠴᠡᠮ ᠮᠠᠶᠢᠳᠠᠷ ᠵᠡᠷᠭᠡ ᠪᠠᠶᠠᠷ ᠶᠤᠰᠤᠯᠠᠯ ᠤᠨ ᠦᠶ᠎ᠡ ᠪᠠᠷ ᠡᠨᠡ ᠲᠡᠷᠡ ᠬᠤᠰᠢᠭᠤ ᠨᠤᠳᠤᠭ ᠤᠨ | ᠲᠡᠶᠢᠮᠦ ᠲᠠᠷᠬᠠᠨ᠂ ᠡᠶᠢᠮᠦ ᠮᠤᠳᠤᠴᠢᠨ᠂ ᠤᠶᠦᠳᠠᠯᠴᠢᠨ᠂ ᠢᠷᠦᠭᠡᠯᠴᠢ᠂ ᠮᠠᠭᠳᠠᠭᠠᠯᠴᠢ᠂ ᠲᠠᠭᠤᠴᠢ᠂ ᠬᠤᠭᠤᠷᠴᠢ | ᠭᠡᠬᠦ ᠮᠡᠳᠦ ᠢᠶᠠᠷ ᠠᠪᠢᠶᠠᠰ ᠪᠢᠯᠢᠭ ᠢ ᠪᠠᠨᠬᠷᠬᠠᠨ ᠮᠠᠭᠳᠠᠵᠦ ᠪᠠᠶᠢᠳᠠᠭ ᠨᠢ ᠨᠢᠭᠡ ᠶᠤᠰᠤᠨ ᠤ ᠤᠯᠠᠨ ᠤ ᠦᠨᠡᠯᠡᠭᠡ | ᠳ᠋ᠦᠩᠨᠡᠯᠲᠡ ᠪᠤᠯᠵᠦ᠂ ᠲᠡᠳᠡᠨ ᠤ ᠬᠢᠭᠰᠡᠨ ᠵᠦᠢᠯ ᠨᠢ ᠤᠯᠠᠨ ᠤ ᠬᠦᠷᠳᠡᠭᠡᠯ ᠪᠤᠯᠤᠭᠰᠠᠨ ᠢᠶᠠᠷ ᠨᠡᠷ᠎ᠡ ᠠᠯᠳᠠᠷ ᠨᠢ | ᠲᠦᠭᠡᠨ ᠲᠠᠷᠬᠠᠵᠦ ᠠᠯᠳᠠᠷᠰᠢᠳᠠᠭ ᠠᠵᠢ᠃ | ᠭᠡᠷ ᠤᠨ ᠰᠤᠷᠭᠠᠭᠤᠯᠢ ᠨᠢ ᠲᠤᠬᠠᠢ ᠶᠢᠨ ᠡᠷᠳᠡᠮ ᠪᠤᠯᠪᠠᠰᠤᠷᠠᠯ᠂ ᠮᠡᠳᠡᠯᠭᠡ ᠶᠢ ᠴᠦᠬᠡᠨ ᠴᠦᠬᠡᠨ ᠬᠦᠮᠦᠨ ᠳᠤ | ᠲᠦᠪᠡᠭ ᠴᠢᠷᠦᠭᠳᠡᠯ ᠪᠠᠭᠠᠳᠠᠢ᠂ ᠠᠮᠠᠷ ᠬᠢᠯᠪᠠᠷ ᠡᠵᠡᠮᠰᠢᠭᠦᠯᠳᠡᠭ᠂ ᠰᠤᠷᠭᠠᠯᠲᠠ ᠶᠢᠨ ᠦᠷᠳᠡᠭ ᠵᠠᠷᠤᠳᠠᠯ ᠦᠯᠦ | ᠬᠡᠷᠡᠭᠯᠡᠬᠦ᠂ ᠠᠮᠢᠳᠤᠷᠠᠯ ᠦᠢᠯᠡᠳᠪᠦᠷᠢᠯᠡᠯ ᠲᠠᠢ ᠨᠢᠭᠲᠠ ᠬᠤᠯᠪᠤᠭ᠎ᠠ ᠲᠠᠢ᠂ ᠦᠷ᠎ᠡ ᠦᠭᠭᠦᠭᠡᠵᠢ ᠦᠯᠡᠮᠵᠢᠬᠡᠨ᠂ | ᠲᠤᠰᠬᠠᠶᠢᠯᠠᠨ ᠪᠠᠭᠰᠢ ᠮᠡᠷᠭᠡᠵᠢᠯᠳᠡᠨ ᠱᠠᠭᠠᠷᠳᠠᠳᠠᠭ ᠦᠭᠡᠢ᠂ ᠪᠠᠭᠰᠢ ᠱᠠᠪᠢ ᠬᠠᠮᠳᠤᠷᠠᠨ ᠠᠮᠢᠳᠤᠷᠠᠵᠦ ᠠᠵᠦ ᠲᠦᠷᠦᠬᠦ | ᠲᠤᠯᠠ ᠰᠤᠷᠭᠠᠬᠤ᠂ ᠰᠤᠷᠤᠯᠴᠠᠬᠤ ᠪᠤᠯᠤᠯᠴᠠᠭ᠎ᠠ ᠲᠠᠢ᠂ ᠰᠤᠷᠭᠠᠯᠲᠠ ᠲᠠᠳᠤᠯᠭ᠎ᠠ ᠬᠤᠤᠰᠯᠠᠭᠰᠠᠨ᠂ ᠦᠷ᠎ᠡ ᠬᠡᠦᠬᠡᠳ | ᠨᠢ ᠡᠴᠢᠭᠡ ᠡᠬᠡ ᠪᠠᠨ ᠪᠠᠭᠰᠢ ᠬᠡᠮᠡᠨ ᠲᠠᠪᠬᠤᠷ ᠰᠦᠰᠦᠭᠯᠡᠨ ᠪᠢᠰᠢᠷᠡᠵᠦ ᠬᠦᠨᠳᠦᠳᠬᠡᠳᠡᠭ ᠵᠡᠷᠭᠡ ᠤᠯᠠᠨ ᠲᠠᠪᠠᠭᠤ | ᠲᠠᠯ᠎ᠠ ᠲᠠᠢ ᠠᠵᠢ᠃ | ᠭᠡᠷ ᠤᠨ ᠰᠤᠷᠭᠠᠭᠤᠯᠢ ᠨᠢ ᠴᠢᠮᠠᠯᠠᠬᠤ ᠪᠠᠷ ᠦᠭᠡᠢ ᠤᠨᠤᠯ ᠤᠨ ᠲᠦᠪᠰᠢᠨ ᠲᠠᠢ᠂ ᠲᠠᠳᠤᠯᠭ᠎ᠠ ᠭᠤᠤᠯᠯᠠᠭᠰᠠᠨ᠂ | ᠲᠡᠦᠬᠡ ᠶᠢᠨ ᠤᠷᠳᠤᠨ ᠬᠤᠭᠤᠴᠠᠭᠠᠨ ᠳᠤ ᠤᠯᠤᠰ ᠤᠷᠤᠨ ᠤ ᠤᠯᠤᠰ ᠲᠦᠷᠦ᠂ ᠨᠡᠶᠢᠭᠡᠮ — ᠡᠳ᠋ ᠤᠨ ᠵᠠᠰᠠᠭ᠂ | ᠰᠤᠶᠤᠯ ᠤᠨ ᠬᠦᠭᠵᠢᠯ ᠤᠨ ᠶᠠᠪᠤᠴᠠ ᠳᠤ ᠪᠦᠷᠢᠯᠳᠦᠭᠰᠡᠨ ᠲᠦᠭᠡᠮᠡᠯ ᠦᠵᠡᠭᠳᠡᠯ ᠤᠨ ᠨᠢᠭᠡᠨ ᠪᠦᠭᠡᠳ ᠮᠤᠩᠭᠤᠯ | ᠲᠤᠭᠤᠷᠭᠠᠳᠠᠨ ᠤ ᠲᠡᠦᠬᠡᠨ ᠳᠤ ᠲᠡᠭᠦᠨ ᠤ ᠭᠦᠢᠴᠡᠳᠬᠡᠭᠰᠡᠨ ᠡᠭᠦᠷᠭᠡ ᠨᠢ ᠦᠯᠡᠮᠵᠢ ᠶᠡᠭᠡ ᠶᠤᠮ᠃ ᠴᠤᠬᠤᠮ ᠬᠦ ᠭᠡᠷ | ᠤᠨ ᠰᠤᠷᠭᠠᠯᠳᠠᠨ ᠤ ᠠᠴᠢ ᠪᠠᠷ ᠮᠤᠩᠭᠤᠯ ᠦᠨᠳᠦᠰᠦᠲᠡᠨ ᠤ ᠡᠪᠦᠭᠡ ᠮᠤᠩᠭᠤᠯᠴᠤᠳ ᠠᠴᠠ ᠦᠪᠯᠡᠨ ᠠᠪᠤᠭᠰᠠᠨ | ᠲᠦᠷᠦᠯᠬᠢ ᠢᠵᠠᠭᠤᠷ ᠰᠤᠶᠤᠯ ᠤᠨ ᠬᠢ ᠪᠠᠨ ᠭᠠᠯ ᠭᠤᠯᠤᠮᠲᠠ ᠶᠢ ᠦᠶ᠎ᠡ ᠤᠯᠠᠷᠢᠭᠤᠯᠤᠨ ᠤᠯᠠᠮᠵᠢᠯᠠᠨ | ᠬᠦᠭᠵᠢᠭᠦᠯᠵᠦ᠂ ᠪᠠᠶᠠᠵᠢᠭᠤᠯᠵᠦ ᠲᠡᠭᠦᠯᠳᠡᠷᠵᠢᠭᠦᠯᠵᠦ ᠢᠷᠡᠭᠰᠡᠨ ᠪᠢᠯᠡ᠃ | | ᠬᠤᠶᠠᠷ᠂ ᠲᠦᠷᠦ ᠶᠢᠨ ᠰᠤᠷᠭᠠᠭᠤᠯᠢ | ᠲᠦᠷᠦ ᠶᠤᠰᠤᠨ ᠲᠤᠭᠳᠠᠭᠰᠠᠨ ᠨᠡᠩ ᠡᠷᠳᠡ ᠴᠠᠭ ᠠᠴᠠ ᠡᠬᠢᠯᠡᠨ ᠭᠡᠷ ᠤᠨ ᠰᠤᠷᠭᠠᠭᠤᠯᠢ ᠶᠢᠨ ᠠᠷᠭ᠎ᠠ ᠵᠦᠢᠯ ᠶᠢᠨ | ᠤᠯᠠᠮᠵᠢᠯᠠᠯ ᠳᠤ ᠲᠤᠯᠭᠠᠭᠤᠷᠢᠯᠡᠨ ᠲᠦᠷᠦ ᠶᠢᠨ ᠰᠤᠷᠭᠠᠭᠤᠯᠢ ᠡᠭᠦᠰᠴᠡᠢ᠃ ᠰᠤᠷᠭᠠᠯᠲᠠ ᠨᠢ ᠤᠷᠳᠤᠨ ᠤ᠂ ᠠᠯᠪᠠᠨ ᠤ | ᠂ ᠲᠠᠭᠠᠯᠳᠤᠭᠤᠯᠤᠨ ᠰᠤᠷᠭᠠᠬᠤ ᠭᠡᠰᠡᠨ ᠬᠡᠯᠪᠡᠷᠢ ᠪᠠᠷ ᠲᠡᠭᠦᠯᠳᠡᠷᠵᠢᠨ ᠬᠦᠭᠵᠢᠭᠰᠡᠭᠡᠷ ᠢᠷᠡᠭᠰᠡᠨ ᠪᠠᠶᠢᠨ᠎ᠡ᠃ | ᠲᠦᠷᠦ ᠶᠢᠨ ᠰᠤᠷᠭᠠᠭᠤᠯᠢ ᠶᠢᠨ ᠬᠠᠮᠤᠭ ᠤᠨ ᠠᠩᠬᠠᠨ ᠤ ᠬᠢᠨᠢ ᠭᠡᠷ ᠤᠨ ᠰᠤᠷᠭᠠᠯᠲᠠ ᠶᠢᠨ ᠬᠡᠯᠪᠡᠷᠢ ᠶᠢ ᠦᠪᠯᠡᠨ | ᠠᠪᠤᠭᠰᠠᠨ ᠤᠷᠳᠤᠨ ᠤ ᠰᠤᠷᠭᠠᠭᠤᠯᠢ ᠶᠤᠮ᠃ ᠮᠤᠩᠭᠤᠯ ᠤᠨ ᠬᠠᠭᠠᠳ ᠢᠵᠠᠭᠤᠷᠳᠠᠳ ᠤᠨ ᠤᠷᠳᠤ ᠦᠷᠦᠭᠡᠨ ᠳᠤ | ᠲᠡᠳᠡᠨ ᠤ ᠦᠷ᠎ᠡ ᠬᠡᠦᠬᠡᠳ᠂ ᠲᠦᠷᠦᠯ ᠰᠠᠳᠤᠨ ᠢ ᠰᠤᠷᠭᠠᠬᠤ ᠰᠤᠷᠭᠠᠭᠤᠯᠢ ᠳᠤ ᠴᠢᠩᠬᠢᠰ᠂ ᠦᠭᠡᠲᠡᠢ ᠬᠠᠭᠠᠨ ᠤ | ᠲᠦᠷᠦ ᠶᠢᠨ ᠬᠡᠷᠡᠭ ᠤᠨ ᠵᠦᠪᠯᠡᠬᠦ ᠪᠦᠭᠡᠳ ᠲᠤᠭ᠎ᠠ᠂ ᠡᠮᠨᠡᠯᠭᠡ᠂ ᠤᠳᠤᠨ ᠤᠷᠤᠨ᠂ ᠭᠠᠵᠠᠷ ᠵᠦᠢ᠂ ᠬᠠᠦᠯᠢ | ᠴᠠᠭᠠᠵᠠ᠂ ᠪᠤᠷᠬᠠᠨ ᠱᠠᠰᠢᠨ ᠵᠡᠷᠭᠡ ᠤᠯᠠᠨ ᠵᠦᠢᠯ ᠤᠨ ᠡᠷᠳᠡᠮ ᠳᠤ ᠨᠡᠪᠳᠡᠷᠡᠭᠰᠡᠨ ᠬᠠᠷᠢᠨ ᠨᠠᠰᠦᠨ ᠳᠠᠭᠠᠨ ᠤᠯᠤᠰ | ᠤᠨ ᠰᠢᠯᠭᠠᠯᠲᠠ ᠳᠤ ᠲᠡᠷᠢᠭᠦᠯᠡᠭᠰᠡᠨ ᠬᠢᠳᠡᠨ ᠤᠭᠰᠠᠭᠠᠨ ᠤ ᠶᠧᠯᠢᠤᠢ ᠴᠦᠽᠠᠢ ︵1190 — 1244︶᠂ | ᠤᠶᠢᠭᠤᠷ ᠦᠰᠦᠭ ᠲᠤ ᠨᠡᠪᠲᠡᠷᠡᠭᠰᠡᠨ ᠬᠡᠷᠠᠶᠢᠳ ᠤᠨ ᠬᠢᠩᠭᠠᠢ᠂ ᠤᠶᠢᠷᠠᠳ ᠤᠨ ᠠᠷᠢᠭᠤᠨ᠂ ᠪᠦᠬᠦ ᠤᠯᠤᠰ ᠤᠨ | ᠶᠡᠭᠡ ᠵᠠᠷᠭᠤᠴᠢ ᠲᠡᠲ᠋ᠠᠷ ᠤᠨ ᠰᠢᠬᠢᠬᠤᠳᠤᠭ᠂ ᠠᠯᠳᠠᠨ ᠤᠷᠤᠭ ᠤᠨ ᠤᠯᠠᠨ ᠬᠡᠦᠬᠡᠳ ᠲᠤ ᠦᠰᠦᠭ ᠪᠢᠴᠢᠭ | ᠵᠢᠭᠠᠭᠰᠠᠨ ᠤᠶᠢᠭᠤᠷ ᠤᠨ ᠬᠠᠭᠠᠨ ᠤ ᠲᠡᠭᠦᠦ ᠶᠤᠯᠤᠳᠠᠮᠤᠷ᠂ ᠤᠶᠢᠭᠤᠷ ᠤᠨ ᠲᠡᠳᠡᠳᠤᠩᠭᠠ᠂ ᠮᠦᠩᠭᠡ ᠬᠠᠭᠠᠨ ᠤ | ᠪᠠᠭᠰᠢ ᠢᠷᠡᠨ ᠤ ᠮᠤᠩᠭᠤᠯᠴᠢ ᠡᠷᠳᠡᠮᠳᠡᠨ ᠢᠪᠲ᠋ᠢᠬᠠᠷ — ᠡᠳ᠋ — ᠳ᠋ᠢᠨ ᠮᠤᠬᠠᠮᠧᠲ᠂ ᠬᠦᠶᠦᠭ ᠬᠠᠭᠠᠨ ᠤ ᠪᠠᠭᠰᠢ᠂ | ᠮᠦᠩᠭᠡ᠂ ᠬᠤᠪᠢᠯᠠᠢ ᠬᠠᠭᠠᠨ ᠤ ᠤᠯᠤᠰ ᠤᠨ ᠪᠠᠭᠰᠢ᠂ ᠲᠡᠯᠡᠬᠡᠢ ᠶᠢᠨ ᠪᠤᠳ᠋ᠳ᠋ᠾᠠ ᠶᠢᠨ ᠱᠠᠰᠢᠨ ᠤ ᠵᠠᠬᠢᠷᠤᠭᠴᠢ | ᠺᠠᠱᠮᠢᠷ ᠤᠨ ᠨᠠᠮᠤᠤ ᠭᠡᠬᠦ ᠤᠯᠠᠨ ᠤᠭᠰᠠᠭᠠᠨ ᠤ ᠡᠷᠳᠡᠮᠳᠡᠨ ᠮᠡᠷᠭᠡᠳ ᠢ ᠪᠠᠭᠰᠢᠯᠠᠭᠤᠯᠵᠦ ᠪᠠᠶᠢᠵᠡᠢ᠃ ᠮᠦᠩᠭᠡ ᠬᠠᠷ᠎ᠠ | ᠪᠠᠭ᠎ᠠ ᠠᠴᠠ ᠪᠠᠨ ᠰᠡᠴᠡᠨ ᠰᠡᠷᠭᠦᠯᠡᠩ ᠲᠤᠯᠠ ᠦᠭᠡᠲᠡᠢ ᠬᠠᠭᠠᠨ ᠲᠡᠭᠦᠨ ᠢ ᠦᠭᠦᠭᠡᠷᠳᠦᠨ ᠬᠠᠶᠢᠷᠠᠯᠠᠵᠦ᠂ ᠤᠷᠳᠤᠨ | ᠳᠠᠭᠠᠨ ᠠᠪᠠᠴᠢᠨ ᠲᠤᠰᠬᠠᠢ ᠠᠰᠠᠷᠠᠭᠴᠢ ᠬᠦᠮᠦᠵᠢᠬᠦᠯᠦᠭᠴᠢ ᠲᠠᠢ ᠪᠤᠯᠭᠠᠨ᠂ ᠮᠡᠳᠡᠭᠡ ᠤᠷᠤᠮᠠᠭᠴᠠ ᠢᠷᠡᠨ ᠤ | ᠮᠤᠩᠭᠤᠯᠴᠢ ᠡᠷᠳᠡᠮᠳᠡᠨ ᠢᠪᠲ᠋ᠢᠬᠠᠷ — ᠡᠳ᠋ — ᠳ᠋ᠢᠨ ᠮᠤᠬᠠᠮᠧᠲ ᠢᠶᠠᠷ ᠦᠰᠦᠭ ᠪᠢᠴᠢᠭ ᠵᠢᠭᠠᠯᠭᠠᠭᠰᠠᠨ ᠪᠠ | ᠢᠪᠲ᠋ᠢᠬᠠᠷ — ᠡᠳ᠋ — ᠳ᠋ᠢᠨ ᠮᠤᠬᠠᠮᠧᠲ ᠡᠨᠡᠳᠬᠡᠭ ᠤᠨ ᠪᠤᠷᠬᠠᠨ ᠤ ᠨᠤᠮ ᠢ ᠫᠧᠷᠢᠰ ᠬᠡᠯᠡᠨ ᠠᠴᠠ ᠮᠤᠩᠭᠤᠯ ᠬᠡᠯᠡᠨ | ᠳᠤ ᠤᠷᠴᠢᠭᠤᠯᠤᠨ ᠮᠦᠩᠭᠡ ᠬᠠᠭᠠᠨ ᠳᠤ ᠤᠩᠰᠢᠭᠤᠯᠵᠦ ᠪᠠᠶᠢᠵᠠᠢ ︵ᠮᠤᠩᠭᠤᠯ ᠤᠨ ᠭᠤᠷᠪᠠᠨ ᠬᠠᠭᠠᠨ ᠁ | 1985᠂ 193︶᠃ ᠮᠦᠨ ᠬᠤᠪᠢᠯᠠᠢ ᠶᠢ ᠵᠢᠷᠭᠤᠭᠠᠨ ᠨᠠᠰᠦ ᠲᠠᠢ ᠠᠴᠠ ᠡᠬᠢᠯᠡᠨ ᠤᠶᠢᠭᠤᠷ᠂ ᠫᠧᠷᠰ᠂ ᠬᠢᠳᠡᠳ | ᠪᠠᠭᠰᠢ ᠨᠡᠷ ᠢᠶᠠᠷ ᠬᠠᠦᠯᠢ ᠴᠠᠭᠠᠵᠠ᠂ ᠴᠡᠷᠢᠭ ᠤᠨ ᠡᠷᠳᠡᠮ ᠳᠤ ᠰᠤᠷᠭᠠᠵᠦ ᠪᠠᠶᠢᠵᠠᠢ᠃ | ᠶᠡᠷᠦ ᠨᠢ ᠴᠡᠷᠢᠭ ᠤᠨ ᠪᠤᠯᠤᠨ ᠲᠦᠷᠦ ᠶᠢᠨ ᠲᠦᠰᠢᠮᠡᠳ᠂ ᠪᠢᠴᠢᠭᠡᠴᠢ ᠵᠡᠷᠭᠡ ᠵᠠᠰᠠᠭ ᠲᠦᠷᠦ ᠶᠢᠨ ᠠᠯᠪᠠᠨ | ᠬᠠᠭᠠᠭᠴᠢᠳ ᠢ ᠪᠡᠯᠡᠳᠬᠡᠬᠦ ᠵᠤᠷᠢᠯᠭ᠎ᠠ ᠪᠠᠷ ᠤᠷᠳᠤᠨ ᠤ ᠰᠤᠷᠭᠠᠭᠤᠯᠢ ᠦᠪᠡᠷ ᠤᠨ ᠪᠤᠯᠤᠨ ᠪᠤᠰᠤᠳ ᠤᠯᠤᠰ | ᠦᠨᠳᠦᠰᠦᠲᠡᠨ ᠤ ᠬᠡᠯᠡ᠂ ᠪᠢᠴᠢᠭ᠂ ᠦᠰᠦᠭ᠂ ᠲᠤᠭ᠎ᠠ ᠪᠤᠳᠤᠯᠭ᠎ᠠ᠂ ᠶᠤᠰᠦ ᠵᠦᠢ᠂ ᠬᠠᠤᠯᠢ ᠴᠠᠭᠠᠵᠠ᠂ ᠱᠠᠰᠢᠨ᠂ | ᠭᠦᠨ ᠤᠬᠠᠭᠠᠨ ᠪᠠ ᠡᠯᠳᠡᠪ ᠱᠠᠰᠳᠢᠷ᠂ ᠴᠡᠷᠢᠭ ᠤᠨ ᠬᠡᠷᠡᠭ ᠵᠡᠷᠭᠡ ᠶᠢ ᠬᠦᠨᠵᠡᠭᠡᠢ ᠰᠤᠳᠤᠯᠤᠭᠤᠯᠳᠠᠭ ᠪᠠᠶᠢᠭᠰᠠᠨ | ᠠᠵᠢ᠃ | ᠦᠭᠡᠲᠡᠢ ᠬᠠᠭᠠᠨ ᠤᠷᠳᠤᠨ ᠤ ᠰᠤᠷᠭᠠᠭᠤᠯᠢ ᠶᠢᠨ ᠵᠡᠷᠭᠡᠴᠡᠭᠡ ᠪᠠᠷ ᠡᠵᠡᠨᠳᠦ ᠲᠦᠷᠦ ᠶᠢᠨ ᠵᠠᠰᠠᠭ ᠵᠠᠬᠢᠷᠭ᠎ᠠ ᠶᠢ | ᠲᠡᠭᠦᠯᠳᠡᠷᠵᠢᠬᠦᠯᠵᠦ᠂ ᠲᠡᠭᠦᠨ ᠳᠤ ᠬᠡᠷᠡᠭᠯᠡᠭᠳᠡᠬᠦ ᠠᠯᠪᠠᠨ ᠲᠤᠰᠢᠶᠠᠯᠳᠠᠨ ᠰᠤᠩᠭᠤᠬᠤ ᠰᠢᠯᠭᠠᠯᠲᠠ ᠶᠢᠨ ᠲᠦᠷᠢᠮ ᠢ | ᠰᠡᠷᠭᠦᠭᠡᠵᠦ᠂ 1237 ᠤᠨ ᠳᠤ ᠠᠩᠬ᠎ᠠ ᠤᠳᠠᠭ᠎ᠠ ᠠᠷᠪᠠᠨ ᠵᠠᠮ ᠤᠨ ᠲᠤᠳᠤᠷᠠᠬᠢ ᠪᠢᠴᠢᠭ ᠤᠨ ᠡᠷᠳᠡᠮᠳᠡᠨ | ᠲᠦᠷᠪᠡᠨ ᠮᠢᠩᠭᠠᠨ ᠬᠦᠮᠦᠨ ᠢ ᠤᠯᠵᠠᠯᠠᠭᠳᠠᠭᠰᠠᠳ ᠪᠠ ᠪᠤᠭᠤᠯ ᠵᠠᠷᠤᠳᠠᠰᠦ ᠭᠡᠵᠦ ᠢᠯᠭᠠᠯ ᠦᠭᠡᠢ ᠰᠢᠯᠭᠠᠯᠲᠠ ᠳᠤ | ᠤᠷᠤᠭᠤᠯᠤᠨ ᠭᠤᠴᠢᠨ ᠬᠦᠮᠦᠨ ᠢ ᠰᠢᠯᠢᠨ ᠠᠪᠴᠦ᠂ ᠤᠯᠠᠨ ᠭᠠᠵᠠᠷ ᠵᠠᠷᠭᠤᠴᠢ᠂ ᠲᠦᠰᠢᠮᠡᠯ᠂ ᠠᠯᠪᠠᠨ | ᠲᠤᠰᠢᠶᠠᠯᠳᠠᠨ ᠪᠤᠯᠭᠠᠭᠰᠠᠨ ᠪᠠ ᠨᠠᠶᠢᠷᠠᠭᠤᠯᠵᠦ ᠵᠠᠰᠠᠬᠤ ᠭᠠᠵᠠᠷ ᠭᠡᠵᠦ ᠪᠠᠶᠢᠭᠤᠯᠵᠦ᠂ ᠪᠢᠴᠢᠭ ᠤᠨ ᠡᠷᠳᠡᠮᠳᠡᠳ ᠢ | ᠬᠤᠷᠠᠯᠳᠤᠭᠤᠯᠤᠨ ᠨᠤᠮ ᠪᠢᠴᠢᠭ ᠴᠤᠭᠯᠠᠭᠤᠯᠵᠦ᠂ ᠲᠡᠦᠬᠡ ᠰᠤᠳᠤᠷ ᠢ ᠡᠮᠬᠢᠳᠬᠡᠬᠦ ᠪᠤᠯᠤᠭᠰᠠᠨ ᠪᠢᠯᠡ᠃ ᠰᠤᠩᠭᠤᠨ | ᠬᠡᠷᠡᠭᠯᠡᠭᠰᠡᠨ ᠡᠷᠳᠡᠮᠳᠡᠳ ᠤᠨ ᠵᠤᠩᠬᠢᠯᠠᠬᠤ ᠨᠢ ᠬᠢᠳᠡᠳ᠂ ᠵᠦᠷᠴᠢᠳ ᠰᠤᠷᠭᠠᠭᠤᠯᠢ ᠲᠦᠭᠦᠷᠭᠡᠭᠰᠡᠨ ᠬᠦᠮᠦᠰ | ᠪᠠᠶᠢᠭᠰᠠᠨ ᠢ ᠦᠭᠡᠷᠡᠴᠢᠯᠡᠬᠦ ᠶᠢᠨ ᠲᠤᠯᠠᠳᠠ ᠶᠠᠨ ᠵᠢᠩ᠂ ᠹᠢᠨ ᠵᠠᠨ ᠳᠤ ᠲᠤᠰ ᠪᠦᠷᠢ ᠨᠢᠭᠡᠨ ᠰᠤᠷᠭᠠᠭᠤᠯᠢ | ᠪᠠᠶᠢᠭᠤᠯᠵᠦ᠂ ᠮᠤᠩᠭᠤᠯ ᠨᠤᠶᠠᠳ ᠤᠨ ᠬᠦᠪᠡᠭᠦᠳ ᠢ ᠰᠤᠷᠤᠯᠴᠠᠭᠤᠯᠤᠭᠰᠠᠨ ᠪᠠᠶᠢᠨ᠎ᠡ᠃ ᠡᠨᠡ ᠪᠤᠯ ᠮᠤᠩᠭᠤᠯ | ᠦᠨᠳᠦᠰᠦᠳᠡᠨ ᠤ ᠬᠠᠮᠤᠭ ᠤᠨ ᠡᠷᠳᠡᠨ ᠤ ᠲᠦᠷᠦ ᠶᠢᠨ ᠰᠤᠷᠭᠠᠭᠤᠯᠢ ᠶᠢᠨ ᠡᠬᠢᠯᠡᠯ ᠪᠤᠯᠤᠭᠰᠠᠨ ᠶᠤᠮ᠃ | ᠶᠤᠸᠠᠨ ᠤᠯᠤᠰ ᠤᠨ ᠰᠤᠳᠤᠷ ᠲᠤ ᠲᠤᠷᠠᠳᠤᠭᠰᠠᠨ ᠢᠶᠠᠷ᠂ ᠬᠤᠪᠢᠯᠠᠢ ᠬᠠᠭᠠᠨ 1270 ᠤᠨ ᠳᠤ ᠮᠤᠵᠢ᠂ | ᠬᠤᠰᠢᠭᠤᠳ ᠲᠤ ᠰᠤᠷᠭᠠᠭᠤᠯᠢ ᠪᠠᠶᠢᠭᠤᠯᠵᠦ᠂ ᠰᠤᠷᠤᠯᠴᠠᠭᠰᠠᠳ ᠢ ᠤᠯᠤᠰ ᠤᠨ ᠠᠯᠪᠠᠨ ᠠᠴᠠ ᠴᠢᠯᠤᠭᠡᠯᠡᠭᠰᠡᠨ | ᠪᠠᠶᠢᠨ᠎ᠡ᠃ ᠨᠡᠶᠢᠰᠯᠡᠯ ᠳᠤ ᠠᠩᠬᠠᠨ ᠤ ᠶᠡᠭᠡ ᠰᠤᠷᠭᠠᠭᠤᠯᠢ ᠶᠢ ᠨᠡᠭᠡᠭᠡᠵᠦ ᠰᠤᠷᠤᠯᠴᠠᠭᠰᠠᠳ ᠲᠤ ᠬᠦᠩᠭᠡᠯᠡᠯᠲᠡ | ᠦᠵᠡᠭᠦᠯᠦᠭᠰᠡᠨ ᠢᠶᠠᠷ ᠦᠯᠦ ᠪᠠᠷᠠᠨ᠂ ᠴᠠᠯᠢᠩᠵᠢᠭᠤᠯᠵᠦ᠂ ᠬᠤᠪᠴᠠᠰᠦ ᠬᠢᠴᠢᠶᠠᠯ ᠤᠨ ᠬᠡᠷᠡᠭᠰᠡᠯ ᠦᠨ᠎ᠡ ᠦᠭᠡᠢ | ᠤᠯᠭᠤᠵᠦ᠂ ᠤᠯᠤᠰ ᠤᠨ ᠰᠠᠩ ᠠᠴᠠ ᠬᠤᠭᠤᠯᠠᠯᠠᠵᠦ ᠪᠠᠶᠢᠵᠠᠢ᠃ ᠲᠡᠭᠦᠰᠦᠭᠴᠢᠳ ᠠᠴᠠ ᠲᠤᠰᠬᠠᠢ ᠰᠢᠯᠭᠠᠯᠲᠠ | ᠠᠪᠴᠦ᠂ ᠰᠤᠷᠤᠯᠭ᠎ᠠ ᠶᠢᠨ ᠪᠠᠶᠢᠳᠠᠯ ᠢᠶᠠᠷ ᠠᠯᠪᠠᠨ ᠲᠤᠰᠢᠶᠠᠯ ᠳᠤ ᠲᠤᠮᠢᠯᠠᠳᠠᠭ ᠪᠠᠶᠢᠪᠠ᠃ ᠮᠦᠨ ᠲᠦᠷᠦ ᠶᠢᠨ | ᠲᠦᠰᠢᠮᠡᠳ ᠢ ᠪᠡᠯᠡᠳᠬᠡᠬᠦ ᠨᠠᠷᠢᠨ ᠬᠦᠳᠦᠯᠪᠤᠷᠢ ᠲᠠᠢ᠂ ᠬᠠᠳᠠᠭᠤ ᠲᠢᠭ ᠲᠠᠢ ᠰᠤᠩᠭᠤᠨ ᠰᠢᠯᠭᠠᠷᠠᠭᠤᠯᠤᠯᠲᠠ ᠪᠠᠷ | ᠡᠯᠰᠡᠭᠦᠯᠳᠡᠭ ᠲᠦᠷᠦ ᠶᠢᠨ ᠰᠤᠷᠭᠠᠭᠤᠯᠢ ᠪᠠᠶᠢᠭᠤᠯᠵᠠᠢ᠃ ᠲᠡᠭᠦᠨ ᠳᠤ ᠡᠯᠰᠡᠭᠴᠢᠳ ᠤᠨ ᠲᠠᠪᠢᠨ ᠬᠤᠪᠢ ᠶᠢ | ᠮᠤᠩᠭᠤᠯ᠂ ᠦᠯᠡᠳᠡᠭᠰᠡᠨ ᠨᠢ ᠪᠤᠰᠤᠳ ᠦᠨᠳᠦᠰᠦᠲᠡᠨ ᠪᠠᠶᠢᠬᠤ ᠪᠦᠭᠡᠳ ᠲᠡᠳᠡᠨ ᠳᠤ ᠵᠠᠭᠤᠨ ᠬᠤᠨᠤᠭ ᠲᠤ | ᠮᠤᠩᠭᠤᠯ ᠪᠢᠴᠢᠭ ᠵᠠᠪᠠᠯ ᠰᠤᠷᠭᠠᠬᠤ᠂ ᠡᠰᠡ ᠰᠤᠷᠤᠭᠰᠠᠨ ᠢ ᠬᠠᠰᠤᠬᠤ ᠵᠠᠷᠯᠢᠭ ᠲᠠᠢ ᠪᠠᠶᠢᠵᠠᠢ᠃ ᠦᠵᠡᠬᠦ ᠰᠤᠷᠬᠤ | ᠪᠢᠴᠢᠭ ᠨᠢ ᠠᠴᠢᠯᠠᠯᠲᠦ ᠨᠤᠮ᠂ ᠰᠢᠬᠦᠮᠵᠢᠯᠠᠯᠲᠦ ᠨᠤᠮ᠂ ᠡᠬᠡ ᠵᠤᠬᠢᠶᠠᠬᠤ᠂ ᠶᠡᠭᠡ ᠰᠤᠷᠳᠠᠬᠤᠨ᠂ ᠶᠡᠷᠦ ᠲᠤᠮᠳᠠ | ᠪᠤᠶᠤ ᠲᠦᠪ ᠶᠤᠰᠤᠨ᠂ ᠢᠷᠠᠭᠤ ᠡᠬᠡᠰᠢᠭ᠂ ᠡᠭᠡᠯ ᠤᠨ ︵ᠢᠷᠭᠡᠨ ᠤ︶᠂ ᠶᠤᠰᠤᠨ᠂ ᠲᠦᠷᠦ ᠶᠢᠨ ᠶᠤᠰᠤᠨ᠂ | ᠱᠠᠰᠢᠨ ᠤ ᠰᠤᠷᠭᠠᠯ᠂ ᠵᠢᠷᠤᠬᠠᠢ ᠶᠢᠨ ᠤᠬᠠᠭᠠᠨ ᠵᠡᠷᠭᠡ ᠠᠷᠪᠠᠨ ᠬᠢᠴᠢᠶᠡᠯ ᠦᠵᠡᠳᠡᠭ ᠪᠠᠶᠢᠪᠡ᠃ ᠡᠭᠦᠨ ᠠᠴᠠ | ᠭᠠᠳᠠᠨ᠎ᠠ ᠠᠨᠠᠭᠠᠬᠤ ᠤᠬᠠᠭᠠᠨ᠂ ᠤᠳᠤᠨ ᠵᠢᠷᠤᠬᠠᠢ᠂ ᠠᠷᠭ᠎ᠠ ᠪᠢᠯᠢᠭ ᠤᠨ ᠰᠤᠷᠭᠠᠭᠤᠯᠢ ᠨᠤᠭᠤᠳ ᠪᠠᠶᠢᠭᠤᠯᠵᠦ | ᠪᠠᠶᠢᠭᠰᠠᠨ ᠠᠵᠢ᠃ ᠲᠦᠷᠦ ᠶᠢᠨ ᠰᠤᠷᠭᠠᠭᠤᠯᠢ ᠶᠢᠨ ᠲᠡᠷᠭᠡᠳᠡ ᠬᠢᠳᠡᠳ᠂ ᠫᠧᠷᠰ᠂ ᠠᠷᠠᠪ᠂ ᠲᠦᠪᠡᠳ ᠬᠡᠯᠡᠨ ᠤ᠂ | ᠨᠡᠬᠡᠮᠡᠯ᠂ ᠬᠦᠯᠬᠡ ᠤᠩᠭᠤᠴᠠ᠂ ᠲᠠᠮᠤᠷ᠂ ᠮᠧᠳᠠᠯ ︵ᠲᠡᠮᠦᠷᠯᠢᠭ︶ ᠪᠤᠯᠪᠠᠰᠤᠷᠠᠭᠤᠯᠬᠤ ᠤᠯᠤᠰ ᠤᠨ ᠮᠡᠳᠡᠯ ᠤᠨ | ᠲᠤᠰᠬᠠᠢ ᠰᠤᠷᠭᠠᠭᠤᠯᠢ ᠨᠤᠭᠤᠳ ᠪᠠᠶᠢᠭᠤᠯᠵᠦ᠂ ᠬᠡᠷᠡᠭᠯᠡᠯ ᠢ ᠰᠠᠩ ᠠᠴᠠ ᠪᠦᠷᠢᠨ ᠬᠠᠩᠭᠠᠳᠠᠭ ᠪᠠᠶᠢᠵᠠᠢ᠃ ᠡᠵᠡᠨᠳᠦ | ᠬᠦᠷᠦᠨ ᠮᠦᠬᠦᠵᠦ᠂ ᠹᠸᠤᠳᠠᠯ ᠤᠨ ᠪᠤᠳᠠᠷᠠᠯ᠂ ᠲᠤᠳᠤᠭᠠᠳᠦ ᠶᠢᠨ ᠬᠢᠮᠤᠷᠠᠯ ᠲᠠᠮᠠᠴᠡᠯ᠂ ᠮᠠᠨᠵᠦ ᠶᠢᠨ ᠡᠷᠬᠡᠰᠢᠶᠠᠯ | ᠲᠤᠭᠳᠠᠭᠰᠠᠨ᠂ ᠱᠠᠰᠢᠨ ᠬᠦᠴᠦᠲᠡᠢ ᠲᠡᠯᠭᠡᠷᠡᠵᠦ᠂ ᠬᠦᠷᠢᠶ᠎ᠡ ᠬᠡᠶᠢᠳ ᠤᠯᠠᠨ ᠢᠶᠠᠷ ᠪᠠᠶᠢᠭᠤᠯᠤᠭᠳᠠᠭᠰᠠᠨ ᠵᠡᠷᠭᠡ ᠨᠢ | ᠰᠤᠷᠭᠠᠭᠤᠯᠢ ᠰᠤᠶᠤᠯ ᠤᠨ ᠬᠡᠪ ᠤᠨ ᠶᠠᠪᠤᠴᠠ ᠳᠤ ᠰᠦᠷᠡᠬᠡᠢ ᠲᠤᠶᠢᠳᠬᠡᠷᠯᠡᠵᠡᠢ᠃ ᠭᠡᠬᠦ ᠳᠡᠭᠡᠨ ᠲᠦᠮᠡᠨ ᠤᠯᠠᠨ ᠤ | ᠬᠦᠴᠦᠨ ᠴᠢᠷᠮᠠᠶᠢᠯᠲᠠ ᠪᠠᠷ ᠭᠡᠷ ᠤᠨ ᠪᠤᠯᠤᠨ ᠤᠷᠳᠤᠨ ᠤ ᠰᠤᠷᠭᠠᠭᠤᠯᠢ ᠶᠢᠨ ᠰᠤᠷᠭᠠᠯᠲᠠ ᠵᠤᠭᠰᠤᠭ᠎ᠠ ᠦᠭᠡᠢ᠂ | ᠪᠢᠴᠢᠭ ᠦᠰᠦᠭ᠂ ᠤᠷᠠᠯᠢᠭ᠂ ᠤᠷᠠᠨ ᠲᠠᠷᠬᠠᠨ ᠤ ᠭᠡᠬᠦ ᠮᠡᠳᠦ ᠵᠠᠷᠢᠮ ᠰᠤᠷᠭᠠᠯᠲᠠ ᠨᠢ ᠦᠶ᠎ᠡ ᠤᠯᠠᠷᠢᠨ | ᠤᠯᠠᠮᠵᠢᠯᠠᠭᠳᠠᠨ ᠦᠯᠡᠳᠡᠵᠦ ᠠᠵᠢᠯᠯᠠᠭᠰᠠᠭᠠᠷ ᠪᠠᠶᠢᠭᠰᠠᠨ ᠪᠤᠯᠤᠯᠲᠠᠢ᠃ ᠬᠠᠷᠢᠨ ᠮᠠᠨᠵᠦ ᠶᠢᠨ ᠵᠠᠬᠢᠷᠭᠠᠨ ᠳᠤ | ᠤᠷᠤᠭᠰᠠᠨ ᠢᠶᠠᠷ ᠤᠷᠳᠤᠨ ᠤ ᠰᠤᠷᠭᠠᠭᠤᠯᠢ ᠨᠢ 18 ᠳ᠋ᠤᠭᠠᠷ ᠵᠠᠭᠤᠨ ᠤ ᠬᠤᠶᠠᠳᠤᠭᠠᠷ ᠬᠠᠭᠠᠰ ᠠᠴᠠ ᠡᠬᠢᠯᠡᠨ | ᠲᠦᠷᠦ ᠶᠢᠨ ᠠᠯᠪᠠᠨ ᠤ ᠬᠡᠯᠪᠡᠷᠢ ᠶᠢᠨ ᠰᠤᠷᠭᠠᠭᠤᠯᠢ ᠪᠠᠷ ᠰᠤᠯᠢᠭᠳᠠᠬᠤ ᠪᠤᠯᠵᠠᠢ᠃ | ᠤᠯᠤᠰ ᠤᠨ ᠲᠦᠷᠦ ᠶᠢᠨ ᠬᠠᠷᠢᠯᠴᠠᠭ᠎ᠠ᠂ ᠵᠠᠰᠠᠭ ᠵᠠᠬᠢᠷᠭᠠᠨ ᠤ ᠠᠯᠪᠠᠨ ᠬᠡᠷᠡᠭ ᠤᠨ ᠱᠠᠭᠠᠷᠳᠠᠯᠭ᠎ᠠ ᠵᠡᠷᠭᠡ ᠠᠴᠠ | ᠪᠢᠴᠢᠭ ᠤᠨ ᠪᠤᠯᠪᠠᠰᠤᠷᠠᠯ ᠲᠠᠢ ᠬᠦᠮᠦᠨ ᠤ ᠬᠡᠷᠡᠭᠴᠡᠭᠡ ᠭᠠᠷᠤᠭᠰᠠᠨ ᠢᠶᠠᠷ ᠰᠤᠷᠪᠤᠯᠵᠢᠲᠦ ᠭᠡᠷ ᠤᠨ ᠬᠡᠦᠬᠡᠳ ᠢ | ᠲᠦᠰᠢᠮᠡᠯ᠂ ᠪᠠᠭ᠎ᠠ ᠨᠠᠰᠤᠨ ᠤ ᠬᠡᠦᠬᠡᠳ ᠢ ᠪᠢᠴᠢᠭᠡᠴᠢ ᠪᠤᠯᠭᠠᠬᠤ ᠵᠤᠷᠢᠯᠭ᠎ᠠ ᠪᠦᠬᠦᠢ ᠰᠤᠷᠭᠠᠭᠤᠯᠢ ᠪᠠᠶᠢᠭᠤᠯᠵᠦ | ᠮᠤᠩᠭᠤᠯ᠂ ᠮᠠᠨᠵᠦ ᠬᠡᠯᠡ ᠪᠢᠴᠢᠭ᠂ ᠮᠠᠨᠵᠦ ᠶᠢᠨ ᠬᠠᠦᠯᠢ ᠴᠠᠭᠠᠵᠠ ᠵᠢᠭᠠᠬᠤ ᠪᠤᠯᠵᠠᠢ᠃ ᠡᠨᠡ ᠲᠤᠬᠠᠢ ︽ᠡᠷᠳᠡᠨᠢ | ᠶᠢᠨ ᠡᠷᠢᠬᠡ︾ ᠳᠤ ᠲᠤᠷᠠᠳᠬᠤ ᠳᠠᠭᠠᠨ᠄ ︽1769 ᠤᠨ ᠳᠤ ᠦᠭᠡᠯᠡᠳ᠂ ᠮᠢᠩᠭᠠᠳ ᠠᠴᠠ ᠬᠤᠷᠢᠨ ᠬᠡᠦᠬᠡᠳ | ᠭᠠᠷᠭᠠᠵᠦ᠂ ᠮᠠᠨᠵᠦ᠂ ᠮᠤᠩᠭᠤᠯ ᠪᠢᠴᠢᠭ ᠰᠤᠷᠭᠠᠬᠤ ᠪᠠᠷ ᠠᠶᠢᠯᠠᠳᠬᠠᠵᠦ ᠲᠤᠭᠳᠠᠭᠠᠵᠠᠢ︾ ᠭᠡᠰᠡᠨ ᠪᠤᠯ ᠬᠤᠪᠳᠦ ᠶᠢᠨ | ᠵᠠᠰᠠᠭ ᠤᠨ ᠬᠡᠷᠡᠭ ᠤᠨ ᠪᠦᠭᠦᠳᠡ ᠴᠧᠰᠠ ︵ᠲᠡᠪᠳᠡᠷ︶ ᠶᠢᠨ ᠤᠷᠤᠰᠢᠯ ᠳᠤ᠂ ᠬᠤᠪᠳᠦ ᠬᠤᠳᠠᠨ ᠤ ᠤᠭ | ᠰᠤᠷᠭᠠᠭᠤᠯᠢ ᠳᠤ ᠲᠦᠷᠪᠡᠳ ᠤᠨ ᠨᠠᠢᠮᠠ᠂ ᠲᠤᠷᠭᠤᠳ ᠤᠨ ᠬᠤᠶᠠᠷ᠂ ᠠᠯᠳᠠᠢ ᠤᠷᠢᠶᠠᠩᠬᠠᠢ ᠶᠢᠨ ᠲᠦᠷᠪᠡ᠂ | ᠦᠭᠡᠯᠡᠳ ᠤᠨ ᠬᠤᠶᠠᠷ᠂ ᠵᠠᠬᠠᠴᠢᠨ ᠤ ᠬᠤᠶᠠᠷ ᠭᠡᠬᠦ ᠵᠡᠷᠭᠡ ᠪᠠᠷ ᠲᠤᠳᠤᠷᠠᠭᠤᠯᠤᠭᠰᠠᠨ ᠪᠠᠶᠢᠨ᠎ᠡ᠃ ᠤᠷᠤᠰ ᠤᠨ | ᠡᠷᠳᠡᠮᠳᠡᠨ ᠠ᠊ · ᠮ᠊ · ᠫᠤᠽᠳ᠋ᠨᠢᠶ᠋ᠸᠧ᠂ ᠭᠷᠤᠮᠯᠢ — ᠭᠷᠵᠢᠮᠠᠶᠢᠯᠤ᠋ ᠨᠡᠷ ᠴᠦ ᠡᠨᠡ ᠰᠤᠷᠭᠠᠭᠤᠯᠢ ᠶᠢᠨ ᠲᠤᠬᠠᠢ | ᠪᠠᠰᠠ ᠲᠡᠮᠳᠡᠭᠯᠡᠭᠰᠡᠨ ᠪᠠᠶᠢᠳᠠᠭ᠃ ᠡᠭᠦᠨ ᠤ ᠲᠠᠷᠠᠭ᠎ᠠ ᠲᠦᠷᠦ ᠶᠢᠨ ᠰᠤᠷᠭᠠᠭᠤᠯᠢ ᠨᠤᠭᠤᠳ ᠤᠯᠢᠶᠠᠰᠦᠲᠠᠢ᠂ ᠶᠡᠭᠡ | ᠬᠦᠷᠢᠶ᠎ᠡ᠂ ᠠᠶᠢᠮᠠᠭ ᠤᠳ ᠴᠢᠭᠤᠯᠭᠠᠨ ᠤ ᠲᠡᠷᠭᠡᠳᠡ ᠤᠳᠠᠭ᠎ᠠ ᠲᠡᠷᠠᠭ᠎ᠠ ᠪᠠᠷ ᠪᠠᠶᠢᠭᠤᠯᠤᠭᠳᠠᠭᠰᠠᠨ ᠪᠠᠶᠢᠨ᠎ᠡ᠃ ᠲᠡᠭᠷᠢ | ᠲᠡᠳᠬᠦᠭᠴᠢ ᠶᠢᠨ ᠭᠤᠴᠢᠨ ᠬᠤᠶᠠᠳᠤᠭᠠᠷ ᠤᠨ ︵17 67︶ ᠠᠴᠠ ᠪᠠᠳᠠᠷᠠᠭᠤᠯᠲᠦ ᠲᠦᠷᠦ ᠶᠢᠨ ᠠᠷᠪᠠ | ᠶᠢᠰᠦᠳᠦᠭᠡᠷ ᠤᠨ ︵1895︶ ᠬᠦᠷᠳᠡᠯ᠎ᠡ ᠡᠬᠢᠯᠡᠭᠡᠳ ᠮᠤᠩᠭᠤᠯ ᠪᠢᠴᠢᠭ ᠤᠨ᠂ ᠲᠠᠷᠠᠭ᠎ᠠ ᠨᠢ ᠮᠤᠩᠭᠤᠯ᠂ ᠮᠠᠨᠵᠦ | ᠪᠢᠴᠢᠭ ᠰᠤᠷᠭᠠᠭᠤᠯᠢ ᠨᠤᠭᠤᠳ ᠢ ᠲᠤᠰ ᠲᠤᠰ ᠪᠠᠶᠢᠭᠤᠯᠤᠭᠰᠠᠨ ᠠᠵᠢ᠃ ᠲᠦᠭᠡᠮᠡᠯ ᠡᠯᠪᠡᠭᠳᠦ ᠶᠢᠨ ᠦᠶ᠎ᠡ ᠠᠴᠠ | ᠡᠬᠢᠯᠡᠨ ᠮᠠᠨᠵᠦ ᠬᠡᠯᠡᠨ ᠳᠤ ᠬᠢᠳᠡᠳ ᠦᠭᠡ ᠠᠶᠠᠯᠭᠤ ᠬᠡᠳᠦᠷᠬᠡᠢ ᠨᠡᠪᠳᠡᠷᠡᠵᠦ᠂ ᠮᠠᠨᠵᠦ ᠪᠠᠷ ᠶᠠᠷᠢᠬᠤ ᠬᠦᠮᠦᠨ | ᠨᠡᠪᠳᠡᠷᠡᠵᠦ᠂ ᠮᠠᠨᠵᠦ ᠪᠠᠷ ᠶᠠᠷᠢᠬᠤ ᠴᠦᠬᠡᠷᠡᠵᠦ ᠬᠢᠳᠡᠳ ᠢᠶᠠᠷ ᠶᠠᠷᠢᠬᠤ ᠨᠢ ᠶᠡᠬᠡᠰᠦᠨ ᠮᠠᠨᠵᠦ ᠨᠡᠷ ᠮᠠᠨᠵᠦ ᠬᠡᠯᠡ | ᠪᠢᠴᠢᠭ ᠢᠶᠠᠨ ᠬᠡᠷᠡᠭᠯᠡᠬᠦ ᠦᠭᠡᠢ ᠪᠤᠯᠵᠦ᠂ ᠮᠠᠨᠵᠦ ᠬᠠᠭᠠᠨ ᠠᠴᠠ ᠬᠦᠷᠢᠶᠡᠨ ᠳᠤ ᠢᠷᠡᠬᠦ ᠠᠯᠪᠠᠨ ᠪᠢᠴᠢᠭ ᠴᠦᠮ | ᠬᠢᠳᠡᠳ ᠢᠶᠠᠷ ᠪᠢᠴᠢᠭᠳᠡᠬᠦ ᠪᠤᠯᠤᠭᠰᠠᠨ ᠵᠡᠷᠭᠡ ᠠᠴᠠ ᠰᠢᠯᠳᠠᠭᠠᠯᠠᠨ 1898 ᠤᠨ ᠠᠴᠠ ᠮᠠᠨᠵᠦ᠂ ᠬᠢᠳᠡᠳ ᠬᠡᠯᠡ | ᠪᠢᠴᠢᠭ ᠤᠨ ᠰᠤᠷᠭᠠᠭᠤᠯᠢ ᠶᠢ ᠪᠠᠶᠢᠭᠤᠯᠤᠭᠰᠠᠨ ᠪᠠᠶᠢᠨ᠎ᠡ᠃ 1908 ᠤᠨ ᠠᠴᠠ ᠮᠠᠨᠵᠦ ᠬᠢᠳᠡᠳ ᠪᠢᠴᠢᠭ ᠤᠨ | ᠰᠤᠷᠭᠠᠭᠤᠯᠢ ᠶᠢ ︽ᠰᠤᠷᠭᠠᠨ ᠲᠡᠵᠢᠭᠡᠬᠦ ᠰᠤᠷᠭᠠᠭᠤᠯᠢ︾ ᠨᠡᠷ᠎ᠡ ᠲᠠᠢ ᠪᠠᠷ ᠰᠢᠨᠠᠴᠢᠯᠠᠨ ᠮᠠᠨᠵᠦ᠂ ᠮᠤᠩᠭᠤᠯ᠂ ᠬᠢᠳᠡᠳ | ᠪᠢᠴᠢᠭ ᠲᠤ ᠰᠤᠷᠭᠠᠬᠤ ᠰᠤᠷᠭᠠᠭᠤᠯᠢ ᠪᠤᠯᠭᠠᠵᠠᠢ᠃ 19 ᠳ᠋ᠤᠭᠡᠷ ᠵᠠᠭᠤᠨ ᠤ ᠡᠴᠦᠰ 20 ᠳ᠋ᠤᠭᠠᠷ ᠵᠠᠭᠤᠨ ᠤ ᠡᠬᠢᠨ | ᠤ ᠦᠶ᠎ᠡ ᠪᠠᠷ ᠲᠦᠷᠦ ᠶᠢᠨ ᠰᠤᠷᠭᠠᠭᠤᠯᠢ ᠳᠤ ᠰᠤᠷᠤᠯᠴᠠᠭᠰᠠᠳ ᠤᠨ ᠲᠤᠭ᠎ᠠ ᠨᠡᠯᠢᠶᠡᠳ ᠨᠡᠮᠡᠭᠳᠡᠭᠰᠡᠨ ᠠᠵᠢ᠃ | 1908 ᠤᠨ ᠳᠤ ᠬᠦᠷᠢᠶᠡᠨ ᠤ ᠮᠠᠨᠵᠦ᠂ ᠮᠤᠩᠭᠤᠯ᠂ ᠬᠢᠳᠡᠳ ᠰᠤᠷᠭᠠᠨ ᠲᠡᠵᠢᠭᠡᠬᠦ ᠪᠢᠴᠢᠭ ᠤᠨ ᠰᠤᠷᠭᠠᠭᠤᠯᠢ ᠶᠢᠨ | ᠤᠷᠤᠨ ᠲᠤᠭ᠎ᠠ ᠶᠢ 40 ᠪᠠᠷ ᠲᠤᠭᠳᠠᠭᠠᠵᠠᠢ᠃ | ᠲᠦᠷᠦ ᠶᠢᠨ ᠰᠤᠷᠭᠠᠭᠤᠯᠢ ᠶᠢᠨ ᠦᠭᠡᠷ᠎ᠡ ᠨᠢᠭᠡ ᠬᠡᠯᠪᠡᠷᠢ ᠨᠢ ᠤᠯᠠᠮᠵᠢᠠᠯᠲᠦ ᠲᠠᠭᠠᠯᠳᠤᠭᠤᠯᠤᠨ ᠰᠤᠷᠭᠠᠬᠤ ᠶᠠᠪᠤᠳᠠᠯ | ᠶᠤᠮ᠃ ᠠᠶᠢᠮᠠᠭ ᠬᠤᠰᠢᠭᠤᠳ ᠤᠨ ᠲᠠᠮᠠᠭ᠎ᠠ ᠶᠢᠨ ᠭᠠᠵᠠᠷ ᠵᠢᠰᠢᠶᠠᠯᠠᠨ ᠰᠠᠭᠤᠵᠦ ᠠᠵᠢᠯᠯᠠᠳᠠᠭ ᠲᠦᠰᠢᠮᠠᠳ᠂ | ᠪᠢᠴᠢᠭᠡᠴᠢ ᠨᠡᠷ ᠢ ᠲᠠᠭᠠᠯᠳᠤᠭᠤᠯᠤᠨ ᠭᠤᠤᠯᠳᠠᠭᠤ ᠬᠦᠪᠡᠭᠦᠳ ᠢ ᠮᠤᠩᠭᠤᠯ ᠦᠰᠦᠭ ᠪᠢᠴᠢᠭ ᠤᠩᠰᠢᠵᠦ ᠪᠢᠴᠢᠬᠦ᠂ | ᠲᠤᠭ᠎ᠠ ᠶᠢ ᠰᠤᠸᠠᠮᠫᠠᠨ ᠳᠤ ᠪᠤᠳᠤᠬᠤ᠂ ᠠᠯᠢ ᠨᠢᠭᠡ ᠠᠯᠪᠠᠨ ᠶᠠᠮᠤᠨ᠂ ᠲᠠᠮᠠᠭ᠎ᠠ ᠶᠢᠨ ᠭᠠᠵᠠᠷ ᠤᠨ ᠵᠠᠷ ᠪᠢᠴᠭ ᠠᠴᠠ | ᠡᠬᠢᠯᠡᠨ ᠲᠡᠭᠡᠭᠰᠢ ᠡᠷᠭᠦᠨ ᠮᠡᠳᠡᠭᠦᠯᠵᠦ ᠠᠶᠢᠯᠠᠳᠬᠠᠬᠤ᠂ ᠲᠤᠭᠤᠭᠰᠢ ᠲᠤᠯᠭᠠᠨ ᠲᠤᠰᠢᠶᠠᠬᠤ ᠠᠳᠠᠯᠢ ᠲᠡᠭᠰᠢ ᠡᠷᠬᠡ | ᠪᠦᠬᠦᠢ ᠠᠶᠢᠮᠠᠭ᠂ ᠬᠤᠰᠢᠭᠤ᠂ ᠰᠤᠮᠤ᠂ ᠤᠳᠤᠭ ᠲᠤ ᠢᠯᠡᠭᠡᠨ ᠶᠠᠪᠤᠭᠤᠯᠬᠤ ᠪᠢᠴᠢᠭ ᠰᠠᠯᠳᠠ ᠶᠢ ᠰᠠᠶᠢᠳ | ᠲᠦᠰᠢᠮᠡᠯ᠂ ᠲᠠᠷᠤᠭ᠎ᠠ ᠲᠠᠭᠠᠭᠠᠮᠠᠯ ᠤᠨ ᠠᠶᠢᠯᠠᠳᠤᠭᠰᠠᠨ ᠰᠠᠨᠠᠭ᠎ᠠ ᠰᠡᠳᠦᠪ ᠢᠶᠠᠷ ᠶᠠᠪ ᠴᠠᠪ ᠵᠤᠬᠢᠶᠠᠬᠤ ᠵᠡᠷᠭᠡ ᠳᠤ | ᠴᠦᠬᠡᠨ ᠬᠡᠦᠬᠡᠳ ᠢ ᠲᠤᠳᠤᠷᠬᠠᠢ ᠬᠤᠭᠤᠴᠠᠭᠠᠨ ᠳᠤ ᠰᠤᠷᠭᠠᠨ ᠪᠢᠴᠢᠭᠡᠴᠢ᠂ ᠲᠠᠭᠠᠯᠳᠤᠨ ᠪᠢᠴᠢᠭᠡᠴᠢ᠂ ᠲᠠᠯ᠎ᠠ᠂ | ᠵᠢᠩᠬᠢᠨᠢ ᠪᠢᠴᠢᠭᠡᠴᠢ᠂ ᠡᠬᠡ ᠵᠤᠬᠢᠶᠠᠭᠴᠢ ᠪᠤᠯᠭᠠᠳᠠᠭ ᠪᠠᠶᠢᠵᠠᠢ᠃ ᠡᠭᠦᠨ ᠳᠤ ᠭᠤᠤᠯᠳᠠᠭᠤ ᠲᠠᠶᠢᠵᠢ᠂ ᠲᠦᠰᠢᠮᠡᠳ ᠤᠨ | ᠬᠡᠦᠬᠡᠳ ᠢ ᠰᠤᠷᠭᠠᠬᠤ ᠪᠤᠯᠪᠠᠴᠦ ᠪᠠᠰᠠ ᠠᠪᠢᠶᠠᠰ ᠴᠢᠳᠠᠪᠤᠷᠢ ᠶᠢ ᠨᠢ ᠬᠠᠷᠠᠭᠠᠯᠵᠠᠨ ᠠᠷᠠᠳ ᠤᠨ ᠬᠡᠦᠬᠡᠳ ᠢ ᠴᠦ ᠮᠠᠷ | ᠰᠡᠷ ᠰᠤᠷᠭᠠᠳᠠᠭ ᠪᠠᠶᠢᠵᠠᠢ᠃ ᠲᠦᠷᠦ ᠶᠢᠨ ᠰᠤᠷᠭᠠᠭᠤᠯᠢ ᠶᠢᠨ ᠭᠤᠤᠯ ᠵᠤᠷᠢᠯᠭ᠎ᠠ ᠪᠤᠯ ᠵᠠᠰᠠᠭ ᠲᠦᠷᠦ ᠶᠢᠨ ᠲᠦᠪ᠂ | ᠤᠷᠤᠨ ᠨᠤᠳᠤᠭ ᠤᠨ ᠭᠠᠵᠠᠷ ᠤᠳ ᠲᠤ ︵ᠤᠯᠤᠰ᠂ ᠠᠶᠢᠮᠠᠭ᠂ ᠬᠤᠰᠢᠭᠤᠳ︶ ᠠᠵᠢᠯᠯᠠᠬᠤ ᠰᠠᠶᠢᠳ᠂ ᠲᠦᠰᠢᠮᠡᠯ᠂ | ᠪᠢᠴᠢᠭᠡᠴᠢ ᠨᠡᠷ ᠢ ᠪᠡᠯᠡᠳᠬᠡᠨ ᠭᠠᠷᠭᠠᠬᠤ ᠶᠠᠪᠤᠳᠠᠯ ᠪᠠᠶᠢᠪᠡ᠃ ᠲᠦᠷᠦ ᠶᠢᠨ ᠰᠤᠷᠭᠠᠭᠤᠯᠢ ᠡᠯ᠎ᠡ ᠡᠭᠦᠷᠭᠡ ᠪᠠᠨ | ᠪᠠᠶᠠᠯᠡᠭᠦᠯᠦᠭᠰᠡᠭᠡᠷ ᠪᠠᠶᠢᠭᠰᠠᠨ ᠠᠵᠢ᠃ ᠭᠡᠪᠡᠴᠦ ᠡᠨᠡ ᠦᠶ᠎ᠡ ᠶᠢᠨ ᠲᠦᠷᠦ ᠶᠢᠨ ᠰᠤᠷᠭᠠᠭᠤᠯᠢ ᠶᠢᠨ ᠭᠤᠤᠯ | ᠲᠤᠳᠠᠭᠳᠠᠯ ᠨᠢ ᠰᠤᠷᠤᠯᠴᠠᠬᠤ ᠬᠦᠮᠦᠨ ᠤ ᠲᠤᠭ᠎ᠠ ᠨᠡᠩ ᠴᠦᠬᠡᠨ᠂ ᠮᠤᠩᠭᠤᠯ ᠬᠡᠯᠡ ᠪᠢᠴᠢᠭ᠂ ᠲᠤᠭ᠎ᠠ ᠪᠤᠳᠤᠯᠭ᠎ᠠ | ᠲᠡᠳᠦᠢ ᠠᠴᠠ ᠪᠤᠰᠤᠳ ᠰᠠᠯᠪᠤᠷᠢ ᠶᠢᠨ ᠮᠡᠳᠡᠭᠡ ᠤᠬᠠᠭᠠᠨ ᠢ ᠪᠠᠷᠤᠭ ᠵᠢᠭᠠᠳᠠᠭ ᠦᠭᠡᠢ ᠪᠠᠶᠢᠭᠰᠠᠨ ᠳᠤ ᠤᠷᠤᠰᠢᠨ᠎ᠡ᠃ | ᠲᠡᠷᠡ ᠦᠶ᠎ᠡ ᠶᠢᠨ ᠨᠡᠶᠢᠭᠡᠮ᠂ ᠡᠳ᠋ ᠤᠨ ᠵᠠᠰᠠᠭ᠂ ᠰᠤᠶᠤᠯ ᠤᠨ ᠬᠦᠭᠵᠢᠯ ᠤᠨ ᠪᠠᠶᠢᠳᠠᠯ ᠴᠦ ᠤᠯᠠᠨ ᠲᠦᠷᠦᠯ ᠤᠨ | ᠨᠠᠷᠢᠨ ᠮᠡᠷᠭᠡᠵᠢᠯ ᠤᠨ ᠬᠦᠮᠦᠰ ᠢ ᠰᠤᠷᠭᠠᠭᠤᠯᠢ ᠪᠠᠷ ᠪᠡᠯᠡᠳᠬᠡᠬᠦ ᠶᠢ ᠱᠠᠭᠠᠷᠳᠠᠳᠠᠭ ᠦᠭᠡᠢ ᠪᠠᠶᠢᠭᠰᠠᠨ ᠪᠤᠯᠤᠯᠲᠠᠢ᠃ | ᠭᠤᠷᠪᠠ᠂ ᠱᠠᠰᠢᠨ ᠤ ᠰᠤᠷᠭᠠᠭᠤᠯᠢ | ᠮᠤᠩᠭᠤᠯ ᠳᠤ ᠪᠤᠳ᠋ᠳ᠋ᠾᠠ ᠶᠢᠨ ᠱᠠᠰᠢᠨ ᠦᠷᠭᠡᠨ ᠲᠡᠯᠭᠡᠷᠡᠵᠦ᠂ ᠰᠦᠮ᠎ᠡ ᠬᠡᠶᠢᠳ ᠤᠯᠠᠨ ᠢᠶᠠᠷ ᠪᠠᠶᠢᠭᠤᠯᠤᠭᠳᠠᠭᠰᠠᠨ | ᠠᠴᠠ ᠡᠬᠢᠯᠡᠨ ᠱᠠᠰᠢᠨ ᠤ ᠰᠤᠷᠭᠠᠭᠤᠯᠢ ᠡᠭᠦᠰᠦᠨ ᠪᠤᠢ ᠪᠤᠯᠵᠦ᠂ ᠬᠡᠦᠬᠡᠳ ᠪᠠᠭᠠᠴᠤᠳ ᠱᠠᠪᠢᠯᠠᠨ ᠰᠠᠭᠤᠬᠤ ᠪᠤᠯᠵᠠᠢ᠂ | ᠱᠠᠰᠢᠨ ᠤ ᠰᠤᠷᠭᠠᠭᠤᠯᠢ ᠨᠢ ᠤᠯᠠᠷᠢᠯ ᠤᠨ ᠴᠢᠨᠠᠷᠲᠠᠢ ᠵᠢᠵᠢᠭ ᠬᠤᠷᠠᠯ ᠤᠳ ᠲᠤ ᠪᠠᠶᠢᠭᠰᠠᠨ ᠦᠭᠡᠢ᠂ ᠵᠦᠪᠬᠡᠨ | ᠬᠤᠰᠢᠭᠤᠨ ᠤ ᠲᠠᠴᠠᠩ ᠲᠠᠢ ᠭᠤᠤᠯ ᠬᠦᠷᠢᠶᠡᠨ ᠳᠤ ᠪᠠᠶᠢᠵᠠᠢ᠃ ᠱᠠᠰᠢᠨ ᠤ ᠰᠤᠷᠭᠠᠭᠤᠯᠢ ᠲᠤᠳᠤᠷ᠎ᠠ ᠪᠠᠨ ᠠᠩᠬᠠᠨ | ᠤ ᠱᠠᠳᠤᠨ ᠤ᠂ ᠲᠤᠰᠬᠠᠢ ᠮᠡᠷᠭᠡᠵᠢᠯ ᠤᠨ᠂ ᠪᠡᠶ᠎ᠡ ᠲᠠᠭᠠᠭᠠᠨ ᠰᠤᠷᠤᠯᠴᠠᠬᠤ ᠬᠡᠯᠪᠡᠷᠢ ᠪᠠᠷ ᠶᠠᠪᠤᠭᠳᠠᠵᠦ ᠪᠠᠶᠢᠪᠠ᠃ | ᠱᠠᠪᠢᠯᠠᠨ ᠰᠠᠭᠤᠭᠰᠠᠨ ᠬᠡᠦᠬᠡᠳ ᠨᠢ ᠠᠯᠢ ᠨᠢᠭᠡ ᠡᠷᠳᠡᠮ ᠨᠤᠮ ᠲᠠᠢ ᠯᠠᠮᠠ ᠳᠤ ᠱᠠᠪᠢ ᠤᠷᠤᠵᠦ᠂ ᠲᠦᠪᠡᠳ ᠦᠰᠦᠭ | ᠪᠢᠴᠢᠭ ᠵᠢᠭᠠᠯᠭᠠᠨ ᠲᠡᠭᠦᠨ ᠢ ᠨᠢᠳᠦᠯᠡᠬᠦ᠂ ᠪᠢᠴᠢᠬᠦ᠂ ᠬᠤᠯᠪᠤᠵᠦ ᠤᠩᠰᠢᠬᠤ᠂ ᠴᠡᠭᠡᠵᠢᠯᠡᠬᠦ ᠵᠡᠷᠭᠡ ᠪᠠᠷ ᠰᠤᠷᠤᠯᠴᠠᠨᠡ | ᠲᠦᠪᠡᠳ ᠬᠡᠯᠡ ᠵᠢᠭᠠᠯᠭᠠᠵᠦ᠂ ᠤᠩᠰᠢᠵᠦ ᠪᠢᠴᠢᠳᠡᠭ ᠪᠤᠯᠬᠤ ᠶᠢᠨ ᠵᠡᠷᠭᠡᠴᠡᠭᠡ ᠪᠠᠷ ᠠᠶᠢᠮᠠᠭ ᠪᠤᠯᠤᠨ ᠴᠤᠭᠴᠢᠨ | ᠬᠤᠷᠠᠯ ᠳᠤ ᠲᠤᠭᠳᠠᠮᠠᠯ ᠬᠤᠷᠠᠵᠦ᠂ ᠬᠤᠷᠠᠯ ᠤᠨ ᠶᠤᠰᠤ ᠭᠤᠷᠢᠮ᠂ ᠪᠤᠷᠬᠠᠨ ᠲᠠᠬᠢᠯ ᠤᠨ ᠬᠡᠷᠡᠭᠯᠡᠯ ᠯᠠᠮᠠ ᠬᠤᠸᠠᠷᠠᠭ | ᠤᠨ ᠰᠠᠬᠢᠯᠭ᠎ᠠ ᠲᠢᠭ ᠵᠢᠷᠤᠮ ᠳᠤ ᠲᠡᠰᠴᠦ᠂ ᠤᠯᠠᠮ ᠢᠶᠠᠷ ᠴᠡᠭᠡᠵᠢᠯᠡᠭᠰᠡᠨ ᠨᠤᠮ ᠢᠶᠠᠨ ᠯᠠᠮᠠ ᠨᠠᠷ ᠤᠨ ᠬᠠᠮᠳᠦ ᠠᠶ᠎ᠠ | ᠲᠠᠩ ᠲᠠᠭᠠᠷᠠᠭᠤᠯᠤᠨ ᠤᠩᠰᠢᠬᠤ ᠳᠤ ᠰᠤᠷᠤᠯᠴᠠᠭᠰᠠᠭᠠᠷ ᠠᠩᠬᠠᠨ ᠱᠠᠳᠤᠨ ᠤ ︵ᠰᠠᠭᠤᠷᠢ︶ ᠪᠤᠯᠪᠠᠰᠤᠷᠠᠯ ᠢ | ᠡᠵᠡᠮᠰᠢᠨ᠎ᠡ᠂ ᠴᠠᠭᠠᠰᠢ ᠰᠤᠷᠤᠯᠴᠠᠬᠤ ᠨᠢ ᠬᠡᠦᠬᠡᠳ ᠤᠨ ᠲᠤᠷ᠎ᠠ ᠰᠤᠨᠢᠷᠬᠠᠯ᠂ ᠬᠢᠴᠢᠶᠡᠯ ᠤᠷᠤᠯᠳᠤᠯᠭ᠎ᠠ ᠠᠴᠠ | ᠰᠢᠯᠳᠠᠭᠠᠯᠠᠭᠳᠠᠬᠤ ᠪᠦᠭᠡᠳ ᠰᠤᠷᠤᠯᠭ᠎ᠠ ᠲᠠᠭᠠᠷᠠᠳᠬᠠᠨ ᠨᠨᠢ ᠵᠢᠰᠡ ᠵᠢᠪ ᠤᠨ ᠬᠠᠷ᠎ᠠ ᠪᠤᠷᠤ ᠠᠵᠢᠯ ᠳᠤ ᠰᠢᠯᠵᠢᠬᠦ | ᠪᠦᠭᠡᠳ ᠵᠠᠷᠢᠮ ᠨᠢᠭᠡ ᠨᠢ ᠵᠢᠷ ᠤᠨ ᠯᠠᠮᠠ ᠪᠤᠯᠵᠦ ᠦᠯᠡᠳᠡᠨ᠎ᠡ᠃ ᠬᠠᠷᠢᠨ ᠰᠤᠷᠤᠯᠭ᠎ᠠ ᠪᠠᠷ ᠲᠦᠮᠦᠭᠬᠡᠨ᠂ ᠠᠪᠢᠶᠠᠰ | ᠪᠢᠯᠢᠭ ᠲᠠᠢ᠂ ᠰᠤᠷᠬᠤ ᠰᠤᠨᠢᠷᠬᠠᠯ ᠲᠠᠢ᠂ ᠬᠢᠴᠢᠶᠡᠯ ᠵᠢᠳᠬᠦᠯ ᠲᠠᠢ ᠨᠢ ᠲᠠᠷᠠᠭᠠᠬᠢ ᠱᠠᠳᠤᠨ ᠤ ᠲᠤᠰᠬᠠᠢ ᠮᠡᠷᠭᠡᠵᠢᠯ ᠢ | ᠡᠵᠡᠮᠰᠢᠬᠦ᠂ ᠴᠠᠨᠢᠳ — ᠬᠦᠨ ᠤᠬᠠᠭᠠᠨ ᠤ᠂ ᠮᠠᠷᠠᠮᠪᠠ — ᠡᠮᠨᠡᠯᠭᠡ ᠶᠢᠨ᠂ ᠵᠢᠳᠦ — ᠵᠢᠷᠤᠬᠠᠢ ᠶᠢᠨ᠂ ᠯᠠᠮᠠ ᠶᠢᠨ | ᠶᠤᠰᠤ ᠵᠦᠢ ᠶᠢᠨ ᠭᠡᠬᠦ ᠮᠡᠳᠦ ᠠᠩᠭᠢ ᠳᠤ ᠲᠠᠪᠰᠢᠨ ᠤᠷᠤᠵᠦ ᠰᠤᠷᠤᠯᠴᠠᠨ ᠬᠦᠨ ᠤᠬᠠᠭᠠᠨᠴᠢ᠂ ᠡᠮᠴᠢ᠂ ᠪᠠᠭᠰᠢ᠂ | ᠤᠷᠴᠢᠭᠤᠯᠤᠭᠴᠢ ᠵᠡᠷᠭᠡ ᠮᠡᠷᠭᠡᠵᠢᠯ ᠡᠵᠡᠮᠰᠢᠳᠡᠭ ᠪᠠᠶᠢᠪᠠ᠃ ᠴᠢᠨᠠᠭᠰᠢᠲᠠ ᠪᠡᠶ᠎ᠡ ᠲᠠᠭᠠᠭᠠᠨ ᠰᠤᠷᠤᠯᠴᠠᠵᠦ ᠡᠷᠳᠡᠮ ᠤᠨ | ᠲᠡᠪ ᠵᠡᠷᠭᠡ ᠶᠢᠨ ᠲᠠᠮᠵᠢᠭᠠ ᠪᠠᠷᠢᠬᠤ ᠳᠤ ᠨᠡᠷ᠎ᠡ ᠵᠢᠭᠠᠭᠳᠠᠨᠠ᠃ ᠱᠠᠰᠢᠨ ᠤ ᠰᠤᠷᠭᠠᠭᠤᠯᠢ ᠶᠢᠨ ᠨᠦᠬᠦᠭᠡ ᠨᠢᠭᠡ | ᠬᠡᠯᠪᠡᠷᠢ ᠨᠢ ᠬᠤᠷᠠᠯ ᠨᠤᠮ᠂ ᠵᠠᠩ ᠦᠢᠯᠡ᠂ ᠪᠤᠷᠬᠠᠨ ᠲᠠᠬᠢᠯ ᠤᠨ ᠬᠡᠷᠡᠭᠯᠡᠯ᠂ ᠤᠯᠠᠨ ᠵᠦᠢᠯ ᠤᠨ ᠦᠰᠦᠭ ᠪᠢᠴᠢᠭ᠂ | ᠯᠠᠪ᠂ ᠵᠢᠷᠤᠭ᠂ ᠰᠡᠶᠢᠯᠪᠤᠷᠢ᠂ ᠪᠠᠷ ᠵᠡᠷᠭᠡ ᠵᠠᠶᠢᠯᠠᠰᠢ ᠦᠭᠡᠢ ᠱᠠᠭᠠᠷᠳᠠᠯᠭ᠎ᠠ ᠲᠠᠢ ᠤᠷᠠᠯᠢᠭ᠂ ᠤᠷᠠᠨ ᠰᠠᠶᠢᠬᠠᠨ ᠤ ︵ | ᠬᠦᠭᠵᠢᠮᠴᠢᠳ᠂ ᠪᠦᠵᠢᠭᠴᠢᠳ︶ ᠮᠡᠷᠭᠡᠵᠢᠯ ᠤᠨ ᠬᠦᠮᠦᠰ ᠢ ᠪᠡᠯᠡᠳᠬᠡᠬᠦ ᠲᠤᠰᠬᠠᠢ ᠰᠤᠷᠭᠠᠭᠤᠯᠢ ᠪᠠᠶᠢᠵᠠᠢ᠃ ᠡᠨᠡ | ᠰᠤᠷᠭᠠᠭᠤᠯᠢ ᠶᠢᠨ ᠰᠤᠷᠭᠠᠯᠲᠠ ᠶᠢᠨ ᠴᠢᠨᠠᠷ ᠢ ᠦᠶ᠎ᠡ ᠦᠶ᠎ᠡ ᠰᠢᠯᠭᠠᠳᠠᠭ ᠪᠠᠶᠢᠭᠰᠠᠨ ᠪᠦᠭᠡᠳ ᠬᠠᠮᠤᠭ ᠤᠨ ᠰᠡᠭᠦᠯᠴᠢ | ᠨᠢ ᠪᠠᠳᠠᠷᠠᠭᠤᠯᠳᠦ ᠲᠦᠷᠦ ᠶᠢᠨ ᠬᠤᠷᠢᠨ ᠲᠦᠷᠪᠡᠳᠦᠭᠡᠷ ᠤᠨ ︵1898︶ ᠳᠤ ᠤᠯᠠᠨ ᠰᠤᠷᠭᠠᠭᠤᠯᠢ ᠶᠢᠨ ᠤᠷᠤᠨ | ᠲᠤᠭ᠎ᠠ᠂ ᠰᠤᠷᠭᠠᠯᠲᠠ ᠶᠢᠨ ᠴᠢᠨᠠᠷ ᠢ ᠦᠵᠡᠵᠦ᠂ ᠡᠭᠦᠨ ᠠᠴᠠ ᠬᠤᠶᠢᠰᠢ ᠤᠷᠤ ᠲᠤᠭ᠎ᠠ ᠨᠡᠷ᠎ᠡ ᠲᠡᠳᠦᠢ ᠪᠤᠯᠭᠠᠬᠤ | ᠦᠭᠡᠢ ᠦᠪᠡᠷ ᠦᠪᠡᠷ ᠤᠨ ᠲᠤᠰᠢᠶᠠᠯ ᠤᠨ ᠲᠤᠳᠤᠷᠠᠬᠢ ᠰᠤᠷᠭᠠᠭᠤᠯᠢ ᠪᠤᠯᠤᠨ ᠡᠯᠳᠡᠪ ᠵᠦᠢᠯ ᠢ ᠪᠦᠭᠦᠳᠡᠭᠡᠷ ᠰᠠᠨᠠᠭ᠎ᠠ | ᠠᠭᠤᠯᠤᠨ ᠬᠦᠢᠴᠡᠯᠳᠦᠭᠦᠯᠵᠦ᠂ ᠡᠭᠦᠷᠢᠲᠡ ᠲᠠᠰᠤᠯᠳᠤᠨ ᠴᠠᠯᠭᠠᠷᠳᠠᠭᠤᠯᠬᠤ ᠦᠭᠡᠢ ᠪᠠᠶᠢᠬᠤ ᠶᠢ ᠲᠡᠭᠡᠳᠦ ᠤᠷᠳᠤᠨ ᠤ | ᠶᠡᠭᠡ ᠰᠠᠩ ᠤᠨ ᠱᠠᠩᠵᠤᠳᠪᠠ ᠶᠢᠨ ᠶᠠᠮᠤᠨ ᠤ᠂ ᠨᠠᠢᠮᠠᠨ ᠲᠠᠴᠠᠩ ᠤᠨ ᠬᠤᠷᠢᠨ ᠶᠢᠰᠤᠨ ᠠᠶᠢᠮᠠᠭ ᠤᠨ ᠮᠢᠨᠳᠠᠭ | ᠲᠤᠰᠢᠶᠠᠯᠲᠠᠨ ︽ᠬᠢᠴᠢᠶᠡᠳᠦᠭᠡᠢ︾ ᠭᠡᠵᠦ ᠪᠤᠭᠳᠠ ᠬᠠᠨ ᠯᠦᠩᠳᠡᠩ ᠪᠠᠭᠤᠯᠭᠠᠨ ᠲᠤᠰᠢᠶᠡᠵᠡᠢ᠃ | ᠱᠠᠰᠢᠨ ᠤ ᠰᠤᠷᠭᠠᠭᠤᠯᠢ ᠶᠢᠨ ᠲᠤᠭᠳᠠᠯᠴᠠᠭ᠎ᠠ ᠨᠢ ᠨᠡᠩ ᠬᠢᠵᠠᠭᠠᠷᠯᠠᠭᠳᠠᠮᠠᠯ᠂ ᠲᠦᠪᠡᠳ ᠬᠡᠯᠡ ᠲᠡᠭᠡᠷ᠎ᠡ ᠰᠤᠷᠭᠠᠯᠲᠠ | ᠶᠠᠪᠤᠭᠤᠯᠳᠠᠭ᠂ ᠰᠦᠮ᠎ᠡ ᠬᠡᠶᠢᠳ ᠤᠨ ᠬᠤᠷᠠᠯ ᠨᠤᠮ᠂ ᠪᠤᠷᠬᠠᠨ ᠲᠠᠬᠢᠯ ᠤᠨ ᠬᠡᠷᠡᠭᠴᠡᠭᠡᠨ ᠤ ᠬᠦᠮᠦᠰ ᠢ ᠪᠡᠯᠡᠳᠬᠡᠳᠡᠭ | ᠂ ᠦᠢᠯᠡᠳᠪᠦᠷᠢᠯᠡᠯ ᠠᠬᠤᠢ ᠠᠴᠠ ᠬᠦᠨᠳᠡᠢ ᠲᠠᠰᠤᠷᠬᠠᠢ ᠪᠤᠯᠬᠤ ᠪᠠᠷ ᠦᠨᠳᠦᠰᠦᠲᠡᠨ ᠤ ᠬᠡᠯᠡ ᠰᠤᠶᠤᠯ ᠢ | ᠬᠦᠭᠵᠢᠭᠦᠯᠬᠦ᠂ ᠰᠤᠷᠴᠦ ᠰᠤᠳᠤᠯᠬᠤ ᠳᠤ ᠲᠦᠭᠦᠮ ᠪᠤᠰᠤ ᠪᠠᠶᠢᠵᠠᠢ᠃ ᠭᠡᠰᠡᠨ ᠴᠦ ᠬᠡᠦᠬᠡᠳ ᠤᠨ ᠤᠶᠤᠨ ᠢ | ᠨᠡᠭᠡᠭᠡᠵᠦ᠂ ᠡᠷᠳᠡᠮ ᠨᠤᠮ ᠳᠤ ᠰᠤᠷᠭᠠᠬᠤ᠂ ᠲᠤᠷᠤᠨᠡᠳᠡᠬᠢᠨ ᠤ ᠬᠡᠯᠡ᠂ ᠲᠡᠦᠬᠡ᠂ ᠤᠷᠠᠨ ᠵᠤᠬᠢᠶᠠᠯ᠂ ᠤᠷᠠᠯᠢᠭ᠂ | ᠰᠤᠶᠤᠯ ᠤᠨ ᠪᠦᠳᠦᠭᠡᠯ ᠲᠠᠢ ᠲᠠᠨᠢᠯᠴᠠᠵᠦ ᠴᠢᠨᠠᠭᠰᠢᠲᠠ ᠰᠠᠨᠠᠵᠦ ᠪᠤᠳᠤᠭᠰᠠᠨ ᠢᠶᠠᠨ ᠲᠡᠮᠳᠡᠭᠯᠡᠬᠦ ᠠᠴᠠ ᠡᠬᠢᠯᠡᠨ | ᠵᠤᠬᠢᠶᠠᠯ ᠪᠦᠳᠦᠭᠡᠯ ᠲᠤᠭᠤᠷᠪᠢᠬᠤ ᠬᠦᠷᠳᠡᠯ᠎ᠡ ᠡᠷᠳᠡᠮ ᠤᠬᠠᠭᠠᠨ ᠢ ᠨᠡᠭᠡᠭᠡᠬᠦ ᠪᠤᠯᠤᠮᠵᠢ ᠢ ᠤᠯᠭᠤᠵᠦ ᠪᠠᠶᠢᠭᠰᠠᠨ | ᠠᠵᠦᠭᠤ᠃ ᠲᠡᠭᠡᠷ᠎ᠡ ᠲᠤᠷᠠᠳᠤᠭᠰᠠᠨ ᠰᠤᠷᠭᠠᠭᠤᠯᠢ ᠨᠤᠭᠤᠳ ᠤᠨ ᠰᠤᠷᠭᠠᠯᠲᠠ ᠶᠢᠨ ᠭᠤᠤᠯ ᠵᠠᠷᠴᠢᠮ ᠨᠢ ᠤᠷᠳᠤᠨ ᠤ | ᠪᠤᠯᠤᠨ ᠠᠯᠪᠠᠨ ᠤ ᠰᠤᠷᠭᠠᠭᠤᠯᠢ ᠶᠢ ᠡᠰᠡ ᠤᠷᠤᠭᠤᠯᠪᠠᠯ ᠨᠢᠭᠡ ᠪᠦᠷᠢᠴᠢᠯᠠᠨ ᠵᠢᠭᠠᠬᠤ ᠶᠢ ᠭᠤᠤᠯᠯᠠᠬᠤ ᠠᠴᠠ | ᠭᠠᠳᠠᠨ᠎ᠠ ᠬᠦᠩᠭᠡᠨ ᠠᠴᠠ ᠬᠦᠨᠳᠦ ᠤᠷᠤᠭᠤ ᠰᠢᠯᠵᠢᠬᠦ ᠶᠢ ᠪᠠᠷᠢᠮᠳᠠᠯᠠᠵᠦ ᠪᠠᠶᠢᠭᠰᠠᠨ ᠠᠵᠢ᠃ ᠰᠤᠷᠭᠠᠯᠲᠠ ᠶᠢᠨ | ᠠᠷᠭ᠎ᠠ ᠨᠢ ᠴᠡᠭᠡᠵᠢᠯᠡᠬᠦᠯᠬᠦ᠂ ᠨᠢᠳᠦᠯᠡᠭᠦᠯᠬᠦ᠂ ᠬᠠᠭᠤᠯᠤᠨ ᠪᠢᠴᠢᠭᠦᠯᠬᠦ᠂ ᠮᠡᠳᠬᠡᠯᠴᠡᠬᠦ᠂ ᠤᠷᠴᠢᠭᠤᠯᠬᠤ ︵ᠨᠡᠷ᠎ᠡ ᠤᠨ | ᠨᠤᠮ ᠳᠤ ᠰᠤᠷᠭᠠᠬᠤ︶ ᠵᠡᠷᠭᠡ ᠶᠢ ᠬᠡᠦᠬᠡᠳ ᠤᠨ ᠨᠠᠰᠦ᠂ ᠰᠡᠳᠬᠢᠯ᠂ ᠠᠪᠢᠶᠠᠰ ᠴᠢᠳᠠᠪᠤᠷᠢ ᠳᠤ ᠲᠤᠬᠢᠷᠠᠭᠤᠯᠤᠨ | ᠬᠡᠷᠡᠭᠯᠡᠵᠦ ᠢᠷᠡᠵᠡᠢ᠃ | ᠪᠢᠴᠢᠭ ᠤᠨ ᠭᠤᠤᠯ ᠬᠡᠷᠡᠭᠯᠡᠯ ᠨᠢ ᠦᠨᠡᠰᠦᠨ ᠰᠠᠮᠪᠠᠷ᠎ᠡ᠂ ᠬᠤᠯᠤᠰᠤᠨ ᠦᠵᠦᠭ ᠪᠦᠭᠡᠳ ᠡᠭᠦᠨ ᠤ ᠡᠶᠡᠷᠬᠦ ᠲᠠᠯ᠎ᠠ | ᠨᠢ ᠬᠡᠮᠨᠡᠯᠲᠡ ᠲᠠᠢ᠂ ᠵᠠᠷᠤᠯᠭ᠎ᠠ ᠪᠠᠭ᠎ᠠ ᠲᠠᠢ᠂ ᠰᠦᠬᠡᠷᠬᠦ ᠲᠠᠯ᠎ᠠ ᠨᠢ ᠪᠢᠴᠢᠭᠰᠡᠨ ᠢᠶᠠᠨ ᠠᠷᠴᠢᠳᠠᠭ ᠠᠴᠠ ᠪᠤᠳᠤᠭᠰᠠᠨ᠂ | ᠪᠢᠴᠢᠭᠰᠡᠨ ᠵᠦᠢᠯ ᠢ ᠡᠷᠬᠢᠨ ᠦᠵᠡᠵᠦ ᠲᠠᠪᠳᠠᠬᠤ ᠰᠠᠶᠢᠵᠢᠷᠠᠭᠰᠠᠨ ᠡᠰᠡᠬᠦ ᠪᠠᠨ ᠬᠠᠷᠢᠴᠠᠭᠤᠯᠤᠨ ᠨᠢᠭᠳᠠᠯᠠᠬᠤ | ᠪᠤᠯᠤᠯᠴᠠᠭ᠎ᠠ ᠦᠭᠡᠢ ᠳᠤ ᠤᠷᠤᠰᠢᠨ᠎ᠡ᠃ ᠬᠠᠷᠢᠨ ᠠᠯᠪᠠᠨ ᠤ ᠪᠤᠯᠤᠨ ᠤᠷᠳᠤᠨ ᠤ ᠰᠤᠷᠭᠠᠭᠤᠯᠢ ᠳᠤ ᠮᠤᠤᠳᠤᠤ | ᠴᠠᠭᠠᠰᠦ᠂ ᠪᠢᠷ ᠶᠠᠨᠲ᠋ᠠᠢ᠂ ᠪᠡᠭᠡ ᠬᠡᠷᠡᠭᠯᠡᠵᠦ ᠪᠠᠶᠢᠵᠠᠢ᠃ | ᠲᠡᠭᠡᠷᠡᠬᠢ ᠰᠤᠷᠭᠠᠭᠤᠯᠢ ᠨᠤᠭᠤᠳ ᠰᠤᠷᠭᠠᠯᠳᠠ ᠶᠢᠨ ᠬᠠᠳᠠᠭᠤ ᠮᠦᠷᠳᠡᠬᠦ᠂ ᠲᠤᠭᠳᠠᠭᠰᠠᠨ ᠲᠦᠯᠦᠪᠯᠡᠭᠡ ᠬᠦᠳᠦᠯᠪᠤᠷᠢ | ᠦᠭᠡᠢ᠂ ᠤᠷᠤᠰᠬᠠᠯ ᠪᠠᠶᠢᠳᠠᠯ ᠲᠠᠢ᠂ ᠪᠠᠭᠰᠢ ᠨᠡᠷ ᠤᠨ ᠦᠵᠡᠮᠵᠢ ᠪᠠᠷ ᠬᠢᠴᠢᠶᠡᠯᠯᠡᠳᠡᠭ᠂ ᠰᠤᠷᠬᠤ ᠪᠢᠴᠢᠭ ᠤᠩᠰᠢᠬᠤ | ᠨᠤᠮ᠂ ᠬᠢᠴᠢᠶᠡᠯ ᠤᠨ ᠬᠡᠷᠡᠭᠯᠡᠯ ᠮᠡᠭᠦᠰ ᠪᠤᠶᠤ ᠪᠠᠶᠢᠬᠤ ᠦᠭᠡᠢ ᠵᠡᠷᠭᠡ ᠲᠤᠳᠠᠭᠳᠠᠯ ᠲᠠᠢ ᠪᠠᠶᠢᠵᠠᠢ᠃ | — ︽ᠮᠤᠩᠭᠤᠯ ᠤᠨ ᠰᠤᠶᠤᠯ ᠤᠨ ᠲᠡᠦᠬᠡ︾ | |