ᠬᠦᠯᠦᠭ ᠬᠠᠭᠠᠨ
ᠨᠡᠶᠢᠲᠡᠯᠡᠭᠰᠡᠨ ᠴᠠᠭ᠄
2019/8/23
ᠬᠦᠯᠦᠭ ᠬᠠᠭᠠᠨ ︵1281 — 1311︶
ᠶᠡᠭᠡ ᠮᠤᠩᠭᠤᠯ ᠤᠯᠤᠰ ᠤᠨ ᠳᠤᠯᠤᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠭᠤᠷᠪᠠᠳᠤᠭᠠᠷ ᠦᠶ᠎ᠡ  ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ ᠤᠯᠤᠰ ᠲᠦᠷᠦᠴᠢ᠂ ᠴᠡᠷᠢᠭ ᠳᠠᠶᠢᠨᠴᠢ᠃ ᠰᠡᠴᠡᠨ ᠬᠠᠭᠠᠨ ᠤ ᠬᠤᠶᠠᠳᠤᠭᠠᠷ ᠬᠦᠪᠡᠭᠦᠨ ᠴᠢᠩᠬᠢᠮ ᠤᠨ ᠬᠤᠶᠠᠳᠤᠭᠠᠷ ᠬᠦᠪᠡᠭᠦᠨ ᠳᠠᠷᠮᠠᠪᠠᠯᠡ ︵ᠨᠡᠭᠡᠮᠵᠢ ᠠᠯᠳᠠᠷ ᠨᠢ ᠪᠤᠭᠲᠠ ᠠᠯᠳᠠᠷᠰᠢᠭᠤᠯᠤᠨ ᠳᠡᠬᠢᠮᠳᠠᠭᠤ ᠦᠷᠨᠢᠭᠦᠯᠦᠭᠴᠢ ᠬᠠᠭᠠᠨ᠂ ᠰᠦᠮ᠎ᠡ ᠶᠢᠨ ᠠᠯᠳᠠᠷ ᠨᠢ ᠡᠶᠡᠪᠡᠷᠲᠤ ᠬᠠᠭᠠᠨ︶ ᠶᠢᠨ ᠠᠬᠠᠮᠡᠳ ᠬᠦᠪᠡᠭᠦᠨ᠂ ᠡᠭᠡ ᠨᠢ ᠬᠤᠩᠬᠢᠷᠠᠳ ᠤᠪᠤᠭᠲᠤ ᠰᠤᠯᠡ ᠬᠠᠲᠤᠨ ᠳ᠋ᠠᠵᠢ ︵ᠬᠦᠯᠦᠭ ᠬᠠᠭᠠᠨ ᠤ ᠦᠶ᠎ᠡ ᠶᠢᠨ ᠡᠷᠭᠦᠮᠵᠢ ᠠᠯᠳᠠᠷ ᠨᠢ ᠪᠤᠭᠲᠠ ᠮᠠᠨᠳᠤᠭᠤᠯᠤᠭᠴᠢ ᠳᠡᠭᠡᠲᠤ ᠬᠠᠲᠤᠨ᠂ ᠭᠡᠭᠡᠨ ᠬᠠᠭᠠᠨ ᠤ ᠦᠶ᠎ᠡ ᠳᠤ ᠳᠠᠬᠢᠨ ᠡᠷᠭᠦᠮᠵᠢᠯᠡᠵᠤ ᠪᠤᠭᠲᠠ ᠮᠠᠨᠳᠤᠭᠤᠯᠤᠭᠴᠢ ᠡᠯᠦᠨᠴᠡ ᠳᠡᠭᠡᠲᠤ ᠬᠠᠲᠤᠨ ᠬᠡᠪᠡ︶᠃ ᠴᠡᠭᠡᠷᠯᠡᠭᠦᠢ ᠨᠡᠷ᠎ᠡ ᠨᠢ ᠬᠠᠶᠢᠱᠠᠨ᠂ ᠡᠷᠭᠦᠮᠵᠢ ᠠᠯᠳᠠᠷ ᠨᠢ ᠬᠦᠯᠦᠭ ᠬᠠᠭᠠᠨ᠂ ᠨᠡᠭᠡᠮᠵᠢ ᠠᠯᠳᠠᠷ  ᠨᠢ ᠨᠢᠭᠦᠯᠡᠰᠭᠦᠢ ᠤᠬᠠᠭᠠᠨᠲᠤ ᠳᠡᠬᠢᠮᠳᠠᠭᠤ ᠳᠡᠯᠭᠡᠷᠡᠭᠦᠯᠦᠭᠴᠢ ᠬᠠᠭᠠᠨ᠂ ᠰᠦᠮ᠎ᠡ ᠶᠢᠨ ᠠᠯᠳᠠᠷ ᠨᠢ ᠬᠦᠴᠦᠲᠤ ᠬᠠᠭᠠᠨ ᠃ 1299 ᠤᠨ ᠳᠤ ᠵᠠᠷᠯᠢᠭ ᠢᠶᠠᠷ ᠬᠤᠯᠠᠳᠠᠬᠢᠨ ᠢ ᠠᠮᠤᠷᠵᠢᠭᠤᠯᠤᠭᠴᠢ ᠸᠠᠩ ᠬᠦᠭᠡᠴᠤ ᠶᠢ ᠤᠷᠤᠯᠠᠨ ᠴᠡᠷᠢᠭ ᠵᠠᠬᠢᠷᠴᠤ ᠤᠮᠠᠷᠠᠲᠤ ᠤᠷᠤᠨ ᠢ ᠰᠠᠬᠢᠨ ᠰᠠᠭᠤᠪᠠ᠃ 1301 ᠤᠨ ᠳᠤ ᠳᠡᠭᠡᠯᠢ ᠶᠢᠨ ᠭᠤᠤᠯ ᠤᠨ ᠳᠠᠶᠢᠨ ᠳᠤ ᠬᠠᠶᠢᠳᠤ᠂ ᠲᠤᠸ᠎ᠠ ᠨᠠᠷ ᠢ ᠶᠡᠭᠡ ᠪᠠᠷ ᠳᠠᠷᠤᠪᠠ᠃ 1304 ᠤᠨ ᠳᠤ ᠪᠤᠳᠤᠯᠭᠠᠲᠤ ᠠᠮᠤᠭᠤᠯᠤᠭᠴᠢ ᠸᠠᠩ ᠡᠷᠭᠦᠮᠵᠢᠯᠡᠭᠳᠡᠪᠡ᠃ 1306 ᠤᠨ ᠳᠤ ᠡᠷᠴᠢᠰ ᠮᠦᠷᠡᠨ ᠤ ᠬᠦᠪᠡᠭᠡᠨ ᠳᠤ ᠬᠠᠶᠢᠲᠤ ᠶᠢᠨ ᠬᠦᠪᠡᠭᠦᠨ ᠴᠡᠪᠡᠷ ᠢ ᠳᠠᠶᠢᠯᠠᠵᠤ ᠪᠠᠷᠠᠭᠤᠨ ᠬᠤᠶᠢᠲᠤ ᠬᠢᠯᠢ ᠶᠢᠨ ᠳᠠᠶᠢᠨ ᠢ ᠳᠠᠷᠤᠪᠠ᠃ 1307 ᠤᠨ ᠳᠤ ᠳᠡᠭᠦᠦ ᠠᠶᠤᠷᠪᠠᠷᠪᠠᠳᠡ ᠨᠢ ᠲᠦᠷᠦ ᠶᠢᠨ ᠬᠤᠪᠢᠰᠦᠯ ᠭᠠᠷᠭᠠᠨ ᠡᠰᠢ ᠬᠠᠲᠤᠨ ᠪᠤᠯᠤᠭᠠᠨ ᠢ ᠳᠠᠷᠤᠩᠭᠤᠶᠢᠯᠠᠵᠤ ᠱᠠᠩᠳᠤ ᠳᠤ ᠲᠡᠭᠦᠨ ᠢ ᠬᠠᠭᠠᠨ ᠤᠷᠤᠨ ᠳᠤ ᠰᠠᠭᠤᠯᠭᠠᠭᠰᠡᠨ ᠳᠤ ᠬᠠᠶᠢᠰᠠᠨ ᠳᠡᠭᠦᠦ ᠲᠠᠢ ᠪᠠᠨ ︽ᠠᠬ᠎ᠠ ᠳᠡᠭᠦᠦ ᠠᠪᠠᠭ᠎ᠠ ᠠᠴᠢ ᠦᠶ᠎ᠡ ᠤᠯᠠᠷᠢᠨ ᠡᠭᠡᠯᠵᠢᠯᠡᠵᠤ ᠬᠠᠭᠠᠨ ᠤᠷᠤ ᠵᠠᠯᠭᠠᠮᠵᠢᠯᠡᠶ᠎ᠡ︾ ᠭᠡᠵᠤ ᠠᠮᠠᠯᠳᠤᠵᠤ ᠳᠡᠭᠦᠦ ᠪᠠᠨ ᠳᠠᠶᠠ ᠬᠦᠪᠡᠭᠦᠨ ᠳᠡᠭᠦᠦ ᠡᠷᠭᠦᠮᠵᠢᠯᠡᠪᠡ᠃ 1308 ᠤᠨ ᠳᠤ ᠤᠨ ᠤ ᠴᠤᠯᠡ ᠪᠠᠨ ᠬᠠᠮᠤᠭ ᠡᠷᠬᠢᠮᠲᠤ ᠤᠨ ᠭᠡᠪᠡ᠃ ᠬᠠᠭᠠᠨ ᠰᠠᠭᠤᠭᠰᠡᠨ ᠤ ᠳᠠᠷᠠᠭ᠎ᠠ ᠬᠠᠶᠢᠰᠠᠨ ᠤᠭᠰᠠᠭᠠᠨ ᠤ ᠨᠤᠶᠠᠳ᠂ ᠰᠢᠳᠠᠷ ᠲᠦᠰᠢᠮᠡᠳ ᠢᠶᠠᠨ ᠶᠡᠭᠡ ᠪᠠᠷ ᠡᠷᠭᠦᠮᠵᠢᠯᠡᠨ ᠱᠠᠩᠨᠠᠵᠤ᠂ ᠲᠦᠪ  ᠤᠨ ᠨᠤᠶᠠᠳ ᠪᠠ ᠬᠢᠵᠠᠭᠠᠷ ᠤᠨ ᠨᠤᠶᠠᠳ ᠢ ᠨᠡᠮᠡᠵᠤ ᠲᠤᠮᠢᠯᠠᠭᠠᠳ ᠵᠦᠩᠳᠤ ᠬᠤᠲᠠ ᠶᠢ ᠴᠤᠭᠴᠠᠯᠠᠨ ᠤᠲᠠᠢ ᠶᠢᠨ ᠰᠦᠮ᠎ᠡ ᠪᠠ ᠲᠦᠰᠢᠮᠡᠯ ᠤᠨ ᠤᠷᠳᠤᠨ ᠢ ᠪᠠᠶᠢᠭᠤᠯᠪᠠ᠃ 1309 ᠤᠨ ᠳᠤ ᠳᠡᠭᠡᠳᠤ ᠪᠢᠴᠢᠭ ᠤᠨ ᠮᠤᠵᠢ ᠶᠢ ᠪᠠᠶᠢᠭᠤᠯᠵᠤ ᠪᠦᠬᠦ ᠤᠯᠤᠰ ᠤᠨ ᠭᠠᠶᠢᠯᠢ ᠭᠤᠪᠴᠢᠭᠤᠷ ᠡᠳ᠋ ᠤᠨ ᠵᠠᠰᠠᠭ ᠢ ᠬᠠᠮᠢᠶᠠᠷᠤᠭᠤᠯᠵᠤ ᠤᠯᠠᠨ ᠵᠦᠢᠯ ᠤᠨ ᠠᠷᠭ᠎ᠠ ᠠᠪᠴᠠᠯ ᠢ ᠬᠡᠷᠡᠭᠯᠡᠨ ᠡᠳ᠋ ᠤᠨ ᠵᠠᠰᠠᠭ ᠤᠨ ᠤᠷᠤᠯᠭ᠎ᠠ ᠪᠠᠨ ᠨᠡᠮᠡᠭᠳᠡᠭᠦᠯᠪᠡ᠃ ᠬᠦᠯᠦᠭ ᠬᠠᠭᠠᠨ ᠳᠤ ᠤᠯᠠᠨ ᠰᠤᠯᠡ ᠬᠠᠲᠤᠨ ᠲᠠᠢ᠂ 1310 ᠤᠨ ᠳᠤ ᠬᠤᠩᠬᠢᠷᠠᠳ ᠤᠪᠤᠭᠲᠤ ᠰᠤᠯᠡ ᠬᠠᠲᠤᠨ ᠵᠢᠩᠭ᠎ᠠ ᠪᠤᠯᠤᠨ ᠦᠶᠡᠯᠢᠳ ᠦᠬᠢᠨ ᠳᠡᠭᠦᠦ ᠰᠦᠭᠡᠰᠢᠷᠢ ᠶᠢ ᠨᠢ ᠪᠦᠷ ᠡᠰᠢ ᠬᠠᠲᠤᠨ ᠡᠷᠭᠦᠮᠵᠢᠯᠡᠵᠡᠢ᠃ ᠡᠭᠦᠨ ᠠᠴᠠ ᠤᠨᠳᠤᠤ ᠰᠤᠯᠡ ᠬᠠᠲᠤᠨ ᠢᠬᠢᠷᠡᠰ ᠪᠤᠯᠤᠨ ᠰᠤᠯᠡ ᠬᠠᠲᠤᠨ ᠲᠠᠩᠭᠤᠵᠢᠨ ᠨᠢ ᠠᠯᠳᠠᠷᠲᠠᠢ᠃ ᠬᠦᠯᠦᠭ ᠬᠠᠭᠠᠨ 1311 ᠤᠨ ᠳᠤ ᠡᠪᠡᠳᠴᠢᠨ  ᠢᠶᠠᠷ ᠲᠩᠷᠢ ᠪᠤᠯᠪᠠ᠃ ᠬᠠᠰ ᠢᠵᠠᠭᠤᠷ ᠢ ᠬᠦᠷᠦᠯᠬᠦ ᠳᠤ ᠤᠷᠤᠰᠢᠭᠤᠯᠪᠠ᠃ ᠬᠦᠯᠦᠭ ᠬᠠᠭᠠᠨ ᠤ ᠭᠤᠤᠯ ᠦᠢᠯᠡ ᠪᠠ ᠨᠦᠯᠦᠭᠡ᠄ ⒈ ᠴᠡᠷᠢᠭ ᠳᠠᠶᠢᠴᠢᠯᠠᠨ ᠪᠠᠷᠠᠭᠤᠨ ᠬᠤᠶᠢᠲᠤ ᠶᠢᠨ ᠤᠭᠰᠠᠭᠠᠨ ᠤ ᠨᠤᠶᠠᠳ ᠤᠨ ᠤᠷᠪᠠᠯᠭᠠᠨ ᠢ ᠲᠦᠪᠰᠢᠳᠭᠡᠵᠤ ᠭᠠᠪᠢᠶ᠎ᠡ ᠪᠠᠶᠢᠭᠤᠯᠪᠠ᠃ ⒉1309 ᠤᠨ ᠳᠤ ᠳᠡᠭᠡᠳᠤ ᠪᠢᠴᠢᠭ ᠤᠨ ᠮᠤᠵᠢ ᠶᠢ ᠪᠠᠶᠢᠭᠤᠯᠵᠤ ᠤᠯᠤᠰ ᠲᠦᠷᠦ ᠶᠢᠨ ᠲᠦᠪ ᠵᠠᠬᠢᠷᠭ᠎ᠠ ᠪᠤᠯᠭᠠᠭᠰᠡᠨ ᠪᠠᠶᠢᠨ᠎ᠠ᠃ ⒊ ᠭᠠᠶᠢᠯᠢ ᠭᠤᠪᠴᠢᠭᠤᠷ ᠢ ᠬᠦᠩᠭᠡᠯᠡᠨ ᠠᠵᠤ ᠠᠬᠤᠢ ᠶᠢ ᠰᠡᠷᠭᠦᠭᠡᠨ ᠰᠤᠶᠤᠯ ᠢ ᠬᠦᠨᠳᠦᠳᠭᠡᠵᠤ ᠤᠯᠤᠰ ᠢᠶᠠᠨ ᠠᠮᠤᠷᠵᠢᠭᠤᠯᠤᠨ ᠵᠠᠰᠠᠵᠤ ᠴᠢᠳᠠᠪᠠ᠃ ⒋ ᠪᠠᠷᠢᠯᠭ᠎ᠠ ᠶᠢᠨ ᠦᠢᠯᠡᠰ ᠢ ᠴᠢᠬᠤᠯᠠᠴᠢᠯᠠᠵᠤ ᠳᠤᠮᠳᠠᠲᠤ ᠨᠡᠶᠢᠰᠯᠡᠯ ᠵᠦᠩᠳᠤ ︵ᠮᠤᠩᠭᠤᠯ ᠢᠶᠠᠷ ᠤᠩᠬᠤᠴᠠᠲᠤ ᠭᠡᠳᠡᠭ︶ ᠬᠤᠲᠠ ︵ᠤᠳᠤ ᠶᠢᠨ ᠡᠾᠧᠪᠸᠢ ᠶᠢᠨ ᠵᠠᠩᠪᠸᠢ︶ ᠪᠠ ᠨᠡᠭᠦᠳᠡᠯ ᠤᠷᠳᠤᠨ ᠢ ᠪᠠᠶᠢᠭᠤᠯᠤᠭᠤᠯᠵᠠᠢ᠃ ⒌ ᠶᠤᠰᠤᠯᠠᠯ ᠲᠠᠬᠢᠯᠭ᠎ᠠ ᠶᠢ ᠬᠦᠨᠳᠦᠳᠭᠡᠵᠤ ᠡᠪᠦᠭᠡᠳ ᠤᠨ ᠰᠦᠮ᠎ᠡ ᠳᠠᠬᠢ ᠳᠡᠭᠡᠳᠦᠰ ᠤᠨ ᠤᠷᠤ ᠶᠢ ᠡᠩᠨᠡᠭᠦᠯᠬᠦ ᠳᠠᠷᠠᠭᠠᠯᠠᠯ ᠤᠨ ᠳᠦᠷᠢᠮ ᠢ ᠦᠭᠡᠷᠡᠴᠢᠯᠡᠨ ᠴᠢᠩᠬᠢᠰ ᠬᠠᠭᠠᠨ ᠤ ᠤᠷᠳᠤ ᠶᠢ ᠳᠤᠮᠳᠠ ᠨᠢ᠂ ᠪᠤᠰᠤᠳ ᠤᠷᠳᠤᠰ ᠢ ᠵᠡᠭᠦᠨ ᠪᠠᠷᠠᠭᠤᠨ ᠳᠤ ᠵᠢᠭᠦᠷᠯᠡᠭᠦᠯᠦᠨ ᠳᠠᠷᠠᠭᠠᠯᠠᠭᠤᠯᠬᠤ ᠳᠠᠳᠬᠠᠯ ᠢ ᠪᠤᠢ ᠪᠤᠯᠭᠠᠵᠤ᠂ ᠡᠪᠦᠭᠡᠳ ᠤᠨ ᠰᠦᠮ᠎ᠡ ᠳᠤ ᠭᠤᠷᠪᠠ ᠤᠳᠠᠭ᠎ᠠ ᠪᠡᠶ᠎ᠡ ᠪᠠᠷ ᠰᠠᠭᠠᠲᠠᠵᠤ ᠲᠠᠬᠢᠯᠭ᠎ᠠ ᠦᠢᠯᠡᠳᠴᠤ ᠶᠤᠸᠠᠨ ᠤᠯᠤᠰ ᠤᠨ ᠬᠠᠭᠠᠳ ᠤᠨ ᠲᠤᠲᠤᠷᠠᠬᠢ ᠡᠪᠦᠭᠡᠳ ᠤᠨ ᠰᠦᠮ᠎ᠡ ᠳᠤ ᠪᠡᠶ᠎ᠡ ᠪᠠᠷ ᠰᠠᠭᠠᠲᠠᠵᠤ ᠲᠠᠬᠢᠯᠭ᠎ᠠ ᠦᠢᠯᠡᠳᠦᠭᠰᠡᠨ ᠠᠩᠬᠠᠨ ᠤ ᠬᠠᠭᠠᠨ ᠪᠤᠯᠤᠭᠰᠡᠨ ᠪᠠᠶᠢᠨ᠎ᠠ᠃ ⒍ ᠺᠦᠩᠽᠢ ᠶᠢᠨ ᠰᠤᠷᠭᠠᠯ ᠢ ᠬᠦᠨᠳᠦᠳᠭᠡᠨ ᠪᠢᠴᠢᠭᠲᠡᠨ ᠢ ᠡᠷᠬᠢᠮᠯᠠᠵᠤ ᠰᠤᠷᠭᠠᠭᠤᠯᠢ ᠡᠷᠬᠢᠯᠡᠬᠦ ᠶᠢ ᠬᠦᠬᠢᠭᠦᠯᠦᠨ ᠺᠦᠩᠽᠢ ᠶᠢ ︽ᠶᠡᠭᠡᠳᠡ ᠪᠦᠷᠢᠯᠳᠦᠭᠦᠯᠦᠭᠰᠡᠨ ᠮᠡᠷᠭᠡᠨ ᠪᠤᠭᠲᠠ ᠤᠳᠬ᠎ᠠ ᠶᠢ ᠳᠡᠯᠭᠡᠷᠡᠭᠦᠯᠦᠭᠴᠢ ᠸᠠᠩ︾ ᠭᠡᠵᠤ ᠨᠡᠭᠡᠮᠵᠢᠯᠡᠨ ᠡᠷᠭᠦᠮᠵᠢᠯᠠᠵᠤ ᠳᠤᠮᠳᠠᠲᠤ ᠪᠢᠴᠢᠭ ᠤᠨ ᠮᠤᠵᠢ ᠶᠢᠨ ᠪᠠᠷᠠᠭᠤᠨ ᠭᠠᠷ ᠤᠨ ᠲᠡᠷᠢᠭᠦᠨ ᠰᠠᠶᠢᠳ ᠪᠤᠷᠤᠲᠠᠮᠦᠷ  ᠤᠨ ᠮᠤᠩᠭᠤᠯᠴᠢᠯᠠᠨ ᠡᠷᠭᠦᠭᠰᠡᠨ ︽ᠲᠠᠬᠢᠮᠳᠠᠭᠤ ᠨᠤᠮ︾ ᠢ ᠬᠡᠪᠯᠡᠭᠦᠯᠦᠨ ᠦᠢᠯᠡ ᠶᠢᠨ ᠵᠢᠷᠤᠮᠯᠠᠯ ᠪᠤᠯᠭᠠᠲᠤᠭᠠᠢ ᠬᠡᠮᠡᠨ ᠨᠤᠶᠠᠳ ᠲᠦᠰᠢᠮᠡᠳ ᠲᠤ ᠪᠠᠨ ᠲᠠᠷᠬᠠᠭᠠᠵᠠᠢ᠃ ⒎ ᠪᠤᠮᠪᠤ ᠶᠢᠨ ᠱᠠᠰᠢᠨ ᠢ ᠬᠦᠨᠳᠦᠳᠭᠡᠨ ᠪᠤᠷᠬᠠᠨ ᠱᠠᠰᠢᠨ ᠢ ᠰᠢᠲᠦᠵᠤ ᠳᠡᠭᠡᠲᠤ ᠨᠡᠶᠢᠰᠯᠡᠯ᠂ ᠳᠤᠮᠳᠠᠲᠤ ᠨᠡᠶᠢᠰᠯᠡᠯ  ᠳᠤ ᠰᠦᠮ᠎ᠡ ᠬᠡᠶᠢᠳ ᠪᠠᠶᠢᠭᠤᠯᠤᠭᠤᠯᠤᠨ ᠤᠲᠠᠢ ᠠᠭᠤᠯᠠᠨ ᠳᠤ ᠤᠲᠠᠢ ᠶᠢᠨ ᠰᠦᠮ᠎ᠡ ᠶᠢ ᠴᠤᠭᠴᠠᠯᠠᠭᠤᠯᠪᠠ᠃ ⒏ ᠴᠠᠭᠠᠲᠠᠢ ᠬᠠᠨᠲᠤ ᠤᠯᠤᠰ ᠲᠤ ᠴᠡᠷᠢᠭᠯᠡᠭᠦᠯᠵᠤ ᠪᠠᠷᠠᠭᠤᠨ ᠬᠤᠶᠢᠲᠤ ᠤᠷᠤᠨ ᠢ ᠠᠮᠤᠷᠵᠢᠭᠤᠯᠪᠠ᠃ ⒐ ᠰᠤᠯᠤᠩᠭ᠎ᠠ ᠤᠯᠤᠰ ᠯᠤᠭ᠎ᠠ ᠶᠢᠨ ᠬᠠᠷᠢᠴᠠᠭ᠎ᠠ ᠪᠠᠨ ᠤᠯᠠᠮ ᠨᠢᠭᠡ ᠠᠯᠬᠤᠮ ᠰᠠᠶᠢᠵᠢᠷᠠᠭᠤᠯᠪᠠ᠃ ⒑ ᠠᠨᠨᠠ ᠤᠯᠤᠰ ᠢ ᠳᠠᠭᠠᠯᠲᠡ ᠤᠯᠤᠰ ᠢᠶᠠᠨ ᠪᠤᠯᠭᠠᠭᠰᠠᠭᠠᠷ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号