| | ᠮᠤᠩᠭᠤᠯ ᠮᠤᠷᠢ ᠮᠤᠩᠭᠤᠯ ᠤᠨ ᠥᠨᠳᠦᠷᠯᠢᠭ ᠠᠴᠠ ᠢᠷᠡᠯᠳᠠᠢ᠂ ᠬᠠᠭᠠᠰ ᠵᠡᠷᠯᠢᠭ ᠪᠠᠶᠢᠳᠠᠯ ᠳᠤ ᠤᠷᠤᠰᠢᠵᠥ᠂ | ᠲᠡᠳᠡᠨ ᠳᠤ ᠲᠠᠭᠠᠳᠠᠢ ᠲᠠᠪᠠᠳᠠᠢ ᠤᠷᠤᠰᠢᠨ ᠠᠮᠢᠳᠤᠷᠠᠬᠤ ᠬᠠᠰᠢᠶ᠎ᠠ ᠰᠠᠷᠠᠪᠴᠢ ᠪᠠᠶᠢᠬᠤ ᠥᠬᠡᠢ ᠪᠠᠷ ᠥᠯᠥ ᠪᠠᠷᠠᠮ | ᠰᠥᠯ ᠰᠠᠶᠢᠳᠠᠢ ᠡᠪᠡᠰᠤ ᠪᠤᠷᠳᠤᠭ᠎ᠠ ᠴᠦ ᠪᠠᠶᠢᠬᠤ ᠥᠬᠡᠢ᠂ ᠥᠨᠡᠭᠡ ᠴᠢᠨ᠋ᠸ᠎ᠠ ᠢᠯᠡᠷᠡᠬᠦ ᠥᠬᠡᠢ ᠪᠤᠯᠤᠬᠰᠠᠨ ᠲᠠᠯ᠎ᠠ | ᠨᠤᠳᠤᠬ ᠲᠤ ᠭᠡᠭᠡᠷ᠎ᠠ ᠬᠤᠨᠤᠵᠥ ᠬᠠᠳᠠ ᠲᠡᠷᠯᠡᠵᠥ᠂ ᠠᠭᠠᠬᠢᠮ᠎ᠠ ᠵᠤᠨ ᠤ ᠬᠠᠯᠠᠭᠤᠨ ᠢ ᠲᠡᠰᠪᠤᠷᠢᠯᠡᠨ᠂ ᠡᠪᠤᠯ | ᠤᠯᠠᠷᠢᠯ ᠤᠨ ᠲᠡᠭ ᠠᠴᠠ ᠲᠤᠷᠤᠬᠰᠢ 40 ᠭᠷᠡᠳᠦ᠋ᠰ ᠤᠨ ᠲᠡᠰᠬᠢᠮ᠎ᠠ ᠬᠥᠢᠳᠡᠨ ᠢ ᠲᠡᠰᠪᠤᠷᠢᠯᠡᠨ᠂ 8 ᠴᠠᠬ ᠲᠤ 60 | ᠺᠢᠯᠥᠮᠧᠲᠷ ᠠᠶᠠᠯᠠᠳᠠᠬ᠃ ᠤᠶᠠᠭᠠᠴᠢ ᠶᠢᠨ ᠰᠤᠷᠭᠠᠯ ᠢ ᠬᠥᠷᠳᠡᠭᠰᠡᠨ ᠮᠤᠩᠭᠤᠯ ᠮᠤᠷᠢ ᠪᠠᠶᠢᠯᠳᠤᠭᠠᠨ ᠤ ᠲᠠᠯᠠᠪᠠᠢ ᠳᠤ | ᠪᠠᠴᠢᠮᠳᠠᠵᠥ ᠰᠠᠨᠳᠤᠷᠬᠤ ᠥᠬᠡᠢ᠂ ᠡᠷᠡᠯᠭᠡᠭ ᠲᠤᠬᠰᠢᠨ ᠵᠠᠩ ᠠᠷᠠᠨᠰᠢᠯ ᠢ ᠢᠯᠡᠷᠡᠬᠦᠯᠵᠥ᠂ ᠲᠡᠤᠭᠡᠨ ᠠᠴᠠ ᠠᠪᠤᠭᠠᠳ | ᠨᠢᠭᠡᠨ ᠰᠢᠯᠢᠳᠡᠭ ᠴᠡᠷᠢᠭ ᠤᠨ ᠠᠬᠳᠠ ᠪᠤᠯᠤᠬᠰᠠᠭᠠᠷ ᠢᠷᠡᠪᠠ᠃ ᠮᠤᠩᠭᠤᠯ ᠮᠤᠷᠢ ᠶᠢᠨ ᠪᠡᠶ᠎ᠠ ᠨᠢ ᠪᠠᠭ᠎ᠠ᠃ ᠬᠡᠪᠡᠴᠤ᠂ | ᠲᠡᠷᠡ ᠴᠠᠰᠤ ᠰᠢᠭᠤᠷᠭ᠎ᠠ ᠰᠠᠯᠬᠢ ᠪᠤᠷᠤᠭᠠᠨ ᠶᠡᠬᠡᠳᠠᠢ ᠲᠠᠯ᠎ᠠ ᠨᠤᠳᠤᠬ ᠲᠤ᠂ ᠡᠷᠡᠯᠭᠡᠭ ᠲᠤᠬᠰᠢᠨ ᠵᠠᠩ ᠠᠷᠠᠨᠰᠢᠯ ᠢᠶᠠᠨ | ᠲᠠᠶᠠᠬᠳᠠᠭᠠ ᠥᠬᠡᠢ᠂ ᠡᠷᠴᠢ ᠬᠥᠴᠥᠳᠤ ᠲᠤᠭᠤᠷᠠᠢ ᠪᠠᠷ ᠢᠶᠠᠨ ᠥᠨᠡᠭᠡ ᠴᠢᠨ᠋ᠸ᠎ᠠ ᠶᠢ ᠢᠰᠬᠦᠯᠳᠡᠭ᠃ ᠲᠠᠷᠢᠶᠠᠯᠠᠩ ᠤᠨ | ᠶᠠᠮᠤᠨ ᠠᠴᠠ ᠮᠤᠩᠭᠤᠯ ᠮᠤᠷᠢ ᠢ 138 ᠤᠯᠤᠰ ᠤᠨ ᠲᠡᠰ ᠤᠨ ᠠᠮᠢᠳᠠᠨ ᠵᠢᠬᠦᠷᠳᠡᠨ ᠤ ᠤᠯᠠᠮᠵᠢᠯᠠᠯᠳᠤ ᠡᠭᠢ | ᠪᠠᠶᠠᠯᠢᠬ ᠢ ᠬᠠᠮᠠᠭᠠᠯᠠᠬᠤ ᠲᠥᠷᠥᠯ ᠵᠢᠰᠥᠮ ᠤᠨ ᠨᠢᠬᠡ ᠪᠠᠷ ᠲᠤᠬᠳᠠᠭᠠᠬᠳᠠᠵᠠᠢ᠃ | ᠮᠤᠩᠭᠤᠯ ᠮᠤᠷᠢ ᠲᠤᠮᠳᠠᠳᠤ ᠤᠯᠤᠰ ᠤᠨ ᠤᠮᠠᠷᠠᠳᠤ ᠤᠷᠤᠨ ᠵᠢᠴᠢ ᠮᠤᠩᠭᠤᠯ ᠤᠯᠤᠰ ᠪᠤᠯᠤᠨ ᠤᠷᠤᠰ ᠤᠨ ᠭᠡᠰᠡᠭ | ᠭᠠᠵᠠᠷ ᠤᠷᠤᠨ ᠢᠶᠠᠷ ᠥᠷᠭᠡᠨ ᠲᠠᠷᠬᠠᠵᠥ ᠪᠤᠢ᠃ ᠠᠯᠢ ᠡᠷᠳᠡ ᠲᠥᠷᠪᠡ ᠲᠠᠪᠤᠨ ᠮᠢᠩᠭᠠᠨ ᠵᠢᠯ ᠤᠨ ᠡᠮᠥᠨ᠎ᠠ᠂ ᠮᠠᠨ ᠤ | ᠤᠯᠤᠰ ᠤᠨ ᠤᠮᠠᠷᠠᠳᠤ ᠶᠢᠨ ᠥᠨᠳᠥᠰᠥᠳᠡᠨ ᠠᠳᠤᠭᠤ ᠤᠷᠠᠭᠠᠯᠠᠬᠤ ᠮᠤᠷᠢ ᠤᠶᠠᠬᠤ ᠵᠡᠷᠭᠡ ᠰᠤᠷᠭᠠᠯ ᠢ ᠬᠢᠵᠥ ᠪᠠᠶᠢᠪᠠ | ᠃ ︽ᠬᠠᠨ ᠤᠯᠤᠰ ᠤᠨ ᠪᠢᠴᠢᠭ · ᠾᠸᠡᠭᠨᠤ ᠶᠢᠨ ᠨᠠᠮᠳᠠᠷ︾ ᠲᠤ ᠲᠡᠮᠳᠡᠭᠯᠡᠭᠰᠡᠨ ᠢᠶᠠᠷ᠄ ᠶᠤᠤ ᠰᠥᠨ ᠠᠴᠠ ᠡᠮᠥᠨ᠎ᠠ᠂ | ᠤᠮᠠᠷᠠᠳᠤ ᠬᠢᠯᠢ ᠪᠠᠷ ᠨᠤᠳᠤᠬᠰᠢᠨ ᠰᠠᠭᠤᠭ᠎ᠠ ᠾᠸᠡᠭᠨᠤᠴᠤᠳ ᠤᠰᠤ ᠡᠪᠡᠰᠤᠨ ᠤ ᠰᠤᠷᠭᠤᠬ ᠢ ᠲᠠᠭᠠᠨ ᠨᠡᠬᠦᠨ | ᠰᠢᠯᠵᠢᠵᠥ᠂ ᠠᠳᠤᠭᠤ ᠮᠠᠯ ᠴᠤ ᠲᠠᠭᠠᠨ ᠨᠡᠬᠦᠨ ᠰᠢᠯᠵᠢᠵᠠᠢ᠃ ᠡᠶᠢᠨᠬᠦ ᠾᠸᠡᠭᠨᠤᠴᠤᠳ ᠤᠨ ᠮᠤᠷᠢ ᠮᠡᠳᠡᠭᠳᠡᠮ᠎ᠠ | ᠤᠯᠠᠰᠢᠷᠡᠪᠠ᠃ ᠨᠡᠶᠢᠳᠡ ᠶᠢᠨ ᠤᠨ ᠲᠤᠭᠠᠯᠠᠯ ᠠᠴᠠ ᠡᠮᠥᠨ᠎ᠠ 200 ᠤᠨ ᠳᠤ᠂ ᠬᠠᠨ ᠭᠤᠤᠽᠤ ᠯᠢᠤ ᠪᠠᠨᠭ᠌ | ᠾᠸᠡᠭᠨᠤᠴᠤᠳ ᠤᠨ ᠵᠥᠭ ᠲᠠᠭᠠᠷᠢᠯᠳᠠ ᠬᠢᠵᠥ᠂ ᠪᠠᠢ ᠳ᠋ᠸᠡᠭ ᠳᠤ 30 ᠭᠠᠷᠤᠢ ᠲᠥᠮᠡᠨ ᠮᠤᠷᠢᠳᠤ ᠴᠡᠷᠢᠭ ᠢ 7 ᠡᠳᠤᠷ | ᠪᠥᠰᠡᠯᠡᠨ ᠴᠤᠬᠢᠪᠠ᠃ ᠬᠠᠨ ᠡᠥ ᠳ᠋ᠢ ᠬᠠᠭᠠᠨ ᠾᠸᠡᠭᠨᠤᠴᠤᠳ ᠲᠠᠢ ᠪᠠᠶᠢᠯᠳᠤᠬᠤ ᠲᠤᠮᠳᠠ ᠤᠯᠠᠨ ᠤᠳᠠᠭ᠎ᠠ ᠶᠡᠭᠡ | ᠬᠡᠮᠵᠢᠶᠠᠨ ᠤ ᠮᠤᠷᠢᠳᠤ ᠴᠡᠷᠢᠭ ᠢ ᠲᠠᠶᠢᠴᠢᠯᠠᠬᠤ ᠶᠢᠨ ᠬᠠᠮᠳᠤ ᠾᠸᠡᠭᠨᠤ ᠶᠢᠨ ᠲᠥᠷᠥᠬᠦᠥ ᠶᠢᠨ ᠿᠢ ᠴᠠᠨ ᠢᠤᠢ ᠪᠠᠷ | ᠬᠠᠨ ᠤᠯᠤᠰ ᠤᠨ ᠮᠤᠷᠢᠨ ᠶᠠᠮᠤᠨ ᠤ ᠲᠤᠰᠢᠶᠠᠯ ᠳᠤ ᠲᠤᠮᠢᠯᠠᠨ ᠭᠡᠷᠡᠭᠯᠡᠵᠥ᠂ ᠠᠷᠠᠳ ᠤᠨ ᠲᠤᠮᠳᠠ ᠮᠤᠷᠢ ᠲᠡᠵᠢᠬᠡᠬᠦ | ᠥᠢᠯᠡᠰ ᠤᠷᠢᠳ ᠡᠮᠥᠨ᠎ᠠ ᠭᠠᠷᠤᠭ᠎ᠠ ᠥᠬᠡᠢ ᠬᠥᠭᠵᠢᠵᠠᠢ᠃ ᠪᠠᠷᠠᠭᠤᠨ ᠶᠢᠨ ᠤᠯᠤᠰ ᠤᠨ ᠲᠠᠷᠠᠭ᠎ᠠ᠂ ᠪᠤᠭᠤᠮᠳᠠ ᠶᠢᠨ | ᠭᠠᠳᠠᠨᠠᠬᠢ ᠡᠯ᠎ᠠ ᠥᠨᠳᠥᠰᠥᠳᠡᠨ ᠵᠡᠷᠭᠡᠪᠡᠷ ᠡᠮᠤᠨᠡᠰᠢ ᠨᠡᠬᠦᠳᠠᠯᠯᠠᠵᠥ᠂ ᠲᠥᠮᠡᠨ ᠮᠢᠩᠭᠠᠨ ᠠᠳᠤᠭᠤ ᠶᠢ ᠲᠠᠭᠠᠭᠤᠯᠤᠨ | ᠠᠪᠴᠢᠷᠠᠪᠠ᠃ ᠴᠡᠴᠡᠭᠯᠡᠨ ᠬᠥᠭᠵᠢᠭᠰᠡᠨ ᠲᠠᠩ ᠤᠯᠤᠰ ᠤᠨ ᠥᠶᠡᠰ ᠲᠤ᠂ ᠤᠮᠠᠷᠠᠳᠤ ᠶᠢᠨ ᠡᠯ᠎ᠠ ᠥᠨᠳᠥᠰᠥᠳᠡᠨ | ᠰᠢᠯᠢᠳᠡᠭ ᠠᠳᠤᠭᠤ ᠮᠤᠷᠢ ᠪᠠᠷ ᠬᠠᠭᠠᠨ ᠤ ᠤᠷᠳᠤᠨ ᠳᠤ ᠤᠷᠤᠳᠠᠬ ᠪᠠᠶᠢᠪᠠ᠃ ᠡᠳᠡᠭᠡᠷ ᠨᠢ ᠪᠥᠷ ᠮᠤᠩᠭᠤᠯ | ᠮᠤᠷᠢ ᠲᠠᠢ ᠲᠥᠰᠥᠭᠡᠳᠠᠢ᠂ ᠪᠥᠷ ᠮᠤᠩᠭᠤᠯ ᠮᠤᠷᠢ ᠶᠢᠨ ᠤᠳᠤᠮ ᠤᠬᠰᠠᠭ᠎ᠠ ᠪᠤᠯᠤᠨ᠎ᠠ᠃ ᠤᠮᠠᠷᠠᠳᠤ ᠰᠥᠡᠭ | ᠤᠯᠤᠰ ᠤᠨ ᠥᠶ᠎ᠠ ᠳᠤ ᠵᠡᠬᠦᠨ ᠬᠤᠶᠢᠳᠤ ᠶᠢᠨ ᠬᠢᠳᠠᠨ ᠠᠳᠤᠭᠤ ᠪᠤᠯ ᠪᠠᠰᠠ ᠮᠤᠩᠭᠤᠯ ᠮᠤᠷᠢ ᠪᠤᠯᠤᠨ᠎ᠠ᠂ ᠡᠨᠡ ᠨᠢ | ᠵᠠᠬᠦᠨ ᠬᠤᠶᠢᠳᠤ ᠶᠢᠨ ᠭᠤᠷᠪᠠᠨ ᠮᠤᠵᠢ ᠳᠤ ᠠᠯᠢ ᠡᠷᠳᠡ ᠠᠴᠠ ᠮᠤᠩᠭᠤᠯ ᠮᠤᠷᠢ ᠪᠠᠶᠢᠬᠰᠠᠨ ᠢ ᠲᠤᠳᠤᠷᠬᠠᠢᠢᠯᠠᠵᠥ ᠪᠤᠢ | ᠃ ᠮᠤᠩᠭᠤᠯ ᠬᠠᠭᠠᠨᠳᠤ ᠤᠯᠤᠰ ︽ᠮᠤᠷᠢᠳᠤ ᠬᠠᠭᠠᠨᠳᠤ ᠤᠯᠤᠰ︾ ᠢᠶᠠᠷ ᠥᠨᠡᠯᠡᠭᠳᠠᠵᠥ᠂ ᠴᠢᠩᠭᠢᠰ ᠬᠠᠭᠠᠨ ᠤ ᠰᠢᠳᠠᠷ | ᠬᠠᠮᠠᠭᠠᠯᠠᠬᠴᠢ ᠴᠡᠷᠢᠭ ᠠᠩᠭᠢ ᠪᠤᠯ ᠲᠠᠷᠤᠢ ᠰᠢᠯᠢᠳᠡᠭ ᠤᠳᠤᠮᠰᠢᠯᠳᠤ ᠮᠤᠷᠢᠳᠤ ᠴᠡᠷᠢᠭ ᠠᠩᠭᠢ ᠪᠠᠷ ᠪᠥᠷᠢᠯᠳᠥᠵᠥ᠂ | ᠲᠡᠤᠭᠡᠨ ᠲᠡᠭᠡᠷ᠎ᠠ ᠲᠡᠳᠡᠨᠡᠷ ᠢ ︽ᠨᠤᠮᠤ ᠰᠤᠮᠤ ᠠᠬᠳᠠ ᠬᠥᠯᠥᠭ ᠢᠶᠠᠷ ᠲᠡᠭᠷᠢ ᠶᠢᠨ ᠲᠤᠤᠷᠠᠬᠢ ᠠᠯᠢᠪᠠ ᠶᠢ ᠢᠯᠠᠳᠠᠬ︾ | ᠬᠡᠵᠥ ᠲᠠᠭᠤᠳᠠᠳᠠᠭ᠃ ︽ᠶᠤᠸᠠᠨ ᠤᠯᠤᠰ ᠤᠨ ᠰᠤᠳᠤᠷ ᠲᠡᠮᠳᠡᠭᠯᠡᠯ︾ ᠳᠤ ᠲᠡᠮᠳᠡᠭᠯᠡᠭᠰᠡᠨ ᠢᠶᠠᠷ᠄ ᠲᠤᠬᠠᠢ ᠶᠢᠨ | ᠥᠶ᠎ᠠ ᠳᠤ ᠠᠳᠤᠭᠤᠨ ᠰᠥᠷᠥᠭ ᠥᠷᠭᠡᠳᠴᠤ᠂ ᠤᠮᠠᠷᠠᠰᠢ ᠪᠠᠨ ᠾᠥᠸᠧᠯᠢᠲᠥᠸᠧᠮᠠ ︵ᠤᠳᠤ ᠶᠢᠨ ᠮᠤᠩᠭᠤᠯ ᠤᠨ | ᠠᠷᠤ ᠭᠡᠰᠡᠭ︶ ᠳᠤ ᠨᠡᠶᠢᠳᠡᠮ ᠲᠠᠷᠬᠠᠵᠥ ᠬᠢᠯᠢ ᠶᠢᠨ ᠪᠤᠭᠤᠮᠳᠠ ᠶᠢᠨ ᠲᠠᠯ᠎ᠠ ᠨᠤᠳᠤᠬ ᠵᠢᠴᠢ ᠡᠮᠥᠨᠡᠳᠤ ᠤᠷᠤᠨ ᠳᠤ ᠴᠤ | ᠨᠡᠶᠢᠳᠡᠮ ᠲᠠᠷᠬᠠᠵᠥ ᠪᠠᠶᠢᠪᠠ᠃ | ᠳᠡᠤᠬᠡᠨ ᠮᠠᠲ᠋ᠧᠷᠢᠶᠠᠯ ᠳᠤ ᠳᠡᠮᠳᠡᠭᠯᠡᠭᠰᠡᠨ ᠢᠶᠠᠷ᠂ ᠴᠢᠩᠬᠢᠰ ᠬᠠᠭᠠᠨ ᠤ ᠮᠤᠷᠢᠳᠦ ᠴᠡᠷᠢᠭ ᠨᠢ ᠦᠷᠬᠦᠯᠵᠢ ᠮᠤᠩᠭᠤᠯ | ᠮᠤᠷᠢ ᠶᠢᠨ ᠭᠠᠶᠢᠬᠠᠮᠰᠢᠬᠳᠤ ᠬᠤᠷᠳᠤᠴᠠ ᠪᠤᠯᠤᠨ ᠳᠠᠭᠠᠭᠠᠴᠠ ᠳᠤ ᠳᠦᠰᠢᠭᠯᠡᠨ ᠳᠠᠶᠢᠰᠤᠨ ᠡᠳᠡᠬᠡᠳ ᠢᠶᠠᠨ | ᠬᠡᠨᠡᠳᠡᠬᠦᠯᠦᠨ ᠳᠠᠭᠠᠷᠢᠭᠠᠳ᠂ ᠢᠯᠠᠯᠳᠠ ᠤᠯᠳᠠᠬ ᠪᠠᠶᠢᠵᠠᠢ᠃ ᠮᠤᠩᠭᠤᠯ ᠴᠡᠷᠢᠭ ᠪᠠᠶᠢᠯᠳᠤᠬᠴᠢ ᠶᠢᠨ ᠵᠡᠪᠰᠡᠭ | ᠳᠤᠨᠤᠬᠯᠠᠯ ᠨᠢ ᠨᠠᠷᠢᠯᠢᠬ ᠰᠠᠶᠢᠨ ᠪᠠᠶᠢᠳᠠᠬ ᠪᠦᠬᠡᠳ ᠮᠤᠷᠢ ᠤᠨᠤᠵᠦ ᠨᠤᠮᠤ ᠬᠠᠷᠪᠤᠬᠤ ᠳᠠᠭᠠᠨ ᠮᠡᠷᠬᠡᠰᠢᠭᠰᠡᠨ ᠪᠠᠶᠢᠳᠠᠬ | ᠃ ᠳᠠᠯ᠎ᠠ ᠨᠤᠳᠤᠬ ᠤᠨ ᠦᠨᠳᠦᠰᠦᠳᠡᠨ ᠨᠢ ᠪᠦᠬᠦ ᠠᠷᠠᠳ ᠢᠶᠠᠷ ᠢᠶᠠᠨ ᠴᠡᠷᠢᠭ ᠪᠤᠯᠵᠦ᠂ ᠮᠤᠩᠭᠤᠯᠴᠤᠳ ᠬᠠᠷᠠᠬᠠᠨ | ᠪᠠᠭ᠎ᠠ ᠠᠴᠠ ᠪᠠᠨ ᠴᠡᠷᠢᠭ ᠤᠨ ᠶᠠᠪᠤᠳᠠᠯ ᠤᠨ ᠰᠤᠷᠭᠠᠭᠤᠯᠢᠯᠠᠯ ᠬᠦᠷᠳᠡᠵᠦ᠂ ᠢᠯᠠᠩᠭᠤᠶ᠎ᠠ ᠮᠤᠷᠢ ᠤᠨᠤᠬᠤ ᠨᠤᠮᠤ | ᠬᠠᠷᠪᠤᠬᠤ ᠰᠤᠷᠭᠠᠭᠤᠯᠢᠯᠠᠯ ᠢ ᠠᠯᠳᠠᠯ ᠦᠬᠡᠢ ᠬᠦᠷᠳᠡᠳᠡᠭ ᠪᠠᠶᠢᠵᠠᠢ᠃ ᠮᠢᠩ ᠤᠯᠤᠰ ᠤᠨ ᠦᠶ᠎ᠠ ᠳᠤ᠂ ᠤᠮᠠᠷᠠᠳᠤ | ᠤᠷᠤᠨ ᠨᠢ ᠵᠡᠬᠦᠨ ᠠᠴᠠ ᠳ᠋ᠠᠨᠢᠩ ︵ᠦᠨᠦ ᠶᠢᠨ ᠴᠧᠩᠳᠧ ᠤᠷᠤᠨ︶ ᠠᠴᠠ ᠡᠬᠢᠯᠡᠬᠡᠳ᠂ ᠪᠠᠷᠠᠭᠤᠨᠰᠢ ᠱᠸᠦ ᠰᠢᠶᠠ | ᠬᠦᠷᠳᠡᠯ᠎ᠠ ᠪᠦᠷ ᠠᠳᠤᠭᠤ ᠮᠠᠯᠵᠢᠬᠤ ᠭᠠᠵᠠᠷ ᠤᠷᠤᠨ ᠪᠠᠶᠢᠬᠰᠠᠨ ᠪᠦᠬᠡᠳ ᠳᠡᠷᠡᠴᠢᠯᠡᠨ ᠰᠢᠤᠸᠠᠨ ᠬᠤᠸᠠ᠂ ᠳ᠋ᠠᠲ᠋ᠦ᠋ᠩ | ᠵᠡᠷᠬᠡ ᠭᠠᠵᠠᠷ ᠲᠤ ᠮᠤᠷᠢ ᠠᠷᠠᠯᠵᠢᠶᠠᠯᠠᠬᠤ ᠵᠠᠬ᠎ᠠ ᠳᠡᠯᠬᠡᠬᠦᠷ ᠭᠠᠷᠭᠠᠵᠦ᠂ ᠮᠢᠩ ᠤᠯᠤᠰ ᠤᠨ ᠸᠠᠨ ᠯᠢ ᠶᠢᠨ ᠭᠤᠷᠪᠠᠨ | ᠤᠨ ︵1575 ᠤᠨ︶ ᠳᠤ ᠵᠢᠯ ᠪᠦᠷᠢ ᠶᠢᠨ ᠠᠷᠠᠯᠵᠢᠶᠠᠨ ᠤ ᠬᠡᠮᠵᠢᠶ᠎ᠠ ᠶᠢ 3.4 ᠳᠦᠮᠡᠨ ᠮᠤᠷᠢ ᠳᠤ ᠬᠦᠷᠬᠡᠬᠦ ᠪᠠᠷ | ᠳᠤᠬᠳᠠᠭᠠᠵᠠᠢ᠃ ᠴᠢᠩ ᠤᠯᠤᠰ ᠤᠨ ᠦᠶ᠎ᠠ ᠳᠤ ᠴᠠᠬᠠᠷ ᠤᠷᠤᠨ ᠳᠤ ᠵᠡᠬᠦᠨ ᠪᠠᠷᠠᠭᠤᠨ ᠬᠤᠶᠠᠷ ᠭᠠᠷᠤᠨ ᠠᠳᠤᠭᠤ | ᠮᠠᠯᠵᠢᠬᠤ ᠳᠠᠯᠠᠪᠠᠢ ᠪᠡ ᠬᠠᠭᠠᠨ ᠤ ᠠᠳᠤᠭᠤ ᠶᠢ ᠮᠠᠯᠵᠢᠬᠤ ᠬᠤᠶᠠᠷ ᠳᠤᠰᠬᠠᠢ ᠳᠠᠯᠠᠪᠠᠢ ᠲᠠᠢ ᠪᠠᠶᠢᠬᠰᠠᠨ ᠪᠦᠬᠡᠳ ᠪᠦᠬᠦ | ᠳᠠᠯ᠎ᠠ ᠪᠠᠷ ᠬᠦᠭᠵᠢᠭᠰᠡᠨ ᠴᠠᠬ ᠬᠤᠭᠤᠴᠠᠭᠠᠨ ᠳᠤ 10 ᠭᠠᠷᠤᠢ ᠳᠦᠮᠡᠨ ᠠᠳᠤᠭᠤ ᠮᠠᠯᠵᠢᠵᠦ ᠪᠠᠶᠢᠪᠡ᠃ ᠬᠡᠳᠦᠨ | ᠵᠠᠭᠤᠨ ᠵᠢᠯ ᠤᠨ ᠳᠤᠷᠰᠢ᠂ ᠮᠤᠩᠭᠤᠯ ᠮᠤᠷᠢ ᠶᠢ ᠤᠯᠠᠩᠬᠢ ᠳᠠᠭᠠᠨ ᠴᠢᠭᠤᠯᠤᠯᠳᠤ ᠬᠠᠭᠠᠯᠭ᠎ᠠ ᠪᠠᠷ ᠳᠠᠮᠵᠢᠨ ᠳᠤᠳᠤᠷ᠎ᠠ | ᠭᠠᠵᠠᠷ ᠲᠤ ᠤᠷᠤᠭᠤᠯᠳᠠᠬ ᠪᠠᠶᠢᠬᠰᠠᠨ ᠠᠴᠠ ︽ᠤᠮᠠᠷᠠᠳᠤ ᠶᠢᠨ ᠮᠤᠷᠢ︾ ᠬᠡᠬᠦ ᠨᠡᠷᠡᠶᠢᠳᠦᠯ ᠲᠠᠢ ᠪᠤᠯᠵᠠᠢ᠃ ᠠᠯᠢ ᠴᠤ | ᠳᠦᠷᠦ ᠬᠦᠷᠦᠨ ᠴᠤ ᠪᠦᠷ ᠠᠳᠤᠭᠤ ᠮᠠᠯᠵᠢᠬᠤ ᠶᠢ ᠴᠢᠬᠤᠯᠠᠴᠢᠯᠠᠨ ᠦᠵᠡᠳᠡᠭ ᠪᠤᠯᠤᠬᠰᠠᠨ ᠠᠴᠠ ᠮᠤᠩᠭᠤᠯ ᠮᠤᠷᠢ ᠨᠢ | ᠠᠯᠢ ᠡᠷᠳᠡ ᠠᠴᠠ ᠮᠠᠨ ᠤ ᠤᠷᠤᠨ ᠤ ᠦᠷᠬᠡᠨ ᠠᠭᠤᠳᠠᠮ ᠤᠮᠠᠷᠠᠳᠤ ᠶᠢᠨ ᠬᠦᠳᠡᠭᠡ ᠳᠤᠰᠬᠤᠨ ᠳᠤ ᠨᠡᠶᠢᠳᠡᠮ | ᠳᠦᠬᠡᠭᠰᠡᠨ ᠶᠤᠮ᠃ | 1949 ᠤᠨ ᠠᠴᠠ ᠬᠤᠶᠢᠰᠢ᠂ ᠦᠪᠦᠷ ᠮᠤᠩᠭᠤᠯ ᠤᠷᠤᠨ ᠮᠤᠩᠭᠤᠯ ᠮᠤᠷᠢ ᠪᠠᠨ ᠳᠠᠰᠤᠷᠠᠯᠳᠠ ᠦᠬᠡᠢ ᠬᠦᠷᠰᠢ | ᠵᠡᠷᠬᠡᠯᠡᠳᠡᠭᠡ ᠮᠤᠵᠢ ᠤᠷᠤᠨ ᠳᠤ ᠭᠠᠷᠭᠠᠬᠤ ᠪᠤᠯᠤᠬᠰᠠᠨ ᠠᠴᠠ ᠮᠤᠩᠭᠤᠯ ᠮᠤᠷᠢ ᠨᠢ ᠮᠠᠰᠢ ᠰᠠᠶᠢᠨ ᠵᠤᠬᠢᠴᠠᠬᠤ | ᠴᠢᠨᠠᠷ ᠲᠠᠢ ᠪᠤᠯᠵᠠᠢ᠃ ᠰᠢᠨ᠎ᠠ ᠳᠤᠮᠳᠠᠳᠤ ᠤᠯᠤᠰ ᠤᠨ ᠠᠩᠬᠠᠳᠤᠭᠠᠷ ᠤᠳᠠᠭᠠᠨ ᠤ ᠮᠤᠩᠭᠤᠯ ᠮᠤᠷᠢ ᠶᠢᠨ ᠳᠠᠭᠠᠭᠠᠴᠠ | ᠰᠢᠯᠭᠠᠷᠠᠭᠤᠯᠬᠤ ᠤᠷᠤᠯᠳᠤᠭᠠᠨ ᠨᠢ 100 ᠺᠢᠯᠦᠮᠧᠲᠷ ᠤᠨ ᠵᠠᠢ ᠲᠠᠢ ᠶᠠᠪᠤᠬᠳᠠᠵᠦ᠂ ᠰᠢᠨ᠎ᠠ ᠪᠠᠷᠭᠤ ᠵᠡᠬᠦᠨ | ᠬᠤᠰᠢᠭᠤᠨ ᠤ ᠠᠮᠤᠭᠤᠯᠠᠩ ᠪᠠᠯᠭᠠᠰᠤᠨ ᠠᠴᠠ ᠡᠬᠢᠯᠡᠬᠡᠳ ᠤᠷᠤᠱᠤᠨ ᠭᠤᠤᠯ ᠤᠨ ᠵᠡᠬᠦᠨ ᠡᠷᠬᠢ ᠳᠤ ᠬᠦᠷᠴᠤ᠂ | ᠳᠠᠬᠢᠨ ᠠᠮᠤᠭᠤᠯᠠᠩ ᠪᠠᠯᠭᠠᠰᠤᠨ ᠳᠤ ᠪᠤᠴᠠᠵᠦ ᠢᠷᠡᠪᠡ᠂ ᠡᠨᠡ ᠤᠳᠠᠭᠠᠨ ᠤ ᠤᠷᠤᠯᠳᠤᠭᠠᠨ ᠳᠤ ᠳᠦᠷᠦᠬᠦᠯᠡᠭᠰᠡᠨ | ᠮᠤᠷᠢ ᠨᠢ 3 ᠴᠠᠬ ᠲᠤ ᠤᠷᠤᠯᠳᠤᠭᠠᠨ ᠢᠶᠠᠨ ᠳᠡᠬᠦᠰᠬᠡᠵᠡᠢ᠃ 1950 ᠤᠨ ᠳᠤ᠂ ᠮᠤᠩᠭᠤᠯ ᠮᠤᠷᠢ ᠶᠢᠨ ᠳᠤᠳᠤᠷᠠᠬᠢ | ᠳᠡᠮᠤᠷ ᠳᠤᠭᠤᠷᠠᠶᠢᠳᠦ ᠮᠤᠷᠢ ᠨᠢ ᠳᠤᠬᠠᠢ ᠶᠢᠨ ᠵᠢᠯ ᠤᠨ ᠨᠠᠭᠠᠳᠤᠮ ᠤᠨ ᠬᠤᠷᠠᠯ ᠤᠨ 59 ᠺᠢᠯᠤᠮᠧᠲᠷ ᠤᠨ | ᠤᠷᠤᠯᠳᠤᠭᠠᠨ ᠳᠤ 58 ᠮᠢᠨᠦ᠋ᠲ ᠳᠠᠪᠬᠢᠭᠠᠳ ᠡᠴᠤᠰ ᠤᠨ ᠱᠤᠭᠤᠮ ᠢ ᠳᠤᠭᠤᠯᠤᠨ ᠭᠠᠷᠤᠬᠰᠠᠨ ᠶᠤᠮᠰᠠᠨ᠃ | 1949 ᠤᠨ ᠠᠴᠠ ᠬᠤᠶᠢᠰᠢ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠮᠤᠩᠭᠤᠯ ᠮᠤᠷᠢ ᠮᠠᠯᠵᠢᠬᠤ | ᠦᠢᠯᠡᠰ ᠦᠷᠬᠦᠯᠵᠢᠯᠡᠨ ᠬᠦᠭᠵᠢᠬᠡᠳ᠂ ᠳᠤᠳᠤᠷ᠎ᠠ ᠭᠠᠵᠠᠷ ᠲᠤ ᠳᠠᠰᠤᠷᠠᠯᠳᠠ ᠦᠬᠡᠢ ᠤᠷᠤᠭᠤᠯᠬᠤ ᠪᠤᠯᠤᠬᠰᠠᠨ ᠤ | ᠬᠠᠮᠳᠤ᠂ ᠡᠬᠦᠯᠳᠡᠷ ᠰᠠᠶᠢᠵᠢᠷᠠᠭᠤᠯᠬᠤ ᠠᠵᠢᠯ ᠢ ᠶᠡᠭᠡ ᠬᠡᠮᠵᠢᠶ᠎ᠠ ᠪᠠᠷ ᠬᠢᠬᠦ ᠪᠤᠯᠵᠠᠢ᠃ ᠬᠡᠪᠡᠴᠤ ᠳᠡᠬᠡᠷ᠎ᠠ ᠵᠠᠭᠤᠨ ᠤ | ᠰᠡᠬᠦᠯᠴᠢ ᠪᠤᠯᠳᠠᠯ᠎ᠠ᠂ ᠡᠬᠦᠯᠳᠡᠷ ᠰᠠᠶᠢᠵᠢᠷᠠᠭᠤᠯᠤᠬᠰᠠᠨ ᠮᠤᠷᠢᠨ ᠤ ᠳᠤᠭ᠎ᠠ ᠨᠢ ᠴᠦᠬᠡᠨ ᠳᠤᠭ᠎ᠠ ᠶᠢ ᠡᠵᠡᠯᠡᠵᠦ᠂ | 90% ᠠᠴᠠ ᠳᠡᠬᠡᠭᠰᠢᠬᠢ ᠨᠢ ᠮᠦᠨᠬᠦ ᠮᠤᠩᠭᠤᠯ ᠮᠤᠷᠢ ᠪᠠᠶᠢᠬᠰᠠᠭᠠᠷ ᠪᠤᠢ᠃ | | |