ᠠᠯᠠᠱᠠ ᠬᠤᠰᠢᠭᠤᠨ ᠤ ᠭᠤᠴᠢᠨ ᠵᠢᠷᠭᠤᠭᠠᠨ ᠪᠠᠭ ᠤᠨ ᠨᠡᠷᠡᠶᠢᠳᠦᠯ
ᠨᠡᠶᠢᠲᠡᠯᠡᠭᠰᠡᠨ ᠴᠠᠭ᠄
2019/6/26
ᠠᠯᠠᠱᠠ ᠬᠤᠰᠢᠭᠤᠨ ᠤ ᠠᠩᠬᠠᠳᠣᠭᠠᠷ ᠨᠤᠶᠠᠨ ᠪᠠᠭᠠᠳᠣᠷ ᠡᠷᠭᠡ ᠵᠢᠨᠤᠩ ᠬᠤᠷᠤᠯᠢ ᠪᠤᠯ ᠤᠭ ᠲᠠᠭᠠᠨ ᠰᠢᠨ᠎ᠡ ᠬᠢᠵᠠᠭᠠᠷ ᠮᠤᠵᠢ ᠰᠢᠨᠵᠢᠶᠠᠩ ᠤᠨ ᠠᠯᠢᠮᠠᠳᠣ᠂ ᠰᠢᠷ᠎ᠠ ᠪᠠᠯ᠂ ᠢᠯᠢ ᠵᠡᠷᠭᠡ ᠶᠢᠨ ᠭᠠᠵᠠᠷ ᠨᠣᠳᠣᠭᠯᠠᠨ ᠰᠠᠭᠤᠵᠤ ᠪᠠᠶᠢᠵᠠᠢ ᠃ ᠵᠡᠬᠦᠨ ᠭᠠᠷ ᠤᠨ ᠳᠠᠶᠢᠵᠢ ᠪᠣᠱᠣᠭᠳᠣ ᠭᠠᠯᠳᠠᠨ ᠤ ᠣᠷᠪᠠᠯᠭᠠᠨ ᠠᠴᠠ ᠵᠠᠶᠢᠯᠠᠰᠬᠢᠵᠤ᠂ ᠡᠩᠭᠡ ᠠᠮᠤᠭᠤᠯᠠᠩ ᠤᠨ ᠠᠷᠪᠠᠨ ᠳᠣᠯᠣᠳᠣᠭᠠᠷ ᠣᠨ ︵1678︶ ᠳᠤ ᠳᠦᠷᠪᠡᠨ ᠠᠶᠢᠮᠠᠭ ᠦᠭᠡᠯᠡᠳ ᠤᠨ ᠬᠤᠶᠠᠷ ᠮᠢᠩᠭ᠎ᠠ ᠭᠠᠷᠦᠢ ᠡᠷᠦᠭᠡ᠂ ᠳᠣᠯᠣᠭᠠᠨ ᠮᠢᠩᠭ᠎ᠠ ᠭᠠᠷᠦᠢ ᠠᠯᠪᠠᠳᠣ ᠠᠷᠠᠳ ᠪᠤᠯᠤᠨ ᠢᠰᠯᠠᠮ ᠤᠨ ᠱᠠᠰᠢᠨ ᠰᠢᠳᠦᠳᠡᠭ ᠬᠤᠳᠣᠩ ᠠᠶᠢᠮᠠᠭ ᠤᠨ ᠵᠠᠭᠤ ᠭᠠᠷᠦᠢ ᠬᠦᠮᠦᠰ ᠪᠠ ᠰᠢᠷ᠎ᠠ ᠶᠢᠨ ᠱᠠᠰᠢᠨ ᠤ ᠱᠠᠪᠷᠤᠩ ᠨᠢᠭᠡ᠂ ᠷᠠᠪᠵᠠᠮᠪᠠ ᠨᠠᠮᠺᠠᠶᠢᠪᠠᠯ ᠬᠤᠶᠠᠷ ᠢᠶᠠᠷ ᠳᠦᠷᠦᠬᠦᠯᠡᠬᠦᠯᠦᠭᠰᠡᠨ ᠵᠠᠭᠤ ᠭᠠᠷᠦᠢ ᠬᠤᠸᠠᠷᠠᠭ ᠵᠢᠴᠢ ᠠᠯᠪᠠᠳᠣ ᠪᠤᠭᠤᠯ᠂ ᠴᠡᠷᠢᠭ ᠬᠤᠶᠠᠭ ᠢᠶᠠᠨ ᠳᠠᠭᠠᠭᠤᠯᠵᠤ᠂ ᠪᠠᠷᠺᠦ᠋ᠯ᠂ ᠳᠣᠷᠺᠦ᠋ᠯ ᠵᠡᠷᠭᠡ ᠭᠠᠵᠠᠷ ᠢᠶᠠᠷ ᠨᠡᠬᠦᠳᠡᠯᠯᠡᠨ ᠶᠠᠪᠤᠭᠰᠠᠭᠠᠷ ᠴᠠᠭᠠᠨ ᠭᠡᠷᠡᠮ ᠤᠨ ᠠᠮᠠᠰᠠᠷ ︵ᠵᠢᠶᠠ ᠢᠦᠢ ᠭᠤᠸᠠᠨ︶ ᠲᠤᠷ ᠬᠦᠷᠴᠣ ᠢᠷᠡᠭᠡᠳ ᠪᠤᠭᠤᠮᠳᠠ ᠶᠢᠨ ᠳᠠᠷᠤᠭ᠎ᠠ ᠳᠤ ᠢᠷᠡᠭᠰᠡᠨ ᠣᠴᠢᠷ ᠵᠤᠷᠢᠭᠰᠠᠨ ᠵᠤᠷᠢᠯᠭ᠎ᠠ ᠪᠠᠨ ᠮᠡᠳᠡᠬᠦᠯᠦᠭᠰᠡᠨ ᠤ ᠬᠠᠮᠳᠣᠳᠠ ᠠᠬᠠᠮᠠᠳ ᠬᠦᠪᠡᠬᠦᠨ ᠶᠦᠮᠴᠦ᠋ᠩ ᠪᠤᠯᠤᠨ ᠷᠠᠪᠵᠠᠮᠪᠠ ᠨᠠᠮᠺᠠᠶᠢᠪᠠᠯ ᠬᠤᠶᠠᠷ ᠢ ᠳᠣᠰᠬᠠᠢ ᠳᠣᠮᠢᠯᠠᠨ ᠪᠡᠭᠡᠵᠢᠩ ᠳᠤᠷ ᠮᠣᠷᠳᠠᠭᠤᠯᠵᠤ᠂ ᠡᠩᠭᠡ ᠠᠮᠤᠭᠤᠯᠠᠩ ᠬᠠᠭᠠᠨ ᠳᠤ ᠡᠯ᠎ᠡ ᠣᠴᠢᠷ ᠢᠶᠠᠨ ᠮᠡᠳᠡᠬᠦᠯᠵᠠᠢ᠃ ᠬᠠᠭᠠᠨ ᠠᠴᠠ ᠮᠡᠳᠡᠬᠦᠯᠦᠭᠰᠡᠨ ᠶᠣᠰᠣᠭᠠᠷ ᠵᠦᠪᠰᠢᠶᠡᠷᠡᠵᠤ᠂ ᠠᠰᠬᠠᠨ ᠤ ᠠᠮᠪᠠᠨ ᠯᠠᠳᠣᠬᠤ᠂ ᠳᠠᠶᠢᠴᠢᠯᠠᠨ ᠵᠠᠬᠢᠷᠤᠭᠴᠢ ᠰᠦᠨ ᠰᠧ ᠭᠧ ᠬᠤᠶᠠᠷ ᠢ ᠵᠠᠷᠯᠢᠭ ᠤᠨ ᠰᠠᠶᠢᠳ ᠢᠶᠠᠷ ᠳᠣᠰᠬᠠᠢ ᠳᠣᠮᠢᠯᠠᠨ ᠮᠣᠷᠳᠠᠭᠤᠯᠵᠣ᠂ ᠮᠥᠨ ᠬᠠᠭᠠᠨ ᠤ ᠬᠤᠷᠢᠨ ᠳᠠᠪᠤᠳᠣᠭᠠᠷ ᠣᠨ ︵1686 ᠣᠨ︶ ᠳᠤ ᠠᠯᠠᠱᠠ ᠠᠭᠤᠯᠠ ᠶᠢᠨ ᠠᠷᠤ ᠶᠢᠨ ᠦᠷᠭᠡᠨ ᠠᠭᠤᠳᠠᠮ ᠨᠣᠳᠤᠭ ᠪᠡᠯᠴᠢᠭᠡᠷ ᠢ ᠳᠣᠭᠤᠷᠢᠯᠭ᠎ᠠ ᠵᠢᠷᠤᠭᠯᠠᠵᠤ ᠱᠠᠩᠨᠠᠨ ᠦᠭᠬᠦ ᠳᠡᠭᠡᠨ ᠭᠠᠨᠰᠣ ᠮᠤᠵᠢ ᠶᠢᠨ ᠨᠢᠩᠰᠢᠶᠠ ᠹᠦ᠋ ᠶᠢᠨ ᠬᠠᠷᠢᠶᠠᠳᠣ ᠫᠢᠩ ᠯᠥᠸᠧ ᠰᠢᠶᠠᠨ ᠤ ᠴᠠᠭᠠᠨ ᠭᠡᠷᠡᠮ ᠠᠴᠠ ᠡᠬᠢᠯᠡᠬᠦᠯᠦᠨ ᠨᠢᠩ ᠰᠥᠸᠧ᠂ ᠵᠦᠩ ᠸᠧᠢ᠂ ᠭᠤᠣ ᠯᠠᠨ᠂ ᠫᠢᠩ ᠹᠠᠨ᠂ ᠬᠦ᠋ ᠯᠠᠩ᠂ ᠡᠤ ᠸᠧᠢ᠂ ᠵᠧᠩ ᠹᠠᠨ᠂ ᠶᠦᠨ ᠴᠠᠩ᠂ ᠱᠠᠨ ᠳ᠋ᠠᠨ᠂ ᠵᠠᠩ ᠶᠧ᠂ ᠭᠤᠣ ᠲᠠᠢ ᠰᠢᠶᠠᠨ ᠬᠦᠷᠳᠡᠯ᠎ᠡ ᠮᠤᠩᠭᠤᠯ ᠢᠷᠭᠡᠨ ᠬᠤᠶᠠᠷ ᠤᠨ ᠵᠠᠬ᠎ᠠ ᠵᠢᠱᠢᠶᠠᠰᠣ ᠶᠢ ᠴᠠᠭᠠᠨ ᠭᠡᠷᠡᠮ ᠢᠶᠠᠷ ᠵᠠᠯᠭᠠᠵᠤ᠂ ᠭᠡᠷᠡᠮ ᠠᠴᠠ ᠭᠠᠳᠠᠭᠰᠢ ᠵᠢᠷᠠᠨ ᠭᠠᠵᠠᠷ ᠤᠨ ᠳᠣᠳᠣᠷ᠎ᠠ ᠢᠷᠭᠡᠨ ᠤ ᠮᠠᠯ ᠠᠳᠣᠭᠤᠯᠬᠤ᠂ ᠲᠦᠯᠡᠰᠢ ᠠᠪᠬᠤ ᠭᠠᠵᠠᠷ ᠪᠤᠯᠭᠠᠨ ᠲᠤᠭᠳᠠᠭᠠᠵᠠᠢ᠃ ᠮᠦᠨ ᠭᠤᠤ ᠲᠠᠢ ᠶᠢᠨ ᠭᠡᠷᠡᠮ ᠠᠴᠠ ᠢᠭᠡᠷ᠎ᠡ ᠬᠤᠳᠠ ︵ᠱᠤᠸᠠᠩ ᠴᠧᠩ ᠽᠢ︶ ᠪᠤᠯᠤᠨ ᠡᠵᠡᠨ᠎ᠡ ᠭᠤᠤᠯ ᠢᠶᠠᠷ ᠳᠠᠭᠠᠷᠢᠭᠤᠯᠤᠨ ᠭᠠᠯᠪᠠ ᠶᠢᠨ ᠭᠤᠪᠢ ᠳᠤᠷ ᠳᠣᠯᠭᠠᠵᠤ᠂ ᠳᠡᠨᠳᠡ ᠠᠴᠠ ᠠᠷᠤ ᠮᠤᠩᠭᠤᠯ ᠤᠨ ᠳᠦᠰᠢᠶᠡᠳᠣ ᠬᠠᠨ ᠠᠶᠢᠮᠠᠭ ᠤᠨ ᠵᠠᠰᠠᠭ ᠤᠨ ᠬᠤᠰᠢᠭᠤ᠂ ᠰᠠᠶᠢᠨ ᠨᠤᠶᠠᠨ ᠠᠶᠢᠮᠠᠭ ᠤᠨ ᠳᠦᠰᠢᠶᠠᠳᠣ ᠬᠤᠰᠢᠭᠤ᠂ ᠦᠪᠦᠷ ᠮᠤᠩᠭᠤᠯ ᠤᠨ ᠣᠯᠠᠭᠠᠨᠴᠠᠪ ᠤᠨ ᠴᠢᠭᠤᠯᠭᠠᠨ ᠤ ᠣᠷᠠᠳ ᠤᠨ ᠳᠣᠮᠳᠠᠳᠣ ᠪᠠ ᠪᠠᠷᠠᠭᠤᠨ ᠬᠤᠰᠢᠭᠤ᠂ ᠶᠡᠭᠡ ᠵᠣᠣ ᠶᠢᠨ ᠴᠢᠭᠤᠯᠭᠠᠨ ᠤ ᠬᠠᠩᠭᠢᠨ ᠬᠤᠰᠢᠭᠤ ᠯᠤᠭ᠎ᠠ ᠵᠠᠬ᠎ᠠ ᠵᠠᠯᠭᠠᠭᠰᠠᠭᠠᠷ ᠬᠠᠳᠣᠨ ᠭᠤᠣᠯ ᠳᠤᠷ ᠳᠣᠯᠭᠠᠵᠤ᠂ ᠳᠡᠨᠳᠡ ᠠᠴᠠ ᠮᠥᠨ ᠬᠦ ᠬᠠᠳᠣᠨ ᠭᠤᠣᠯ ᠢ ᠦᠭᠰᠦᠨ ᠣᠳᠤᠭ ᠬᠤᠰᠢᠭᠤ ᠯᠤᠭ᠎ᠠ ᠵᠠᠬ᠎ᠠ ᠨᠡᠶᠢᠯᠡᠭᠰᠡᠭᠡᠷ ᠶᠠᠪᠤᠵᠤ ᠫᠢᠩ ᠯᠥᠸᠧ ᠰᠢᠶᠠᠨ ᠤ ᠴᠠᠭᠠᠨ ᠭᠡᠷᠡᠮ ᠳᠤᠷ ᠳᠣᠯᠭᠠᠨ ᠳᠣᠭᠤᠷᠢᠯᠭ᠎ᠠ ᠳᠣᠭᠳᠠᠭᠠᠵᠣ ᠦᠭᠬᠦᠭᠰᠡᠨ ᠪᠠᠶᠢᠨ᠎ᠠ᠃ ᠬᠤᠶᠠᠷ ᠮᠥᠨ ᠬᠠᠭᠠᠨ ᠤ ᠭᠤᠴᠢᠨ ᠵᠢᠷᠭᠤᠳᠣᠭᠠᠷ ᠣᠨ ︵1697 ᠣᠨ︶ ᠳᠤ ᠬᠤᠷᠤᠯᠢ ᠳᠤ ᠵᠠᠰᠠᠭ ᠳᠠᠮᠠᠭ᠎ᠠ ᠱᠠᠩᠨᠠᠵᠤ᠂ ᠳᠦᠷᠤ ᠶᠢᠨ ᠪᠠᠶᠢᠯᠠ ᠡᠷᠬᠦᠮᠵᠢᠯᠡᠭᠡᠳ ᠠᠯᠠᠱᠠ ᠬᠤᠱᠣᠳ ᠬᠤᠰᠢᠭᠤ ᠭᠡᠮᠡᠨ ᠨᠡᠷᠡᠶᠢᠳᠴᠣ᠂ ᠶᠠᠮᠠᠷ ᠴᠦ ᠴᠢᠭᠤᠯᠭᠠᠨ ᠠᠶᠢᠮᠠᠭ ᠲᠤᠷ ᠬᠠᠮᠢᠶᠠᠷᠤᠭᠤᠯᠤᠭᠰᠠᠨ ᠦᠭᠡᠢ ᠪᠠᠷ ᠣᠨᠴᠠᠭᠠᠢ ᠬᠤᠰᠢᠭᠤ ᠪᠤᠯᠭᠠᠨ ᠭᠠᠳᠠᠭᠠᠳᠣ ᠮᠤᠩᠭᠤᠯ ᠤᠨ ᠳᠦᠷᠤ ᠶᠢ ᠵᠠᠰᠠᠬᠤ ᠶᠠᠪᠤᠳᠠᠯ ᠤᠨ ᠶᠡᠮᠤᠨ ᠠᠴᠠ ᠰᠢᠭᠤᠳ ᠵᠠᠬᠢᠷᠣᠭᠤᠯᠬᠤ ᠪᠠᠷ ᠳᠣᠭᠳᠠᠭᠠᠵᠡᠢ᠃ ᠬᠤᠰᠢᠭᠤ ᠪᠤᠯᠤᠨ ᠳᠣᠭᠳᠠᠭᠰᠠᠨ ᠠᠴᠠ ᠡᠬᠢᠯᠡᠵᠤ ᠠᠷᠪᠠᠨ ᠡᠷᠦᠭᠡ ᠳᠤ ᠨᠢᠭᠡ ᠳᠠᠷᠤᠭ᠎ᠠ ᠳᠠᠯᠪᠢᠭᠰᠠᠨ ᠪᠦᠭᠡᠳ ᠪᠦᠬᠦ ᠬᠤᠰᠢᠭᠤ ᠪᠠᠨ ᠵᠢᠷᠭᠤᠭᠠᠨ ᠭᠡᠰᠡᠭ ᠬᠤᠪᠢᠶᠠᠵᠤ᠂ ᠬᠤᠰᠢᠭᠤᠨ ᠤ ᠵᠠᠰᠠᠭ ᠤᠨ ᠣᠷᠳᠣᠨ ᠠᠴᠠ ᠳᠣᠰ ᠳᠣᠰ ᠬᠤᠶᠠᠷ ᠳᠦᠰᠢᠮᠡᠯ ᠳᠣᠮᠢᠯᠠᠨ ᠠᠷᠪᠠᠨ ᠡᠷᠦᠭᠡ ᠶᠢᠨ ᠳᠠᠷᠤᠭ᠎ᠠ ᠨᠠᠷ ᠯᠤᠭ᠎ᠠ ᠬᠠᠮᠵᠢᠯᠴᠠᠵᠤ ᠵᠠᠬᠢᠷᠤᠯ ᠤᠨ ᠭᠡᠪᠴᠢᠶ᠎ᠡ ᠳᠣᠳᠣᠷᠠᠬᠢ ᠠᠶᠢᠯ ᠠᠷᠠᠳ ᠤᠨ ᠭᠡᠷᠡᠭ ᠶᠠᠪᠤᠳᠠᠯ ᠢ ᠰᠢᠳᠭᠡᠳᠡᠭ ᠪᠠᠶᠢᠵᠡᠢ᠃ ᠳᠡᠳᠡᠭᠡᠷ ᠵᠢᠷᠭᠤᠭᠠᠨ ᠭᠡᠰᠡᠭ ᠵᠠᠬᠢᠷᠭᠠᠨ ᠤ ᠳᠣᠭᠤᠷᠢᠭ ᠤᠨ ᠵᠠᠬ᠎ᠠ ᠵᠢᠱᠢᠶᠠᠰᠣ ᠶᠢᠨ ᠭᠠᠵᠠᠷ ᠤᠨ ᠨᠡᠷᠡᠶᠢᠳᠦᠯ᠄ ︵ᠨᠢᠭᠡ︶ ᠨᠢᠭᠡᠳᠣᠭᠡᠷ ᠳᠣᠭᠤᠷᠢᠭ ᠤᠨ ᠡᠮᠤᠨ᠎ᠡ ᠵᠠᠬ᠎ᠠ ᠠᠨᠤ ᠬᠠᠳᠣᠨ ᠭᠤᠣᠯ ᠤᠨ ᠬᠦᠪᠡᠭᠡ ᠠᠴᠠ ᠢᠨᠠᠭᠰᠢ᠂ ᠪᠠᠷᠠᠭᠤᠨ ᠡᠳᠡᠭᠡᠳ ᠦᠨᠴᠦᠭᠳᠡᠢ᠂ ᠣᠮᠠᠷᠠᠳᠣ ᠡᠳᠡᠭᠡᠳ ᠬᠠᠪᠳᠠᠷᠭ᠎ᠠ ᠶᠢᠨ ᠡᠯᠡᠰᠣ ︵ᠬᠡᠩᠭᠡᠷᠭᠡ ᠶᠢᠨ ᠡᠯᠡᠰᠣ︶᠂ ᠡᠮᠤᠨ᠎ᠡ ᠡᠳᠡᠭᠡᠳ ᠴᠠᠭᠠᠨ ᠳᠣᠬᠤᠢ ᠪᠤᠯᠤᠮᠤᠢ᠃ ︵ᠬᠤᠶᠠᠷ︶ ᠬᠤᠶᠠᠳᠣᠭᠠᠷ ᠳᠣᠭᠤᠷᠢᠭ ᠤᠨ ᠵᠡᠬᠦᠨ ᠵᠠᠬ᠎ᠠ ᠠᠨᠤ ᠬᠠᠪᠳᠠᠷᠭ᠎ᠠ ᠶᠢᠨ ᠡᠯᠡᠰᠣᠨ ᠠᠴᠠ ᠪᠠᠷᠠᠭᠤᠨ ᠡᠳᠡᠭᠡᠳ ᠬᠦᠢᠪᠦᠷᠢ᠂ ᠭᠡᠭᠡᠷ ᠮᠤᠷᠢᠳᠣ᠂ ᠣᠮᠠᠷᠠᠳᠣ ᠡᠳᠡᠭᠡᠳ ᠣᠯᠠᠭᠠᠨ ᠪᠤᠯᠠᠭ᠂ ᠵᠡᠬᠦᠨ ᠡᠳᠡᠭᠡᠳ ᠬᠠᠳᠣᠨ ᠭᠤᠣᠯ ᠤᠨ ᠬᠦᠪᠡᠭᠡ ᠪᠤᠯᠤᠮᠤᠢ᠃ ︵ᠭᠤᠷᠪᠠ︶ ᠭᠤᠷᠪᠠᠳᠣᠭᠠᠷ ᠳᠣᠭᠤᠷᠢᠭ ᠤᠨ ᠵᠡᠬᠦᠨ ᠬᠤᠶᠢᠳᠣ ᠵᠠᠬ᠎ᠠ ᠠᠨᠤ ᠵᠢᠷᠠᠳᠠᠢ ᠠᠴᠠ ᠵᠡᠬᠦᠨ ᠪᠠᠷᠠᠭᠤᠨ ᠬᠤᠶᠠᠷ ᠱᠠᠷᠽᠠ᠂ ᠪᠠᠷᠠᠭᠤᠨ ᠡᠳᠡᠭᠡᠳ ᠨᠠᠷᠢᠨ ᠬᠠᠷ᠎ᠠ᠂ ᠪᠠᠷᠠᠭᠤᠨ ᠨᠢᠷᠤᠭᠤᠨ᠂ ᠪᠢᠴᠢᠭᠳᠡᠢ᠂ ᠴᠢᠪᠠᠭᠠᠨᠴᠠ ᠵᠡᠬᠦᠨ ᠡᠳᠡᠭᠡᠳ ᠣᠯᠠᠭᠠᠨ ᠪᠤᠯᠠᠭ᠂ ᠳᠦᠬᠦᠮ ᠵᠡᠷᠭᠡ ᠪᠤᠯᠤᠮᠤᠢ᠃ ︵ᠳᠦᠷᠪᠡ︶ ᠳᠦᠷᠪᠡᠳᠦᠭᠡᠷ ᠳᠣᠭᠤᠷᠢᠭ ᠤᠨ ᠣᠮᠠᠷᠠᠳᠣ ᠵᠠᠬ᠎ᠠ ᠠᠨᠤ ᠬᠦᠪᠦᠯᠦᠩ ᠠᠴᠠ ᠳᠣᠯᠣᠭᠠᠨ ᠪᠣᠣᠷ᠎ᠠ᠂ ᠣᠮᠠᠷᠠᠳᠣ ᠡᠳᠡᠭᠡᠳ ᠵᠢᠷᠠᠨ᠂ ᠵᠡᠬᠦᠨ ᠡᠳᠡᠭᠡᠳ ᠬᠦᠨᠳᠦᠯᠡᠢ᠂ ᠪᠠᠷᠰᠯᠠᠢ᠂ ᠪᠠᠷᠠᠭᠤᠨ ᠡᠳᠡᠭᠡᠳ ᠬᠤᠮᠠᠬᠢ ᠶᠢᠨ ᠡᠯᠡᠰᠣᠨ ᠪᠤᠯᠤᠮᠤᠢ᠃ ︵ᠳᠠᠪᠤ︶ ᠳᠠᠪᠤᠳᠣᠭᠠᠷ ᠳᠣᠭᠤᠷᠢᠭ ᠤᠨ ᠪᠠᠷᠠᠭᠤᠨ ᠬᠤᠶᠢᠳᠣ ᠵᠠᠬ᠎ᠠ ᠠᠨᠤ ᠡᠮᠤᠨᠡᠳᠣ ᠡᠳᠡᠭᠡᠳ ᠵᠠᠬ᠎ᠠ ᠬᠦᠯ᠂ ᠣᠮᠠᠷᠠᠳᠣ ᠡᠳᠡᠭᠡᠳ ᠡᠷᠭᠡᠬᠠᠰᠢᠬ᠎ᠠ᠂ ᠵᠡᠬᠦᠨ ᠡᠳᠡᠭᠡᠳ ᠳᠣᠣᠯᠠᠨᠳᠠᠢ᠂ ᠪᠠᠷᠠᠭᠤᠨ ᠡᠳᠡᠭᠡᠳ ᠣᠪᠣᠭᠠᠯᠢᠩ ᠤᠨ ᠨᠢᠷᠤᠭᠤᠨ ᠂ ᠨᠠᠷᠢᠨ ᠪᠤᠷᠤᠯᠵᠢ ᠪᠤᠯᠤᠮᠤᠢ᠃ ︵ᠵᠢᠷᠭᠤᠭ᠎ᠠ︶ ᠵᠢᠷᠭᠤᠳᠣᠭᠠᠷ ᠳᠣᠭᠤᠷᠢᠭ ᠤᠨ ᠪᠠᠷᠠᠭᠤᠨ ᠵᠠᠬ᠎ᠠ ᠠᠨᠤ ᠳᠡᠮᠤᠷ ᠡᠬᠦᠳᠡᠨ ᠠᠴᠠ ᠴᠠᠭᠠᠨ ᠭᠡᠷᠡᠮ ᠬᠦᠪᠡᠭᠡᠯᠡᠨ᠂ ᠴᠢᠨᠠᠭᠰᠢᠯᠠᠵᠤ ᠳᠡᠷᠡᠰᠣᠨ ᠤ ᠡᠬᠦᠳᠡ ᠪᠠ ᠪᠠᠷᠠᠭᠤᠨ ᠵᠠᠬ᠎ᠠ ᠰᠠᠨ ᠢᠩ ᠵᠢᠩ᠂ ᠨᠤᠭᠤᠭᠠᠨ ᠨᠢᠷᠤᠭᠤᠨ ᠳ᠋ᠠᠮᠪᠠ᠃ ᠳᠣᠣᠳᠣ᠂ ᠢᠪᠴᠢᠪ᠂ ᠣᠭᠤᠨᠣᠳᠣ᠂ ᠴᠠᠭᠠᠨᠪᠤᠯᠠᠭ᠂ ᠪᠣᠷᠣ ᠳᠠᠪᠣᠰᠣᠨ᠂ ᠵᠠᠭᠳᠣ᠂ ᠭᠤᠷᠪᠡᠨ ᠪᠤᠭᠤᠷᠤᠯ᠂ ᠬᠠᠷ᠎ᠠ ᠬᠤᠴᠠ᠂ ᠨᠤᠮᠤᠬᠠᠨ᠂ ᠠᠷᠤ ᠬᠤᠳᠳᠤᠭ ᠵᠡᠷᠭᠡ ᠪᠤᠶᠤ᠃ ︵ᠳᠡᠭᠡᠷᠡᠬᠢ ᠵᠢᠷᠭᠤᠭᠠᠨ ᠭᠡᠰᠡᠭ ᠵᠠᠬᠢᠷᠭᠠᠨ ᠤ ᠳᠣᠭᠤᠷᠢᠭ ᠤᠨ ᠵᠠᠬ᠎ᠠ ᠵᠢᠱᠢᠶᠠᠰᠣ ᠶᠢᠨ ᠭᠠᠵᠠᠷ ᠤᠨ ᠨᠡᠷᠡᠰ ᠢ ᠨᠠᠷᠢᠪᠴᠢᠯᠠᠵᠤ ᠦᠵᠡᠪᠡᠯ ᠪᠦᠬᠦ ᠠᠯᠠᠱᠠ ᠶᠢᠨ ᠨᠣᠳᠤᠭ ᠳᠡᠪᠢᠰᠭᠡᠷ ᠢ ᠪᠦᠷᠢᠨ ᠪᠦᠷᠬᠦᠵᠤ ᠴᠢᠳᠠᠭᠰᠠᠨ ᠦᠭᠡᠢ᠂ ᠨᠡᠩ ᠢᠯᠠᠩᠭᠤᠶ᠎ᠠ ᠣᠳᠣ ᠶᠢᠨ ᠪᠠᠶᠠᠨᠬᠤᠳᠠ ᠣᠷᠴᠢᠮ ᠤᠨ ᠨᠡᠯᠢᠶᠡᠳ ᠶᠡᠭᠡ ᠨᠢᠭᠡ ᠭᠡᠰᠡᠭ ᠭᠠᠵᠠᠷ ᠤᠨ ᠨᠡᠷᠡᠰ ᠣᠷᠣᠭᠰᠠᠨ ᠦᠭᠡᠢ ᠪᠠᠷ ᠦᠵᠡᠪᠡᠯ ᠪᠠᠰᠠ ᠬᠤᠶᠠᠷ ᠳᠣᠭᠤᠷᠢᠭ ᠤᠨ ᠭᠠᠵᠠᠷ ᠤᠨ ᠨᠡᠷᠡᠰ ᠭᠡᠭᠡᠭᠳᠡᠭᠰᠡᠨ ᠪᠠᠶᠢᠳᠠᠯ ᠲᠠᠢ᠃ ᠡᠶᠢᠮᠤ ᠠᠴᠠ ᠳᠣᠬᠠᠢ ᠶᠢᠨ ᠦᠶ᠎ᠡ ᠳᠤ ᠨᠠᠢᠮᠠᠨ ᠵᠠᠰᠠᠭ ᠵᠠᠬᠢᠷᠭᠠᠨ ᠤ ᠳᠣᠭᠤᠷᠢᠭ ᠪᠤᠶᠤ ᠨᠠᠢᠮᠠᠨ ᠰᠣᠮᠣ ᠪᠠᠶᠢᠭᠰᠠᠨ ᠭᠡᠳᠡᠭ ᠨᠢ ᠵᠦᠪ ᠪᠦᠯᠦᠭᠡ︶ ᠰᠠᠶᠢᠰᠢᠶᠠᠯᠳᠣ ᠢᠷᠦᠭᠡᠯᠳᠣ ᠶᠢᠨ ᠬᠤᠷᠢᠨ ᠭᠤᠷᠪᠠᠳᠣᠭᠠᠷ ᠣᠨ ︵1818 ᠤᠨ︶ ᠳᠤ ᠣᠷᠢᠳᠣ ᠶᠢᠨ ᠵᠢᠷᠭᠤᠭᠠᠨ ᠭᠡᠰᠡᠭ ᠬᠤᠪᠢᠶᠠᠨ ᠵᠠᠬᠢᠷᠴᠣ ᠪᠠᠶᠢᠭᠰᠠᠨ ᠢᠶᠠᠨ ᠬᠤᠪᠢᠷᠠᠭᠤᠯᠵᠤ᠂ ᠪᠦᠬᠦ ᠬᠤᠰᠢᠭᠤ ᠪᠠᠨ ᠭᠤᠴᠢᠨ ᠵᠢᠷᠭᠤᠭᠠᠨ ᠪᠠᠭ ᠪᠤᠯᠭᠠᠨ ᠳᠣᠭᠳᠠᠭᠠᠵᠣ᠂ ᠬᠤᠰᠢᠭᠤᠨ ᠠᠴᠠ ᠪᠠᠭ ᠪᠦᠷᠢ ᠳᠤ ᠠᠬᠠᠮᠠᠳ ᠳᠠᠭᠠᠭᠠᠮᠠᠯ ᠨᠢᠭᠡ ᠨᠡᠷ᠎ᠡ᠂ ᠳᠡᠳ᠋ ︵ᠪᠠᠭᠠᠯᠣᠣᠷ ︶ ᠳᠠᠭᠠᠭᠠᠮᠠᠯ ᠨᠢᠭᠡ ᠨᠠᠷ᠎ᠠ ᠠᠴᠠ ᠭᠠᠳᠠᠨ᠎ᠠ ᠪᠠᠭ ᠤᠨ ᠶᠡᠭᠡ ᠪᠠᠭ᠎ᠠ᠂ ᠠᠶᠢᠯ ᠠᠷᠠᠳ ᠤᠨ ᠣᠯᠠᠨ ᠴᠦᠭᠡᠨ ᠢ ᠦᠨᠳᠦᠰᠦᠯᠡᠵᠤ ᠭᠤᠷᠪᠠ ᠠᠴᠠ ᠠᠷᠪᠠᠨ ᠨᠡᠷ᠎ᠡ ᠬᠠᠪᠰᠣᠷᠭ᠎ᠠ ᠳᠠᠭᠠᠭᠠᠮᠠᠯ ᠵᠡᠷᠭᠡ ᠶᠢ ᠰᠢᠭᠤᠳ ᠳᠣᠮᠢᠯᠠᠳᠠᠭ ᠪᠤᠯᠵᠡᠢ᠃ ᠡᠨᠡ ᠭᠤᠴᠢᠨ ᠵᠢᠷᠭᠤᠭᠠᠨ ᠪᠠᠭ ᠲᠤ ᠭᠤᠪᠢ ᠶᠢᠨ ᠠᠷᠪᠠᠨ ᠪᠠᠭ᠄ ᠡᠷᠪᠡᠭᠡᠢ ᠶᠢᠨ ᠪᠠᠭ᠂ ᠪᠠᠳᠠᠢ ᠶᠢᠨ ᠵᠢᠷᠠᠨ ᠤ ᠪᠠᠭ᠂ ᠪᠠᠶᠠᠨᠨᠢᠷᠤᠭᠤᠨ ᠤ ᠪᠠᠭ᠂ ᠶᠠᠪᠠᠷᠡᠢ ᠶᠢᠨ ᠪᠠᠭ᠂ ᠰᠢᠭᠤᠢ ᠶᠢᠨ ᠪᠠᠭ᠂ ᠽᠣᠨ ᠤ ᠪᠠᠭ᠂ ᠭᠤᠶᠢᠽᠠ ᠶᠢᠨ ᠪᠠᠭ᠂ ᠪᠠᠷᠠᠭᠤᠨ ᠱᠠᠷᠽᠠ ᠶᠢᠨ ᠪᠠᠭ᠂ ᠵᠡᠬᠦᠨ ᠱᠠᠷᠽᠠ ᠶᠢᠨ ᠪᠠᠭ᠂ ᠳᠦᠬᠦᠮ ᠤᠨ ᠪᠠᠭ ᠪᠤᠯᠤᠨ᠎ᠠ᠃ ᠪᠠᠷᠠᠭᠤᠨ ᠠᠷᠪᠠᠨ ᠳᠦᠷᠪᠡᠨ ᠪᠠᠭ᠄ ᠪᠠᠷᠠᠭᠤᠨ ᠪᠡᠯ ᠤᠨ ᠪᠠᠭ᠂ ᠬᠦᠪᠡᠭᠡᠨᠠᠮᠤᠭ ᠤᠨ ᠪᠠᠭ᠂ ᠱᠠᠩ ᠤᠨ ᠳᠠᠯᠠᠢ ᠪᠠᠭ᠂ ᠬᠤᠶᠠᠷ ᠬᠤᠳᠳᠤᠭ ᠤᠨ ᠪᠠᠭ᠂ ᠬᠦᠭᠡᠪᠦ᠋ᠷᠢᠳᠣ ᠶᠢᠨ ᠪᠠᠭ᠂ ᠪᠠᠶ᠋ᠬᠠᠠᠭᠤᠯᠨ ᠶᠢᠨ ᠪᠠᠭ᠂ ᠪᠠᠶᠠᠨᠪᠦ᠋ᠷᠢᠳᠣ ᠶᠢᠨ ᠪᠠᠭ᠂ ᠰᠢᠷᠡᠪᠦ᠋ᠷᠢᠳᠣ ᠶᠢᠨ ᠪᠠᠭ ᠵᠡᠷᠭᠡ ᠪᠤᠯᠤᠨ᠎ᠠ᠃ ᠵᠡᠬᠦᠨ ᠠᠷᠪᠠᠨ ᠬᠤᠶᠠᠷ ᠪᠠᠭ᠄ ᠵᠡᠬᠦᠨ ᠪᠡᠯ ᠤᠨ ᠪᠠᠭ᠂ ᠪᠤᠭᠤᠳᠣ ᠪᠠᠭ᠂ ᠰᠦᠮᠡᠳᠣ ᠶᠢᠨ ᠪᠠᠭ᠂ ᠣᠳᠣ ᠶᠢᠨ ᠪᠠᠭ᠂ ᠵᠢᠷᠠᠳᠠᠢ ᠶᠢᠨ ᠪᠠᠭ᠂ ᠬᠤᠩᠭᠤᠷᠡᠦ᠋ᠯᠦᠩ ᠤᠨ ᠪᠠᠭ᠂ ᠬᠦᠢᠪᠦᠷᠢ ᠶᠢᠨ ᠪᠠᠭ᠂ ᠬᠠᠷᠤᠤᠨ᠎ᠠ ᠶᠢᠨ ᠪᠠᠭ᠂ ᠱᠠᠵᠢᠨᠳᠣᠬᠤᠢ ᠶᠢᠨ ᠪᠠᠭ᠂ ᠬᠠᠷᠬᠠᠣᠨᠢᠳᠣ ᠶᠢᠨ ᠪᠠᠭ᠂ ᠳᠣᠯᠣᠭᠠᠨ ᠰᠣᠬᠠᠢ ᠶᠢᠨ ᠪᠠᠭ᠂ ᠳ᠋ᠧᠩᠺᠸᠣ ᠶᠢᠨ ᠪᠠᠭ ᠵᠡᠷᠭᠡ ᠪᠤᠯᠤᠨ᠎ᠠ᠃ ᠡᠬᠦᠨ ᠳᠤ ᠰᠡᠬᠦᠯ ᠤᠨ ᠳᠦᠷᠪᠡᠨ ᠪᠠᠭ ᠢ ᠬᠠᠳᠣᠨ ᠭᠤᠣᠯ ᠳᠠᠭᠠᠵᠣ ᠪᠠᠶᠢᠬᠤ ᠳᠣᠯᠠ ᠭᠤᠤᠯ ᠤᠨ ᠳᠦᠷᠪᠡᠨ ᠪᠠᠭ ᠭᠡᠳᠡᠭ᠃ ᠴᠢᠯᠦᠭᠡᠯᠡᠭᠳᠡᠭᠰᠡᠨ ᠤ ᠳᠠᠷᠠᠭ᠎ᠠ ᠣᠭ ᠤᠨ ᠭᠤᠴᠢᠨ ᠵᠢᠷᠭᠤᠭᠠᠨ ᠪᠠᠭ ᠢ ᠵᠢᠷᠭᠤᠭᠠᠨ ᠰᠣᠮᠣ ᠳᠤ ᠬᠤᠪᠢᠶᠠᠨ ᠵᠠᠬᠢᠷᠤᠭᠤᠯᠪᠠ᠃ ᠨᠢᠭᠡᠳᠦᠭᠡᠷ ᠰᠣᠮᠣ ︵ᠰᠣᠮᠣ ᠶᠢᠨ ᠳᠦᠪ ᠨᠢ ᠪᠠᠶᠠᠨᠬᠤᠳᠠ ᠪᠤᠯᠤᠨ᠎ᠠ︶᠄ ᠡᠬᠦᠨ ᠳᠤ ᠬᠠᠮᠢᠶᠠᠷᠤᠭᠳᠠᠬᠤ ᠨᠢ ᠵᠡᠬᠦᠨ ᠪᠡᠯ ᠤᠨ ᠪᠠᠭ᠂ ᠣᠳᠣ ᠶᠢᠨ ᠪᠠᠭ᠂ ᠪᠣᠭᠤᠳᠣ ᠶᠢᠨ ᠪᠠᠭ᠂ ᠪᠠᠷᠠᠭᠤᠨ ᠪᠡᠯ ᠤᠨ ᠪᠠᠭ᠂ ᠬᠦᠪᠡᠭᠡᠨᠠᠮᠤᠭ ᠤᠨ ᠪᠠᠭ᠂ ᠱᠠᠩ ᠤᠨ ᠳᠠᠯᠠᠢ ᠶᠢᠨ ᠪᠠᠭ ᠵᠡᠷᠭᠡ ᠵᠢᠷᠭᠤᠭᠠᠨ ᠪᠠᠭ ᠲᠠᠢ᠃ ᠬᠤᠶᠠᠳᠣᠭᠠᠷ ᠰᠣᠮᠣ ︵ᠰᠣᠮᠣ ᠶᠢᠨ ᠳᠦᠪ ᠨᠢ ᠴᠠᠭᠠᠨ ᠪᠤᠯᠠᠭ ᠪᠤᠯᠤᠨ᠎ᠠ︶᠄ ᠴᠠᠭᠠᠨ ᠪᠤᠯᠠᠭ ᠤᠨ ᠪᠠᠭ᠂ ᠴᠠᠭᠠᠨ ᠨᠠᠭᠤᠷ ᠤᠨ ᠪᠠᠭ᠂ ᠡᠷᠭᠡᠬᠠᠰᠢᠬ᠎ᠠ ᠶᠢᠨ ᠪᠠᠭ᠂ ᠵᠠᠬ᠎ᠠ ᠳᠣᠯᠣᠭᠠᠨ ᠤ ᠪᠠᠭ᠂ ᠳᠣᠩᠬᠤ ᠶᠢᠨ ᠪᠠᠭ᠂ ᠬᠤᠶᠠᠷ ᠬᠤᠳᠳᠤᠭ ᠤᠨ ᠪᠠᠭ᠂ ᠳᠣᠣᠯᠠᠨᠳᠠᠢ ᠶᠢᠨ ᠪᠠᠭ ᠳᠣᠯᠣᠭᠠᠨ ᠪᠠᠭ ᠵᠡᠷᠭᠡ ᠲᠠᠢ᠃ ᠭᠤᠷᠪᠠᠳᠣᠭᠠᠷ ᠰᠣᠮᠣ ︵ᠰᠣᠮᠣ ᠶᠢᠨ ᠳᠦᠪ ᠨᠢ ᠬᠤᠳᠠ ᠶᠢᠨ ᠣᠪᠣᠭ᠎ᠠ ᠪᠤᠯᠤᠨ᠎ᠠ︶᠄ ᠰᠦᠮᠡᠳᠣ ᠶᠢᠨ ᠪᠠᠭ᠂ ᠬᠦᠭᠡᠪᠦ᠋ᠷᠢᠳᠣ ᠶᠢᠨ ᠪᠠᠭ᠂ ᠪᠠᠶᠠᠨᠪᠦ᠋ᠷᠢᠳᠣ ᠶᠢᠨ ᠪᠠᠭ᠂ ᠰᠢᠷᠡᠪᠦ᠋ᠷᠢᠳᠣ ᠶᠢᠨ ᠪᠠᠭ᠂ ᠪᠠᠶ᠋ᠬᠠᠠᠭᠤᠯᠨ ᠶᠢᠨ ᠪᠠᠭ᠂ ᠵᠢᠷᠠᠳᠠᠢ ᠶᠢᠨ ᠪᠠᠭ ᠵᠡᠷᠭᠡ ᠵᠢᠷᠭᠤᠭᠠᠨ ᠪᠠᠭ ᠲᠠᠢ᠃ ᠳᠦᠷᠪᠡᠳᠦᠭᠡᠷ ᠰᠣᠮᠣ ︵ᠰᠣᠮᠣ ᠶᠢᠨ ᠳᠦᠪ ᠨᠢ ᠳᠣᠯᠣᠭᠠᠨ ᠬᠤᠣᠨᠳᠤᠭ ᠪᠤᠯᠤᠨ᠎ᠠ︶᠄ ᠶᠠᠪᠠᠷᠡᠢ ᠶᠢᠨ ᠪᠠᠭ᠂ ᠰᠢᠭᠤᠢ ᠶᠢᠨ ᠪᠠᠭ᠂ ᠽᠣᠨ ᠤ ᠪᠠᠭ᠂ ᠡᠷᠪᠡᠭᠡᠢ ᠶᠢᠨ ᠪᠠᠭ᠂ ᠪᠠᠳᠠᠢ ᠶᠢᠨ ᠵᠢᠷᠠᠨ ᠤ ᠪᠠᠭ ᠵᠡᠷᠭᠡ ᠳᠠᠪᠤᠨ ᠪᠠᠭ ᠲᠠᠢ᠃ ᠳᠠᠪᠣᠳᠣᠭᠠᠷ ᠰᠣᠮᠣ ︵ᠰᠣᠮᠣ ᠶᠢᠨ ᠳᠦᠪ ᠨᠢ ᠪᠠᠳᠠᠢ ᠶᠢᠨ ᠭᠠᠰᠢᠭᠤᠨ ᠪᠤᠯᠤᠨ᠎ᠠ︶ ᠬᠤᠩᠭᠤᠷᠡᠦ᠋ᠯᠦᠩ ᠤᠨ ᠪᠠᠭ᠂ ᠪᠠᠶᠠᠨᠨᠢᠷᠤᠭᠤᠨ ᠤ ᠪᠠᠭ᠂ ᠭᠤᠶᠢᠽᠠ ᠶᠢᠨ ᠪᠠᠭ᠂ ᠪᠠᠷᠠᠭᠤᠨ ᠱᠠᠷᠽᠠ ᠶᠢᠨ ᠪᠠᠭ᠂ ᠵᠡᠬᠦᠨ ᠱᠠᠷᠽᠠ ᠶᠢᠨ ᠪᠠᠭ᠂ ᠳᠦᠬᠦᠮ ᠤᠨ ᠪᠠᠭ ᠵᠡᠷᠭᠡ ᠵᠢᠷᠭᠤᠭᠠᠨ ᠪᠠᠭ ᠲᠠᠢ᠃ ᠵᠢᠷᠭᠤᠳᠣᠭᠠᠷ ᠪᠠᠭ ︵ᠰᠣᠮᠣ ᠶᠢᠨ ᠳᠦᠪ ᠨᠢ ᠰᠣᠬᠠᠢ ᠣᠪᠣᠭ᠎ᠠ ᠪᠣᠯᠣᠨ᠎ᠠ︶᠄ ᠬᠦᠢᠪᠤᠷᠢ ᠶᠢᠨ ᠪᠠᠭ᠂ ᠬᠠᠷᠤᠤᠨ᠎ᠠ ᠶᠢᠨ ᠪᠠᠭ᠂ ᠱᠠᠵᠢᠨᠳᠣᠬᠤᠢ ᠶᠢᠨ ᠪᠠᠭ᠂ ᠪᠠᠶᠠᠨᠳᠣᠬᠤᠢ ᠶᠢᠨ ᠪᠠᠭ ︵ᠣᠭ ᠤᠨ ᠬᠠᠷᠬᠠᠣᠨᠢᠳᠣ ᠶᠢᠨ ᠪᠠᠭ︶᠂ ᠳᠣᠯᠣᠭᠠᠨ ᠰᠣᠬᠠᠢ ᠶᠢᠨ ᠪᠠᠭ᠂ ᠳ᠋ᠧᠩᠺᠸᠣ ᠶᠢᠨ ᠪᠠᠭ ᠵᠡᠷᠭᠡ ᠵᠢᠷᠭᠤᠭᠠᠨ ᠪᠠᠭ ᠲᠠᠢ ᠪᠠᠶᠢᠵᠡᠢ᠃ ︽ᠵᠠᠷᠮᠠᠳ ᠳ᠋ᠠᠰᠢᠴᠡᠷᠡᠨ ᠤ ᠵᠤᠬᠢᠶᠠᠯ ᠪᠦᠳᠦᠭᠡᠯ ᠤᠨ ᠰᠣᠩᠭᠤᠮᠠᠯ︾ ᠭᠡᠬᠦ ᠨᠤᠮ ᠠᠴᠠ ᠠᠪᠤᠪᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号