ᠠᠯᠠᠱᠠ ᠬᠤᠰᠢᠭᠤ - ᠪᠠᠭᠠᠲᠤᠷ ᠡᠷᠬᠡ ᠵᠢᠨᠤᠩ ᠬᠤᠷᠣᠯᠠᠢ ᠨᠣᠶᠠᠨ ᠤ ᠦᠶ᠎ᠡ
ᠨᠡᠶᠢᠲᠡᠯᠡᠭᠰᠡᠨ ᠴᠠᠭ᠄
2019/7/10
ᠠᠯᠠᠱᠠ ᠶᠢᠨ ᠠᠩᠬᠠᠳᠤᠭᠠᠷ ᠨᠣᠶᠠᠨ ᠪᠠᠭᠠᠲᠤᠷ ᠡᠷᠬᠡ ᠵᠢᠨᠤᠩ ᠬᠤᠷᠣᠯᠠᠢ ᠪᠣᠯ ᠠᠯᠠᠱᠠ ᠬᠤᠱᠣᠳ ᠦᠭᠡᠯᠤᠳ ᠠᠶᠢᠮᠠᠭ ᠤᠨ ᠲᠦᠷᠦᠭᠦᠦ ᠪᠠᠶᠢᠵᠤ᠂ ᠡᠩᠬᠡ ᠠᠮᠤᠭᠤᠯᠠᠩ ᠤᠨ ᠠᠷᠪᠠᠨ ᠵᠢᠷᠭᠤᠳᠤᠭᠠᠷ ᠣᠨ ︵1677 ᠣᠨ︶ ᠳᠤ᠂ ᠸᠴᠢᠷᠲᠤ ᠬᠠᠨ ᠵᠡᠭᠦᠨᠭᠠᠷ ᠲᠤ ᠠᠯᠠᠭᠳᠠᠭᠰᠠᠨ ᠠᠴᠠ ᠮᠦᠨ ᠬᠠᠭᠠᠨ ᠤ ᠬᠤᠷᠢᠨ ᠲᠠᠪᠤᠳᠤᠭᠠᠷ ᠣᠨ ︵1686 ᠣᠨ︶ ᠳᠤ᠂ ᠲᠡᠭᠦᠨ ᠤ ᠬᠠᠷᠢᠶᠠᠲᠤ ᠣᠯᠠᠨ ᠨᠢ ᠬᠤᠷᠣᠯᠠᠢ ᠶᠢ ᠲᠠᠭᠠᠨ ᠠᠯᠠᠱᠠ ᠳᠤ ᠢᠷᠠᠵᠤ ᠮᠠᠯᠵᠢᠬᠤ ᠦᠶ᠎ᠡ᠂ ᠬᠤᠱᠣᠳ᠂ ᠵᠡᠭᠦᠨᠭᠠᠷ᠂ ᠳᠦᠷᠪᠡᠳ᠂ ᠲᠣᠷᠭᠤᠳ ᠳᠦᠷᠪᠡᠨ ᠠᠶᠢᠮᠠᠭ ᠤᠨ 1000 ᠭᠠᠷᠦᠢ ᠡᠷᠦᠬᠡ᠂ 7000 ᠭᠠᠷᠣᠢ ᠬᠠᠷᠢᠶᠠᠲᠤ ᠲᠠᠢ ᠪᠠᠶᠢᠵᠠᠢ᠃ ᠭᠤᠴᠢᠨ ᠵᠢᠷᠭᠤᠳᠤᠭᠠᠷ ᠣᠨ ︵1697 ᠣᠨ︶ ᠳᠤ᠂ ᠴᠢᠩ ᠤᠯᠤᠰ ᠤᠨ ᠵᠠᠰᠠᠭ ᠤᠨ ᠭᠠᠵᠠᠷ ᠠᠴᠠ ᠬᠤᠷᠣᠯᠠᠢ ᠶᠢᠨ ᠭᠤᠶᠤᠴᠢᠯᠠᠯᠲᠠ ᠶᠢ ᠵᠦᠪᠰᠢᠶᠡᠷᠡᠵᠤ᠂ ᠰᠢᠭᠤᠳ ᠵᠠᠬᠢᠷᠤᠯᠲᠠ ᠶᠢᠨ ᠬᠤᠰᠢᠭᠤ ᠪᠣᠯᠭᠠᠨ ᠲᠣᠭᠲᠠᠭᠠᠵᠤ᠂ ︽ᠠᠯᠠᠱᠠ ᠬᠤᠱᠣᠳ ᠦᠭᠡᠯᠤᠳ ᠬᠤᠰᠢᠭᠤ︾ ᠭᠡᠬᠦ ᠭᠠᠤᠯᠢᠨ ᠲᠠᠮᠠᠭ᠎ᠠ ᠣᠯᠭᠤᠵᠤ᠂ ᠬᠤᠷᠣᠯᠠᠢ ᠶᠢ ᠲᠦᠷᠤ ᠶᠢᠨ ᠪᠠᠶᠢᠯᠠ ᠪᠣᠯᠭᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号