ᠠᠯᠠᠱᠠ ᠬᠤᠰᠢᠭᠤ -  ᠯᠤᠪᠰᠠᠩᠳᠣᠷᠵᠢ ᠨᠣᠶᠠᠨ ᠤ ᠦᠶ᠎ᠡ
ᠨᠡᠶᠢᠲᠡᠯᠡᠭᠰᠡᠨ ᠴᠠᠭ᠄
2019/7/30
ᠲᠡᠭᠷᠢ ᠲᠡᠳᠬᠦᠭᠴᠢ ᠶᠢᠨ ᠳᠥᠷᠪᠡᠳᠦᠭᠡᠷ ᠣᠨ ︵1739 ᠣᠨ︶ ᠳᠤ᠂ ᠠᠪᠤᠤ ᠨᠠᠰᠤ ᠪᠠᠷᠠᠵᠤ ᠯᠤᠪᠰᠠᠩᠳᠣᠷᠵᠢ ᠡᠴᠢᠭᠡ ᠶᠢᠨ ᠰᠠᠭᠤᠷᠢᠨ ᠢ ᠵᠠᠯᠭᠠᠮᠵᠢᠯᠠᠨ ᠵᠠᠰᠠᠭ ᠲᠦᠷᠤ ᠶᠢᠨ ᠪᠠᠶᠢᠯᠠ ᠪᠣᠯᠵᠤ᠂ ᠠᠷᠪᠠᠨ ᠬᠤᠶᠠᠳᠤᠭᠠᠷ ᠣᠨ ︵1747 ᠣᠨ︶ ᠳᠤ᠂ ᠲᠦᠷᠤ ᠶᠢᠨ ᠭᠦᠩᠵᠤ ᠯᠦᠭᠡ ᠭᠡᠷᠯᠡᠵᠦ ᠲᠠᠪᠤᠨᠠᠩ ᠪᠣᠯᠣᠭᠠᠳ ᠵᠠᠷᠯᠢᠭ ᠢᠶᠠᠷ ᠵᠡᠭᠦᠨᠭᠠᠷ ᠤᠨ ᠠᠮᠤᠷᠰᠠᠨᠠᠭ᠎ᠠ ᠶᠢᠨ ᠪᠣᠰᠣᠯᠭ᠎ᠠ ᠶᠢ ᠲᠦᠪᠰᠢᠳᠬᠡᠬᠦ ᠶᠢᠨ ᠤᠴᠢᠷ ᠲᠤ ᠰᠢᠨᠵᠢᠶᠠᠩ ᠳᠤ ᠡᠴᠢᠭᠦᠯᠦᠨ ᠠᠮᠤᠷᠰᠠᠨᠠᠭ᠎ᠠ ᠶᠢ ᠨᠡᠬᠡᠮᠵᠢᠯᠡᠭᠦᠯᠦᠨ ᠣᠷᠣᠰ ᠲᠤ ᠣᠷᠣᠭᠤᠯᠵᠤ᠂ ᠲᠠᠸᠠᠴᠢ ᠬᠠᠨ ᠪᠣᠯᠣᠨ ᠪᠠᠶᠠᠷ ᠬᠠᠨ ᠵᠢᠴᠢ ᠬᠡᠰᠡᠭ ᠲᠣᠭᠠᠨ ᠤ ᠺᠠᠽᠠᠭᠴᠤᠳ ᠢ ᠪᠠᠭᠤᠯᠭᠠᠨ ᠠᠪᠤᠭᠰᠠᠨ ᠢᠶᠠᠷ᠂ ᠬᠤᠷᠢᠨ ᠬᠤᠶᠠᠳᠤᠭᠠᠷ ᠣᠨ ︵1757 ᠣᠨ︶ ᠳᠤ᠂ ᠲᠦᠷᠤ ᠶᠢᠨ ᠵᠢᠶᠦ᠋ᠨ ᠸᠠᠩ ᠢᠶᠠᠷ ᠡᠷᠭᠦᠮᠵᠢᠯᠡᠭᠳᠡᠵᠦ᠂ ᠰᠢᠲᠠᠷ ᠲᠤ ᠶᠠᠪᠤᠭᠠᠳ ᠴᠡᠷᠢᠭ ᠤᠨ ᠬᠤᠤᠪᠢ ᠶᠢᠨ ᠰᠠᠶᠢᠳ ᠪᠣᠯᠵᠠᠢ᠃ ᠭᠤᠴᠢᠳᠤᠭᠠᠷ ᠣᠨ ︵1765 ᠣᠨ︶ ᠳᠤ᠂ ᠵᠡᠭᠦᠨᠭᠠᠷ ᠤᠨ ᠦᠢᠮᠡᠭᠡᠨ ᠢ ᠲᠦᠪᠰᠢᠳᠬᠡᠭᠰᠡᠨ ᠪᠠ ᠲᠡᠭᠦᠨ ᠤ ᠳᠠᠷᠠᠭ᠎ᠠ ᠭᠠᠷᠤᠭᠰᠠᠨ ᠭᠠᠨᠰᠤ ᠶᠢᠨ ᠰᠠᠯᠠᠷ ᠤᠨ ᠰᠠᠮᠠᠭᠤᠨ ᠢ ᠳᠠᠷᠤᠭᠰᠠᠨ ᠵᠡᠷᠭᠡ ᠳᠤ ᠭᠠᠪᠢᠶ᠎ᠠ ᠲᠡᠮᠳᠡᠭᠯᠡᠵᠦ᠂ ᠬᠤᠱᠣᠢ ᠴᠢᠨ ᠸᠠᠩ ᠡᠷᠭᠦᠮᠵᠢᠯᠡᠵᠤ᠂ ᠪᠡᠭᠡᠵᠢᠩ ᠳᠤ ︽ᠯᠦᠸᠧ ᠸᠠᠩ ᠤᠨ ᠣᠷᠳᠣᠨ︾ ᠢ ᠪᠠᠶᠢᠭᠤᠯᠤᠨ ᠦᠭᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号