ᠦᠯᠵᠠᠶᠢᠲᠤ ᠬᠠᠭᠠᠨ
ᠨᠡᠶᠢᠲᠡᠯᠡᠭᠰᠡᠨ ᠴᠠᠭ᠄
2019/8/23
ᠦᠯᠵᠠᠶᠢᠲᠤ ᠬᠠᠭᠠᠨ ︵1265 — 1307︶
ᠶᠡᠭᠡ ᠮᠤᠩᠭᠤᠯ ᠤᠯᠤᠰ ᠤᠨ ᠵᠢᠷᠭᠤᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠬᠤᠶᠠᠳᠤᠭᠠᠷ ᠦᠶ᠎ᠡ  ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠃ ᠰᠡᠴᠡᠨ ᠬᠠᠭᠠᠨ ᠤ ᠬᠤᠶᠠᠳᠤᠭᠠᠷ ᠬᠦᠪᠡᠭᠦᠨ ᠳᠠᠶᠠ ᠬᠦᠪᠡᠭᠦᠨ ᠴᠢᠩᠬᠢᠮ ︵ᠨᠡᠭᠡᠮᠵᠢ ᠠᠯᠳᠠᠷ ᠨᠢ ᠤᠳᠬ᠎ᠠ ᠤᠬᠠᠭᠠᠨᠲᠤ ᠭᠡᠭᠡᠭᠡᠨ ᠳᠠᠬᠢᠮᠳᠠᠭᠤ ᠬᠠᠭᠠᠨ᠂ ᠰᠦᠮ᠎ᠡ ᠶᠢᠨ ᠠᠯᠳᠠᠷ ᠨᠢ ᠠᠭᠤᠤᠴᠢᠲᠤ ᠬᠠᠭᠠᠨ︶ ᠤᠨ ᠭᠤᠷᠪᠠᠳᠤᠭᠠᠷ ᠬᠦᠪᠡᠭᠦᠨ᠂ ᠡᠭᠡ ᠨᠢ ᠬᠤᠩᠬᠢᠷᠠᠳ ᠤᠪᠤᠭᠲᠤ ᠪᠠᠶᠢᠯᠠᠮ ᠡᠭᠡᠴᠢ ᠬᠦᠭᠡᠵᠢᠨ ︵ᠨᠡᠭᠡᠮᠵᠢ ᠠᠯᠳᠠᠷ ᠨᠢ ᠦᠵᠡᠰᠭᠦᠯᠡᠩᠲᠤ ᠨᠢᠭᠦᠯᠡᠰᠭᠦᠢ ᠠᠭᠤᠴᠢ ᠠᠷᠢᠭᠤᠨ ᠡᠰᠢ ᠬᠠᠲᠤᠨ᠂ ᠭᠠᠮᠠᠯᠡ᠂ ᠳᠠᠷᠮᠠᠪᠠᠯᠡ᠂ ᠲᠡᠮᠦᠷ ᠭᠤᠷᠪᠠᠨ ᠬᠦᠪᠡᠭᠦᠨ ᠲᠠᠢ︶᠃ ᠴᠡᠭᠡᠷᠯᠡᠭᠦᠢ ᠨᠡᠷ᠎ᠡ ᠨᠢ ᠲᠡᠮᠦᠷ᠂ ᠡᠷᠭᠦᠮᠵᠢ ᠠᠯᠳᠠᠷ ᠨᠢ ᠦᠯᠵᠡᠶᠢᠲᠤ ᠬᠠᠭᠠᠨ᠂ ᠨᠡᠭᠡᠮᠵᠢ ᠠᠯᠳᠠᠷ ᠨᠢ ᠪᠢᠰᠢᠷᠠᠯᠲᠤ ᠭᠡᠭᠡᠭᠡᠨ ᠳᠡᠯᠭᠡᠷ ᠳᠠᠬᠢᠮᠳᠠᠭᠤ ᠬᠠᠭᠠᠨ᠂ ᠰᠦᠮ᠎ᠡ ᠶᠢᠨ ᠠᠯᠳᠠᠷ ᠨᠢ ᠪᠦᠲᠦᠭᠡᠯᠲᠤ ᠬᠠᠭᠠᠨ᠃ ᠰᠡᠴᠡᠨ ᠬᠠᠭᠠᠨ ᠤ ᠶᠡᠭᠡ ᠡᠭᠦᠰᠭᠡᠯᠲᠤ ᠤᠨ ᠤ ᠰᠡᠭᠦᠯᠴᠢ ᠪᠠᠷ ᠵᠠᠷᠯᠢᠭ ᠢᠶᠠᠷ ᠬᠠᠲᠠᠨ ᠤ ᠤᠷᠪᠠᠯᠭ᠎ᠠ ᠶᠢ ᠳᠦᠪᠰᠢᠳᠭᠡᠪᠡ᠃ 1293 ᠤᠨ ᠳᠤ ᠳᠠᠶᠠ ᠬᠦᠪᠡᠭᠦᠨ ᠡᠷᠭᠦᠮᠵᠢᠯᠡᠭᠳᠡᠵᠤ ᠬᠠᠷᠠᠬᠤᠷᠤᠮ ᠳᠤ ᠲᠤᠮᠢᠯᠠᠭᠳᠠᠨ ᠤᠯᠤᠰ ᠤᠨ ᠤᠮᠠᠷᠠᠲᠤ ᠬᠡᠰᠡᠭ ᠶᠢ ᠰᠠᠬᠢᠨ ᠰᠠᠭᠤᠪᠠ᠃ 1295 ᠤᠨ ᠳᠤ ᠪᠠᠶᠢᠯᠠᠮ ᠡᠭᠡᠴᠢ ᠬᠦᠭᠡᠵᠢᠨ ᠱᠠᠩᠲᠤ ᠳᠤ ᠬᠤᠷᠠᠯᠲᠠᠢ ᠬᠤᠷᠠᠯᠳᠤᠭᠤᠯᠵᠤ ᠲᠡᠮᠦᠷ ᠢ ᠬᠠᠭᠠᠨ ᠤᠷᠤᠨ ᠳᠤ ᠰᠠᠭᠤᠯᠭᠠᠪᠠ᠃ ᠤᠨ ᠤ ᠴᠤᠯᠡ ᠶᠢ ᠶᠡᠭᠡ ᠠᠮᠤᠭᠤᠯᠠᠩᠲᠤ ᠤᠨ ᠭᠡᠵᠤ᠂ 1297 ᠤᠨ ᠳᠤ ᠶᠡᠭᠡ ᠬᠡᠰᠢᠭᠲᠦ ᠤᠨ ᠭᠡᠵᠤ ᠬᠠᠯᠠᠪᠠ᠃ ᠦᠯᠵᠡᠶᠢᠲᠤ ᠬᠠᠭᠠᠨ ᠰᠠᠭᠤᠷᠢᠨ ᠳᠤ ᠰᠠᠭᠠᠲᠠᠭᠰᠡᠨ ᠡᠬᠢᠨ ᠤ ᠬᠤᠭᠤᠴᠠᠭᠠᠨ  ᠳᠤ ᠪᠠᠨ ᠠᠨᠨᠠᠮ ᠪᠠ ᠶᠠᠫᠤᠨ ᠳᠤ ᠴᠡᠷᠢᠭᠯᠡᠬᠦ ᠶᠢ ᠵᠤᠭᠰᠤᠭᠠᠵᠤ ᠭᠠᠶᠢᠯᠢ ᠭᠤᠪᠴᠢᠭᠤᠷ ᠢ ᠬᠦᠩᠭᠡᠯᠡᠨ ᠬᠡᠯᠲᠦᠷᠢᠭᠦᠯᠵᠤ ᠲᠠᠷᠢᠶᠠᠯᠠᠩ ᠢ ᠬᠦᠬᠢᠭᠦᠯᠦᠨ ᠨᠤᠶᠠᠳ ᠤᠨ ᠢᠯᠵᠢᠷᠡᠯ ᠢ ᠰᠢᠢᠳᠭᠡᠵᠤ ᠭᠠᠴᠢᠭᠳᠠᠭᠰᠡᠨ ᠠᠷᠠᠳ ᠢ ᠤᠯᠠᠨᠲᠡ ᠲᠡᠳᠭᠦᠨ ᠤᠷᠢᠳᠤᠰ ᠤᠨ ᠪᠦᠲᠦᠭᠡᠮᠵᠢ ᠶᠢ ᠰᠠᠬᠢᠨ ᠬᠠᠮᠠᠭᠠᠯᠠᠵᠤ ᠴᠢᠳᠠᠪᠠ᠃ ᠬᠡᠪᠡᠴᠤ ᠬᠤᠵᠢᠮ ᠨᠢ ᠪᠠᠷᠠᠭᠤᠨ ᠬᠤᠶᠢᠲᠤ ᠶᠢᠨ ᠦᠭᠡᠳᠡᠢ ᠪᠠ ᠴᠠᠭᠠᠲᠠᠢ ᠬᠠᠨᠲᠤ ᠤᠯᠤᠰ ᠲᠤ ᠵᠢᠯ ᠳᠠᠷᠠᠭᠠᠯᠠᠨ ᠴᠡᠷᠢᠭ ᠬᠡᠷᠡᠭᠯᠡᠭᠰᠡᠨ ᠠᠴᠠ ᠡᠳ᠋ ᠤᠨ ᠵᠠᠰᠠᠭ ᠢᠶᠠᠨ ᠬᠡᠴᠡᠭᠦᠳᠡᠭᠦᠯᠵᠤ᠂ ᠳᠡᠭᠡᠷ᠎ᠡ ᠨᠢ ᠰᠡᠭᠦᠯᠴᠢ ᠶᠢᠨ ᠬᠤᠭᠤᠴᠠᠭᠠᠨ ᠳᠤ ᠡᠪᠡᠳᠴᠢᠨ ᠳᠤ ᠳᠠᠷᠤᠭᠳᠠᠭᠰᠡᠨ ᠠᠴᠠ ᠪᠤᠯᠤᠭᠠᠨ ᠡᠰᠢ ᠬᠠᠲᠤᠨ ᠨᠢ ᠲᠦᠷᠦ ᠶᠢᠨ ᠡᠷᠭᠡ ᠳᠤ ᠭᠠᠷ ᠳᠦᠷᠦᠵᠤ ᠲᠦᠷᠦ ᠵᠠᠰᠠᠭ ᠢ ᠰᠦᠯᠪᠡᠷᠡᠭᠦᠯᠦᠭᠰᠡᠨ ᠪᠠᠶᠢᠨ᠎ᠠ᠃ ᠦᠯᠵᠡᠶᠢᠲᠤ ᠬᠠᠭᠠᠨ ᠪᠠᠰᠡ ᠪᠢᠷᠮᠡ ᠳᠤ ᠴᠡᠷᠢᠭ ᠤᠷᠤᠭᠤᠯᠵᠤ ᠯᠠᠨᠨᠠᠲᠠᠢ ᠤᠯᠤᠰ ︵ᠨᠠᠢᠮᠠᠨ ᠵᠠᠭᠤᠨ ᠪᠡᠷᠢᠶᠠᠳ ᠲᠠᠢ ᠤᠯᠤᠰ︶ ᠢ ᠳᠠᠶᠢᠯᠠᠭᠠᠳ ᠶᠦᠨᠨᠠᠨ ᠬᠦᠢᠵᠸᠤ ᠳᠤ ᠰᠠᠮᠠᠭᠤᠷᠠᠯ ᠳᠡᠭᠲᠡᠭᠡᠵᠡᠢ᠃ 1307 ᠤᠨ ᠤ ᠴᠠᠭᠠᠨ ᠰᠠᠷ᠎ᠠ ᠡᠪᠡᠳᠴᠢᠨ ᠢᠶᠠᠷ ᠲᠩᠷᠢ ᠪᠤᠯᠪᠠ᠃ ᠬᠠᠰ ᠢᠵᠠᠭᠤᠷ ᠢ ᠬᠦᠷᠦᠯᠬᠦ ᠳᠤ ᠤᠷᠤᠰᠢᠭᠤᠯᠪᠠ᠃ ᠳ᠋ᠧᠱᠸᠤ ᠨᠡᠷᠡᠲᠤ ᠭᠠᠭᠴᠡ ᠬᠦᠪᠡᠭᠦᠨ ᠨᠢ ᠠᠯᠢ ᠡᠷᠲᠡ ᠨᠠᠰᠤ ᠪᠠᠷᠠᠭᠰᠡᠨ ᠪᠠᠶᠢᠪᠠ᠃ ᠦᠯᠵᠡᠶᠢᠲᠤ ᠬᠠᠭᠠᠨ ᠤ ᠭᠤᠤᠯ ᠦᠢᠯᠡ ᠪᠠ ᠨᠦᠯᠦᠭᠡ᠄ ⒈ ᠭᠠᠶᠢᠯᠢ ᠭᠤᠪᠴᠢᠭᠤᠷ ᠢ ᠬᠦᠩᠭᠡᠯᠡᠬᠦ᠂ ᠲᠠᠷᠢᠶᠠᠯᠠᠩ ᠢ ᠲᠡᠳᠭᠦᠬᠦ᠂ ᠨᠤᠶᠠᠳ ᠤᠨ ᠢᠯᠵᠢᠷᠡᠯ ᠢ ᠰᠢᠢᠳᠭᠡᠬᠦ ᠵᠡᠷᠭᠡ ᠤᠯᠠᠨ ᠵᠦᠢᠯ ᠤᠨ ᠤᠯᠤᠰ ᠠᠷᠠᠳ ᠲᠤ ᠠᠰᠢᠭ ᠲᠠᠢ ᠠᠷᠭ᠎ᠠ ᠪᠤᠳᠤᠯᠭ᠎ᠠ ᠶᠢ ᠬᠡᠷᠡᠭᠵᠢᠭᠦᠯᠵᠤ ᠤᠷᠢᠳᠤᠰ ᠤᠨ ᠪᠠᠶᠢᠭᠤᠯᠤᠭᠰᠡᠨ ᠲᠦᠷᠦ ᠵᠠᠰᠠᠭ ᠢ ᠰᠠᠬᠢᠨ ᠬᠠᠮᠠᠭᠠᠯᠠᠵᠤ ᠲᠤᠭᠲᠠᠭᠤᠨ ᠬᠦᠭᠵᠢᠩᠭᠦᠢ ᠪᠠᠶᠢᠳᠠᠯ ᠳᠤ ᠤᠷᠤᠭᠤᠯᠤᠭᠰᠡᠨ ᠪᠠᠶᠢᠨ᠎ᠠ᠃ ⒉ ᠪᠠᠷᠠᠭᠤᠨ ᠬᠤᠶᠢᠲᠤ ᠳᠤ ᠴᠡᠷᠢᠭᠯᠡᠭᠦᠯᠵᠤ ᠬᠡᠳᠦᠨ ᠠᠷᠪᠠᠨ ᠵᠢᠯ ᠦᠷᠭᠦᠯᠵᠢᠯᠡᠭᠰᠡᠨ ᠦᠭᠡᠲᠡᠢ ᠴᠠᠭᠠᠲᠠᠢ ᠬᠠᠨᠲᠤ ᠤᠯᠤᠰ ᠤᠨ ᠸᠠᠩ ᠨᠠᠷ ᠤᠨ ᠤᠷᠪᠠᠯᠭᠠᠨ ᠢ ᠲᠦᠪᠰᠢᠳᠭᠡᠵᠡᠢ᠃ ⒊ ᠡᠷᠲᠡᠮᠲᠡᠨ ᠴᠢᠳᠠᠪᠤᠷᠢᠲᠡᠨ ᠢᠶᠠᠷ ᠤᠯᠤᠰ ᠢᠶᠠᠨ ᠵᠠᠰᠠᠬᠤ ᠶᠢ ᠡᠷᠬᠢᠮᠯᠠᠵᠤ ᠤᠯᠠᠨ ᠭᠠᠵᠠᠷ ᠠᠴᠠ ᠡᠷᠲᠡᠮᠲᠡᠨ ᠴᠢᠳᠠᠪᠤᠷᠢᠲᠡᠨ ᠢ ᠡᠯᠰᠡᠭᠰᠡᠨ ᠪᠠᠶᠢᠨ᠎ᠠ᠃ ⒋ ᠰᠤᠷᠭᠠᠭᠤᠯᠢ ᠰᠤᠶᠤᠯ ᠢ ᠬᠦᠨᠳᠦᠳᠭᠡᠨ ᠡᠷᠲᠡᠮᠲᠡᠨ ᠴᠢᠳᠠᠪᠤᠷᠢᠲᠡᠨ ᠢᠶᠠᠷ ᠤᠯᠤᠰ ᠢᠶᠠᠨ ᠵᠠᠰᠠᠬᠤ ᠶᠢ ᠡᠷᠬᠢᠮᠯᠠᠵᠤ ᠤᠯᠠᠨ ᠭᠠᠵᠠᠷ ᠠᠴᠠ ᠡᠷᠲᠡᠮᠲᠡᠨ ᠴᠢᠳᠠᠪᠤᠷᠢᠲᠡᠨ ᠢ ᠡᠯᠰᠡᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号