ᠪᠠᠭᠠᠯᠵᠤᠤᠷ ᠢᠳᠡ
ᠨᠡᠶᠢᠲᠡᠯᠡᠭᠰᠡᠨ ᠴᠠᠭ᠄
2019/6/28
ᠴᠢᠩᠬᠢᠰ ᠬᠠᠭᠠᠨ ᠢ ᠭᠡᠨᠠᠳᠠᠬᠦᠯᠥᠨ ᠰᠥᠨᠥᠭᠡᠬᠦ ᠪᠠᠷ ᠰᠢᠳᠥᠭᠰᠡᠨ ᠰᠠᠩᠬᠦᠮ ᠥᠬᠦᠯᠠᠷᠤᠨ᠄ ︽ᠮᠥᠨᠥᠭᠡᠨ ᠳᠠᠳᠠ ᠮᠠᠨ  ᠤ ᠴᠠᠭᠤᠷ ᠪᠠᠬᠢ ᠭᠤᠶᠤᠵᠤ ᠪᠠᠶᠢᠭᠰᠠᠨ ᠪᠢᠯᠠ᠃ ᠤᠳᠤ ᠪᠠᠭᠠᠯᠵᠤᠤᠷ ᠵᠢᠳᠠ ᠭᠡᠵᠤ ᠡᠳᠥᠷ ᠪᠤᠯᠵᠤᠨ ᠢᠷᠠᠬᠦᠯᠥᠭᠡᠳ᠂ ᠳᠠᠬᠦᠨ ᠢ ᠪᠠᠷᠢᠵᠤ ᠠᠪᠤᠶ᠎ᠠ︾ ᠭᠡᠪᠠ᠃ ᠳᠠᠶᠢᠨ ᠭᠡᠯᠠᠯᠴᠡᠭᠰᠡᠨ ᠶᠤᠰᠤᠭᠠᠷ ︽ᠴᠠᠭᠤᠷ ᠪᠠᠬᠢ ᠶᠢ ᠥᠭᠬᠦᠶ᠎ᠠ᠂ ᠪᠠᠭᠠᠯᠵᠤᠤᠷ ᠢᠳᠠᠬᠦ ᠪᠠᠷ ᠢᠷᠡᠭᠳᠥᠨ︾ ᠴᠢᠩᠬᠢᠰ ᠲᠤ ᠬᠥᠮᠥᠨ ᠢᠯᠠᠭᠡᠪᠠ᠃ ᠳᠠᠷᠠ ᠶᠤᠰᠤᠭᠠᠷ ᠤᠴᠢᠬᠤ ᠵᠠᠮ ᠤᠨ ᠵᠠᠭᠤᠷ᠎ᠠ ᠴᠢᠩᠬᠦᠰ ᠮᠠᠩᠭ᠍ᠯᠢᠭ᠌ ᠡᠴᠢᠭᠡ ᠶᠢᠨ ᠬᠤᠨᠤᠪᠠᠯ ᠬᠠᠰᠢᠷ ᠡᠪᠤᠭᠡᠨ᠄ ︽ᠰᠠᠶ᠋ᠢᠬᠠᠨ ᠶᠡᠭᠡᠮᠰᠥᠭᠯᠡᠨ ᠪᠢᠳᠠᠨ ᠢ ᠳᠤᠭᠤᠬᠤ ᠥᠭᠡᠢ ᠪᠠᠶᠢᠭᠰᠠᠨ ᠤᠯᠤᠰ᠂ ᠭᠡᠨᠠᠳᠳᠠ ᠶᠠᠭᠠᠬᠢᠭᠠᠳ ᠴᠠᠭᠤᠷ ᠪᠠᠬᠢ ᠶᠢ ᠥᠭᠬᠦ ᠪᠤᠯᠪᠠ︖ ᠡᠬᠦᠨ ᠳᠤ ᠰᠡᠵᠢᠭ ᠲᠠᠢ ᠶᠠᠪᠤᠳᠠᠯ ᠪᠠᠶᠢᠨ᠎ᠠ᠃ ᠬᠥᠪᠠᠬᠦᠨ ᠴᠢ ᠪᠤᠯᠭᠤᠮᠵᠢᠯᠠᠬᠤ ᠭᠡᠷᠡᠭᠳᠠᠢ᠃ ᠤᠳᠤ ᠬᠠᠪᠤᠷ ᠪᠤᠯᠪᠠ᠃ ᠪᠢᠳᠠᠨ ᠤ ᠠᠳᠤᠭᠤ ᠳᠤᠷᠠᠩᠬᠠᠢ ᠪᠠᠶᠢᠨ᠎ᠠ᠃ ᠠᠳᠤᠭᠤ ᠳᠠᠷᠭᠤᠯᠠᠮᠠᠭᠴᠠ ᠤᠴᠢᠶ᠎ᠠ ᠭᠡᠵᠤ ᠰᠢᠯᠳᠠᠭᠯᠠᠵᠤ ᠡᠨᠠ ᠭᠡᠷᠡᠭ ᠢ ᠬᠤᠶᠢᠰᠢ ᠳᠠᠯᠪᠢᠪᠠᠯ ᠶᠠᠮᠠᠷ︖︾ ᠭᠡᠰᠠᠨ  ᠳᠤ ᠴᠢᠩᠬᠢᠰ ᠬᠠᠭᠠᠨ ᠳᠠᠬᠦᠨ ᠤ ᠥᠭᠡ ᠶᠢ ᠠᠪᠴᠤ᠂ ᠥᠪᠠᠷ ᠢᠶᠠᠨ ᠤᠴᠢᠭᠰᠠᠨ ᠥᠭᠡᠢ᠂ ᠮᠠᠩᠭᠡᠯᠢᠭ ᠡᠴᠢᠭᠡ ᠶᠢᠨ ᠭᠡᠷ ᠠᠴᠠ ᠪᠤᠴᠠᠪᠠ᠃ ᠰᠠᠩᠬᠦᠮ ᠨᠠᠷ ︽ᠪᠢᠳᠠᠨ ᠤ ᠭᠡᠷᠡᠭ ᠮᠡᠳᠡᠭᠳᠡᠪᠠ᠂ ᠮᠠᠷᠭᠠᠰᠢ ᠡᠷᠳᠠ ᠬᠠᠮᠤᠷᠴᠤ ᠪᠠᠷᠢᠶ᠎ᠠ︾ ᠭᠡᠵᠠᠢ᠃ ᠡᠷ᠎ᠠ ᠡᠮ᠎ᠠ ᠬᠤᠶᠠᠷ ᠤᠨ ᠭᠡᠷᠯᠡᠭᠰᠡᠨ ᠡᠳᠥᠷ ᠠᠴᠠ ᠡᠬᠢᠯᠠᠨ ᠭᠤᠷᠪᠠᠨ ᠬᠤᠨᠤᠭ ᠬᠤᠨᠢᠨ ᠤ ᠬᠥᠵᠤᠬᠦᠤ ᠪᠠᠭᠠᠯᠵᠤᠤᠷ ᠬᠤᠪᠢᠶᠠᠵᠤ ᠢᠳᠠᠬᠦ ᠵᠠᠩᠰᠢᠯ ᠤᠳᠤ ᠬᠥᠷᠳᠠᠯ᠎ᠠ ᠮᠤᠩᠭᠤᠯ ᠭᠠᠵᠠᠷ ᠲᠤ ᠪᠤᠢ᠃ ᠪᠠᠭᠠᠯᠵᠤᠤᠷ ᠤᠨ ᠶᠠᠰᠤ ᠮᠠᠰᠢ ᠪᠠᠳᠤ ᠭᠡᠯᠬᠢᠶ᠎ᠠ ᠲᠠᠢ ᠪᠠᠶᠢᠳᠠᠭ ᠳᠤᠯᠠ ᠡᠷ᠎ᠠ ᠡᠮ᠎ᠠ ᠶᠢᠨ ᠪᠠᠳᠤ ᠬᠤᠯᠪᠤᠭ᠎ᠠ ᠶᠢ ᠪᠠᠯᠭᠡᠳᠠᠵᠠᠢ᠃ ︽ᠪᠠᠭᠠᠯᠵᠤᠤᠷ ᠢᠳᠡ︾ ᠭᠡᠳᠡᠭ ᠨᠢ ᠡᠷ᠎ᠠ ᠡᠮ᠎ᠠ ᠶᠢᠨ ᠬᠤᠷᠢᠮ ᠬᠢᠶ᠎ᠠ ᠭᠡᠰᠠᠨ ᠥᠭᠡ ᠭᠡᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号