ᠦᠭᠡᠳᠡᠢ ᠬᠠᠭᠠᠨ ᠤ ᠴᠠᠳᠢᠭ
ᠨᠡᠶᠢᠲᠡᠯᠡᠭᠰᠡᠨ ᠴᠠᠭ᠄
2019/6/28
ᠬᠢᠶᠠᠳ ᠠᠶᠢᠮᠠᠭ ᠤᠨ ᠪᠤᠷᠵᠢᠬᠢᠨ ᠤᠪᠤᠭᠳᠠᠨ᠂ 1186 ᠤᠨ ᠳᠤ ᠲᠦᠷᠦᠵᠡᠢ᠃ ᠴᠢᠩᠭᠢᠰ ᠬᠠᠭᠠᠨ ᠤ ᠡᠰᠢ ᠬᠠᠳᠤᠨ ᠪᠦᠷᠳᠡ ᠦᠵᠢᠨ ᠠᠴᠠ ᠲᠦᠷᠦᠭᠰᠡᠨ ᠭᠤᠷᠪᠠᠳᠤᠭᠠᠷ ᠬᠦᠪᠡᠬᠦᠨ᠃ 1201 ᠤᠨ ᠠᠴᠠ ᠡᠬᠢᠯᠡᠵᠤ ᠡᠴᠢᠭᠡ  ᠪᠠᠨ ᠲᠠᠭᠠᠯᠳᠤᠨ ᠮᠤᠩᠭᠤᠯ ᠤᠨ ᠤᠯᠠᠨ ᠠᠶᠢᠮᠠᠭ ᠢ ᠨᠢᠭᠡᠳᠭᠡᠬᠦ ᠲᠠᠶᠢᠨ ᠳᠤ ᠤᠷᠤᠯᠴᠠᠵᠤ ᠡᠬᠢᠯᠡᠵᠡᠢ᠃ ᠴᠢᠩᠭᠢᠰ ᠬᠠᠭᠠᠨ ᠢ ᠠᠮᠢᠳᠤ ᠰᠡᠷᠡᠬᠦᠨ ᠪᠠᠶᠢᠬᠤ ᠳᠤ ᠦᠭᠡᠳᠡᠢ ᠲᠠᠶᠢᠵᠢ ᠶᠢᠨ ᠬᠢᠭᠰᠡᠨ ᠬᠤᠶᠠᠷ ᠭᠤᠤᠯ ᠠᠵᠢᠯ᠄ ᠨᠢᠭᠡ᠄ ᠠᠯᠳᠠᠨ ᠤᠯᠤᠰ ᠢ ᠲᠠᠶᠢᠯᠠᠬᠤ ᠲᠠᠶᠢᠨ ᠳᠤ ᠤᠷᠤᠯᠴᠠᠭᠰᠠᠨ᠃ 1211 ᠤᠨ ᠳᠤ᠂ ᠴᠢᠩᠭᠢᠰ ᠬᠠᠭᠠᠨ ᠤᠤᠯ  ᠠᠴᠠ ᠦᠰᠢᠶᠡᠳᠡᠢ ᠠᠯᠳᠠᠨ ᠤᠯᠤᠰ ᠢ ᠲᠠᠶᠢᠯᠠᠬᠤ ᠲᠠᠶᠢᠨ ᠢ ᠡᠬᠦᠰᠭᠡᠵᠡᠢ᠃ ᠵᠦᠴᠢ᠂ ᠴᠠᠭᠠᠳᠠᠢ᠂ ᠦᠭᠡᠳᠡᠢ ᠭᠤᠷᠪᠠᠭᠤᠯᠠ ᠪᠠᠷᠠᠭᠤᠨ ᠵᠠᠮ ᠤᠨ ᠴᠡᠷᠢᠭ ᠢ ᠵᠠᠬᠢᠷᠤᠨ᠂ ᠠᠯᠳᠠᠨ ᠤᠯᠤᠰ ᠤᠨ ᠬᠤᠶᠢᠳᠤ ᠬᠡᠰᠡᠭ ᠤᠨ ᠦᠷᠬᠡᠨ ᠠᠭᠤᠳᠠᠮ ᠨᠤᠲᠤᠭ ᠢ ᠡᠵᠡᠯᠡᠭᠡᠳ᠂ ᠱᠠᠨ ᠰᠢ᠂ ᠾᠧᠪᠸᠢ ᠵᠡᠷᠬᠡ ᠬᠠᠳᠤᠨ ᠭᠤᠤᠯ ᠠᠴᠠ ᠤᠮᠠᠷᠠᠰᠢᠬᠢ ᠮᠤᠵᠢ ᠤᠷᠤᠨ ᠨᠤᠲᠤᠭ ᠲᠡᠪᠢᠰᠭᠡᠷ ᠢ ᠢᠯᠪᠢᠨ ᠲᠠᠭᠠᠭᠤᠯᠵᠤ᠂ ᠠᠯᠳᠠᠨ ᠤᠯᠤᠰ ᠨᠠᠶᠢᠷᠠᠮᠳᠠᠬᠤ ᠶᠢ ᠭᠤᠶᠤᠴᠢᠯᠠᠭᠰᠠᠨ ᠠᠴᠠ ᠮᠤᠩᠭᠤᠯ ᠴᠡᠷᠢᠭ ᠪᠤᠴᠠᠵᠠᠢ᠃ ᠬᠤᠶᠠᠷ᠄ ᠰᠠᠷᠳᠠᠭᠤᠯ ᠢ ᠲᠠᠶᠢᠯᠠᠬᠤ ᠲᠠᠶᠢᠨ ᠳᠤ ᠤᠷᠤᠯᠴᠠᠭᠰᠠᠨ᠃ 1219 ᠤᠨ ᠳᠤ᠂ ᠴᠢᠩᠭᠢᠰ ᠬᠠᠭᠠᠨ ᠲᠠᠪᠤᠨ ᠵᠠᠭᠤᠨ ᠠᠷᠠᠯᠵᠢᠶᠠᠴᠢᠨ ᠡᠯᠴᠢᠨ ᠰᠠᠶᠢᠳ ᠤᠨ ᠢᠶᠠᠨ ᠠᠯᠠᠭᠳᠠᠭᠰᠠᠨ ᠦᠰᠢᠶ᠎ᠡ ᠶᠢ ᠠᠪᠬᠤ  ᠪᠠᠷ ᠪᠡᠶ᠎ᠡ ᠪᠠᠷ ᠢᠶᠠᠨ ᠴᠡᠷᠢᠭ ᠲᠠᠶᠢᠴᠢᠯᠠᠨ ᠰᠠᠷᠳᠠᠭᠤᠯ ᠤᠯᠤᠰ ᠢ ᠲᠠᠶᠢᠯᠠᠵᠠᠢ᠃ ᠡᠨᠡ ᠲᠠᠶᠢᠨ ᠳᠤ ᠵᠦᠴᠢ᠂ ᠴᠠᠭᠠᠳᠠᠢ ᠂ ᠦᠭᠡᠳᠡᠢ ᠲᠠᠢ ᠭᠤᠷᠪᠠᠭᠤᠯᠠ ᠮᠦᠨ ᠪᠠᠷᠠᠭᠤᠨ ᠭᠠᠷ ᠤᠨ ᠴᠡᠷᠢᠭ ᠢ ᠵᠠᠬᠢᠷᠴᠦ᠂ ᠠᠮᠤᠳᠠᠷᠢᠶ᠎ᠠ ᠮᠦᠷᠡᠨ ᠤᠶᠢᠷᠠᠯᠴᠠᠬᠢ ᠦᠷᠬᠡᠨ ᠠᠭᠤᠳᠠᠮ ᠨᠤᠲᠤᠭ ᠢ ᠡᠵᠡᠯᠡᠵᠡᠢ᠃ ᠦᠷᠬᠡᠨ᠋ᠴᠢ ᠭᠡᠳᠡᠭ ᠪᠤᠯ ᠰᠠᠷᠳᠠᠭᠤᠯ ᠤᠨ ᠡᠷᠳᠡᠨ ᠤ ᠨᠡᠶᠢᠰᠯᠡᠯ ᠬᠤᠳᠠ᠃ ᠡᠨᠡ ᠬᠤᠳᠠ ᠶᠢ ᠪᠠᠶᠢᠯᠳᠤᠬᠤ ᠦᠶ᠎ᠡ ᠳᠤ ᠶᠡᠭᠡ ᠴᠡᠷᠢᠭ ᠤᠨ ᠡᠵᠡᠨ ᠵᠠᠩᠵᠤᠨ ᠵᠦᠴᠢ ᠴᠠᠭᠠᠳᠠᠢ ᠬᠤᠶᠠᠭᠤᠯᠠ ᠬᠤᠳᠠ ᠶᠢ ᠡᠵᠡᠯᠡᠪᠡᠯ ᠬᠡᠨ ᠦᠮᠴᠢᠯᠠᠬᠦ ᠲᠤᠬᠠᠢ ᠮᠠᠷᠭᠤᠭᠠᠨ ᠪᠤᠯᠤᠭᠰᠠᠨ ᠠᠴᠠ ᠮᠤᠩᠭᠤᠯ ᠴᠡᠷᠢᠭ ᠲᠤᠰ ᠬᠤᠳᠠ ᠶᠢ ᠵᠢᠷᠭᠤᠭᠠᠨ ᠰᠠᠷ᠎ᠠ ᠪᠠᠶᠢᠯᠳᠤᠭᠠᠳ ᠠᠪᠴᠦ ᠴᠢᠳᠠᠭᠰᠠᠨ ᠦᠭᠡᠢ᠂ ᠡᠨᠡ ᠪᠠᠶᠢᠳᠠᠯ ᠢ ᠴᠢᠩᠭᠢᠰ ᠬᠠᠭᠠᠨ ᠰᠤᠨᠤᠰᠤᠭᠠᠳ ᠪᠠᠷᠠᠭᠤᠨ ᠵᠠᠮ ᠤᠨ ᠴᠡᠷᠢᠭ ᠢ ᠶᠡᠷᠦᠩᠬᠡᠶᠢᠯᠡᠨ ᠵᠠᠬᠢᠷᠬᠤ ᠡᠷᠬᠡ ᠶᠢ ᠦᠭᠡᠳᠡᠢ ᠳᠤ ᠦᠭᠴᠡᠢ᠃ ᠦᠭᠡᠳᠡᠢ ᠲᠤᠯᠤᠭᠠᠨ ᠰᠦᠨᠢ ᠲᠤᠯᠤᠭᠠᠨ ᠡᠳᠦᠷ ᠬᠠᠳᠠᠭᠤᠵᠢᠯᠳᠠᠢ ᠪᠠᠶᠢᠯᠳᠤᠭᠠᠳ ᠦᠷᠭᠡᠨ᠋ᠴᠢ ᠬᠤᠳᠠ ᠶᠢ ᠡᠵᠡᠯᠡᠪᠡ᠃ ᠡᠬᠦᠨ ᠠᠴᠠ ᠪᠢᠳᠡ ᠦᠭᠡᠳᠡᠢ ᠶᠢᠨ ᠴᠡᠷᠢᠭ ᠤᠨ ᠡᠷᠳᠡᠮ ᠬᠢᠷᠢ ᠵᠡᠷᠬᠡ ᠭᠡᠰᠡᠨ ᠢ ᠮᠡᠳᠡᠵᠤ ᠪᠤᠯᠤᠨ᠎ᠠ᠃ ᠦᠭᠡᠳᠡᠢ ᠪᠤᠯ ᠴᠢᠩᠭᠢᠰ ᠬᠠᠭᠠᠨ ᠤ ᠡᠰᠢ ᠬᠠᠳᠤᠨ ᠪᠦᠷᠳᠡ ᠦᠵᠢᠨ ᠠᠴᠠ ᠲᠦᠷᠦᠭᠰᠡᠨ ᠭᠤᠷᠪᠠᠳᠤᠭᠠᠷ ᠬᠦᠪᠡᠬᠦᠨ᠃ ᠲᠡᠬᠦᠨ ᠤ ᠲᠡᠭᠡᠷ᠎ᠡ ᠴᠡᠷᠢᠭ ᠤᠨ ᠡᠷᠳᠡᠮ᠂ ᠲᠠᠶᠢᠨ ᠤ ᠭᠠᠪᠢᠶ᠎ᠠ ᠦᠯᠡᠮᠵᠢ ᠪᠠᠶᠢᠳᠠᠭ ᠵᠦᠴᠢ᠂ ᠴᠠᠭᠠᠳᠠᠢ ᠬᠡᠬᠦ ᠬᠤᠶᠠᠷ ᠠᠬ᠎ᠠ ᠲᠠᠢ᠃ ᠲᠤᠤᠷ᠎ᠠ ᠨᠢ ᠪᠠᠰᠠ ᠦᠷᠬᠦᠯᠵᠢ ᠡᠴᠢᠭᠡ ᠬᠠᠭᠠᠨ ᠢᠶᠠᠨ ᠲᠠᠭᠠᠯᠳᠤᠨ ᠲᠤᠮᠳᠠ ᠵᠠᠮ ᠤᠨ ᠴᠡᠷᠢᠭ ᠢ ᠶᠡᠷᠦᠩᠬᠡᠶᠢᠯᠡᠨ ᠵᠡᠬᠢᠷᠴᠦ᠂ ᠡᠴᠢᠭᠡ ᠬᠠᠭᠠᠨ ᠤ ᠪᠠᠨ ᠴᠡᠷᠢᠭ ᠤᠨ ᠡᠷᠳᠡᠮ᠂ ᠤᠯᠤᠰ ᠵᠠᠰᠠᠬᠤ ᠡᠷᠳᠡᠮ ᠢ ᠬᠠᠮᠤᠭ ᠠᠴᠠ ᠢᠯᠡᠬᠦᠦ ᠰᠤᠷᠤᠭᠰᠠᠨ ᠲᠤᠯᠤᠢ ᠭᠡᠬᠦ ᠲᠡᠬᠦᠦ ᠲᠠᠢ᠃ ᠡᠶᠢᠮᠦ ᠠᠴᠠ ᠬᠠᠭᠠᠨ ᠰᠠᠭᠤᠷᠢᠨ ᠦᠭᠡᠳᠡᠢ ᠶᠢᠨ ᠲᠡᠭᠡᠷ᠎ᠡ ᠲᠤᠰᠬᠤ ᠪᠤᠯᠤᠮᠵᠢ ᠲᠤᠩ ᠪᠠᠭ᠎ᠠ ᠶᠤᠮ᠃ ᠦᠭᠡᠳᠡᠢ ᠶᠢᠨ ᠬᠠᠭᠠᠨ ᠰᠠᠭᠤᠭᠰᠠᠨ ᠤ ᠭᠤᠤᠯ ᠰᠢᠯᠳᠠᠭᠠᠨ᠄ ᠨᠢᠭᠡ᠂ ᠪᠤᠰᠤᠳ ᠤᠨ ᠰᠠᠨᠠᠯ ᠢ ᠰᠤᠨᠤᠰᠴᠦ᠂ ᠡᠷᠳᠡᠮᠳᠡᠨ ᠢ ᠬᠦᠨᠳᠦᠳᠭᠡᠳᠡᠭ᠃ ᠶᠧᠯᠢᠦᠢ ᠴᠦᠴᠡᠢ ᠪᠤᠯ ᠬᠢᠳᠡᠨ ᠬᠦᠮᠦᠨ᠂ ᠯᠢᠶᠤᠤ ᠤᠯᠤᠰ ᠤᠨ ᠬᠠᠭᠠᠨ ᠤᠭᠰᠠᠭᠠᠨ ᠤ ᠭᠡᠷ ᠲᠤ ᠲᠦᠷᠦᠵᠡᠢ᠃ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ᠂ ᠲᠤᠭᠠᠨ ᠤ ᠤᠬᠠᠭᠠᠨ᠂ ᠠᠨᠠᠭᠠᠬᠤ ᠤᠬᠠᠭᠠᠨ᠂ ᠤᠳᠤᠨ ᠤᠷᠤᠨ᠂ ᠭᠠᠵᠠᠷ ᠵᠦᠢ᠂ ᠬᠠᠤᠯᠢ ᠴᠠᠭᠠᠵᠠ᠂ ᠱᠠᠰᠢᠨ ᠰᠤᠷᠳᠠᠬᠤᠨ ᠵᠡᠷᠬᠡ ᠤᠯᠠᠨ ᠲᠠᠯ᠎ᠠ ᠳᠤ ᠨᠡᠪᠳᠡᠷᠡᠭᠰᠡᠨ ᠪᠤᠯᠬᠤᠷ ᠠᠯᠳᠠᠨ ᠤᠯᠤᠰ ᠬᠦᠨᠳᠦᠳᠭᠡᠵᠤ᠂ ᠲᠡᠭᠡᠳᠦ ᠤᠯᠤᠰ ᠤᠨ ᠲᠦᠰᠢᠮᠡᠯ ᠢᠶᠠᠷ ᠬᠡᠷᠡᠭᠯᠡᠵᠤ ᠪᠠᠶᠢᠪᠠ᠃ ᠴᠢᠩᠭᠢᠰ ᠬᠠᠭᠠᠨ ᠶᠧᠯᠢᠦᠢ ᠴᠦᠴᠡᠢ ᠶᠢ ᠤᠯᠵᠠᠯᠠᠭᠠᠳ ᠬᠦᠨᠳᠦᠳᠭᠡᠨ ᠬᠡᠷᠡᠭᠯᠡᠪᠡ᠃ ᠦᠭᠡᠳᠡᠢ ᠬᠠᠭᠠᠨ ᠰᠠᠭᠤᠬᠤ ᠳᠤ ᠶᠧᠯᠢᠦᠢ ᠴᠦᠴᠡᠢ ᠲᠤᠩ ᠴᠢᠬᠤᠯᠠ ᠦᠢᠡᠯᠳᠦᠯ ᠭᠠᠷᠭᠠᠵᠤ᠂ ᠡᠷᠳᠡᠮ ᠴᠢᠳᠠᠪᠤᠷᠢ ᠪᠠᠨ ᠪᠦᠷᠢᠨ ᠢᠯᠡᠷᠡᠬᠦᠯᠦᠭᠡᠳ᠂ ᠮᠤᠩᠭᠤᠯ ᠬᠠᠭᠠᠨᠳᠤ ᠤᠯᠤᠰ ᠤᠨ ᠠᠮᠤᠷ ᠲᠤᠭᠳᠠᠭᠤᠨ ᠢ ᠪᠠᠳᠤᠯᠠᠪᠠ᠃ ᠴᠢᠩᠭᠢᠰ ᠬᠠᠭᠠᠨ ᠨᠠᠰᠤ ᠪᠠᠷᠠᠭᠰᠠᠨ ᠤ ᠲᠠᠷᠠᠭ᠎ᠠ ᠲᠤᠯᠤᠢ ᠬᠤᠶᠠᠷ ᠵᠢᠯ ᠭᠠᠷᠤᠢ ᠲᠦᠷᠦ ᠶᠢ ᠵᠠᠰᠠᠭᠰᠠᠨ ᠠᠴᠠ ᠤᠯᠠᠩᠭᠢ ᠬᠦᠮᠦᠰ ᠲᠡᠬᠦᠨ ᠢᠶᠠᠷ ᠬᠠᠭᠠᠨ ᠰᠠᠭᠤᠷᠢᠨ ᠢ ᠵᠠᠯᠭᠠᠮᠵᠢᠯᠠᠭᠤᠯᠬᠤ ᠶᠢ ᠪᠤᠳᠤᠬᠤ ᠪᠤᠯᠵᠠᠢ᠃ ᠡᠨᠡ ᠦᠶ᠎ᠡ ᠳᠤ ᠶᠧᠯᠢᠦᠢ ᠴᠦᠴᠡᠢ ᠠᠴᠠ ᠲᠤᠯᠤᠢ  ᠶᠢ ᠢᠳᠬᠠᠵᠤ ᠴᠢᠩᠭᠢᠰ ᠬᠠᠭᠠᠨ ᠤ ᠬᠡᠷᠢᠶᠡᠰ ᠶᠤᠰᠤᠭᠠᠷ ᠦᠭᠡᠳᠡᠢ ᠶᠢ ᠬᠠᠭᠠᠨ ᠰᠠᠭᠤᠷᠢᠨ ᠳᠤ ᠰᠠᠭᠤᠯᠭᠠᠬᠤ ᠪᠠᠷ ᠪᠤᠯᠤᠭᠰᠠᠨ ᠮᠦᠷᠳᠡᠬᠡᠨ ᠴᠠᠭᠠᠳᠠᠢ ᠶᠢ ᠢᠳᠬᠠᠵᠤ ᠪᠠᠶᠢᠭᠠᠳ ᠰᠢᠨ᠎ᠡ ᠬᠠᠭᠠᠨ ᠳᠤ ᠰᠦᠭᠦᠳᠦᠨ ᠮᠦᠷᠬᠦᠬᠦᠯᠵᠤ ᠮᠤᠩᠭᠤᠯ ᠤᠨ ᠶᠡᠭᠡ ᠬᠠᠭᠠᠨ ᠤ ᠡᠷᠬᠡ ᠬᠦᠨᠳᠦ ᠶᠢ ᠪᠠᠳᠤᠯᠠᠵᠠᠢ᠃ ᠶᠠᠭ ᠡᠶᠢᠮᠦ ᠠᠴᠠ ᠦᠭᠡᠳᠡᠢ ᠬᠠᠭᠠᠨ ᠶᠧᠯᠢᠦᠢ ᠴᠦᠴᠡᠢ ᠶᠢ ᠬᠦᠨᠳᠦᠳᠭᠡᠨ ᠬᠡᠷᠡᠭᠯᠡᠭᠰᠡᠨ ᠮᠦᠷᠳᠡᠭᠡᠨ ︽ᠤᠷᠲᠤ ᠰᠠᠬᠠᠯᠳᠤ︾ ᠭᠡᠵᠤ ᠡᠩᠭᠦᠷᠡᠶᠢᠯᠡᠨ ᠲᠠᠭᠤᠳᠠᠳᠠᠭ ᠪᠠᠶᠢᠪᠠ᠃ ᠲᠠᠷᠢᠶᠠᠯᠠᠩ ᠤᠨ ᠭᠠᠶᠢᠯᠢ᠂ ᠠᠷᠢᠬᠢ ᠲᠠᠪᠤᠰᠤ᠂ ᠲᠡᠮᠦᠷ ᠵᠡᠷᠬᠡ ᠬᠤᠳᠠᠯᠳᠤᠭ᠎ᠠ ᠠᠴᠠ ᠲᠤᠰᠬᠠᠢ ᠭᠠᠶᠢᠯᠢ ᠲᠠᠲᠠᠪᠤᠷᠢ ᠠᠪᠬᠤ ᠲᠤᠬᠠᠢ ᠰᠠᠨᠠᠭᠤᠯᠭ᠎ᠠ ᠶᠢ ᠶᠧᠯᠢᠦᠢ ᠴᠦᠴᠡᠢ ᠲᠤᠷᠠᠳᠤᠭᠰᠠᠨ ᠳᠤ ᠦᠭᠡᠳᠡᠢ ᠬᠠᠭᠠᠨ ᠵᠦᠪᠰᠢᠶᠡᠷᠡᠨ ᠲᠠᠭᠠᠵᠠᠢ᠃ ᠪᠦᠬᠦ ᠤᠯᠤᠰ ᠤᠨ ᠬᠡᠪᠴᠢᠶᠡᠨ ᠳᠤ ᠴᠠᠭᠠᠰᠤᠨ ᠵᠤᠭᠤᠰ ᠬᠡᠪᠯᠡᠨ ᠲᠠᠷᠬᠠᠭᠠᠬᠤ ᠶᠠᠪᠤᠳᠠᠯ ᠢ ᠴᠦ ᠶᠧᠯᠢᠦᠢ ᠴᠦᠴᠡᠢ ᠬᠠᠮᠤᠭ ᠲᠦᠷᠦᠬᠦᠨ ᠳᠤ ᠲᠤᠷᠠᠳᠤᠨ ᠭᠠᠷᠭᠠᠪᠠ᠃ ᠡᠨᠡ ᠰᠠᠨᠠᠯ ᠢ ᠦᠭᠡᠳᠡᠢ ᠬᠠᠭᠠᠨ ᠮᠦᠨ ᠲᠠᠭᠠᠵᠠᠢ᠃ ᠡᠬᠦᠨ ᠠᠴᠠ ᠪᠢᠳᠠ ᠦᠭᠡᠳᠡᠢ ᠬᠠᠭᠠᠨ ᠤ ᠡᠷᠳᠡᠮᠳᠡᠳ ᠢ ᠬᠦᠨᠳᠦᠳᠭᠡᠳᠡᠭ ᠤᠪᠤᠷ ᠵᠠᠩ ᠢ ᠮᠡᠳᠡᠵᠤ ᠪᠤᠯᠤᠨ᠎ᠠ᠃ ᠬᠤᠶᠠᠷ᠂ ᠦᠭᠡᠳᠡᠢ ᠬᠠᠭᠠᠨ ᠪᠤᠯ ᠶᠡᠭᠡ ᠦᠷᠦᠰᠢᠶᠡᠯ ᠲᠠᠢ᠂ ᠦᠭᠯᠢᠭᠡ ᠦᠭᠬᠦ ᠲᠣᠷᠠᠳᠠᠢ᠂ ᠶᠡᠭᠡ ᠦᠭᠶᠡᠮᠦᠷᠴᠢ ᠬᠦᠮᠦᠨ ᠪᠠᠶᠢᠵᠤ᠂ ᠡᠨᠡ ᠨᠢ ᠲᠤᠤᠷ᠎ᠠ ᠲᠠᠪᠬᠤᠷᠭ᠎ᠠ ᠶᠢᠨ ᠬᠦᠮᠦᠰ ᠤᠨ ᠨᠡᠶᠢᠳᠡᠮ ᠬᠦᠷᠢᠶᠡᠯᠡᠯ ᠢ ᠤᠯᠵᠠᠢ᠃ ᠬᠠᠭᠠᠨ ᠰᠠᠭᠤᠬᠤ ᠠᠴᠠ ᠪᠠᠨ ᠡᠮᠦᠨ᠎ᠡ ᠲᠠᠷᠤᠢ ᠦᠭᠯᠢᠭᠡ ᠦᠭᠬᠦ ᠠᠵᠢᠯ ᠢ ᠪᠠᠶᠢᠩᠭᠤ ᠬᠢᠳᠡᠭ ᠮᠦᠷᠳᠡᠬᠡᠨ ᠬᠠᠭᠠᠨ ᠰᠠᠭᠤᠭᠰᠠᠨ  ᠤ ᠬᠤᠶᠠᠳᠤᠭᠠᠷ ᠡᠳᠦᠷ ᠲᠤ ᠪᠠᠨ ᠤᠯᠤᠰ ᠤᠨ ᠰᠠᠩ ᠢ ᠶᠡᠬᠡᠪᠡᠷ ᠨᠡᠭᠡᠭᠡᠵᠤ ᠶᠡᠭᠡ ᠮᠤᠩᠭᠤᠯ ᠬᠠᠭᠠᠨᠳᠤ ᠤᠯᠤᠰ ᠤᠨ ᠬᠦᠮᠦᠨ ᠪᠦᠷᠢ ᠳᠤ ᠨᠢᠭᠡ ᠬᠤᠪᠢ ᠡᠳ᠋ ᠬᠦᠷᠦᠩᠭᠡ ᠬᠤᠪᠢᠶᠠᠨ ᠦᠭᠭᠦᠭᠰᠡᠨ ᠪᠠᠶᠢᠳᠠᠭ᠃ ᠦᠭᠡᠳᠡᠢ ᠬᠠᠭᠠᠨ ᠰᠠᠭᠤᠭᠰᠠᠨ ᠤ ᠲᠠᠷᠠᠭ᠎ᠠ ᠶᠠᠪᠤᠭᠳᠠᠭᠤᠯᠤᠭᠰᠠᠨ ᠬᠤᠶᠠᠷ ᠤᠳᠠᠭᠠᠨ ᠤ ᠶᠡᠭᠡ ᠳᠠᠶᠢᠨ᠄ ᠨᠢᠭᠡ᠂ ᠪᠡᠶ᠎ᠡ ᠪᠠᠷ ᠢᠶᠠᠨ ᠲᠠᠶᠢᠯᠠᠵᠤ ᠠᠯᠳᠠᠨ ᠤᠯᠤᠰ ᠢ ᠮᠦᠬᠦᠭᠡᠭᠰᠡᠨ᠃ ︵1230 — — 1232︶ ᠠᠯᠳᠠᠨ ᠤᠯᠤᠰ ᠪᠤᠯ ᠮᠤᠩᠭᠤᠯᠴᠤᠳ ᠤᠨ ᠬᠦᠭᠵᠢᠯ ᠮᠠᠨᠳᠤᠯ ᠤᠨ ᠲᠡᠦᠬᠡᠨ ᠲᠤ ᠬᠢ ᠬᠠᠮᠤᠭ ᠤᠨ ᠬᠦᠴᠦᠷᠬᠡᠭ ᠲᠠᠶᠢᠰᠦᠨ ᠶᠤᠮ᠃ ᠤᠴᠢᠷ ᠨᠢ ᠵᠦᠷᠴᠢᠨᠴᠤᠳ ᠪᠤᠯ ᠮᠤᠩᠭᠤᠯᠴᠤᠳ ᠲᠠᠢ ᠠᠳᠠᠯᠢ ᠮᠤᠷᠢᠳᠠᠨ ᠦᠨᠳᠦᠰᠦᠳᠡᠨ ᠨᠡᠬᠦᠳᠡᠯ ᠰᠤᠶᠤᠯ ᠲᠠᠢ ᠪᠤᠯᠬᠤᠷ ᠪᠠᠭᠠᠲᠤᠷᠯᠢᠭ ᠲᠠᠶᠢᠨᠴᠢ ᠤᠳᠤᠮ ᠲᠠᠢ᠂ ᠪᠠᠭᠠᠳᠤᠷ ᠰᠤᠶᠤᠯ ᠲᠠᠢ ᠦᠨᠳᠦᠰᠦᠳᠡᠨ ᠪᠠᠶᠢᠵᠠᠢ᠃ ᠲᠡᠳᠡ ᠮᠦᠨ ᠠᠳᠠᠯᠢᠬᠠᠨ ᠤᠮᠠᠷᠠᠳᠤ ᠶᠢᠨ ᠮᠤᠷᠢᠳᠠᠨ ᠦᠨᠳᠦᠰᠦᠳᠡᠨ ᠬᠢᠳᠡᠳᠴᠦᠳ ᠤᠨ ᠪᠠᠶᠢᠭᠤᠯᠤᠭᠰᠠᠨ ᠯᠢᠶᠤᠤ ᠤᠯᠤᠰ ᠢ ᠮᠦᠬᠦᠭᠡᠭᠰᠡᠨ ᠠᠴᠠ ᠲᠠᠶᠢᠨ ᠤ ᠠᠷᠭ᠎ᠠ ᠪᠤᠳᠤᠯᠭ᠎ᠠ᠂ ᠤᠬᠠᠮᠰᠠᠷ ᠲᠠᠨᠢᠯᠳᠠ ᠵᠡᠷᠬᠡ ᠲᠠᠯ᠎ᠠ ᠪᠠᠷ ᠮᠤᠩᠭᠤᠯᠴᠤᠳ ᠠᠴᠠ ᠲᠤᠯᠢᠳᠠᠬᠤ ᠦᠭᠡᠢ᠃ ᠮᠤᠩᠭᠤᠯᠴᠤᠳ ᠠᠯᠳᠠᠨ ᠤᠯᠤᠰ ᠢ ᠮᠦᠬᠦᠭᠡᠬᠦ ᠲᠠᠶᠢᠨ ᠢ ᠭᠤᠷᠪᠠ ᠤᠳᠠᠭ᠎ᠠ ᠵᠤᠬᠢᠶᠠᠨ ᠪᠠᠶᠢᠭᠤᠯᠵᠤ᠂ ᠨᠡᠶᠢᠳᠡ ᠬᠤᠷᠢᠨ ᠭᠤᠷᠪᠠᠨ ᠵᠢᠯ ᠬᠢᠵᠠᠢ᠃ ᠮᠤᠩᠭᠤᠯᠴᠤᠳ ᠤᠨ ᠠᠯᠳᠠᠨ ᠤᠯᠤᠰ ᠢ ᠲᠠᠶᠢᠯᠠᠭᠰᠠᠨ ᠶᠠᠪᠤᠴᠠ ᠶᠢ ᠬᠤᠷᠢᠶᠠᠩᠭᠤᠶᠢᠯᠠᠪᠠᠯ᠂ ︽ᠴᠢᠩᠭᠢᠰ ᠬᠠᠭᠠᠨ ᠡᠬᠦᠰᠬᠡᠵᠤ᠂ ᠮᠤᠬᠤᠯᠠᠢ ᠪᠠᠭᠠᠳᠤᠷ ᠦᠷᠬᠦᠯᠵᠢᠯᠡᠬᠦᠯᠵᠤ᠂ ᠦᠭᠡᠳᠡᠢ ᠬᠠᠭᠠᠨ ᠲᠠᠭᠤᠰᠬᠠᠵᠠᠢ︾᠃ ᠦᠭᠡᠳᠡᠢ ᠬᠠᠭᠠᠨ ᠭᠤᠤᠯ ᠨᠢ ᠡᠴᠢᠭᠡ ᠬᠠᠭᠠᠨ ᠤ ᠪᠠᠨ ᠦᠯᠡᠳᠡᠭᠡᠭᠰᠡᠨ ᠭᠡᠷᠢᠶᠡᠰ ᠶᠤᠰᠤᠭᠠᠷ ᠰᠦᠩ ᠤᠯᠤᠰ ᠲᠠᠢ ᠬᠤᠯᠪᠤᠭᠠᠯᠠᠬᠤ ᠠᠷᠭ᠎ᠠ ᠶᠢ ᠠᠪᠤᠭᠰᠠᠨ ᠠᠴᠠ ᠠᠯᠳᠠᠨ ᠤᠯᠤᠰ ᠢ ᠠᠮᠵᠢᠯᠳᠠᠳᠠᠢ ᠮᠦᠬᠦᠭᠡᠵᠡᠢ᠃ ᠬᠤᠶᠠᠷ᠂ ᠠᠬᠠᠮᠠᠳ ᠬᠦᠪᠡᠬᠦᠳ ᠤᠨ ᠠᠶᠠᠨ ᠲᠠᠶᠢᠨ ᠢ ᠵᠤᠬᠢᠶᠠᠨ ᠪᠠᠶᠢᠭᠤᠯᠵᠤ ᠤᠷᠤᠰ  ᠢ ᠮᠦᠬᠦᠭᠡᠭᠰᠡᠨ᠃ ︵ᠲᠤᠰ ᠲᠠᠶᠢᠨ ᠨᠢ 1235 ᠤᠨ ᠠᠴᠠ ᠡᠬᠢᠯᠡᠵᠤ᠂ ᠦᠭᠡᠳᠡᠢ ᠬᠠᠭᠠᠨ ᠢ ᠨᠠᠰᠤ ᠪᠠᠷᠠᠳᠠᠯ᠎ᠠ ᠲᠠᠭᠤᠰᠤᠭ᠎ᠠ ᠦᠭᠡᠢ ᠶᠠᠪᠤᠭᠳᠠᠵᠠᠢ᠃ ᠠᠬᠠᠮᠠᠳ ᠬᠦᠪᠡᠬᠦᠳ ᠤᠨ ᠪᠠᠷᠠᠭᠤᠨᠰᠢ ᠲᠠᠶᠢᠯᠠᠬᠤ ᠠᠶᠠᠨ ᠲᠠᠶᠢᠨ ᠤ ᠭᠤᠤᠯ ᠬᠠᠷᠠᠯᠳᠠ᠄ ᠤᠳᠤᠬᠢ ᠤᠷᠤᠰ᠂ ᠪᠤᠯᠭᠠᠷᠢ᠂ ᠫᠤᠯᠱᠠ᠂ ᠴᠧᠺᠤᠰᠯᠤᠸᠠᠬᠢᠶ᠎ᠠ᠂ ᠬᠠᠩᠭᠠᠷᠢ᠂ ᠭᠧᠷᠮᠡᠨ᠂ ᠠᠤᠰᠲ᠋ᠠᠷᠢᠶ᠎ᠠ᠂ ᠷᠤᠮᠠᠨᠢᠶ᠎ᠠ ᠵᠡᠷᠬᠡ ᠤᠯᠤᠰ ᠤᠷᠤᠨ ᠢ ᠡᠵᠡᠯᠡᠨ᠎ᠡ᠃ ᠤᠷᠤᠯᠴᠠᠭᠰᠠᠳ᠄ ᠴᠡᠷᠢᠭ ᠬᠤᠶᠠᠭ ᠤᠨ ᠠᠬᠠᠮᠠᠳ ᠬᠦᠪᠡᠬᠦᠨ  ᠠᠴᠠ ᠡᠬᠢᠯᠡᠭᠡᠳ ᠠᠷᠪᠠᠳᠤ ᠶᠢᠨ ᠨᠤᠶᠠᠨ᠂ ᠵᠠᠭᠤᠳᠤ ᠶᠢᠨ ᠨᠤᠶᠠᠨ᠂ ᠮᠢᠩᠭᠠᠳᠤ ᠶᠢᠨ ᠨᠤᠶᠠᠨ᠂ ᠲᠦᠮᠡᠨ ᠤ ᠨᠤᠶᠠᠨ᠂ ᠬᠠᠭᠠᠨ ᠬᠦᠪᠡᠬᠦᠳ ᠬᠦᠷᠳᠡᠯ᠎ᠡ ᠴᠦᠮ ᠠᠬᠠᠮᠠᠳ ᠬᠦᠪᠡᠬᠦᠳ ᠲᠤᠰ ᠲᠠᠶᠢᠨ ᠳᠤ ᠮᠤᠷᠳᠠᠵᠠᠢ᠃ ᠡᠨᠡ ᠶᠡᠭᠡ ᠴᠡᠷᠢᠭ ᠢ ᠬᠠᠭᠠᠨ ᠬᠦᠪᠡᠬᠦᠳ ᠠᠴᠠ ᠵᠦᠴᠢ ᠶᠢᠨ ᠬᠤᠶᠠᠳᠤᠭᠠᠷ ᠬᠦᠪᠡᠬᠦᠨ ᠪᠠᠳᠤ ᠲᠠᠷᠤᠭᠠᠯᠠᠵᠤ᠂ ᠤᠯᠠᠨ ᠨᠤᠶᠠᠳ ᠠᠴᠠ ᠰᠦᠪᠡᠭᠡᠳᠡᠢ ᠠᠬᠠᠯᠠᠵᠠᠢ᠃ ᠤᠷᠤᠯᠴᠠᠭᠰᠠᠨ ᠬᠠᠭᠠᠨ ᠬᠦᠪᠡᠬᠦᠳ᠄ ᠵᠦᠴᠢ ᠶᠢᠨ ᠬᠦᠪᠡᠬᠦᠨ ᠤᠷᠳᠤ᠂ ᠪᠠᠳᠦ᠂ ᠰᠢᠪᠡᠨ ᠂ ᠲᠠᠩᠭᠤᠳ︔ ᠴᠠᠭᠠᠳᠠᠢ ᠶᠢᠨ ᠬᠦᠪᠡᠬᠦᠨ ᠪᠠᠶᠢᠳᠠᠷ᠂ ᠤᠮᠪᠤᠯᠤ ᠪᠦᠷᠢ︔ ᠦᠭᠡᠳᠡᠢ ᠶᠢᠨ ᠬᠦᠪᠡᠬᠦᠨ ᠬᠦᠶᠦᠭ᠂ ᠬᠠᠳᠠᠨ︔ ᠲᠤᠯᠤᠢ ᠶᠢᠨ ᠬᠦᠪᠡᠬᠦᠨ ᠮᠦᠩᠬᠡ᠂ ᠪᠦᠵᠢᠭ ᠨᠠᠷ ᠪᠠᠶᠢᠯᠴᠠᠪᠠ᠃ ᠦᠭᠡᠳᠡᠢ ᠬᠠᠭᠠᠨ ᠤ ᠨᠢᠭᠡ ᠨᠠᠰᠤ ᠶᠢ ᠬᠤᠷᠢᠶᠠᠩᠭᠤᠶᠢᠯᠠᠪᠠᠯ᠄ ᠨᠢᠭᠡ᠄ ᠠᠯᠳᠠᠨ ᠤᠯᠤᠰ ᠢ ᠮᠦᠬᠦᠭᠡᠪᠡ᠃ ᠠᠯᠳᠠᠨ ᠤᠯᠤᠰ ᠪᠤᠯ ᠬᠠᠪᠤᠯ ᠬᠠᠭᠠᠨ᠂ ᠠᠮᠪᠠᠭᠠᠢ ᠬᠠᠭᠠᠨ ᠤ ᠦᠶ᠎ᠡ ᠳᠤ ᠲᠠᠷᠤᠢ ᠮᠤᠩᠭᠤᠯᠴᠤᠳ ᠤᠨ ᠦᠰᠳᠡᠨ ᠲᠠᠶᠢᠰᠦᠨ ᠪᠠᠶᠢᠭᠰᠠᠨ ᠤᠯᠤᠰ ᠶᠤᠮ᠃ ᠦᠭᠡᠳᠡᠢ ᠬᠠᠭᠠᠨ 1232 ᠤᠨ ᠳᠤ ᠠᠯᠳᠠᠨ ᠤᠯᠤᠰ ᠢ ᠮᠦᠬᠦᠭᠡᠵᠡᠢ᠃ ᠬᠤᠶᠠᠷ᠄ ᠴᠢᠩᠭᠢᠰ ᠬᠠᠭᠠᠨ ᠤ ᠦᠢᠯᠡᠰ ᠢ ᠵᠠᠯᠭᠠᠮᠵᠢᠯᠠᠵᠤ᠂ ᠠᠬᠠᠮᠠᠳ ᠬᠦᠪᠡᠬᠦᠳ ᠤᠨ ᠠᠶᠠᠨ ᠲᠠᠶᠢᠨ ᠢ ᠵᠤᠬᠢᠶᠠᠨ ᠪᠠᠶᠢᠭᠤᠯᠵᠤ ᠠᠮᠵᠢᠯᠳᠠᠳᠠᠢ ᠶᠠᠪᠤᠭᠳᠠᠭᠤᠯᠤᠭᠠᠳ᠂ ᠮᠤᠩᠭᠤᠯᠴᠤᠳ ᠤᠨ ᠠᠮᠢᠳᠤᠷᠠᠵᠤ ᠤᠷᠤᠩᠨᠠᠬᠤ ᠤᠷᠤᠨ ᠵᠠᠢ ᠶᠢ ᠬᠠᠳᠤᠨ ᠭᠤᠤᠯ ᠤᠨ ᠬᠦᠪᠡᠭᠡᠨ ᠠᠴᠠ ᠳ᠋ᠤᠨ ᠮᠦᠷᠡᠨ ᠬᠦᠷᠭᠡᠪᠡ᠃ ᠠᠬᠠᠮᠠᠳ ᠬᠦᠪᠡᠬᠦᠳ ᠤᠨ ᠠᠶᠠᠨ ᠲᠠᠶᠢᠨ ᠪᠤᠯ ᠮᠤᠩᠭᠤᠯᠴᠤᠳ ᠤᠨ ᠲᠡᠦᠬᠡᠨ ᠲᠡᠭᠡᠷᠡᠬᠢ ᠬᠠᠮᠤᠭ ᠠᠴᠠ ᠠᠮᠵᠢᠯᠳᠠ ᠲᠠᠢ ᠶᠠᠪᠤᠭᠳᠠᠭᠤᠯᠤᠭᠰᠠᠨ ᠠᠶᠠᠨ ᠲᠠᠶᠢᠨ ᠤ ᠨᠢᠭᠡ ᠶᠤᠮ᠃ ᠲᠤᠰ ᠲᠠᠶᠢᠨ ᠨᠢ ᠮᠤᠩᠭᠤᠯ ᠮᠤᠷᠢᠳ ᠤᠨ ᠲᠤᠭᠤᠷᠠᠢ ᠶᠢ ᠬᠠᠳᠤᠨ ᠭᠤᠤᠯ ᠤᠨ ᠬᠦᠪᠡᠬᠡᠨ ᠠᠴᠠ ᠳ᠋ᠤᠨ ᠮᠦᠷᠡᠨ ᠤ ᠡᠷᠬᠢ ᠲᠤᠯᠭᠠᠵᠤ᠂ ᠮᠤᠩᠭᠤᠯᠴᠤᠳ ᠢ ᠵᠦᠪᠬᠡᠨ ᠮᠤᠩᠭᠤᠯ ᠤᠨ ᠦᠨᠳᠦᠷᠯᠢᠭ ᠲᠤ ᠬᠢ ᠨᠡᠬᠦᠳᠠᠯᠴᠢᠨ ᠦᠨᠳᠦᠰᠦᠳᠡᠨ ᠪᠠᠶᠢᠭᠰᠠᠨ ᠠᠴᠠ ᠨᠢ ᠲᠡᠯᠡᠬᠡᠢ ᠶᠢᠨ ᠲᠡᠦᠬᠡᠨ ᠲᠠᠪᠴᠠᠩ ᠳᠤ ᠭᠢᠯᠠᠯᠵᠠᠭᠤᠯᠤᠭᠠᠳ᠂ ᠡᠬᠦᠨ ᠤ ᠤᠯᠠᠮ ᠠᠴᠠ ᠪᠦᠬᠦᠶᠢᠯᠡ ᠠᠷᠪᠠᠨ ᠭᠤᠷᠪᠠᠳᠤᠭᠠᠷ ᠵᠠᠭᠤᠨ ᠢ ᠬᠦᠮᠦᠨ ᠲᠦᠷᠦᠯᠬᠢᠳᠡᠨ ᠤ ᠲᠡᠦᠬᠡᠨ ᠳᠤ ᠬᠢ ︽ᠮᠤᠩᠭᠤᠯ ᠤᠨ ᠵᠠᠭᠤᠨ︾ ᠪᠤᠯᠭᠠᠵᠠᠢ᠃ ᠦᠭᠡᠳᠡᠢ ᠬᠠᠭᠠᠨ ᠤ ᠲᠦᠷᠦ ᠶᠢ ᠵᠠᠰᠠᠭᠰᠠᠨ ᠭᠠᠪᠢᠶ᠎ᠠ ᠵᠢᠳᠭᠦᠯ᠄ ᠨᠢᠭᠡ᠂ ᠵᠠᠮ ᠪᠠᠶᠢᠭᠤᠯᠤᠭᠰᠠᠨ ᠠᠯᠳᠠᠨ ᠤᠯᠤᠰ ᠢ ᠮᠦᠬᠦᠭᠡᠭᠰᠡᠨ ᠤ ᠲᠠᠷᠠᠭ᠎ᠠ ᠦᠭᠡᠳᠡᠢ ᠬᠠᠭᠠᠨ ᠠᠴᠠ ᠶᠠᠨᠵᠢᠩ ᠵᠠᠮ᠂ ᠰᠢᠵᠢᠩ ᠵᠠᠮ᠂ ᠫᠢᠩᠶᠠᠩ ᠵᠠᠮ᠂ ᠲᠠᠶᠢᠶᠤᠸᠠᠨ ᠵᠠᠮ᠂ ᠾᠧᠪᠸᠢ ᠶᠢᠨ ᠵᠡᠬᠦᠨ ᠪᠠᠷᠠᠭᠤᠨ ᠵᠠᠮ᠂ ᠱᠠᠨᠳᠦ᠋ᠩ ᠤᠨ ᠵᠡᠬᠦᠨ ᠵᠠᠮ᠂ ᠱᠠᠨᠳᠦ᠋ᠩ ᠤᠨ ᠪᠠᠷᠠᠭᠤᠨ ᠵᠠᠮ᠂ ᠳ᠋ᠠ ᠮᠢᠩ ᠵᠠᠮ᠂ ᠵᠠᠩ ᠳ᠋ᠧ ᠵᠠᠮ᠂ ᠪᠸᠢᠵᠢᠩ ᠵᠠᠮ ᠵᠡᠷᠬᠡ ᠠᠷᠪᠠᠨ ᠵᠠᠮ ᠢ ᠪᠠᠶᠢᠭᠤᠯᠵᠤ ᠬᠢᠳᠡᠳ ᠭᠠᠵᠠᠷ ᠢ ᠨᠤᠶᠠᠷᠬᠠᠵᠠᠢ᠃ ᠵᠠᠮ ᠪᠤᠯ ᠵᠸᠦ ᠰᠢᠶᠠᠨ ᠠᠴᠠ ᠶᠡᠭᠡ᠂ ᠮᠤᠵᠢ ᠳᠠᠬᠢ ᠪᠠᠭ᠎ᠠ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠤᠨ᠎ᠠ᠃ ᠵᠠᠮ ᠢ ᠬᠠᠮᠢᠶᠠᠷᠳᠠᠭ ᠨᠤᠶᠠᠨ ᠢ ᠲᠠᠷᠤᠭᠠᠴᠢ ᠭᠡᠳᠡᠭ᠃ ᠭᠤᠤᠯ ᠨᠢ ᠭᠠᠶᠢᠯᠢ ᠭᠤᠪᠴᠢᠭᠤᠷ ᠢ ᠬᠠᠮᠢᠶᠠᠷᠳᠠᠭ᠃ ᠬᠤᠶᠠᠷ᠂ ᠰᠢᠯᠭᠠᠭᠤᠯᠢ ᠶᠢᠨ ᠲᠦᠷᠢᠮ ᠢ ᠰᠡᠷᠬᠦᠬᠡᠵᠤ ᠰᠤᠷᠭᠠᠭᠤᠯᠢ ᠪᠠᠶᠢᠭᠤᠯᠤᠭᠰᠠᠨ ᠦᠭᠡᠳᠡᠢ ᠬᠠᠭᠠᠨ ᠤ ᠦᠶ᠎ᠡ ᠳᠤ ᠬᠢᠳᠠᠳ ᠤᠷᠤᠨ ᠳᠤ ᠰᠢᠯᠭᠠᠭᠤᠯᠢ ᠶᠢᠨ ᠲᠦᠷᠢᠮ ᠢ ᠡᠬᠢᠯᠡᠨ ᠬᠡᠷᠡᠭᠵᠢᠬᠦᠯᠵᠤ ᠲᠦᠷᠪᠡᠨ ᠮᠢᠩᠭ᠎ᠠ ᠪᠦᠭᠡᠳ ᠭᠤᠴᠢᠨ ᠬᠦᠮᠦᠨ ᠢ ᠰᠤᠩᠭᠤᠨ ᠠᠪᠴᠦ ᠤᠯᠠᠨ ᠭᠠᠵᠠᠷ ᠲᠤ ᠲᠤᠮᠢᠯᠠᠨ ᠲᠠᠷᠤᠭᠠᠴᠢ ᠨᠤᠶᠠᠨ ᠪᠤᠶᠤ ᠠᠯᠪᠠᠨ ᠲᠤᠰᠢᠶᠠᠯᠳᠠᠨ ᠪᠤᠯᠭᠠᠵᠠᠢ᠃ ᠮᠤᠩᠭᠤᠯᠴᠤᠳ ᠪᠤᠯ ᠴᠡᠷᠢᠭ ᠤᠨ ᠡᠷᠳᠡᠮ ᠢ ᠬᠦᠨᠳᠦᠳᠭᠡᠵᠤ᠂ ᠪᠢᠴᠢᠭ ᠤᠨ ᠡᠷᠳᠡᠮ ᠢ ᠬᠦᠩᠭᠡᠪᠴᠢᠯᠡᠳᠡᠭ ᠦᠨᠳᠦᠰᠦᠳᠡᠨ ᠶᠤᠮ᠃ ᠡᠶᠢᠮᠦ ᠠᠴᠠ ᠦᠭᠡᠳᠡᠢ ᠬᠠᠭᠠᠨ ᠠᠴᠠ ᠰᠢᠯᠭᠠᠭᠤᠯᠢ ᠶᠢᠨ ᠲᠦᠷᠢᠮ ᠢ ᠰᠡᠷᠬᠦᠬᠡᠨ ᠡᠷᠳᠡᠮᠳᠡᠨ  ᠢ ᠰᠤᠩᠭᠤᠨ ᠬᠡᠷᠡᠭᠯᠡᠬᠦ ᠳᠤ ᠵᠦᠷᠴᠢᠨ ᠬᠦᠮᠦᠨ᠂ ᠬᠢᠳᠡᠨ ᠬᠦᠮᠦᠨ᠂ ᠰᠠᠷᠳᠠᠭᠤᠯ ᠬᠦᠮᠦᠨ ᠵᠡᠷᠬᠡ ᠬᠦᠮᠦᠰ ᠭᠤᠤᠯᠯᠠᠨ ᠤᠷᠤᠯᠴᠠᠳᠠᠭ ᠪᠠᠶᠢᠵᠠᠢ᠃ ᠡᠬᠦᠨ ᠳᠤ ᠵᠤᠷᠢᠭᠤᠯᠵᠤ ᠦᠭᠡᠳᠡᠢ ᠬᠠᠭᠠᠨ ᠶᠠᠨᠵᠢᠩ ᠪᠠ ᠫᠢᠩᠶᠠᠩ ᠳᠤ ᠬᠤᠶᠠᠷ ᠰᠤᠷᠭᠠᠭᠤᠯᠢ ᠪᠠᠶᠢᠭᠤᠯᠵᠤ ᠮᠤᠩᠭᠤᠯ ᠨᠤᠶᠠᠳ ᠤᠨ ᠬᠦᠪᠡᠬᠦᠳ ᠢ ᠲᠤᠰᠠᠭᠠᠶᠢᠯᠠᠨ ᠰᠤᠷᠤᠯᠴᠠᠭᠤᠯᠪᠠ᠃ ᠡᠨᠡ ᠪᠤᠯ ᠮᠤᠩᠭᠤᠯᠴᠤᠳ ᠤᠨ ᠲᠡᠦᠬᠡᠨ ᠲᠤ ᠬᠢ ᠬᠠᠮᠤᠭ ᠠᠩᠬᠠᠨ ᠤ ᠰᠤᠷᠭᠠᠭᠤᠯᠢ ᠪᠤᠯᠤᠨ᠎ᠠ᠃ ᠭᠤᠷᠪᠠ᠂ ᠤᠯᠠᠭ᠎ᠠ ᠦᠷᠳᠡᠭᠡ ᠪᠠᠶᠢᠭᠤᠯᠤᠭᠰᠠᠨ ᠤᠯᠠᠭ᠎ᠠ ᠭᠡᠳᠡᠭ ᠪᠤᠯ ᠡᠷᠳᠡᠨ ᠤ ᠲᠦᠷᠦ ᠨᠦᠭᠦᠳ ᠤᠨ ᠠᠯᠪᠠᠨ ᠪᠢᠴᠢᠭ ᠤᠨ ᠲᠦᠷᠬᠡᠨ ᠲᠠᠮᠵᠢᠭᠤᠯᠭ᠎ᠠ ᠶᠢ ᠵᠢᠭᠠᠵᠤ᠂ ᠲᠤᠰᠬᠠᠢ ᠠᠵᠢᠯᠳᠠᠨ ᠢ ᠨᠢ ᠤᠯᠠᠭᠠᠴᠢ ᠭᠡᠵᠤ ᠨᠡᠷᠡᠯᠡᠳᠡᠭ᠃ ᠦᠷᠳᠡᠭᠡ ᠭᠡᠳᠡᠭ ᠨᠢ ᠤᠯᠠᠭᠠᠴᠢ ᠪᠤᠶᠤ ᠡᠯᠴᠢᠨ ᠰᠠᠶᠢᠳ ᠨᠠᠷ ᠤᠨ ᠦᠨᠵᠢᠵᠤ ᠠᠮᠠᠷᠠᠨ ᠢᠳᠡᠵᠤ ᠤᠤᠭᠤᠭᠠᠳ᠂ ᠮᠤᠷᠢ ᠰᠤᠯᠢᠳᠠᠭ ᠭᠠᠵᠠᠷ ᠪᠤᠯᠤᠨ᠎ᠠ᠃ ᠾᠦᠩᠨᠤ ᠶᠢᠨ ᠦᠶ᠎ᠡ ᠠᠴᠠ ᠮᠤᠷᠢᠳᠠᠨ ᠦᠨᠳᠦᠰᠦᠳᠡᠨ ᠤ ᠪᠠᠶᠢᠭᠤᠯᠤᠭᠰᠠᠨ ᠲᠦᠷᠦ ᠨᠦᠭᠦᠳ ᠲᠤ ᠤᠯᠠᠭ᠎ᠠ ᠦᠷᠳᠡᠭᠡ ᠪᠤᠢ ᠪᠤᠯᠵᠤ᠂ ᠦᠭᠡᠳᠡᠢ ᠬᠠᠭᠠᠨ ᠤ ᠦᠶ᠎ᠡ ᠪᠤᠯᠬᠤ ᠳᠤ ᠬᠦᠭᠵᠢᠯ ᠤᠨ ᠰᠢᠨ᠎ᠡ ᠤᠷᠬᠢᠯ ᠳᠤ ᠪᠠᠨ ᠲᠤᠯᠵᠠᠢ᠃ ᠮᠤᠩᠭᠤᠯ ᠬᠠᠭᠠᠨᠳᠤ ᠤᠯᠤᠰ ᠤᠨ ᠨᠡᠶᠢᠰᠯᠡᠯ ᠬᠠᠷ᠎ᠠ ᠬᠤᠷᠢᠨ ᠠᠴᠠ ᠲᠦᠷᠪᠡᠨ ᠵᠦᠭ ᠨᠠᠢᠮᠠᠨ ᠵᠤᠪᠬᠢᠰ  ᠲᠤ ᠦᠷᠳᠡᠭᠡ ᠵᠠᠮ ᠵᠠᠰᠠᠭᠰᠠᠨ ᠠᠴᠠ ᠲᠤᠷᠤᠨᠠᠳᠠᠬᠢᠨ ᠠᠴᠠ ᠦᠷᠦᠨᠡᠳᠡᠬᠢᠨ ᠬᠦᠷᠳᠡᠯ᠎ᠡ᠂ ᠠᠽᠢᠶ᠎ᠡ ᠡᠸᠦ᠋ᠷᠦᠫᠠ ᠶᠢᠨ ᠤᠯᠠᠨ ᠤᠯᠤᠰ ᠢ ᠰᠤᠨᠳᠠᠯᠠᠭᠰᠠᠨ ᠦᠷᠳᠡᠭᠡᠨ ᠵᠠᠮ ᠢᠶᠠᠷ ᠠᠯᠪᠠᠨ ᠪᠢᠴᠢᠭ ᠲᠠᠮᠵᠢᠭᠤᠯᠳᠠᠭ ᠤᠯᠠᠭᠠᠴᠢ ᠨᠠᠷ ᠪᠠ ᠡᠯᠴᠢᠨ ᠲᠦᠰᠢᠮᠡᠳ ᠬᠤᠨᠤᠬᠤ ᠠᠴᠠ ᠭᠡᠷ ᠲᠠᠢ᠂ ᠠᠮᠠᠷᠠᠬᠤ ᠠᠴᠠ ᠮᠠᠶᠢᠬᠠᠨ ᠲᠠᠢ᠂ ᠢᠳᠡᠬᠦ ᠠᠴᠠ ᠬᠤᠭᠤᠯᠠ ᠲᠠᠢ᠂ ᠤᠤᠭᠤᠬᠤ ᠠᠴᠠ ᠤᠮᠳᠠ ᠲᠠᠢ ᠪᠤᠯᠵᠠᠢ᠃ ᠲᠦᠷᠪᠡ᠂ ᠭᠠᠶᠢᠯᠢ ᠭᠤᠪᠴᠢᠭᠤᠷ ᠢ ᠬᠦᠩᠭᠡᠯᠡᠭᠰᠡᠨ ᠮᠤᠩᠭᠤᠯ ᠬᠠᠭᠠᠨᠳᠤ ᠤᠯᠤᠰ ᠤᠨ ᠦᠶ᠎ᠡ ᠶᠢᠨ ᠭᠠᠶᠢᠯᠢ ᠶᠢ ᠵᠠᠭᠤᠨ ᠤ ᠨᠢᠭᠡ ᠶᠢᠨ ᠭᠠᠶᠢᠯᠢ ᠭᠡᠳᠡᠭ᠃ ᠲᠠᠷᠤᠢ᠂ ᠵᠠᠭᠤᠨ ᠬᠤᠨᠢ ᠠᠴᠠ ᠨᠢᠭᠡ ᠶᠢ ᠠᠪᠴᠦ ᠤᠯᠤᠰ ᠤᠨ ᠭᠠᠶᠢᠯᠢ ᠪᠤᠯᠭᠠᠳᠠᠭ᠃ ᠭᠤᠪᠴᠢᠭᠤᠷ ᠢ ᠠᠷᠪᠠᠨ ᠤ ᠨᠢᠭᠡ ᠪᠠᠷ ᠭᠤᠪᠴᠢᠵᠤ ᠬᠤᠷᠢᠶᠠᠨ ᠠᠮᠢᠳᠤᠷᠠᠯ ᠨᠢ ᠬᠦᠴᠢᠷᠳᠡᠯᠳᠡᠢ ᠬᠦᠮᠦᠰ ᠲᠤ ᠲᠤᠰᠠᠯᠠᠳᠠᠭ᠃ ᠡᠬᠦᠨ ᠢ ᠦᠭᠡᠳᠡᠢ ᠬᠠᠭᠠᠨ ᠠᠴᠠ ᠲᠤᠭᠳᠠᠭᠠᠨ ᠡᠬᠢᠯᠡᠨ ᠬᠡᠷᠡᠭᠵᠢᠬᠦᠯᠵᠡᠢ᠃ ᠲᠠᠪᠤ᠂ ᠬᠤᠳᠳᠤᠭ ᠮᠠᠯᠳᠠᠭᠰᠠᠨ᠃ ᠡᠨᠡ ᠦᠭᠡ ᠦᠭᠡᠳᠡᠢ ᠬᠠᠭᠠᠨ ᠤ ᠦᠪᠡᠷ ᠢ ᠪᠠᠨ ᠳ᠋ᠦᠩᠨᠡᠭᠰᠡᠨ ᠬᠡᠷᠢᠶᠡᠰ ᠲᠤ ᠢᠯᠡᠷᠡᠵᠡᠢ᠃ ᠠᠯᠳᠠᠨ ᠤᠯᠤᠰ ᠢ ᠮᠦᠬᠦᠭᠡᠭᠰᠡᠨ᠂ ᠰᠢᠨ᠎ᠡ ᠡᠵᠡᠯᠡᠭᠰᠡᠨ ᠭᠠᠵᠠᠷ ᠲᠤ ᠲᠠᠷᠤᠭᠠᠴᠢ ᠲᠤᠮᠢᠯᠠᠭᠰᠠᠨ᠂ ᠤᠰᠤ ᠦᠭᠡᠢ ᠭᠠᠵᠠᠷ ᠬᠤᠳᠳᠤᠭ ᠮᠠᠯᠳᠠᠭᠰᠠᠨ᠂ ᠤᠯᠠᠭ᠎ᠠ ᠦᠷᠳᠡᠭᠡ ᠪᠠᠶᠢᠭᠤᠯᠤᠭᠰᠠᠨ ᠵᠡᠷᠬᠡ ᠲᠦᠷᠪᠡᠨ ᠦᠢᠯᠡ ᠪᠤᠯ ᠦᠭᠡᠳᠡᠢ ᠬᠠᠭᠠᠨ ᠤ ᠦᠪᠡᠷ ᠢ ᠪᠠᠨ ᠳ᠋ᠦᠩᠨᠡᠭᠰᠡᠨ ᠶᠡᠷᠢᠶᠡᠨ ᠳᠤ ᠢᠯᠡᠷᠡᠭᠰᠡᠨ ᠲᠦᠷᠪᠡᠨ ᠠᠮᠵᠢᠯᠳᠠ ᠪᠤᠯᠤᠨ᠎ᠠ᠃ ᠦᠭᠡᠳᠡᠢ ᠬᠠᠭᠠᠨ ᠤ ᠲᠦᠷᠪᠡᠨ ᠪᠤᠷᠤᠭᠤ᠄ ᠡᠨᠡ ᠨᠢ ᠮᠦᠨ ᠦᠭᠡᠳᠡᠢ ᠬᠠᠭᠠᠨ ᠤ ᠦᠪᠡᠷ ᠢ ᠪᠠᠨ ᠳ᠋ᠦᠩᠨᠡᠭᠰᠡᠨ ᠭᠡᠷᠢᠶᠡᠰ ᠲᠤ ᠢᠯᠡᠷᠡᠵᠡᠢ᠃ ᠨᠢᠭᠡ᠂ ᠠᠷᠢᠬᠢᠨ ᠳᠤ ᠤᠨᠠᠭᠰᠠᠨ︔ ᠬᠤᠶᠠᠷ᠂ ᠤᠳᠴᠢᠬᠢᠨ ᠠᠪᠠᠭ᠎ᠠ ᠶᠢᠨ ᠬᠠᠷᠢᠶᠠᠲᠤ ᠨᠠᠷ ᠠᠴᠠ ᠦᠬᠢᠨ ᠲᠠᠲᠠᠭᠰᠠᠨ︔ ᠭᠤᠷᠪᠠ᠂ ᠮᠢᠩᠭᠠᠨ ᠤ ᠨᠤᠶᠠᠨ ᠲᠤᠭᠤᠯᠠᠬᠤ ᠶᠢ ᠲᠠᠯᠳᠠ ᠠᠴᠠ ᠬᠠᠷᠠᠳᠠᠭᠰᠠᠨ︔ ᠲᠦᠷᠪᠡ᠂ ᠬᠡᠬᠡᠷ᠎ᠡ ᠶᠢᠨ ᠬᠦᠷᠦᠬᠡᠰᠦ ᠶᠢ ᠠᠬ᠎ᠠ ᠲᠡᠬᠦᠦ ᠨᠠᠷ ᠠᠴᠠ ᠪᠠᠨ ᠬᠠᠷᠠᠮᠨᠠᠵᠤ ᠬᠡᠷᠡᠮ ᠪᠤᠰᠬᠠᠭᠰᠠᠨ᠃ ᠦᠭᠡᠳᠡᠢ ᠬᠠᠭᠠᠨ ᠤ ᠨᠠᠰᠤ ᠪᠠᠷᠠᠭᠰᠠᠨ᠄ 1241.12.11 ᠳᠤ ᠦᠭᠡᠳᠡᠢ ᠬᠠᠭᠠᠨ ᠨᠠᠰᠤ ᠨᠦᠭᠴᠢᠵᠡᠢ᠃ ᠦᠳᠡᠭ ᠬᠤᠯᠠᠬᠤ ᠠᠭᠤᠯᠠᠨ ᠳᠤ ᠶᠡᠭᠡ ᠬᠦᠷᠢᠶ᠎ᠡ ᠠᠪᠠ ᠲᠠᠯᠪᠢᠭᠠᠳ᠂ ᠰᠦᠨᠢᠵᠢᠨ ᠨᠠᠶᠢᠷᠠᠯᠳᠤᠵᠤ ᠠᠷᠢᠬᠢ ᠤᠤᠭᠤᠨ ᠰᠤᠭᠳᠤᠵᠤ ᠮᠠᠷᠭᠠᠰᠢ ᠦᠷᠯᠦᠭᠡ ᠨᠢ ᠰᠡᠷᠬᠦᠵᠤ ᠲᠡᠶᠢᠯᠦᠭᠰᠡᠨ ᠦᠭᠡᠢ ᠨᠠᠰᠤ ᠨᠦᠭᠴᠢᠵᠡᠢ᠃ ᠨᠠᠰᠤᠨ ᠰᠡᠬᠦᠳᠡᠷ ᠲᠠᠪᠢᠨ ᠵᠢᠷᠭᠤᠭᠠᠳᠠᠢ᠂ ᠠᠷᠪᠠᠨ ᠭᠤᠷᠪᠠᠨ ᠵᠢᠯ ᠬᠠᠭᠠᠨ ᠰᠠᠭᠤᠷᠢᠨ ᠳᠤ ᠰᠠᠭᠤᠪᠠ᠃ ᠬᠤᠪᠢᠯᠠᠢ ᠬᠠᠭᠠᠨ ᠤ ᠦᠶ᠎ᠡ ᠳᠤ ᠰᠦᠮ᠎ᠡ ᠶᠢᠨ ᠴᠤᠯᠠ ᠶᠢ ︽ᠲᠠᠶᠢᠽᠦ᠋ᠩ ᠬᠠᠭᠠᠨ︾ ᠬᠡᠮᠡᠨ ᠨᠡᠬᠡᠮᠵᠢᠯᠡᠨ ᠡᠷᠬᠦᠮᠵᠢᠯᠡᠵᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号