ᠶᠤᠸᠠᠨ ᠤᠯᠤᠰ ᠤᠨ ᠦᠶ᠎ᠠ ᠶᠢᠨ ᠠᠯᠳᠠᠷᠳᠤ ᠡᠮᠡᠭᠳᠠᠶᠢᠴᠤᠳ 
ᠨᠡᠶᠢᠲᠡᠯᠡᠭᠰᠡᠨ ᠴᠠᠭ᠄
2019/7/30
ᠴᠢᠮᠪᠠᠢ ᠬᠠᠳᠤᠨ — ᠬᠤᠩᠭᠢᠷᠠᠳ ᠠᠶᠢᠮᠠᠭ ᠤᠨ ᠠᠩᠴᠢᠨ ᠨᠤᠶᠠᠨ ᠤ ᠦᠭᠢᠨ᠃ ᠠᠩᠬ᠎ᠠ ᠲᠡᠷᠢᠭᠦᠨ ᠤᠷᠳᠤᠨ ᠳᠤ ᠤᠷᠤᠬᠤ ᠦᠶ᠎ᠠ ᠳᠤ ᠬᠤᠪᠢᠯᠠᠢ ᠬᠠᠭᠠᠨ ᠤ ᠲᠠᠳᠠᠪᠤᠷᠢ ᠬᠠᠳᠤᠨ ᠪᠠᠶᠢᠵᠤ ᠲᠠᠷᠡ ᠬᠤᠪᠢᠯᠠᠢ ᠬᠠᠭᠠᠨ ᠤ ᠶᠡᠭᠡ ᠰᠠᠭᠤᠷᠢᠨ ᠢ ᠵᠠᠯᠭᠠᠮᠵᠢᠯᠠᠬᠤ ᠪᠠᠷ ᠵᠢᠱᠢᠭᠳᠡᠭᠰᠡᠨ ᠬᠤᠨᠭ᠌ ᠲᠠᠶᠢᠵᠢ ᠴᠢᠩᠭᠢᠮ᠂ ᠮᠠᠩᠭᠠᠯᠠ᠂ ᠨᠤᠮᠤᠬᠠᠨ ᠵᠡᠷᠭᠡ ᠭᠤᠷᠪᠠᠨ ᠭᠦᠪᠡᠭᠦᠨ ᠢ ᠲᠦᠷᠦᠵᠠᠢ᠃ 1262 ᠤᠨ ᠳᠤ ᠬᠤᠪᠢᠯᠠᠢ ᠬᠠᠭᠠᠨ ᠤ ᠭᠤᠤᠯ ᠤᠷᠳᠤᠨ ᠤ ᠬᠠᠳᠤᠨ ᠪᠤᠯᠵᠤ ᠲᠠᠭᠦᠨ ᠲᠠᠢ ᠬᠠᠮᠳᠤ ᠲᠦᠷᠦ ᠶᠢᠨ ᠭᠡᠷᠡᠭ ᠢ ᠬᠠᠮᠳᠤ ᠪᠠᠷ ᠰᠢᠳᠭᠡᠭᠦ ᠪᠤᠯᠵᠠᠢ᠃ ᠭᠦᠭᠦᠵᠢᠨ ᠬᠠᠳᠤᠨ — ᠬᠤᠩᠭᠢᠷᠠᠳ ᠠᠶᠢᠮᠠᠭ ᠤᠨ ᠭᠦᠮᠦᠨ᠃ ᠨᠢᠭᠡᠨ ᠡᠳᠤᠷ ᠬᠤᠪᠢᠯᠠᠢ ᠬᠠᠭᠠᠨ ᠠᠪᠠ ᠳᠤ ᠭᠠᠷᠤᠭᠠᠳ ᠶᠡᠭᠡ ᠤᠮᠳᠠᠭᠠᠰᠤᠭᠠᠳ ᠠᠶᠢᠯ ᠡᠷᠢᠵᠤ ᠪᠠᠶᠢᠳᠠᠯ᠎ᠠ ᠭᠡᠭᠦᠤ ᠰᠠᠭᠠᠭᠴᠢ ᠦᠭᠢᠨ ᠲᠠᠢ ᠤᠴᠠᠷᠠᠵᠤ ᠴᠡᠭᠡ ᠤᠤᠭᠤᠬᠤ ᠭᠡᠵᠤ ᠭᠤᠶᠤᠬᠤ ᠳᠤ ︽ᠪᠢ ᠭᠠᠭᠴᠠᠭᠠᠷ ᠪᠠᠶᠢᠨ᠎ᠠ᠂ ᠠᠪᠤ ᠡᠵᠢ ᠢᠷᠡᠭᠡᠳ ᠪᠤᠯᠤᠭ︾ ᠭᠡᠪᠡ᠃ ᠬᠤᠪᠢᠯᠠᠢ ᠬᠠᠭᠠᠨ ᠶᠠᠪᠤᠬᠤ ᠭᠡᠭᠦ ᠳᠤ ︽ᠪᠢ ᠠᠳᠡ ᠭᠠᠭᠴᠠᠭᠠᠷ ᠪᠠᠶᠢᠨ᠎ᠠ᠂ ᠴᠢ ᠭᠠᠭᠴᠠᠭᠠᠷ ᠢᠷᠡᠭᠡᠳ ᠶᠠᠪᠤᠪᠠᠯ ᠭᠦᠮᠦᠨ ᠦᠵᠡᠭᠦ ᠳᠤ ᠮᠠᠭᠤᠬᠠᠢ ᠪᠤᠯᠤᠨ᠎ᠠ᠂ ᠠᠪᠤ ᠡᠵᠢ ᠤᠳᠠᠬᠤ ᠦᠭᠡᠢ ᠢᠷᠡᠨ᠎ᠠ︾ ᠭᠡᠪᠡ᠃ ᠠᠪᠤ ᠡᠵᠢ ᠨᠢ ᠢᠷᠡᠭᠡᠳ ᠴᠡᠭᠡ ᠤᠯᠵᠤ ᠤᠤᠭᠤᠪᠠ᠃ ᠰᠠᠭᠦᠯᠠᠷ ᠨᠢ ᠬᠤᠪᠢᠯᠠᠢ ᠬᠠᠭᠠᠨ ᠬᠤᠨᠭ᠌ ᠲᠠᠶᠢᠵᠢ ᠴᠢᠩᠭᠢᠮ ᠳᠡᠭᠡᠨ ᠬᠠᠳᠤᠨ ᠪᠤᠯᠭᠠᠨ ᠭᠦᠳᠡᠯᠮᠤᠷᠢᠴᠢᠨ ᠠᠷᠠᠳ ᠤᠨ ᠭᠠᠷᠤᠯ ᠲᠠᠢ ᠭᠦᠮᠦᠨ ᠢᠶᠠᠷ ᠭᠦᠤ ᠪᠠᠷᠢ ᠪᠤᠯᠭᠠᠵᠤ ᠭᠦᠭᠦᠵᠢᠨ ᠬᠠᠳᠤᠨ ᠭᠡᠵᠤ ᠲᠠᠭᠤᠳᠠᠵᠠᠢ᠃  ᠠᠶᠠᠷᠤᠭ ᠬᠠᠳᠤᠨ — ᠭᠡᠷᠠᠶᠢᠳ ᠠᠶᠢᠮᠠᠭ ᠤᠨ ᠪᠤᠷᠵᠢᠭᠢᠳ ᠤᠪᠤᠭᠳᠠᠨ᠃ ᠲᠠᠷᠡ ᠪᠤᠯ ᠦᠭᠡᠳᠠᠢ ᠬᠠᠭᠠᠨ ᠤ ᠤᠮᠪᠤᠯᠤ ᠭᠦᠪᠡᠭᠦᠨ ᠬᠠᠶᠢᠳᠤ ᠶᠢᠨ ᠦᠭᠢᠨ᠂ ᠡᠷᠡᠯᠭᠡᠭ ᠪᠠᠭᠠᠳᠤᠷ᠂ ᠦᠵᠡᠰᠭᠦᠯᠠᠩ ᠨᠢ ᠭᠦᠮᠤᠨ ᠠᠴᠠ ᠲᠠᠪᠠᠵᠤ ᠲᠠᠶᠢᠨ ᠪᠠᠶᠢᠯᠳᠤᠭᠠᠨ ᠳᠤ ᠶᠡᠭᠡ ᠭᠠᠪᠢᠶ᠎ᠠ ᠤᠯᠠᠨ ᠪᠠᠶᠢᠭᠤᠯᠵᠠᠢ᠃ ᠲᠠᠷᠡ ᠡᠴᠢᠭᠡ ᠶᠢᠨ ᠵᠦᠪᠰᠢᠶᠡᠷᠡᠯ ᠢᠶᠠᠷ ᠭᠦᠷᠭᠡᠨ ᠰᠤᠩᠭᠤᠬᠤ ᠳᠠᠭᠠᠨ᠄ ︽ᠲᠠᠯᠠᠭᠡᠢ ᠳ᠋ᠡᠭᠢᠨ ᠳᠤᠷ ᠭᠡᠨ ᠨᠠᠳᠠᠳᠠᠢ ᠪᠠᠷᠢᠯᠳᠤᠨ ᠦᠵᠡᠯᠴᠡᠭᠡᠳ ᠬᠠᠶᠠᠵᠤ ᠲᠠᠶᠢᠯᠪᠠᠯ ᠪᠢ ᠳᠤᠷᠠᠳᠠᠶᠢᠶ᠎ᠠ ᠲᠠᠭᠦᠨ ᠤ ᠭᠡᠷᠭᠡᠢ ᠪᠤᠯᠤᠨ᠎ᠠ᠂ ᠭᠡᠷᠪᠡ ᠲᠠᠶᠢᠯᠦᠭᠳᠡᠪᠡᠯ ᠵᠠᠭᠤᠨ ᠠᠭᠳᠠ ᠪᠠᠷ ᠳᠤᠷᠭᠠᠨ᠎ᠠ︾ ᠭᠡᠵᠠᠢ᠃ ᠢᠡᠭᠭᠢᠭᠡᠳ ᠤᠯᠠᠨ ᠤᠯᠤᠰ ᠭᠦᠷᠤᠨ ᠠᠴᠠ ᠰᠠᠶᠢᠨ ᠰᠠᠶᠢᠨ ᠡᠷᠡᠰ ᠰᠠᠶᠢᠬᠠᠨ ᠰᠠᠶᠢᠬᠠᠨ ᠵᠠᠯᠠᠭᠤᠴᠤᠳ ᠢᠷᠡᠭᠡᠳ ᠪᠦᠷ ᠠᠭᠳᠠ ᠪᠠᠨ ᠦᠭᠭᠦᠭᠡᠳ ᠶᠠᠪᠤᠭᠰᠠᠨ ᠭᠡᠨ᠎ᠠ᠃ ᠰᠠᠭᠦᠯᠠᠷ ᠨᠢ ᠬᠠᠶᠠᠬᠤ ᠭᠦᠮᠦᠨ ᠦᠭᠡᠢ ᠳᠤᠯᠠ ᠨᠢᠭᠡᠨ ᠡᠭᠡᠯ ᠵᠢᠷ ᠤᠨ ᠮᠤᠷᠢᠳᠤ ᠴᠡᠷᠢᠭ ᠤᠨ ᠪᠠᠶᠢᠯᠳᠤᠭᠴᠢ ᠲᠠᠢ ᠤᠷᠤᠭᠯᠠᠨ ᠰᠠᠭᠤᠭᠰᠠᠨ ᠭᠡᠨ᠎ᠠ᠃  ᠠᠭᠠᠢ ᠬᠠᠳᠤᠨ — ᠭᠢᠶᠠᠳ ᠠᠶᠢᠮᠠᠭ ᠤᠨ ᠪᠤᠷᠵᠢᠭᠢᠳ ᠤᠪᠤᠭᠳᠠᠨ᠃ ᠶᠤᠸᠠᠨ ᠤᠯᠤᠰ ᠤᠨ ᠰᠠᠭᠦᠯᠴᠢ ᠶᠢᠨ ᠦᠶ᠎ᠠ ᠳᠤ ᠺᠦᠨ ᠮᠢᠩ ᠢ ᠵᠠᠭᠢᠷᠴᠤ ᠪᠠᠶᠢᠭᠰᠠᠨ ᠯᠢᠶᠠᠩ ᠸᠠᠩ ᠪᠠᠴᠠᠯᠠᠸᠠᠷᠮᠢ ᠶᠢᠨ ᠦᠭᠢᠨ᠃ 1363 ᠤᠨ ᠳᠤ ᠤᠯᠠᠭᠠᠨ ᠠᠯᠴᠢᠭᠤᠷᠳᠠᠨ ᠤ ᠪᠤᠰᠤᠯᠭ᠎ᠠ ᠶᠢᠨ ᠴᠡᠷᠢᠭ ᠤᠨ ᠲᠦᠷᠦᠭᠦᠨ ᠤ ᠨᠢᠭᠡ ᠪᠤᠯᠬᠤ ᠮᠢᠩ ᠢᠤᠢ ᠵᠸᠠ ᠶᠦᠨᠨᠠᠨ ᠢ ᠲᠠᠭᠠᠷᠢᠨ ᠳᠤᠪᠳᠤᠯᠵᠤ ᠡᠰᠡᠷᠭᠦᠴᠡᠨ ᠴᠢᠳᠠᠭᠰᠠᠨ ᠭᠦᠮᠦᠨ ᠦᠭᠡᠢ ᠳᠤᠯᠠ ᠭᠠᠵᠠᠷ ᠢᠶᠠᠨ ᠠᠯᠳᠠᠪᠠ᠃ ᠡᠨᠡ ᠦᠶ᠎ᠠ ᠳᠤ ᠳᠠᠯᠢ ᠶᠢᠨ ᠶᠢᠰᠤᠳᠤᠭᠡᠷ ᠦᠶ᠎ᠠ ᠶᠢᠨ ᠶᠠᠷᠤᠩᠭᠡᠢ ᠵᠠᠭᠢᠷᠤᠭᠴᠢ ᠳᠤᠸᠠᠨ ᠭᠦᠡᠭ ︵ᠪᠠᠢ ᠦᠨᠳᠤᠰᠤᠳᠠᠨ︶ ᠶᠡᠭᠡᠳᠠ ᠢᠯᠠᠵᠤ ᠭᠦᠭᠡᠭᠡᠵᠤ ᠶᠠᠪᠤᠭᠤᠯᠤᠭᠰᠠᠨ ᠳᠤ ᠯᠢᠶᠠᠩ ᠸᠠᠩ ᠬᠤᠷᠢᠭᠠᠳ ᠨᠠᠰᠤᠳᠠᠢ ᠦᠭᠢᠨ ᠢᠶᠠᠨ ᠲᠠᠭᠦᠨ ᠳᠤ ᠡᠭᠡᠨᠠᠷ ᠪᠤᠯᠭᠠᠨ ᠦᠭᠴᠠᠢ᠃  ᠰᠠᠭᠦᠯᠠᠷ ᠨᠢ ᠵᠠᠯᠢᠬᠠᠢ ᠲᠦᠰᠢᠮᠠᠳ ᠤᠨ ᠬᠤᠪᠴᠢ ᠦᠭᠡᠨ ᠳᠤ ᠤᠷᠤᠵᠤ ᠳᠤᠸᠠᠨ ᠭᠦᠡᠭ ᠢ ᠠᠯᠠᠬᠤ ᠪᠠᠷ ᠦᠭᠢᠨ ᠢᠶᠠᠨ ᠲᠠᠭᠤᠳᠠᠨ ᠢᠷᠡᠵᠤ᠄ ︽ᠡᠨᠡ ᠲᠠᠯᠠᠭᠡᠢ ᠲᠠᠭᠡᠷ᠎ᠠ ᠡᠴᠢᠭᠡ ᠡᠭᠡ ᠠᠴᠠ ᠦᠭᠡᠷ᠎ᠠ ᠶᠡᠭᠡ ᠰᠠᠨᠠᠯᠳᠠᠢ ᠭᠦᠮᠦᠨ ᠦᠭᠡᠢ᠂ ᠤᠯᠤᠰ ᠭᠡᠷ ᠠᠴᠠ ᠢᠯᠠᠭᠦᠤ ᠬᠠᠶᠢᠷᠠᠳᠠᠢ ᠶᠠᠭᠤᠮ᠎ᠠ ᠦᠭᠡᠢ᠃ ᠳᠤᠸᠠᠨ ᠭᠦᠡᠭ ᠨᠠᠮᠠᠢᠢ ᠬᠤᠤᠷᠯᠠᠵᠤ ᠤᠯᠤᠰ ᠢ ᠡᠵᠡᠯᠡᠭᠦ ᠰᠠᠨᠠᠭ᠎ᠠ ᠲᠠᠢ᠂ ᠴᠢ ᠡᠨᠡ ᠭᠦ ᠳᠤᠭᠤᠰ ᠤᠨ ᠰᠦᠰᠤ ᠶᠢ ᠠᠪᠠᠴᠢᠨ ᠢᠳᠡᠭᠦᠯᠦᠭᠡᠳ᠂ ᠬᠤᠤᠷᠳᠤ ᠠᠷᠢᠭᠢ ᠤᠤᠭᠤᠯᠭᠠᠵᠤ ᠠᠯᠠᠳᠤᠭᠠᠢ︾ ᠭᠡᠵᠤ ᠬᠠᠳᠠᠭᠤ ᠵᠠᠷᠯᠢᠭ ᠪᠠᠭᠤᠯᠭᠠᠵᠠᠢ᠃ ᠠᠭᠠᠢ ᠬᠠᠳᠤᠨ ᠭᠡᠷ ᠲᠡᠭᠡᠨ ᠢᠷᠡᠭᠡᠳ ᠭᠡᠯᠡᠭᠰᠡᠨ ᠨᠢ ︽ᠪᠢᠳᠠ ᠬᠤᠶᠠᠷ ᠨᠤᠳᠤᠭ ᠲᠠᠭᠠᠨ ᠶᠠᠪᠤᠭᠠᠳ ᠰᠠᠶᠢᠬᠠᠨ ᠠᠮᠢᠳᠤᠷᠠᠶ᠎ᠠ᠃ ᠡᠴᠢᠭᠡ ᠴᠢᠮᠠᠢᠢ ᠠᠯᠠᠬᠤ ᠭᠡᠵᠤ ᠪᠤᠢ︾ ᠭᠡᠵᠤ ᠪᠦᠭᠦᠨ ᠢ ᠭᠡᠯᠡᠵᠤ ᠦᠭᠭᠦᠭᠰᠡᠨ ᠳᠤ ᠢᠳᠡᠭᠡᠭᠦ ᠦᠭᠡᠢ᠃ ᠮᠠᠷᠭᠠᠰᠢ ᠨᠢ ᠳᠤᠸᠠᠨ ᠬᠦᠩ ᠢ ᠰᠦᠮ᠎ᠠ ᠵᠦᠭ ᠶᠠᠪᠤᠬᠤ ᠳᠤ ᠪᠦᠭᠭᠦᠭᠰᠡᠨ ᠴᠡᠷᠢᠭ ᠪᠠᠷᠢᠵᠤ ᠠᠪᠤᠭᠠᠳ ᠠᠯᠠᠭᠰᠠᠨ ᠭᠡᠨ᠎ᠠ᠃ ᠠᠭᠠᠢ ᠬᠠᠳᠤᠨ ᠰᠤᠨᠤᠰᠤᠭᠠᠳ ᠳᠦᠢᠯ ᠢᠶᠠᠷ ᠡᠮᠭᠡᠨᠢᠨ ᠵᠤᠪᠠᠵᠤ ᠦᠭᠦᠭᠦ ᠭᠡᠭᠦ ᠳᠤ ᠡᠴᠢᠭᠡ ᠨᠢ ᠦᠭᠦᠭᠦᠯᠭᠦ ᠦᠭᠡᠢ ᠭᠡᠨ᠎ᠠ᠃ ᠭᠡᠳᠤᠨ ᠵᠢᠯ ᠤᠨ ᠲᠠᠷᠠᠭ᠎ᠠ ᠠᠭᠠᠢ ᠬᠠᠳᠤᠨ ᠳᠤᠸᠠᠨ ᠬᠦᠩ ᠤᠨ ᠭᠡᠭᠦᠷ ᠢ ᠨᠤᠳᠤᠭ ᠲᠤᠨᠢ ᠭᠦᠨᠳᠤᠳᠭᠡᠨ ᠤᠷᠤᠰᠢᠭᠤᠯᠤᠭᠠᠳ ᠲᠠᠰᠭᠦᠶ᠎ᠠ ᠪᠠᠷᠭᠡ ᠤᠢ ᠭᠠᠰᠢᠭᠤᠳᠠᠯ ᠳᠤ ᠲᠠᠷᠤᠭᠳᠠᠵᠤ ᠶᠢᠷᠳᠢᠨᠴᠤ ᠠᠴᠠ ᠠᠩᠭᠢᠵᠢᠷᠠᠬᠤ ᠰᠢᠯᠦᠭ ᠪᠢᠴᠢᠵᠤ ᠪᠠᠶ᠎ᠠ ᠪᠠᠨ ᠬᠤᠤᠷᠯᠠᠭᠰᠠᠨ ᠪᠠᠶᠢᠨ᠎ᠠ᠃ ᠠᠭᠠᠢ ᠬᠠᠳᠤᠨ ᠪᠤᠯ ᠦᠨᠳᠤᠰᠤᠳᠠᠨ ᠤ ᠪᠦᠯᠬᠦᠮᠳᠡᠯ ᠢ ᠠᠭᠢᠭᠤᠯᠤᠭᠰᠠᠨ ᠶᠤᠸᠠᠨ ᠤᠯᠤᠰ ᠤᠨ ᠰᠠᠭᠦᠯᠴᠢ ᠦᠶ᠎ᠠ ᠶᠢᠨ ᠮᠤᠩᠭᠤᠯ ᠦᠨᠳᠤᠰᠤᠳᠠᠨ ᠤ ᠠᠯᠳᠠᠷᠳᠤ ᠡᠮᠡᠭᠳᠠᠢ ᠰᠢᠯᠦᠭᠴᠢ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号