ᠮᠥᠩᠭᠡ ᠬᠠᠭᠠᠨ
ᠨᠡᠶᠢᠲᠡᠯᠡᠭᠰᠡᠨ ᠴᠠᠭ᠄
2019/8/23
ᠮᠥᠩᠭᠡ ᠬᠠᠭᠠᠨ ︵1209—1259︶
ᠶᠡᠭᠡ ᠮᠤᠩᠭᠤᠯ ᠤᠯᠤᠰ ᠤᠨ ᠳᠦᠷᠪᠡᠳᠦᠭᠡᠷ ᠶᠡᠭᠡ ᠬᠠᠭᠠᠨ᠂ ᠮᠤᠩᠭᠤᠯ ᠦᠨᠳᠦᠰᠦᠲᠡᠨ᠂ ᠳᠠᠯᠡᠭᠡᠢ ᠳᠤ ᠠᠯᠳᠠᠷ ᠲᠠᠢ ᠴᠡᠷᠢᠭ ᠤᠨ ᠤᠬᠠᠭᠠᠨᠲᠡᠨ᠂ ᠴᠡᠷᠢᠭ ᠳᠠᠶᠢᠨᠴᠢ᠂ ᠤᠯᠤᠰ ᠲᠦᠷᠦᠴᠢ᠂ ᠲᠤᠭᠠᠨ ᠤ ᠤᠬᠠᠭᠠᠨᠲᠡᠨ᠃ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ ᠲᠦᠷᠦ ᠲᠤᠰᠠᠯᠠᠭᠴᠢ ᠶᠡᠭᠡ ᠨᠤᠶᠠᠨ ᠰᠤᠳᠤ ᠬᠠᠭᠠᠨ ᠲᠤᠯᠤᠢ ᠪᠤᠯᠤᠨ ᠲᠦᠪ ᠠᠷᠢᠭᠤᠨ ᠳᠡᠭᠡᠲᠤ ᠬᠠᠲᠤᠨ ᠬᠡᠷᠡᠶᠢᠳ ᠤᠪᠤᠭᠲᠡᠨ ᠰᠤᠷᠬᠠᠭᠳᠠᠨᠢ ᠶᠢᠨ ᠠᠬᠠᠮᠡᠳ ᠬᠦᠪᠡᠭᠦᠨ᠂ 1209 ᠤᠨ ᠤ 1 ᠰᠠᠷ᠎ᠠ ᠶᠢᠨ 10 ᠤ ᠡᠳᠦᠷ ᠮᠡᠨᠳᠦᠯᠡᠵᠡᠢ᠃ ᠦᠭᠡᠲᠡᠢ ᠬᠠᠭᠠᠨ ᠲᠡᠭᠦᠨ ᠢ ᠬᠦᠪᠡᠭᠦᠨ ᠢᠶᠠᠨ ᠪᠤᠯᠭᠠᠨ ᠦᠷᠡᠴᠢᠯᠡᠨ ᠠᠰᠠᠷᠠᠵᠤ ᠬᠠᠭᠠᠨ ᠤᠷᠳᠤᠨ ᠳᠤ ᠪᠠᠨ ᠦᠰᠭᠡᠪᠡ᠃ ᠰᠤᠳᠤ ᠬᠠᠭᠠᠨ ᠬᠠᠯᠢᠭᠰᠡᠨ ᠤ ᠬᠤᠶᠢᠨ᠎ᠠ ᠬᠠᠷᠢᠶᠠᠲᠤ ᠤᠷᠳᠤᠨ ᠳᠤ ᠨᠢ ᠡᠭᠡᠭᠦᠯᠪᠡ᠃ ᠴᠡᠭᠡᠷᠯᠡᠭᠦᠢ ᠨᠠᠷ᠎ᠡ ᠨᠢ ᠮᠥᠩᠭᠡ᠂ ᠡᠷᠭᠦᠮᠵᠢ ᠠᠯᠳᠠᠷ ᠨᠢ ᠮᠥᠩᠭᠡ ᠬᠠᠭᠠᠨ ᠂ ᠨᠡᠭᠡᠮᠵᠢ ᠠᠯᠳᠠᠷ ᠨᠢ ᠡᠷᠡᠰ ᠡᠵᠡᠮᠳᠡᠭᠴᠢ ᠬᠠᠭᠠᠨ᠂ ᠰᠦᠮ᠎ᠡ ᠶᠢᠨ ᠠᠯᠳᠠᠷ ᠨᠢ ᠡᠷᠳᠡᠮᠲᠤ ᠬᠠᠭᠠᠨ᠃ 1230 ᠤᠨ  ᠳᠤ ᠦᠭᠡᠳᠠᠢ ᠬᠠᠭᠠᠨ ᠢ ᠳᠠᠭᠠᠵᠤ ᠱᠠᠨᠰᠢ ᠶᠢ ᠳᠠᠶᠢᠯᠠᠪᠠ᠃ 1236 ᠤᠨ ᠳᠤ ᠪᠠᠲᠤ ᠶᠢᠨ ᠳᠠᠶᠢᠴᠢᠯᠠᠭᠰᠡᠨ ︽ᠠᠬᠠᠮᠡᠳ ᠬᠦᠪᠡᠭᠦᠳ ᠤᠨ ᠪᠠᠷᠠᠭᠤᠨᠰᠢ ᠠᠶᠠᠯᠠᠭᠰᠡᠨ ᠳᠠᠶᠢᠨ︾ ᠳᠤ ᠤᠷᠤᠯᠴᠠᠵᠤ ᠬᠢᠪᠴᠠᠭ ᠢ ᠡᠵᠡᠯᠡᠵᠤ ᠠᠶᠢᠮᠠᠭ ᠤᠨ ᠲᠦᠷᠦᠭᠦᠦ ᠪᠢᠰᠮᠠᠨ ᠢ ᠨᠡᠭᠡᠵᠤ ᠪᠠᠷᠢᠪᠴᠢᠯᠠᠨ ᠪᠠᠰᠡ ᠤᠷᠤᠰ ᠵᠡᠷᠭᠡ ᠭᠠᠵᠠᠷ ᠢ ᠲᠤᠪᠳᠤᠯᠵᠠᠢ᠃ 1251 ᠤᠨ ᠤ ᠵᠤᠨ ᠪᠠᠲᠤ ᠶᠢᠨ ᠳᠡᠮᠵᠢᠯᠭᠡ ᠳᠤᠤᠷ᠎ᠠ ᠬᠦᠳᠡᠭᠡ ᠠᠷᠠᠯ ᠳᠤ ᠶᠡᠭᠡ ᠬᠤᠷᠠᠯᠳᠠᠢ ᠪᠠᠷ ᠳᠠᠮᠵᠢᠨ ᠬᠠᠭᠠᠨ ᠰᠠᠭᠤᠷᠢᠨ ᠳᠤ ᠰᠠᠭᠠᠲᠠᠪᠠ᠃ ᠮᠥᠩᠭᠡ ᠶᠢᠨ ᠬᠠᠭᠠᠨ ᠰᠠᠭᠤᠭᠰᠡᠨ ᠪᠠᠶᠠᠷ ᠲᠤ ᠵᠤᠷᠢᠭᠤᠯᠤᠨ ᠳᠤᠯᠤᠭᠠᠨ ᠰᠦᠨᠢ ᠳᠤᠯᠤᠭᠠᠨ ᠡᠳᠦᠷ  ᠤᠨ ᠶᠡᠭᠡ ᠨᠠᠶᠢᠷ ᠪᠤᠯᠵᠠᠢ᠃ ᠮᠥᠩᠭᠡ ᠬᠠᠭᠠᠨ ᠰᠠᠭᠤᠭᠰᠡᠨ ᠤ ᠳᠠᠷᠠᠭ᠎ᠠ ᠡᠰᠡᠷᠭᠦ ᠡᠲᠡᠭᠡᠳ ᠢᠶᠠᠨ ᠳᠠᠷᠤᠩᠭᠤᠶᠢᠯᠠᠵᠤ ᠲᠤᠲᠤᠭᠠᠲᠤ ᠵᠠᠰᠠᠭ ᠢᠶᠠᠨ ᠴᠡᠭᠴᠡᠯᠡᠵᠤ᠂ ᠬᠠᠭᠠᠨᠲᠤ ᠤᠯᠤᠰ ᠤᠨ ᠨᠤᠲᠤᠭ ᠳᠡᠪᠢᠰᠭᠡᠷ ᠢᠶᠠᠨ ᠶᠠᠨᠵᠢᠩ᠂ ᠪᠢᠱᠢᠪᠠᠯᠢᠭ᠂ ᠠᠮᠦ᠋ ᠮᠦᠷᠡᠨ ᠵᠡᠷᠭᠡ ᠰᠠᠯᠪᠤᠷᠢ ᠱᠠᠩᠱᠤ ᠮᠤᠵᠢ ᠬᠤᠪᠢᠶᠠᠨ᠂ ᠳᠣᠮᠳᠠᠲᠤ ᠤᠷᠤᠨ᠂ ᠪᠠᠷᠠᠭᠤᠨ ᠤᠷᠤᠨ ᠪᠠ ᠳᠣᠮᠳᠠᠲᠤ ᠠᠽᠢᠶ᠎ᠡ ᠶᠢᠨ ᠭᠠᠵᠠᠷ ᠤᠷᠤᠨ ᠢ ᠰᠠᠯᠭᠠᠨ ᠵᠠᠬᠢᠷᠴᠠᠢ᠃ ᠪᠠᠰᠡ ᠦᠷᠭᠦᠯᠵᠢᠯᠡᠨ ᠭᠠᠳᠠᠭᠰᠢ ᠦᠷᠭᠡᠳᠭᠡᠬᠦ ᠳᠠᠶᠢᠨ ᠶᠠᠪᠤᠭᠤᠯᠵᠤ ᠳ᠋ᠠᠯᠢ᠂ ᠫᠧᠷᠰ᠂ ᠡᠨᠡᠳᠭᠡᠭ᠂ ᠺᠠᠱᠢᠮᠢᠷ᠂ ᠰᠤᠯᠤᠩᠭᠤᠰ ᠲᠤ ᠴᠡᠷᠢᠭ ᠲᠤᠮᠢᠯᠠᠵᠤ᠂ 1253 — 1259 ᠤᠨ ᠤ ᠬᠤᠭᠤᠷᠤᠨᠳᠤ ᠢᠷᠠᠨ᠂ ᠪᠠᠭᠳᠠᠳ᠋ ᠵᠡᠷᠭᠡ ᠠᠷᠠᠪ ᠤᠨ ᠤᠯᠤᠰ ᠢ ᠡᠵᠡᠯᠡᠨ᠂ ᠠᠽᠧᠷᠪᠠᠶᠢᠵᠠᠨ᠂ ᠠᠷᠮᠧᠨᠢᠶ᠎ᠡ᠂ ᠭᠷᠦ᠋ᠽᠢᠶᠠ ᠶᠢ ᠬᠠᠷᠢᠶᠠᠲᠤ ᠤᠯᠤᠰ ᠪᠤᠯᠭᠠᠨ᠂ ᠸᠢᠶᠧᠲᠨᠠᠮ ᠢ ᠳᠠᠭᠠᠭᠤᠯᠵᠠᠢ᠃ 1256 ᠤᠨ ᠳᠤ ᠬᠤᠷᠠᠯᠳᠠᠢ ᠪᠠᠷ ᠳᠠᠮᠵᠢᠨ ᠰᠦᠩ ᠤᠯᠤᠰ ᠢ ᠳᠠᠶᠢᠯᠠᠬᠤ ᠪᠠᠷ ᠲᠤᠭᠲᠠᠵᠤ ᠮᠥᠩᠭᠡ ᠬᠠᠭᠠᠨ ᠪᠡᠶ᠎ᠡ ᠪᠠᠷ ᠴᠡᠷᠢᠭ ᠳᠠᠶᠢᠴᠢᠯᠠᠨ ᠰᠧᠴᠤᠸᠠᠨ ᠳᠤ ᠤᠷᠤᠵᠤ᠂ ᠳ᠋ᠠᠯᠢ ᠶᠢ ᠮᠦᠬᠦᠭᠡᠨ ᠲᠦᠪᠡᠳ ᠢ ᠡᠵᠡᠯᠡᠨ ᠠᠪᠴᠤ᠂ ᠴᠦᠩᠴᠢᠩ ᠢ ᠳᠠᠶᠢᠯᠠᠬᠤ ᠬᠤᠭᠤᠴᠠᠭᠠᠨ ᠳᠤ 1259 ᠤᠨ ᠤ 7 ᠰᠠᠷ᠎ᠠ ᠳᠤ ᠳ᠋ᠢᠶᠤᠤ ᠢᠤᠢ ᠠᠭᠤᠯᠠᠨ ᠳᠤ ᠡᠪᠡᠳᠴᠢᠨ ᠢᠶᠠᠷ ᠲᠩᠷᠢ ᠪᠤᠯᠪᠠ᠃ ᠬᠠᠰ ᠢᠵᠠᠭᠤᠷ ᠢ ᠨᠢ ᠬᠦᠷᠦᠯᠬᠦ ᠳᠤ ᠤᠷᠤᠰᠢᠭᠤᠯᠵᠠᠢ᠃ ᠫᠧᠷᠰ ᠤᠨ ᠵᠦᠸᠠᠶᠢᠨᠠᠢ ︽ᠳᠠᠯᠡᠭᠡᠢ ᠶᠢ ᠪᠠᠶᠢᠯᠳᠤᠨ ᠳᠠᠭᠠᠭᠤᠯᠤᠭᠴᠢᠳ ᠤᠨ ᠲᠡᠦᠭᠡ︾ ᠭᠡᠬᠦ ᠨᠤᠮ ᠳᠤ ᠪᠠᠨ᠄ ︽ᠮᠥᠩᠭᠡ ᠪᠤᠯ ᠪᠦᠬᠦ ᠬᠦᠮᠦᠨ ᠲᠦᠷᠦᠯᠬᠢᠲᠡᠨ ᠤ ᠡᠵᠡᠨ ᠶᠤᠮ᠃ ᠳᠤᠷᠤᠨᠠᠳᠠᠬᠢᠨ ᠤ ᠬᠠᠭᠠᠳ ᠪᠠ ᠬᠠᠯᠢᠹ ᠸᠠᠩ ᠨᠠᠷ ᠲᠡᠭᠦᠨ ᠢ ᠴᠢᠩ ᠰᠡᠳᠬᠢᠯ  ᠠᠴᠠ ᠪᠠᠨ ᠬᠦᠨᠳᠦᠳᠭᠡᠨ ᠪᠢᠰᠢᠷᠠᠵᠤ ᠠᠯᠤᠰ ᠬᠤᠯᠡ ᠠᠴᠠ ᠪᠠᠷᠠᠯᠬᠠᠬᠤ ᠪᠠᠷ ᠤᠴᠢᠳᠠᠭ ᠪᠦᠭᠡᠳ ᠤᠯᠤᠰ ᠬᠦᠷᠦᠨ ᠢ ᠵᠠᠰᠠᠬᠤ ᠠᠷᠭ᠎ᠠ ᠤᠬᠠᠭᠠᠨ ᠶᠡᠭᠡ ᠶᠤᠰᠤᠨ ᠢ ᠵᠢᠭᠠᠯᠭᠠᠵᠤ ᠪᠤᠴᠠᠳᠠᠭ︾ ᠭᠡᠰᠡᠨ ᠪᠦᠭᠡᠳ ᠪᠠᠰᠡ᠄ ︽ᠷᠤᠮᠡ ᠶᠢᠨ ᠡᠷᠲᠡᠨ ᠤ ᠺᠠᠽᠠᠨ ᠬᠠᠭᠠᠨ ᠬᠡᠷᠪᠡ ᠠᠮᠢᠳᠤ ᠪᠠᠶᠢᠭᠰᠡᠨ ᠪᠤᠯ ᠮᠥᠩᠭᠡ ᠬᠠᠭᠠᠨ ᠳᠤ ᠦᠢᠯᠡᠴᠢᠯᠡᠬᠦ ᠶᠢ ᠵᠢᠷᠭᠠᠯ ᠢᠶᠠᠷ ᠪᠤᠳᠤᠬᠤ ᠪᠠᠶᠢᠬᠤ ᠡ᠃ ᠫᠧᠷᠰ ᠤᠨ ᠺᠦᠽᠠᠺᠠ ᠪᠤᠯᠤᠨ ᠶᠧᠵᠢᠫᠲ ᠤᠨ ᠫᠷᠤᠨ ᠨᠠᠷ ᠠᠮᠢᠳᠤ ᠰᠡᠷᠡᠭᠦᠨ ᠪᠠᠶᠢᠭᠰᠡᠨ ᠪᠤᠯ ᠳᠡᠯᠡᠭᠡᠢ ᠳ᠋ᠠᠬᠢᠨ ᠢ ᠪᠠᠶᠢᠯᠳᠤᠨ ᠳᠠᠭᠠᠭᠤᠯᠬᠤ ᠠᠷᠭ᠎ᠠ ᠪᠤᠳᠤᠯᠭ᠎ᠠ ᠶᠢ ᠮᠥᠩᠭᠡ ᠬᠠᠭᠠᠨ ᠢᠶᠠᠷ ᠵᠢᠭᠠᠯᠭᠠᠬᠤ ᠪᠠᠶᠢᠬᠤ ᠡ︕︾ ᠭᠡᠵᠤ ᠪᠢᠴᠢᠵᠠᠢ᠃ ᠮᠥᠩᠭᠡ ᠬᠠᠭᠠᠨ ᠤ ᠭᠠᠪᠢᠶ᠎ᠡ ᠵᠢᠳᠭᠦᠯ᠄ ⒈ ᠪᠠᠲᠤ ᠶᠢᠨ ᠳᠠᠶᠢᠴᠢᠯᠠᠭᠰᠡᠨ ︽ᠠᠬᠠᠮᠡᠳ ᠬᠦᠪᠡᠭᠦᠳ ᠤᠨ ᠪᠠᠷᠠᠭᠤᠨᠰᠢ ᠠᠶᠠᠯᠠᠭᠰᠡᠨ ᠳᠠᠶᠢᠨ︾ ᠳᠤ ᠢᠳᠡᠪᠬᠢᠲᠡᠢ ᠤᠷᠤᠯᠴᠠᠵᠤ ᠬᠢᠪᠴᠠᠭ ᠢ ᠡᠵᠡᠯᠡᠵᠤ ᠠᠶᠢᠮᠠᠭ ᠤᠨ ᠲᠦᠷᠦᠭᠦᠦ ᠪᠢᠰᠮᠠᠨ ᠢ ᠨᠡᠭᠡᠵᠤ ᠪᠠᠷᠢᠪᠴᠢᠯᠠᠨ᠂ ᠪᠠᠰᠡ ᠤᠷᠤᠰ ᠵᠡᠷᠭᠡ ᠭᠠᠵᠠᠷ ᠢ ᠲᠤᠪᠲᠤᠯᠵᠤ ᠶᠡᠭᠡ ᠮᠤᠩᠭᠤᠯ ᠤᠯᠤᠰ ᠤᠨ ᠬᠠᠷᠢᠶᠠᠨ ᠤ ᠳᠦᠷᠪᠡᠨ ᠶᠡᠭᠡ ᠬᠠᠭᠠᠨᠲᠤ ᠤᠯᠤᠰ  ᠤᠨ ᠨᠢᠭᠡ ᠪᠤᠯᠬᠤ ᠬᠢᠪᠴᠠᠭ ᠬᠠᠭᠠᠨᠲᠤ ᠤᠯᠤᠰ ᠤᠨ ᠪᠠᠶᠢᠭᠤᠯᠤᠭᠳᠠᠬᠤ ᠳᠤ ᠬᠤᠪᠢ ᠨᠡᠮᠡᠷᠢ ᠦᠵᠡᠭᠦᠯᠪᠡ᠃ ⒉ ᠤᠭᠤᠯ ᠬᠠᠶᠢᠮᠢᠰᠢ ᠶᠢᠨ ᠲᠦᠷᠦ ᠪᠠᠷᠢᠵᠤ ᠪᠠᠶᠢᠭᠰᠡᠨ ᠦᠶ᠎ᠡ ᠶᠢᠨ ᠵᠠᠰᠠᠭ ᠲᠦᠷᠦ ᠶᠢᠨ ᠰᠤᠯᠠᠷᠠᠯ ᠢ ᠠᠮᠵᠢᠯᠲᠡ  ᠲᠠᠢ ᠵᠠᠰᠠᠵᠤ ᠤᠯᠤᠰ ᠢᠶᠠᠨ ᠠᠮᠤᠭᠤᠯᠵᠤ ᠤᠯᠤᠰ ᠲᠦᠷᠦ ᠶᠢᠨ ᠲᠠᠯ᠎ᠠ ᠪᠠᠷ ᠶᠤᠸᠠᠨ ᠤᠯᠤᠰ ᠢ ᠪᠠᠭᠲᠠᠭᠠᠭᠰᠡᠨ ᠶᠡᠭᠡ ᠮᠤᠩᠭᠤᠯ ᠤᠯᠤᠰ ᠤᠨ ᠴᠢᠨᠠᠭᠰᠢᠲᠡ ᠶᠢᠨ ᠬᠦᠭᠵᠢᠯᠲᠡ ᠳᠤ ᠰᠠᠭᠤᠷᠢ ᠲᠠᠯᠪᠢᠪᠠ᠃ ⒊ ᠬᠠᠭᠠᠨᠲᠤ ᠤᠯᠤᠰ ᠤᠨ ᠨᠤᠲᠤᠭ ᠳᠡᠪᠢᠰᠭᠡᠷ ᠢᠶᠠᠨ ᠶᠠᠨᠵᠢᠩ᠂ ᠪᠢᠱᠢᠪᠠᠯᠢᠭ᠂ ᠠᠮᠦ᠋ ᠮᠦᠷᠡᠨ ᠵᠡᠷᠭᠡ ᠰᠠᠯᠪᠤᠷᠢ ᠱᠠᠩᠱᠤ ᠮᠤᠵᠢ ᠬᠤᠪᠢᠶᠠᠨ᠂ ᠳᠣᠮᠳᠠᠲᠤ ᠤᠷᠤᠨ᠂ ᠪᠠᠷᠠᠭᠤᠨ ᠤᠷᠤᠨ ᠪᠠ ᠳᠣᠮᠳᠠᠲᠤ ᠠᠽᠢᠶ᠎ᠡ ᠶᠢᠨ ᠭᠠᠵᠠᠷ ᠤᠷᠤᠨ ᠢ ᠰᠠᠯᠭᠠᠨ ᠵᠠᠬᠢᠷᠤᠭᠰᠡᠨ ᠪᠤᠳᠤᠯᠭ᠎ᠠ ᠨᠢ ᠬᠤᠵᠢᠮ ᠤᠨ ᠳᠦᠷᠪᠡᠨ ᠬᠠᠭᠠᠨᠲᠤ ᠤᠯᠤᠰ ᠤᠨ ᠪᠠᠶᠢᠭᠤᠯᠤᠭᠳᠠᠬᠤ ᠶᠢ ᠨᠦᠯᠦᠭᠡᠯᠡᠪᠡ᠃ ⒋ ᠦᠷᠭᠦᠯᠵᠢᠯᠡᠨ ᠭᠠᠳᠠᠭᠰᠢ ᠳᠠᠶᠢᠯᠠᠵᠤ ᠨᠤᠲᠤᠭ ᠳᠡᠪᠢᠰᠭᠡᠷ ᠢᠶᠠᠨ ᠤᠷᠢᠳ ᠭᠠᠷᠤᠭ᠎ᠠ ᠦᠭᠡᠢ ᠦᠷᠭᠡᠳᠭᠡᠵᠤ ᠶᠡᠭᠡ ᠮᠤᠩᠭᠤᠯ ᠤᠯᠤᠰ ᠤᠨ ᠳᠡᠯᠡᠭᠡᠢ ᠳ᠋ᠠᠬᠢᠨ ᠳᠠᠬᠢ ᠨᠦᠯᠦᠭᠡ ᠶᠢ ᠤᠯᠠᠮ ᠨᠡᠮᠡᠭᠳᠡᠭᠦᠯᠪᠡ᠃ ⒌ ᠲᠦᠪᠡᠳ ᠢ ᠡᠵᠡᠯᠡᠵᠤ ᠳᠠᠭᠠᠯᠲᠡ ᠤᠯᠤᠰ ᠪᠠᠶᠢᠭᠰᠡᠨ ᠪᠠᠶᠢᠳᠠᠯ ᠢ ᠨᠢ ᠬᠤᠪᠢᠷᠠᠭᠤᠯᠤᠨ ᠬᠠᠮᠤᠭ ᠠᠩᠬ᠎ᠠ ᠶᠡᠭᠡ ᠮᠤᠩᠭᠤᠯ ᠤᠯᠤᠰ ᠤᠨ ᠡᠵᠡᠮᠰᠢᠯ ᠨᠤᠲᠤᠭ ᠳᠡᠪᠢᠰᠭᠡᠷ ᠪᠤᠯᠭᠠᠪᠠ᠃ ⒍ ᠰᠦᠩ ᠤᠯᠤᠰ ᠢ ᠳᠠᠶᠢᠯᠠᠬᠤ ᠪᠤᠳᠤᠯᠭ᠎ᠠ ᠶᠢ ᠲᠤᠭᠲᠠᠭᠠᠨ ᠬᠡᠷᠡᠭᠵᠢᠭᠦᠯᠵᠤ ᠰᠧᠴᠤᠸᠠᠨ ᠳᠤ ᠴᠡᠷᠢᠭᠯᠡᠵᠤ ᠳ᠋ᠠᠯᠢ  ᠶᠢ ᠮᠦᠭᠦᠭᠡᠭᠡᠳ ᠶᠤᠸᠠᠨ ᠤᠯᠤᠰ ᠤᠨ ᠴᠤᠭᠴᠠᠯᠠᠯᠲᠡ ᠳᠤ ᠰᠠᠭᠤᠷᠢ ᠲᠠᠯᠪᠢᠭᠰᠡᠨ ᠪᠠᠶᠢᠨ᠎ᠠ᠃ ⒎ ᠳᠤᠮᠳᠠᠲᠤ ᠤᠯᠤᠰ ᠤᠨ ᠲᠡᠦᠭᠡᠨ ᠳᠡᠭᠡᠷ᠎ᠡ ᠡᠸᠦ᠋ᠷᠦᠫᠠ ᠶᠢᠨ ᠲᠤᠭᠠᠨ ᠤ ᠤᠬᠠᠭᠠᠨᠲᠡᠨ ᠡᠸᠦ᠋ᠭᠯᠢᠳ᠋ ᠤᠨ ︽ᠭᠸᠤᠮᠧᠲᠷ ᠤᠨ ᠤᠭ ᠵᠣᠬᠢᠶᠠᠯ︾ ᠢ ᠠᠩᠬ᠎ᠠ ᠰᠤᠳᠤᠯᠤᠭᠰᠡᠨ ᠲᠤᠭᠠᠨ ᠤ ᠤᠬᠠᠭᠠᠲᠡᠨ ᠪᠤᠯᠤᠨ᠎ᠠ᠃ ⒏ ᠮᠥᠩᠭᠡ ᠬᠠᠭᠠᠨ ᠦᠭᠡᠲᠡᠢ ᠶᠢᠨ ᠤᠳᠤᠮ ᠤᠨ ᠵᠠᠰᠠᠭ ᠲᠦᠷᠦ ᠳᠠᠬᠢ ᠬᠦᠴᠦᠨ ᠢ ᠪᠠᠭᠤᠷᠠᠭᠤᠯᠵᠤ᠂ ᠶᠡᠭᠡ ᠮᠤᠩᠭᠤᠯ ᠤᠯᠤᠰ ᠤᠨ ᠬᠠᠭᠠᠨ ᠰᠠᠭᠤᠷᠢᠨ ᠦᠭᠡᠳᠡᠢ ᠶᠢᠨ ᠤᠳᠤᠮ ᠠᠴᠠ ᠲᠤᠯᠤᠢ ᠶᠢᠨ ᠤᠳᠤᠮ ᠳᠤ ᠵᠠᠯᠭᠠᠮᠵᠢᠯᠠᠭᠳᠠᠬᠤ ᠰᠠᠭᠤᠷᠢ ᠶᠢ ᠲᠠᠯᠪᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号