ᠬᠦᠶᠦᠭ ᠬᠠᠭᠠᠨ ︵1206—1248︶ | | ᠶᠡᠭᠡ ᠮᠤᠩᠭᠤᠯ ᠤᠯᠤᠰ ᠤᠨ ᠭᠤᠷᠪᠠᠳᠤᠭᠠᠷ ᠶᠡᠭᠡ ᠬᠠᠭᠠᠨ᠂ ᠮᠤᠩᠭᠤᠯ ᠦᠨᠳᠦᠰᠦᠲᠡᠨ᠂ ᠠᠯᠳᠠᠷ ᠲᠠᠢ ᠴᠡᠷᠢᠭ | ᠳᠠᠶᠢᠨᠴᠢ᠃ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ ᠦᠭᠡᠲᠠᠢ ᠬᠠᠭᠠᠨ ᠤ ᠤᠤᠭᠠᠨ | ᠬᠦᠪᠡᠭᠦᠨ᠂ ᠡᠭᠡ ᠨᠢ ᠵᠢᠷᠭᠤᠳᠤᠭᠠᠷ ᠡᠰᠢ ᠬᠠᠲᠤᠨ ᠨᠠᠢᠮᠠᠵᠢᠨ ᠤᠪᠤᠭᠲᠤ ᠲᠦᠷᠭᠡᠨ᠎ᠡ ᠪᠤᠯᠤᠨ᠎ᠠ᠃ 1206 ᠤᠨ | ᠳᠤ ᠮᠡᠨᠳᠦᠯᠡᠵᠡᠢ᠃ ᠬᠦᠶᠦᠭ ᠬᠠᠭᠠᠨ ᠤ ᠴᠡᠭᠡᠷᠯᠡᠭᠦᠢ ᠨᠡᠷ᠎ᠡ ᠨᠢ ᠬᠦᠶᠦᠭ᠂ ᠡᠷᠭᠦᠮᠵᠢ ᠠᠯᠳᠠᠷ ᠨᠢ ᠬᠦᠶᠦᠭ ᠬᠠᠭᠠᠨ᠂ | ᠨᠡᠭᠡᠮᠵᠢ ᠠᠯᠳᠠᠷ ᠨᠢ ᠡᠩᠨᠡᠰᠢ ᠲᠦᠪᠰᠢᠲᠤ ᠬᠠᠭᠠᠨ᠂ ᠰᠦᠮ᠎ᠡ ᠶᠢᠨ ᠠᠯᠳᠠᠷ ᠨᠢ ᠲᠤᠭᠲᠠᠭᠠᠯᠲᠤ ᠬᠠᠭᠠᠨ᠃ ᠦᠭᠡᠲᠡᠢ | ᠬᠠᠭᠠᠨ ᠤ ᠦᠶ᠎ᠡ ᠳᠤ 1233 ᠤᠨ ᠳᠤ ᠴᠢᠩᠬᠢᠰ ᠬᠠᠭᠠᠨ ᠤ ᠬᠤᠶᠠᠳᠤᠭᠠᠷ ᠳᠡᠭᠦᠦ ᠬᠠᠴᠢᠭᠤᠨ ᠤ ᠬᠦᠪᠡᠭᠦᠨ | ᠠᠯᠴᠢᠲᠡᠢ ᠲᠠᠢ ᠬᠠᠮᠲᠤ ᠴᠡᠷᠢᠭ ᠳᠠᠶᠢᠴᠢᠯᠠᠨ ᠯᠢᠶᠤᠤᠳᠦ᠋ᠩ ᠢ ᠳᠠᠶᠢᠯᠠᠵᠤ ᠠᠯᠲᠡᠨ ᠤᠯᠤᠰ ᠤᠨ ᠴᠢᠨ ᠸᠠᠩ | ᠫᠦᠰᠢᠶᠠᠨ ᠸᠠᠨᠨᠤ᠋ ᠶᠢ ᠪᠠᠷᠢᠪᠴᠢᠯᠠᠵᠠᠢ᠃ 1235 ᠤᠨ ᠳᠤ ᠲᠦᠷᠦᠯ ᠤᠨ ᠨᠤᠶᠠᠨ ᠪᠠᠲᠤ᠂ ᠮᠥᠩᠭᠡ ᠨᠠᠷ ᠲᠠᠢ | ᠬᠠᠮᠲᠤ ︽ᠠᠬᠠᠮᠡᠳ ᠬᠦᠪᠡᠭᠦᠳ ᠤᠨ ᠪᠠᠷᠠᠭᠤᠨᠰᠢ ᠠᠶᠠᠯᠠᠭᠰᠡᠨ ᠳᠠᠶᠢᠨ︾ ᠳᠤ ᠤᠷᠤᠯᠴᠠᠵᠤ ᠦᠷᠦᠨᠠᠰᠢ ᠳᠠᠶᠢᠯᠠᠨ | ᠤᠷᠤᠰ ᠪᠤᠯᠤᠨ ᠵᠡᠭᠦᠨ ᠡᠸ᠋ᠷᠦ᠋ᠫᠠ ᠲᠢᠪ ᠤᠨ ᠤᠯᠠᠨ ᠭᠠᠵᠠᠷ ᠢ ᠲᠤᠪᠲᠤᠯᠵᠠᠢ᠃ ᠦᠭᠡᠲᠠᠢ ᠬᠠᠭᠠᠨ ᠠᠴᠢ ᠰᠢᠷᠠᠮᠤᠨ | ᠢᠶᠠᠷ ᠢᠶᠠᠨ ᠬᠠᠭᠠᠨ ᠰᠠᠭᠤᠷᠢᠨ ᠢ ᠪᠠᠨ ᠵᠠᠯᠭᠠᠮᠵᠢᠯᠠᠭᠤᠯᠬᠤ ᠬᠡᠷᠢᠶᠠᠰ ᠦᠯᠡᠳᠡᠭᠡᠭᠰᠡᠨ ᠪᠠᠶᠢᠪᠠ᠃ ᠦᠭᠡᠳᠠᠢ ᠬᠠᠭᠠᠨ ᠢ | ᠲᠩᠷᠢ ᠪᠤᠯᠤᠭᠰᠡᠨ ᠤ ᠳᠠᠷᠠᠭ᠎ᠠ ᠲᠦᠷᠭᠡᠨ᠎ᠡ ᠬᠠᠲᠤᠨ ᠲᠦᠷᠦ ᠪᠠᠷᠢᠵᠤ᠂ ᠲᠤᠯᠭᠤᠷ ᠬᠠᠭᠠᠨ ᠤ ᠵᠠᠷᠯᠢᠭ ᠢ ᠦᠲᠡᠭᠡᠷᠴᠤ | ᠂ ᠳᠠᠯᠠᠨᠳᠠᠪᠠᠭᠠ ᠳᠤ ᠶᠡᠭᠡ ᠬᠤᠷᠠᠯᠳᠠᠢ ᠬᠤᠷᠠᠯᠳᠤᠭᠤᠯᠵᠤ ᠬᠦᠶᠦᠭ ᠢ ᠬᠦᠷᠢᠶᠠᠯᠡᠭᠦᠯᠦᠨ᠂ 1246 ᠤᠨ ᠤ 8 ᠰᠠᠷ᠎ᠠ | ᠳᠤ ᠤᠩᠬᠢ ᠶᠢᠨ ᠰᠦᠮᠡᠨ ᠲᠡᠰᠡᠭ ᠭᠡᠳᠡᠭ ᠭᠠᠵᠠᠷ ᠲᠠᠬᠢ ᠨᠡᠭᠦᠳᠡᠯ ᠤᠷᠳᠤᠨ ᠪᠤᠯᠬᠤ ᠰᠢᠷ᠎ᠠ ᠤᠷᠳᠤᠨ ᠳᠤ ᠬᠠᠭᠠᠨ | ᠰᠠᠭᠤᠷᠢᠨ ᠳᠤ ᠰᠠᠭᠤᠯᠭᠠᠵᠠᠢ᠃ ᠬᠦᠶᠦᠭ ᠬᠠᠭᠠᠨ ᠮᠦᠨ ᠤᠨ ᠳᠤ ᠡᠸᠦ᠋ᠷᠦᠫᠠ ᠶᠢᠨ ᠷᠤᠮᠠ ᠶᠢᠨ ᠱᠠᠰᠢᠨ ᠤ ᠬᠠᠭᠠᠨ | ᠤ ᠲᠤᠮᠢᠯᠠᠨ ᠶᠠᠪᠤᠭᠤᠯᠤᠭᠰᠡᠨ ᠫᠯᠠᠨ ᠺᠠᠷᠫᠢᠨ ᠵᠡᠷᠭᠡ ᠡᠯᠴᠢᠳ ᠢ ᠬᠦᠯᠢᠶᠠᠨ ᠠᠪᠴᠤ ᠠᠭᠤᠯᠵᠠᠨ ᠬᠠᠷᠢᠭᠤ ᠵᠠᠬᠢᠳᠠᠯ | ᠳᠠᠮᠵᠢᠭᠤᠯᠪᠠ᠃ ᠲᠦᠷᠭᠡᠨᠠ ᠬᠠᠲᠤᠨ ᠲᠦᠷᠦ ᠶᠢᠨ ᠡᠷᠭᠡ ᠶᠢ ᠠᠳᠬᠤᠵᠤ ᠪᠠᠶᠢᠭ᠎ᠠ ᠦᠶ᠎ᠡ ᠳᠤ ᠪᠠᠨ ᠭᠠᠪᠢᠶᠠᠲᠤ | ᠰᠠᠶᠢᠳ ᠢ ᠤᠭᠤᠷᠴᠤ ᠵᠠᠯᠢᠬᠠᠢ ᠶᠢ ᠲᠤᠲᠤᠨᠤᠴᠢᠯᠠᠭᠰᠡᠨ ᠠᠴᠠ ᠵᠠᠰᠠᠭ ᠰᠠᠮᠠᠭᠤᠷᠠᠵᠤ ᠲᠦᠷᠦ ᠶᠢᠨ ᠶᠤᠰᠤ | ᠡᠪᠳᠡᠭᠳᠡᠭᠰᠡᠨ ᠪᠠᠶᠢᠯ᠎ᠠ᠃ ᠬᠦᠶᠦᠭ ᠬᠠᠭᠠᠨ ᠰᠠᠭᠤᠷᠢᠨ ᠢ ᠵᠠᠯᠭᠠᠮᠵᠢᠯᠠᠭᠰᠡᠨ ᠤ ᠳᠠᠷᠠᠭ᠎ᠠ᠂ ᠶᠡᠭᠡ ᠪᠠᠷ ᠱᠠᠩᠨᠠᠨ | ᠰᠤᠶᠤᠷᠬᠠᠵᠤ᠂ ᠴᠢᠩᠬᠢᠰ ᠬᠠᠭᠠᠨ ᠤ ᠶᠡᠭᠡ ᠵᠠᠰᠠᠭ ᠪᠤᠯᠤᠨ ᠦᠭᠡᠳᠡᠢ ᠬᠠᠭᠠᠨ ᠤ ᠵᠠᠷᠯᠢᠭ ᠵᠠᠬᠢᠶ᠎ᠡ ᠶᠢ | ᠬᠢᠴᠢᠶᠡᠩᠭᠦᠶᠢᠯᠡᠨ ᠰᠠᠬᠢᠵᠤ᠂ ᠤᠷᠤᠨ ᠨᠤᠲᠤᠭ ᠤᠨ ᠨᠤᠶᠠᠳ ᠤᠨ ᠳᠤᠷ᠎ᠠ ᠲᠠᠪᠠ ᠢᠶᠠᠷ ᠢᠶᠠᠨ ᠵᠠᠷᠯᠢᠭ ᠵᠠᠬᠢᠶ᠎ᠡ ᠫᠠᠶᠢᠰᠡ | ᠲᠡᠮᠲᠡᠭ ᠪᠠᠭᠤᠯᠭᠠᠬᠤ ᠶᠢ ᠡᠷᠡᠰ ᠵᠤᠭᠰᠤᠭᠠᠵᠤ᠂ ᠬᠠᠤᠯᠢ ᠴᠠᠭᠠᠵᠡ ᠶᠢ ᠴᠢᠩᠭ᠎ᠠ ᠬᠡᠷᠡᠭᠵᠢᠭᠦᠯᠦᠨ ᠤᠳᠴᠢᠬᠢᠨ ᠨᠤᠶᠠᠨ | ᠤ ᠴᠡᠷᠢᠭ ᠢᠶᠠᠷ ᠬᠠᠯᠳᠠᠭᠰᠡᠨ ᠬᠡᠷᠡᠭ ᠢ ᠰᠢᠭᠦᠵᠤ ᠶᠡᠭᠡ ᠵᠠᠰᠠᠭ ᠢᠶᠠᠷ ᠵᠠᠯᠢᠬᠠᠢ ᠲᠦᠰᠢᠮᠡᠳ ᠢ ᠰᠢᠢᠳᠭᠡᠵᠤ᠂ | ᠭᠠᠪᠢᠶᠠᠲᠤ ᠲᠦᠰᠢᠮᠡᠳ ᠤᠨ ᠬᠢᠯᠢᠰ ᠢ ᠴᠠᠭᠠᠳᠬᠠᠨ ᠳᠠᠬᠢᠨ ᠬᠦᠨᠳᠦᠳᠭᠡᠨ ᠬᠡᠷᠡᠭᠯᠡᠵᠤ ᠲᠦᠷᠦ ᠶᠢ ᠲᠦᠪᠰᠢᠳᠭᠡᠪᠡ᠃ | 1247 ᠤᠨ ᠳᠤ ᠲᠦᠪᠡᠳ ᠳᠠᠭᠠᠵᠠᠢ᠃ 1248 ᠤᠨ ᠳᠤ ᠤᠮᠠᠷᠠᠲᠤ ᠤᠷᠤᠨ ᠶᠡᠭᠡ ᠪᠠᠷ ᠭᠠᠩᠳᠠᠵᠠᠢ᠃ ᠮᠦᠨ | ᠤᠨ ᠤ ᠬᠠᠪᠤᠷ ᠬᠦᠶᠦᠭ ᠬᠠᠭᠠᠨ ᠪᠠᠷᠠᠭᠤᠨᠰᠢ ᠮᠤᠷᠳᠠᠵᠤ ᠬᠤᠮᠰᠠᠩᠬᠢᠷ ᠬᠦᠷᠦᠭᠡᠳ ᠡᠪᠡᠳᠴᠢᠨ ᠢᠶᠠᠷ ᠲᠩᠷᠢ ᠪᠤᠯᠪᠠ᠃ | ᠬᠠᠰ ᠢᠵᠠᠭᠤᠷ ᠢ ᠨᠢ ᠬᠦᠷᠦᠯᠬᠦ ᠳᠤ ᠤᠷᠤᠰᠢᠭᠤᠯᠵᠠᠢ᠃ ᠬᠦᠶᠦᠭ ᠢ ᠬᠠᠯᠢᠭᠰᠡᠨ ᠤ ᠳᠠᠷᠠᠭ᠎ᠠ ᠬᠠᠲᠤᠨ ᠨᠢ ᠤᠭᠤᠯ | ᠬᠠᠶᠢᠮᠢᠰᠢ ᠵᠠᠰᠠᠭ ᠪᠠᠷᠢᠪᠠ᠃ | ᠬᠦᠶᠦᠭ ᠬᠠᠭᠠᠨ ᠤ ᠭᠠᠪᠢᠶ᠎ᠡ ᠵᠢᠳᠭᠦᠯ᠄ | ⒈ ᠯᠢᠶᠤᠤᠳᠦ᠋ᠩ ᠤᠨ ᠳᠠᠶᠢᠯᠠᠯᠳᠤᠭᠠᠨ ᠳᠤ ᠤᠷᠤᠯᠴᠠᠵᠤ ᠠᠯᠲᠡᠨ ᠤᠯᠤᠰ ᠤᠨ ᠴᠢᠨ ᠸᠠᠩ ᠫᠦᠰᠢᠶᠠᠨ ᠸᠠᠨᠨᠤ᠋ ᠶᠢ | ᠪᠠᠷᠢᠪᠴᠢᠯᠠᠨ ᠠᠯᠲᠡᠨ ᠤᠯᠤᠰ ᠢ ᠮᠥᠬᠦᠭᠡᠬᠦ ᠳᠤ ᠭᠠᠪᠢᠶ᠎ᠡ ᠪᠠᠶᠢᠭᠤᠯᠪᠠ᠃ | ⒉ ︽ᠠᠬᠠᠮᠡᠳ ᠬᠦᠪᠡᠭᠦᠳ ᠤᠨ ᠪᠠᠷᠠᠭᠤᠨᠰᠢ ᠠᠶᠠᠯᠠᠭᠰᠡᠨ ᠳᠠᠶᠢᠨ︾ ᠳᠤ ᠤᠷᠤᠯᠴᠠᠵᠤ ᠦᠷᠦᠨᠠᠰᠢ ᠳᠠᠶᠢᠯᠠᠨ | ᠤᠷᠤᠰ ᠪᠤᠯᠤᠨ ᠵᠡᠭᠦᠨ ᠡᠸ᠋ᠷᠦ᠋ᠫᠠ ᠲᠢᠪ ᠤᠨ ᠤᠯᠠᠨ ᠭᠠᠵᠠᠷ ᠢ ᠲᠤᠪᠲᠤᠯᠤᠨ ᠶᠡᠭᠡ ᠮᠤᠩᠭᠤᠯ ᠤᠯᠤᠰ ᠤᠨ ᠨᠤᠳᠤᠭ | ᠳᠡᠪᠢᠰᠭᠡᠷ ᠤᠨ ᠦᠷᠭᠡᠳᠭᠡᠯ ᠳᠤ ᠭᠠᠪᠢᠶ᠎ᠡ ᠨᠡᠮᠡᠷᠢᠯᠡᠪᠡ᠃ | ⒊ ᠲᠦᠷᠭᠡᠨᠠ ᠬᠠᠲᠤᠨ ᠤ ᠦᠶ᠎ᠡ ᠶᠢᠨ ᠲᠦᠷᠤ ᠶᠢᠨ ᠶᠤᠰᠤ ᠡᠪᠳᠡᠭᠳᠡᠵᠤ ᠵᠠᠰᠠᠭ ᠰᠤᠯᠠᠷᠠᠭᠰᠡ ᠪᠠᠶᠢᠳᠠᠯ ᠢ | ᠦᠨᠳᠦᠰᠦᠨ ᠳᠤ ᠪᠠᠨ ᠵᠠᠰᠠᠵᠤ ᠴᠢᠳᠠᠪᠠ᠃ | ⒋ ᠲᠦᠪᠡᠳ ᠢ ᠳᠠᠭᠠᠭᠤᠯᠵᠤ ᠶᠡᠭᠡ ᠮᠤᠩᠭᠤᠯ ᠤᠯᠤᠰ ᠤᠨ ᠤᠯᠤᠰ ᠲᠦᠷᠦ ᠶᠢᠨ ᠨᠦᠯᠦᠭᠡ ᠶᠢ ᠦᠷᠭᠦᠯᠵᠢᠯᠡᠨ | ᠶᠡᠭᠡᠰᠭᠡᠪᠡ᠃ | ᠬᠦᠶᠦᠭ ᠬᠠᠭᠠᠨ ᠤ ᠲᠠᠮᠠᠭ᠎ᠠ ᠶᠢᠨ ᠪᠢᠴᠢᠭ᠄ | ᠮᠥᠩᠭᠡ ᠲᠩᠷᠢ ᠶᠢᠨ ᠬᠦᠴᠦᠨ ᠳᠤᠷ ᠶᠡᠭᠡ ᠮᠤᠩᠭᠤᠯ ᠤᠯᠤᠰ ᠤᠨ ᠳᠠᠯᠠᠢ ᠶᠢᠨ ᠬᠠᠭᠠᠨ ᠤ ᠵᠠᠷᠯᠢᠭ ᠡᠯ᠎ᠡ ᠪᠤᠯᠭᠠᠨ | ᠢᠷᠭᠡᠨ ᠳᠤᠷ ᠬᠦᠷᠪᠡᠰᠤ ᠠᠶᠤᠲᠤᠭᠠᠢ ᠪᠢᠰᠢᠷᠡᠲᠦᠭᠡᠢ |