| | ᠨᠢᠭᠡ᠂ ᠬᠤᠷᠢ ᠪᠤᠷᠢᠶᠠᠳ ᠤᠨ ᠲᠤᠪᠴᠢ ᠲᠡᠤᠭᠡ | ᠪᠤᠷᠢᠶᠠᠳ ᠤᠨ ᠡᠪᠦᠭᠡ ᠲᠡᠭᠡᠳᠤᠰ ᠪᠠᠶᠢᠭᠠᠯ ᠨᠠᠭᠤᠷ ᠤᠨ ᠤᠷᠴᠢᠮ ᠳᠤ ᠠᠮᠢᠳᠤᠷᠠᠳᠠᠭ ︽ᠤᠢ ᠶᠢᠨ ᠢᠷᠭᠡᠳ︾ ᠤᠨ | ᠨᠢᠭᠡᠨ ᠭᠡᠰᠡᠭ ᠨᠢ ᠪᠠᠶᠢᠵᠠᠢ᠃ ︽ᠤᠢ ᠶᠢᠨ ᠢᠷᠭᠡᠳ︾ ᠭᠡᠳᠡᠭ ᠨᠢ ᠦᠷᠭᠡᠨ ᠦᠢᠯᠠᠭᠠᠯᠳᠠ ᠲᠠᠢ ᠪᠦᠭᠡᠳ ᠡᠨᠡ | ᠨᠠᠷᠠ ᠶᠢᠨ ᠲᠤᠤᠷ᠎ᠠ ᠤᠯᠠᠨ ᠶᠠᠰᠤᠳᠠᠨ ᠰᠠᠯᠪᠤᠷᠢᠯᠠᠨ ᠭᠠᠷᠴᠠᠢ᠃ ᠤᠷᠤᠰ ᠤᠨ ᠡᠷᠳᠡᠮᠳᠡᠨ ᠲᠤᠷᠵᠢ ᠪᠠᠨᠵᠠᠷᠤᠸ᠋ ︽ | ᠦᠢᠷᠠᠳ ᠭᠡᠮᠡᠬᠦ ᠦᠭᠡ ᠨᠢ ᠦᠢᠷ᠎ᠠ᠂ ᠬᠤᠯᠠ ᠭᠡᠰᠡᠨ ᠦᠭᠡᠨ ᠠᠴᠠ ᠪᠢᠰᠢ᠂ ᠤᠢ — ᠠᠷᠠᠳ ︵ᠤᠢ ᠶᠢᠨ | ᠠᠷᠠᠳ︶ ᠭᠡᠳᠡᠭ ᠦᠭᠡᠨ ᠠᠴᠠ ᠭᠠᠷᠤᠭᠰᠠᠨ ᠪᠦᠭᠡᠳ ᠤᠢ ᠶᠢᠨ ᠢᠷᠭᠡᠳ ᠭᠡᠰᠡᠨ ᠲᠡᠷᠡ ᠨᠠᠷᠠ ᠦᠭᠡ ᠮᠦᠨ | ᠪᠦᠭᠡᠳ ᠷᠠᠰᠢᠳ᠋ — ᠠᠳ᠋ᠳ᠋ ᠤᠨ ᠤᠢ ᠶᠢᠨ ᠢᠷᠭᠡᠨ ᠭᠡᠰᠡᠨ ᠲᠡᠷᠡ ᠨᠠᠷᠠ ᠮᠦᠨ︾ ᠭᠡᠵᠡᠢ᠃ ᠤᠢ ᠶᠢᠨ | ᠢᠷᠭᠡᠳ ᠨᠢ ᠡᠷᠳᠡᠨ ᠠᠴᠠ ᠨᠠᠭᠠᠰᠢ ᠪᠠᠶᠢᠭᠠᠯ ᠨᠠᠭᠤᠷ᠂ ᠰᠡᠯᠡᠩᠭᠡ ᠶᠢᠨ ᠠᠳᠠᠭ ᠲᠠᠭᠨᠠ᠂ ᠰᠤᠶᠤᠭᠠᠨ ᠤ ᠨᠠᠭᠤᠷ᠂ | ᠶᠧᠨᠧᠰᠠᠢ᠂ ᠡᠷᠴᠢᠰ ᠮᠦᠷᠡᠨ ᠤ ᠡᠬᠢ᠂ ᠠᠯᠳᠠᠷ ᠠᠭᠤᠯᠠ ᠶᠢᠨ ᠤᠢ ᠲᠠᠶᠢᠭ᠎ᠠ ᠳᠤ ᠤᠷᠴᠢᠨ ᠰᠠᠭᠤᠵᠤ ᠠᠩ | ᠬᠦᠷᠤᠭᠡᠰᠤ ᠪᠠᠷ ᠠᠮᠢᠳᠤᠷᠠᠵᠤ ᠢᠷᠡᠭᠰᠡᠨ ᠪᠦᠭᠡᠳ ᠪᠤᠷᠢᠶᠠᠳ᠂ ᠬᠤᠷᠢ — ᠲᠦᠮᠡᠳ᠂ ᠪᠤᠯᠠᠭᠠᠴᠢᠨ᠂ ᠭᠡᠷᠡᠮᠤᠴᠢᠨ | ᠮᠡᠳᠤ ᠶᠢᠨ ᠤᠪᠤᠭ ᠤᠳ ᠤᠨ ᠡᠪᠦᠭᠡ ᠲᠡᠭᠡᠳᠤᠰ ᠮᠦᠨ ᠭᠡᠵᠤ ᠮᠤᠩᠭᠤᠯ ᠤᠨ ᠲᠡᠤᠭᠡᠴᠢᠳ᠂ ᠤᠭᠰᠠᠭᠠᠳᠠᠨ | ᠵᠦᠢᠴᠢᠳ ᠦᠵᠡᠵᠤ ᠪᠠᠶᠢᠨ᠎ᠠ᠃ ᠡᠨᠡ ᠨᠤᠳᠤᠭ ᠤᠨ ᠬᠦᠮᠤᠰ 1207 ᠤᠨ ᠤ ᠦᠶ᠎ᠠ ᠳᠤ ᠴᠢᠩᠭᠢᠰ ᠬᠠᠭᠠᠨ ᠤ | ᠬᠠᠷᠢᠶᠠᠯᠠᠯ ᠳᠤ ᠤᠷᠤᠭᠠᠳ 17 ᠳ᠋ᠤᠭᠠᠷ ᠵᠠᠭᠤᠨ ᠤ ᠰᠡᠬᠦᠯ ᠤᠨ ᠬᠠᠭᠠᠰ᠂ 18 ᠳ᠋ᠤᠭᠠᠷ ᠵᠠᠭᠤᠨ ᠤ ᠡᠬᠢᠨ ᠠᠴᠠ | ᠪᠤᠷᠢᠶᠠᠳ ᠨᠤᠳᠤᠭ ᠲᠠᠬᠢ ᠮᠤᠩᠭᠤᠯ ᠤᠨ ᠬᠠᠭᠠᠨᠳᠤ ᠤᠯᠤᠰ ᠤᠨ ᠡᠵᠡᠩᠨᠡᠯ ᠲᠤᠳᠤᠭᠠᠳᠤ ᠶᠢᠨ ᠨᠦᠬᠦᠴᠡᠯ | ᠪᠠᠶᠢᠳᠠᠯ ᠠᠴᠠ ᠪᠤᠯᠵᠤ ᠰᠤᠯᠠᠷᠠᠵᠤ ᠡᠬᠢᠯᠡᠭᠰᠡᠨ ᠪᠠᠶᠢᠨ᠎ᠠ᠃ ᠡᠨᠡ ᠴᠠᠭ ᠦᠶ᠎ᠠ ᠶᠢ ᠠᠰᠢᠭᠯᠠᠵᠤ ᠤᠷᠤᠰ ᠤᠨ ᠬᠠᠭᠠᠳ᠂ | ᠰᠢᠪᠧᠷᠢᠶ᠎ᠠ ᠶᠢ ᠡᠵᠡᠮᠰᠢᠬᠦ ᠪᠤᠳᠤᠯᠭ᠎ᠠ ᠶᠢ ᠬᠦᠴᠤᠳᠡᠢ ᠪᠤᠯᠭᠠᠵᠤ ᠪᠤᠷᠢᠶᠠᠳ ᠢ ᠦᠪᠡᠷ ᠤᠨ ᠵᠦᠭ ᠲᠠᠳᠠᠵᠤ ᠡᠬᠢᠯᠡᠵᠡᠢ᠃ | ᠡᠨᠡ ᠦᠶ᠎ᠠ ᠪᠤᠶᠤ 1583 ᠤᠨ ᠠᠴᠠ ᠪᠠᠶᠢᠭᠠᠯ ᠨᠠᠭᠤᠷ ᠠᠴᠠ ᠪᠠᠷᠠᠭᠤᠨ ᠲᠡᠰᠢ ᠡᠷᠭᠡᠤ ᠬᠤᠳᠠ ᠶᠢᠨ ᠤᠷᠴᠢᠮ | ᠬᠠᠪᠢ ᠶᠢᠨ ᠬᠢᠨ ᠪᠤᠯᠤᠨ 1630 ᠤᠨ ᠠᠴᠠ ᠪᠠᠶᠢᠭᠠᠯ ᠨᠠᠭᠤᠷ ᠤᠨ ᠵᠡᠬᠦᠨ ᠲᠠᠯ᠎ᠠ ᠪᠠᠷ ᠤᠷᠤᠰᠢᠬᠤ ᠪᠤᠷᠢᠶᠠᠳ ᠤᠳ | ᠤᠷᠤᠰ ᠤᠨ ᠬᠠᠷᠢᠶᠠᠳᠤ ᠪᠤᠯᠤᠭᠰᠠᠨ ᠪᠠᠶᠢᠨ᠎ᠠ᠃ ᠪᠤᠷᠢᠶᠠᠳ ᠤᠨ ᠡᠷᠳᠡ ᠲᠡᠭᠡᠳᠤ ᠦᠶ᠎ᠠ ᠶᠢᠨ ᠲᠡᠤᠭᠡ ᠶᠢ ᠪᠢᠴᠢᠭᠰᠡᠨ | ᠵᠤᠬᠢᠶᠠᠯ ᠪᠦᠳᠤᠭᠡᠯ ᠳᠤ ᠪᠤᠷᠢᠶᠠᠳ ᠶᠠᠰᠤᠳᠠᠨ ᠤ ᠭᠠᠷᠤᠯ ᠡᠬᠦᠰᠤᠯ ᠢ ᠶᠡᠭᠡᠪᠴᠢᠯᠡᠨ ᠠᠷᠠᠳ ᠲᠦᠮᠡᠨ ᠤ ᠲᠤᠮᠳᠠ ᠦᠨᠢ | ᠤᠳᠠᠭᠠᠨ ᠦᠯᠢᠭᠡᠷ ᠲᠤᠮᠤᠭ ᠤᠨ ᠪᠠᠶᠢᠳᠠᠯ ᠢᠶᠠᠷ ᠶᠠᠷᠢᠭᠳᠠᠵᠤ ᠢᠷᠡᠭᠰᠡᠨ ᠠᠷᠠᠳ ᠤᠨ ᠤᠯᠠᠮᠵᠢᠯᠠᠯᠳᠤ ᠠᠮᠠᠨ | ᠵᠤᠬᠢᠶᠠᠯ ᠢᠶᠠᠷ ᠰᠡᠳᠤᠪᠯᠡᠨ ᠪᠢᠴᠢᠭᠰᠡᠨ ᠪᠠᠶᠢᠳᠠᠭ᠃ | ᠪᠤᠷᠢᠶᠠᠳ ᠠᠷᠠᠳ ᠤᠨ ᠠᠮᠠᠨ ᠵᠤᠬᠢᠶᠠᠯ ᠳᠤ ᠪᠤᠷᠢᠶᠠᠳ ᠶᠠᠰᠤᠳᠠᠨ ᠤ ᠲᠡᠭᠡᠳᠤ ᠤᠭ ᠭᠠᠷᠤᠯ ᠢ ᠪᠦᠷᠳᠡ — | ᠴᠢᠨ᠋ᠸ᠎ᠠ᠂ ᠭᠤᠸ᠎ᠠ — ᠮᠠᠷᠠᠯ ᠭᠡᠮᠡᠨ ᠲᠤᠮᠤᠭ ᠪᠤᠯᠭᠠᠨ ᠶᠠᠷᠢᠳᠠᠭ ᠠᠴᠠ ᠨᠢ ᠮᠤᠩᠭᠤᠯ ᠲᠤᠭᠤᠷᠭᠠᠳᠠᠨ ᠤ ᠨᠢᠭᠡ | ᠭᠡᠰᠡᠭ ᠪᠤᠯᠬᠤ ᠨᠢ ᠬᠠᠷᠠᠭᠳᠠᠵᠤ ᠪᠠᠶᠢᠨ᠎ᠠ᠃ ᠪᠦᠷᠳᠡ — ᠴᠢᠨ᠋ᠸ᠎ᠠ᠂ ᠭᠤᠸ᠎ᠠ — ᠮᠠᠷᠠᠯ ᠬᠤᠶᠠᠷ ᠨᠢ ᠮᠢᠩᠭ᠎ᠠ | ᠭᠤᠷᠪᠠᠨ ᠵᠠᠭᠤᠨ ᠠᠷᠪᠠᠭᠠᠳ ᠤᠨ ᠠᠴᠠ 400 ᠭᠠᠷᠤᠢ ᠵᠢᠯ ᠤᠨ ᠲᠡᠷᠳᠡᠭᠡ ᠦᠶ᠎ᠠ ᠳᠤ ᠠᠮᠢᠳᠤᠷᠠᠵᠤ ᠪᠠᠶᠢᠭᠰᠠᠨ | ᠬᠦᠮᠤᠰ ᠪᠠᠶᠢᠵᠤ ᠪᠤᠯᠬᠤ ᠶᠤᠮ ᠭᠡᠵᠤ ᠵᠠᠷᠢᠮ ᠡᠷᠳᠡᠮᠳᠡᠨ ᠦᠵᠡᠳᠡᠭ ᠠᠵᠢ᠃ ᠪᠦᠷᠳᠡ — ᠴᠢᠨ᠋ᠸ᠎ᠠ ᠶᠢᠨ ᠲᠦᠰᠢᠮᠡᠯ | ᠪᠠᠷᠭᠤᠪᠠᠭᠠᠳᠤᠷ ᠨᠢ ᠤᠯᠢᠶᠠᠳᠠᠢ᠂ ᠪᠤᠷᠢᠶᠠᠳ᠂ ᠬᠤᠷᠢᠶᠠᠳᠠᠢ ᠭᠡᠳᠡᠭ ᠭᠤᠷᠪᠠᠨ ᠬᠦᠤ ᠶᠢ ᠲᠦᠷᠤᠬᠦᠯᠤᠨ ᠦᠰᠭᠡᠵᠤ | ᠡᠷ᠎ᠡ ᠶᠢᠨ ᠴᠡᠭᠡᠯ ᠳᠤ ᠬᠦᠷᠬᠦ ᠳᠤᠨᠢ ᠪᠠᠷᠭᠤᠪᠠᠭᠠᠳᠤᠷ ᠪᠤᠷᠢᠶᠠᠳ ᠬᠦᠤ ᠪᠠᠨ ᠲᠡᠷᠭᠡᠳᠡ ᠪᠠᠨ ᠠᠪᠴᠤ ᠦᠯᠡᠳᠡᠭᠡᠳ | ᠤᠯᠢᠶᠠᠳᠠᠢ ᠶᠢ ᠪᠠᠷᠠᠭᠤᠨ ᠵᠦᠭ ᠶᠠᠪᠤᠭᠤᠯᠵᠤ ᠬᠤᠷᠢᠳᠠᠢ ᠶᠢ ᠠᠭᠤᠯᠠ ᠤᠢ ᠮᠤᠳᠤ ᠲᠠᠢ ᠭᠠᠵᠠᠷ ᠠᠩ ᠬᠢᠵᠤ | ᠠᠮᠢᠳᠤᠷᠠ ᠭᠡᠵᠤ ᠶᠠᠪᠤᠭᠤᠯᠵᠠᠢ ᠁ ᠭᠡᠰᠡᠨ ᠲᠤᠮᠤᠭ ᠪᠠᠶᠢᠳᠠᠭ᠃ ᠡᠨᠡ ᠲᠤᠬᠠᠢ ᠪᠤᠷᠢᠶᠠᠳ ᠤᠨ ᠡᠷᠳᠡᠮᠳᠡᠨ ᠯ᠊ · | ᠳ᠋᠊ · ᠱᠠᠭᠳᠠᠷᠤᠸ᠋ ᠤᠨ ᠲᠡᠮᠳᠡᠭᠯᠡᠯ ᠳᠤ ︽ᠡᠨᠡ ᠲᠤᠮᠤᠭ ᠦᠨᠡᠨ ᠪᠤᠳᠠᠳᠠᠢ ᠪᠠᠶᠢᠬᠤ ᠪᠦᠷᠢᠨ ᠦᠨᠳᠤᠰᠤᠯᠡᠯ ᠲᠠᠢ ᠶᠤᠮ︾ | ᠭᠡᠵᠡᠢ᠃ | ᠪᠤᠷᠢᠶᠠᠳ ᠤᠨ ᠡᠯᠳᠴᠡ ᠬᠤᠯᠤᠨᠴᠠ ᠶᠢᠨ ᠲᠡᠭᠡᠳᠤ ᠦᠶ᠎ᠠ ᠶᠢ ᠭᠤᠷᠪᠠᠨ ᠤᠭᠰᠠᠭᠠᠳᠠᠨ ᠪᠤᠯᠭᠠᠨ ᠲᠡᠤᠭᠡᠴᠢᠳ | ᠲᠡᠮᠳᠡᠭᠯᠡᠳᠡᠭ᠃ ᠡᠬᠦᠨ ᠳᠤ᠄ ︵ᠨᠢᠭᠡ︶᠂ ᠬᠤᠷᠢ ᠲᠦᠮᠡᠳ ᠤᠨ ᠪᠤᠶᠤ ᠬᠤᠷᠢ ᠶᠢᠨ ᠠᠷᠪᠠᠨ ᠨᠢᠭᠡᠨ ᠡᠴᠢᠭᠡ ᠶᠢᠨ | ᠡᠯᠤᠨᠴᠡ ᠦᠶ᠎ᠠ᠃ ︵ᠬᠤᠶᠠᠷ︶᠂ ᠪᠠᠷᠭᠤ ᠨᠤᠭᠤᠳ᠂ ᠬᠢᠩᠭᠠᠨ ᠨᠢᠷᠤᠭᠤ ᠶᠢᠨ ᠠᠷᠤ ᠪᠠᠯ ᠢᠶᠠᠷ ᠨᠤᠳᠤᠭᠯᠠᠵᠤ | ᠪᠠᠶᠢᠭᠰᠠᠨ ᠪᠤᠷᠢᠶᠠᠳ ᠤᠳ ᠤᠨ ᠡᠯᠤᠨᠴᠠ ᠦᠶ᠎ᠠ᠂ ︵ᠭᠤᠷᠪᠠ︶᠂ ᠪᠤᠷᠢᠶᠠᠳ ᠤᠳ ᠪᠠ ᠬᠤᠷᠢ ᠲᠦᠮᠡᠳ ᠠᠴᠠ | ᠲᠠᠰᠤᠷᠠᠵᠤ ᠦᠯᠡᠳᠡᠭᠰᠡᠨ ᠡᠯᠤᠨᠴᠠ ᠦᠶ᠎ᠠ ᠪᠤᠯᠤᠨ᠎ᠠ᠃ | ᠲᠡᠤᠭᠡ ᠶᠢᠨ ᠤᠷᠳᠤ ᠤᠳᠠᠭᠠᠨ ᠬᠤᠭᠤᠴᠠᠭᠠᠨ ᠳᠤ ᠡᠳᠡᠭᠡᠷ ᠤᠪᠤᠭ ᠠᠶᠢᠮᠠᠭ ᠨᠢ ︽ᠪᠤᠷᠢᠶᠠᠳ︾ ᠭᠡᠳᠡᠭ ᠨᠢᠭᠡ | ᠨᠠᠷᠠ ᠶᠢᠨ ᠲᠤᠤᠷ᠎ᠠ ᠨᠡᠷᠡᠯᠡᠭᠳᠡᠬᠦ ᠪᠤᠯᠤᠭᠰᠠᠨ ᠪᠠᠶᠢᠨ᠎ᠠ᠃ ᠲᠡᠷᠡ ᠦᠶ᠎ᠠ ᠳᠤ ᠪᠠᠷᠭᠤᠪᠠᠭᠠᠳᠤᠷ ᠤᠨ ᠶᠡᠭᠡ ᠬᠠᠳᠤᠨ | ᠪᠠᠷᠭᠤᠵᠢᠨ ᠭᠤᠸ᠎ᠠ ᠠᠴᠠ ᠨᠢ ᠭᠠᠭᠴᠠ ᠦᠬᠢᠨ ᠠᠯᠤᠩᠭᠤᠸ᠎ᠠ ᠲᠦᠷᠤᠵᠤ ᠲᠡᠷᠡ ᠨᠢ ᠲᠤᠪᠤ ᠮᠡᠷᠭᠡᠨ ᠤ ᠡᠭᠡᠨᠠᠷ ᠪᠤᠯᠵᠤ | ᠂ ᠬᠤᠶᠠᠷ ᠬᠦᠤ ᠪᠦᠬᠦᠨᠤᠳᠡᠢ᠂ ᠪᠡᠯᠬᠦᠨᠤᠳᠠᠢ ᠶᠢ ᠲᠦᠷᠤᠬᠦᠯᠦᠭᠰᠡᠨ ᠪᠠᠶᠢᠨ᠎ᠠ᠃ | ᠲᠤᠮᠳᠠ ᠬᠠᠳᠤᠨ ᠰᠢᠷᠠᠯᠳᠠᠢ ᠨᠢ ᠭᠠᠯᠵᠤᠳ᠂ ᠬᠤᠸᠠᠰᠠᠢ᠂ ᠬᠦᠪᠳᠡᠬᠦᠳ᠂ ᠬᠦᠰᠢᠳ᠂ ᠰᠢᠷᠠᠶᠢᠳ ᠭᠡᠰᠡᠨ ᠲᠠᠪᠤᠨ | ᠬᠦᠪᠡᠬᠦᠳ᠂ ᠪᠠᠭ᠎ᠠ ᠬᠠᠳᠤᠨ ᠨᠠᠭᠠᠳᠠᠢ ᠨᠢ ᠬᠠᠷᠭᠠᠨ᠎ᠠ᠂ ᠪᠤᠳᠤᠩᠭᠤᠳ᠂ ᠬᠤᠳᠠᠢ᠂ ᠪᠠᠳᠤᠨᠠᠢ᠂ ᠴᠠᠭᠠᠩᠭᠤᠳ᠂ | ᠬᠠᠯᠪᠢᠨ ᠭᠡᠰᠡᠨ ᠵᠢᠷᠭᠤᠭᠠᠨ ᠬᠦᠪᠡᠬᠦᠨ ᠲᠦᠷᠤᠬᠦᠯᠦᠭᠰᠡᠨ ᠪᠠᠶᠢᠨ᠎ᠠ᠃ | ᠬᠤᠷᠢᠳᠠᠢ ᠮᠡᠷᠭᠡᠨ ᠤ ᠡᠨᠡ ᠠᠷᠪᠠᠨ ᠨᠢᠭᠡᠨ ᠬᠦᠪᠡᠬᠦᠳ ᠴᠠᠭᠠᠰᠢ ᠴᠠᠭᠠᠰᠢᠳᠠ ᠦᠷᠡᠵᠢᠵᠤ᠂ ︽ᠬᠤᠷᠢ ᠶᠢᠨ ᠠᠷᠪᠠᠨ | ᠨᠢᠭᠡᠨ ᠡᠴᠢᠭᠡ︾ ᠭᠡᠵᠤ ᠲᠡᠤᠭᠡ ᠶᠢᠨ ᠲᠤᠮᠤᠭ ᠲᠤ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ | ᠬᠤᠷᠢ ᠶᠢᠨ ᠠᠷᠪᠠᠨ ᠨᠢᠭᠡᠨ ᠡᠴᠢᠭᠡ ᠶᠢᠨ ᠪᠤᠷᠢᠶᠠᠳ ︽᠁ ᠤᠶᠢᠬᠤᠨᠠ ᠠᠷᠠᠯ᠂ ᠲᠠᠯᠠᠢ ᠶᠢᠨ ᠬᠤᠶᠢᠭᠤᠷ᠂ | ᠪᠠᠶᠢᠭᠠᠯ ᠤᠨ ᠤᠷᠢᠳᠤ ᠪᠠᠶ᠎ᠠ᠂ ᠰᠡᠯᠡᠩᠭᠡ ᠶᠢᠨ ᠠᠳᠠᠭ᠂ ᠬᠤᠳᠠᠷ ᠤᠨ ᠲᠠᠯ᠎ᠠ ᠳᠤ ᠲᠠᠳᠠᠨ ᠤ ᠨᠤᠳᠤᠭᠯᠠᠵᠤ ᠰᠠᠭᠤᠭᠰᠠᠨ | ᠪᠠᠷᠭᠤᠪᠠᠭᠠᠳᠤᠷ ᠲᠠᠶᠢᠴᠢᠨ ᠨᠤᠶᠠᠨ ᠤ ᠲᠤᠮᠳᠠ ᠬᠦᠤ ᠪᠤᠷᠢᠶᠠᠳ ᠭᠡᠭᠴᠢ ᠠᠴᠠ ᠦᠨᠢᠷᠵᠢᠵᠤ ᠲᠠᠷᠬᠠᠭᠰᠠᠨ ᠪᠤᠷᠢᠶᠠᠳ | ᠵᠤᠨ ᠲᠠᠢ ᠨᠡᠶᠢᠯᠡᠵᠤ ᠨᠤᠳᠤᠭᠯᠠᠭᠰᠠᠨ ᠰᠢᠯᠳᠠᠭᠠᠨ ᠠᠴᠠ ᠪᠤᠷᠢᠶᠠᠳ ᠨᠠᠷᠠ ᠲᠠᠢ ᠪᠤᠯᠵᠤ ᠰᠠᠭᠤᠪᠠ ᠭᠡᠮᠡᠭᠰᠡᠨ ᠶᠠᠪᠤᠳᠠᠯ | ᠴᠤᠬᠤᠮ ᠳᠠᠭᠠᠨ ᠤᠤᠭᠠᠯ ᠢᠷᠭᠡᠳ ᠤᠨ ᠨᠠᠷᠠ ᠬᠤᠷᠢ ᠨᠠᠷ ᠲᠤ ᠰᠢᠯᠵᠢᠨ ᠨᠡᠶᠢᠯᠡᠵᠤ ᠬᠤᠷᠢ ᠪᠤᠷᠢᠶᠠᠳ ᠭᠡᠮᠡᠬᠦ ᠨᠡᠷ᠎ᠡ | ᠲᠤᠮᠢᠶ᠎ᠠ ᠪᠤᠢ ᠪᠤᠯᠵᠠᠢ ︵ᠶᠤ · ᠸᠠᠩᠳᠠᠨ᠂ 1875 ᠤᠨ︶᠃ | ᠪᠤᠷᠢᠶᠠᠳ ᠭᠡᠳᠡᠭ ᠨᠡᠷ᠎ᠡ ᠶᠢᠨ ᠲᠤᠬᠠᠢ ᠮᠠᠰᠢ ᠤᠯᠠᠨ ᠲᠠᠭᠠᠮᠠᠭᠯᠠᠯ ᠲᠡᠤᠭᠡᠨ ᠳᠤ ᠲᠡᠮᠳᠡᠭᠯᠡᠭᠳᠡᠨ ᠦᠯᠡᠳᠡᠵᠡᠢ᠃ | ᠡᠬᠦᠨ ᠳᠤ᠄ ︽ᠪᠤᠷᠢᠳᠠᠢ︾᠂ ︽ᠪᠷᠠᠳ᠋ᠰᠺ︾᠂ ︽ᠪᠤᠷᠤᠳᠠᠢ︾᠂ ︽ᠪᠷᠠᠲ — ᠫᠶᠤᠷᠠᠲ︾᠂ ︽ᠪᠷᠠᠼᠺᠢᠸ᠋︾ | ᠂ ︽ᠪᠦᠷᠠᠳᠢ︾ ᠭᠡᠬᠦ ᠮᠡᠳᠤ᠃ ᠬᠤᠷᠢᠳᠠᠢ ᠮᠡᠷᠭᠡᠨ ᠤ ᠠᠷᠪᠠᠨ ᠨᠢᠭᠡᠨ ᠬᠦᠪᠡᠬᠦᠳ ᠠᠴᠠ ᠬᠤᠶᠢᠰᠢ ᠤᠯᠠᠨ | ᠦᠶ᠎ᠠ ᠶᠢᠨ ᠲᠠᠷᠠᠭ᠎ᠠ ᠬᠠᠯᠬ᠎ᠠ ᠮᠤᠩᠭᠤᠯ ᠤᠨ ᠲᠦᠮᠡᠳ ᠤᠨ ᠭᠡᠭᠡᠨ ᠭᠡᠵᠤ ᠠᠯᠳᠠᠷᠰᠢᠭᠰᠠᠨ ᠠᠯᠳᠠᠨ ᠰᠢᠷᠡᠭᠡᠳᠤ ᠬᠠᠭᠠᠨ | ᠂ ᠴᠠᠰᠤᠳᠤ ᠡᠾᠢᠮᠠᠯᠢ ᠶᠢᠨ ᠲᠦᠪᠡᠳ ᠤᠷᠤᠨ ᠠᠴᠠ ᠤᠷᠤᠢ ᠶᠢᠨ ᠲᠡᠭᠡᠳᠤ ᠭᠤᠷᠪᠠᠳᠤᠭᠠᠷ ᠲᠠᠯᠠᠢ ᠯᠠᠮᠠ | ᠰᠤᠳᠨᠠᠮᠵᠠᠮᠰᠤ ᠶᠢ 1577 ᠤᠨ ᠳᠤ ᠮᠤᠩᠭᠤᠯ ᠨᠤᠳᠤᠭ ᠲᠤ ᠵᠠᠯᠠᠭᠰᠠᠨ ᠪᠠᠶᠢᠨ᠎ᠠ᠃ | ᠲ᠊ ᠠᠯᠠᠢ ᠯᠠᠮᠠ ᠰᠤᠳᠨᠠᠮᠵᠠᠮᠰᠤ ᠷᠢᠳᠢ ᠰᠢᠳᠢ ᠶᠢᠨ ᠠᠷᠭ᠎ᠠ ᠪᠠᠷ ᠤᠯᠠᠭᠠᠨ ᠮᠦᠷᠡᠨ ᠢ ᠤᠷᠤᠰᠬᠠᠯ ᠰᠦᠷᠤᠨ | ᠤᠷᠤᠰᠬᠠᠵᠤ ᠤᠨᠤᠭᠰᠠᠨ ᠮᠤᠷᠢᠨ ᠤ ᠬᠢᠨᠢ ᠬᠢᠰᠬᠢᠭᠰᠡᠨ ᠴᠢᠯᠠᠭᠤᠨ ᠲᠡᠭᠡᠷ᠎ᠠ ᠮᠠᠨᠢ ᠶᠢᠨ ᠵᠢᠷᠭᠤᠭᠠᠨ ᠦᠰᠦᠭ ︽ᠤᠮ | ᠮᠠ ᠨᠢ ᠪᠠᠳ ᠮᠠ ᠬᠤᠮ︾ ᠭᠠᠷᠬᠤ ᠵᠡᠷᠭᠡ ᠪᠠᠷ ᠷᠢᠳᠢ ᠶᠢᠨ ᠬᠤᠪᠢᠯᠭᠠᠨ ᠤ ᠲᠦᠷᠢ ᠶᠢ ᠦᠵᠡᠬᠦᠯᠦᠭᠰᠡᠨ ᠪᠠᠶᠢᠨ᠎ᠠ᠃ | ᠡᠶᠢᠮᠤ ᠠᠴᠠ ᠮᠤᠩᠭᠤᠯ ᠤᠨ ᠬᠠᠭᠠᠳ ᠨᠤᠶᠠᠳ᠂ ᠪᠦᠬᠦ ᠬᠦᠮᠤᠨ ᠢ ᠱᠠᠰᠢᠨ ᠰᠦᠰᠦᠭ ᠲᠠᠢ ᠪᠤᠯᠭᠠᠨ ᠪᠤᠳ᠋ᠳ᠋ᠾᠨ ᠶᠢᠨ | ᠪᠤᠷᠬᠠᠨ ᠱᠠᠰᠢᠨ ᠢ ᠲᠡᠯᠭᠡᠷᠡᠬᠦᠯᠵᠤ ᠠᠷᠪᠢᠨ ᠪᠤᠶᠠᠨ ᠨᠤᠮ ᠤᠨ ᠬᠠᠤᠯᠢ ᠶᠢ ᠪᠠᠶᠢᠭᠤᠯᠤᠭᠰᠠᠨ ᠪᠠᠶᠢᠨ᠎ᠠ᠂ ᠡᠨᠡ | ᠦᠶ᠎ᠠ ᠳᠤ ᠮᠤᠩᠭᠤᠯ ᠤᠨ ᠪᠦᠪᠠᠶᠢᠪᠠᠭᠠᠳᠤᠷ ᠪᠠᠶᠢᠯ᠎ᠠ ᠬᠠᠭᠠᠨ ᠤ ᠬᠦᠤ ᠳ᠋ᠠᠢ ᠬᠤᠩ ᠲᠠᠶᠢᠵᠢ ᠳᠤ ᠪᠤᠷᠢᠶᠠᠳ ᠤᠨ | ᠪᠠᠯᠵᠢᠨ ᠬᠠᠳᠤᠨ ᠢ ᠡᠭᠡᠨᠠᠷ ᠪᠤᠯᠭᠠᠨ ᠪᠠᠭᠤᠯᠭᠠᠬᠤ ᠳᠤᠨᠢ ᠬᠤᠷᠢ ᠶᠢᠨ ᠠᠷᠪᠠᠨ ᠨᠢᠭᠡᠨ ᠡᠴᠢᠭᠡ ᠤᠪᠤᠭ ᠤᠨ ᠬᠦᠮᠤᠰ ᠢ | ᠪᠠᠯᠵᠢᠨ ᠬᠠᠳᠤᠨ ᠤ ᠢᠨᠵᠢ ︵ᠠᠮᠢᠨ ᠤ ᠠᠯᠪᠠᠳᠤ︶ ᠪᠤᠯᠭᠠᠨ 1500 ᠤᠨ ᠤ ᠦᠶ᠎ᠠ ᠳᠤ ᠦᠭᠴᠤ᠂ ᠡᠨᠡ | ᠦᠶ᠎ᠠ ᠠᠴᠠ ᠡᠬᠢᠯᠡᠨ ᠬᠤᠷᠢ ᠶᠢᠨ ᠠᠷᠪᠠᠨ ᠨᠢᠭᠡᠨ ᠤᠪᠤᠭ ᠤᠨ ᠬᠦᠮᠤᠰ ᠨᠢ ᠳ᠋ᠠᠢ ᠬᠤᠩ ᠲᠠᠶᠢᠵᠢ ᠶᠢᠨ ᠠᠯᠪᠠᠳᠤ | ᠪᠤᠯᠤᠭᠰᠠᠨ ᠪᠠᠶᠢᠨ᠎ᠠ᠃ | ᠪᠦᠪᠠᠶᠢᠪᠠᠭᠠᠳᠤᠷ ᠬᠠᠭᠠᠨ ᠤ ᠬᠠᠳᠤᠨ ᠨᠠᠰᠤᠨ ᠡᠴᠤᠰᠯᠡᠵᠤ ᠬᠠᠭᠠᠨ ᠵᠠᠯᠠᠭᠤ ᠬᠠᠳᠤᠨ ᠠᠪᠤᠭᠰᠠᠨ ᠨᠢ ᠳ᠋ᠠᠢ ᠬᠤᠩ | ᠲᠠᠶᠢᠵᠢ ᠶᠢᠨ ᠭᠡᠷᠭᠡᠢ ᠪᠠᠯᠵᠢᠨ ᠬᠠᠳᠤᠨ ᠲᠠᠢ ᠲᠠᠭᠠᠷᠠᠵᠤ ᠲᠤᠬᠢᠷᠠᠬᠤ ᠦᠭᠡᠢ ᠪᠤᠯᠤᠭᠰᠠᠨ ᠤᠴᠢᠷ᠂ ᠪᠠᠯᠵᠢᠨ ᠬᠠᠳᠤᠨ | ᠦᠪᠡᠷ ᠤᠨ ᠨᠦᠬᠦᠷ ᠳ᠋ᠠᠢ ᠬᠤᠩ ᠲᠠᠶᠢᠵᠢ ᠪᠤᠯᠤᠨ ᠬᠤᠷᠢ ᠶᠢᠨ ᠠᠷᠪᠠᠨ ᠨᠢᠭᠡᠨ ᠡᠴᠢᠭᠡ ᠶᠢᠨ ᠬᠦᠮᠤᠰ ᠢᠶᠠᠨ ᠠᠪᠴᠤ | 1594 ᠤᠨ ᠤ ᠦᠶ᠎ᠠ ᠳᠤ ᠡᠷᠬᠦᠨ᠎ᠠ᠂ ᠠᠷᠭᠤᠨ ᠭᠤᠤᠯ ᠢ ᠭᠠᠳᠤᠯᠤᠨ ᠦᠯᠡᠷᠢᠩᠭᠡ ᠭᠤᠤᠯ ᠬᠦᠷᠴᠤ ᠨᠤᠳᠤᠭᠰᠢᠨ | ᠤᠷᠢᠳᠤ ᠦᠵᠡᠭᠳᠡᠭᠡ ᠦᠭᠡᠢ ᠲᠤᠭᠤᠰᠬᠠᠨ ᠭᠡᠷ ᠪᠠᠶᠢᠰᠢᠩ ᠪᠠᠷᠢᠵᠤ ᠰᠠᠭᠤᠭᠰᠠᠨ ᠭᠡᠳᠡᠭ᠃ ᠤᠳᠠᠯ ᠦᠭᠡᠢ ᠲᠠᠨᠳᠠ | ᠤᠷᠤᠰ ᠬᠦᠮᠤᠰ ᠢᠷᠡᠵᠤ ᠭᠡᠷ ᠪᠠᠶᠢᠰᠢᠩ ᠢ ᠨᠢ ᠪᠤᠯᠢᠶᠠᠨ ᠠᠪᠴᠤ ᠰᠦᠮ᠎ᠠ ᠲᠤᠭᠠᠩ ᠪᠤᠯᠭᠠᠨ ᠦᠭᠡᠷᠡᠴᠢᠯᠡᠵᠡᠢ᠃ | ᠡᠨᠡ ᠦᠶ᠎ᠠ ᠳᠤ ᠬᠤᠩ ᠲᠠᠶᠢᠵᠢ᠂ ᠪᠠᠯᠵᠢᠨ ᠬᠠᠳᠤᠨ ᠨᠠᠷ ᠡᠯᠴᠢ ᠠᠴᠠ ᠵᠢᠭᠤᠳᠠᠵᠤ ᠤᠨᠤᠨ ᠮᠦᠷᠡᠨ ᠤ ᠤᠷᠢᠳᠤ | ᠬᠤᠶᠢᠳᠤ ᠪᠠᠶ᠎ᠠ ᠪᠠᠷ ᠬᠦᠬᠦᠯᠪᠢ ᠭᠡᠳᠡᠭ ᠠᠭᠤᠯᠠ ᠶᠢᠨ ᠠᠷᠤ ᠦᠪᠤᠷ ᠢᠶᠠᠷ ᠵᠢᠭᠤᠳᠠᠨ ᠠᠭ᠎ᠠ ᠶᠢᠨ ᠭᠤᠤᠯ ᠤᠨ ᠡᠬᠢᠨ | ᠬᠠᠪᠢ ᠳᠤ ᠭᠤᠷᠪᠠᠨ ᠵᠢᠯ ᠤᠷᠴᠢᠮ ᠠᠮᠢᠳᠤᠷᠠᠵᠠᠢ᠃ ᠨᠡᠭᠡᠵᠤ ᠢᠷᠡᠭᠰᠡᠨ ᠡᠯᠴᠢ ᠨᠠᠷ ᠳ᠋ᠠᠢ ᠬᠤᠩ ᠲᠠᠶᠢᠵᠢ ᠶᠢᠨ | ᠲᠠᠯ᠎ᠠ ᠪᠠᠷ ᠪᠦᠪᠠᠶᠢᠪᠠᠭᠠᠳᠤᠷ ᠪᠠᠶᠢᠯ᠎ᠠ ᠬᠠᠭᠠᠨ᠂ ᠵᠠᠯᠠᠭᠤ ᠬᠠᠳᠤᠨ ᠨᠠᠷ ᠲᠤ ᠠᠶᠢᠯᠠᠳᠬᠠᠬᠤ ᠳᠤ ᠲᠠᠳᠠᠨ ᠤ ᠠᠷᠤ ᠠᠴᠠ | ᠴᠡᠷᠢᠭ ᠮᠤᠷᠳᠠᠭᠤᠯᠵᠠᠢ᠃ | ᠳ᠋ᠠᠢ ᠬᠤᠩ ᠲᠠᠶᠢᠵᠢ᠂ ᠪᠠᠯᠵᠢᠨ ᠬᠠᠳᠤᠨ ᠨᠠᠷ ᠢ ᠤᠯᠠᠨ ᠴᠡᠷᠢᠭ ᠤᠨ ᠬᠦᠴᠤ ᠪᠠᠷ ᠪᠠᠷᠢᠪᠴᠢᠯᠠᠵᠤ ᠪᠠᠯᠵᠢᠨ | ᠬᠠᠳᠤᠨ ᠤ ᠠᠮᠢ ᠶᠢ ᠬᠤᠷᠤᠭᠠᠵᠤ ᠠᠭ᠎ᠠ ᠨᠤᠳᠤᠭ ᠲᠤ ᠪᠠᠶᠢᠭ᠎ᠠ ᠨᠢᠭᠡᠨ ᠨᠠᠭᠤᠷ ᠤᠨ ᠡᠮᠤᠨᠡᠬᠢ ᠵᠢᠵᠢᠭ ᠲᠤᠯᠤᠭᠠᠢ ᠶᠢᠨ | ᠡᠩᠭᠡᠷ ᠲᠤ ᠱᠠᠷᠢᠯ ᠢ ᠤᠷᠬᠢᠭᠰᠠᠨ ᠢᠶᠠᠷ ᠲᠡᠷᠡ ᠨᠠᠭᠤᠷ ᠨᠢ ︽ᠪᠠᠯᠵᠢᠨ ᠴᠠᠭᠠᠨ ᠨᠠᠭᠤᠷ︾ ᠭᠡᠵᠤ ᠤᠳᠤ ᠬᠦᠷᠳᠡᠯ᠎ᠠ | ᠨᠡᠷᠡᠯᠡᠭᠳᠡᠬᠦ ᠪᠤᠯᠵᠠᠢ᠃ ᠡᠨᠡ ᠶᠠᠪᠤᠳᠠᠯ ᠠᠴᠠ ᠪᠤᠯᠵᠤ ᠬᠤᠷᠢ ᠶᠢᠨ ᠠᠷᠪᠠᠨ ᠨᠢᠭᠡᠨ ᠡᠴᠢᠭᠡ ᠶᠢᠨ ᠬᠦᠮᠤᠰ ᠠᠴᠠ ᠨᠢᠭᠡ | ᠭᠡᠰᠡᠭ ᠨᠢ ᠤᠢ ᠬᠦᠪᠴᠢ ᠪᠠᠷ ᠲᠠᠮᠵᠢᠵᠤ ᠵᠡᠬᠦᠨ ᠵᠦᠭ ᠵᠢᠭᠤᠳᠠᠭᠠᠪᠠ᠃ ᠶᠡᠭᠡᠩᠭᠢ ᠨᠢ ᠳ᠋ᠠᠢ ᠬᠤᠩ ᠲᠠᠶᠢᠵᠢ ᠲᠠᠢ | ᠬᠠᠮᠳᠤ ᠬᠠᠯᠬ᠎ᠠ ᠮᠤᠩᠭᠤᠯ ᠳᠤ ᠬᠦᠷᠭᠡᠭᠳᠡᠵᠡᠢ᠃ ᠪᠠᠷᠢᠪᠴᠢᠯᠠᠭᠳᠠᠨ ᠬᠦᠷᠭᠡᠭᠳᠡᠭᠰᠡᠨ ᠳ᠋ᠠᠢ ᠬᠤᠩ ᠲᠠᠶᠢᠵᠢ | ᠡᠴᠢᠭᠡ ᠳᠡᠭᠡᠨ ᠮᠠᠰᠢ ᠶᠡᠭᠡ ᠭᠤᠮᠤᠳᠠᠵᠤ ᠬᠠᠭᠠᠨ ᠡᠴᠢᠭᠡ ᠶᠢᠨ ᠢᠶᠠᠨ ᠦᠭᠡ ᠶᠢ ᠦᠯᠤ ᠵᠦᠪᠰᠢᠶᠡᠷᠡᠨ ᠬᠠᠯᠬ᠎ᠠ | ᠮᠤᠩᠭᠤᠯ ᠤᠨ ᠪᠠᠷᠠᠭᠤᠨ ᠬᠢᠵᠠᠭᠠᠷ ᠤᠨ ᠡᠷᠳᠡᠨᠢ ᠵᠤᠤ ᠶᠢᠨ ᠬᠦᠷᠢᠶᠠᠨ ᠳᠤ ᠤᠴᠢᠵᠤ ᠤᠪᠠᠰᠢ ᠶᠢᠨ ᠰᠠᠨᠸᠠᠷ ᠬᠦᠷᠳᠡᠨ | ᠪᠦᠬᠦ ᠨᠠᠰᠤ ᠪᠠᠷ ᠢᠶᠠᠨ ᠪᠠᠴᠠᠭ ᠪᠠᠷᠢᠨ ᠰᠠᠭᠤᠭᠰᠠᠨ ᠪᠠᠶᠢᠨ᠎ᠠ᠃ | ᠡᠨᠡ ᠬᠦᠷᠭᠡᠭᠳᠡᠭᠰᠡᠨ ᠪᠤᠷᠢᠶᠠᠳ ᠤᠳ ᠡᠯᠳᠡᠪ ᠰᠢᠬᠠᠯᠳᠠ ᠬᠠᠪᠴᠢᠯᠭ᠎ᠠ ᠶᠢ ᠦᠯᠤ ᠲᠠᠪᠴᠢᠨ 1607 ᠤᠨ ᠤ | ᠦᠶ᠎ᠠ ᠳᠤ᠂ ᠤᠷᠭᠤᠨ ᠵᠢᠭᠤᠳᠠᠵᠤ ᠤᠤᠭᠠᠯ ᠨᠤᠳᠤᠭ ᠬᠦᠬᠦᠯᠪᠢ ᠠᠭᠤᠯᠠ ᠶᠢᠨ ᠠᠷᠤ ᠦᠪᠤᠷ ᠢᠶᠠᠷ ᠨᠤᠳᠤᠭᠯᠠᠬᠤ | ᠪᠤᠯᠵᠠᠢ᠃ ᠲᠡᠷᠡ ᠦᠶ᠎ᠠ ᠳᠤ ᠲᠠᠨᠳᠡ ᠠᠮᠢᠳᠤᠷᠠᠵᠤ ᠪᠠᠶᠢᠭᠰᠠᠨ ᠤᠯᠢᠶᠠᠳᠠᠢ ᠤᠪᠤᠭ ᠤᠨ ᠬᠠᠮᠨᠢᠭᠠᠳ ᠲᠠᠳᠠᠨ ᠢ | ᠡᠯᠳᠡᠪ ᠢᠶᠠᠷ ᠬᠠᠪᠴᠢᠨ ᠲᠤᠷᠤᠮᠵᠢᠯᠠᠵᠤ ᠠᠮᠢ ᠨᠠᠰᠤ ᠶᠢ ᠨᠢ ᠬᠦᠨᠤᠬᠡᠬᠦ᠂ ᠡᠳ᠋ ᠬᠦᠷᠤᠩᠭᠡ ᠮᠠᠯ ᠰᠦᠷᠦᠭ ᠢ ᠨᠢ | ᠲᠡᠭᠡᠷᠡᠮᠳᠡᠵᠤ᠂ ᠬᠤᠯᠠᠭᠠᠶᠢᠯᠠᠬᠤ ᠵᠡᠷᠭᠡ ᠠᠴᠠ ᠨᠢ ᠠᠶᠤᠨ ᠪᠠᠯᠠᠮᠠᠭᠳᠠᠵᠤ ᠪᠤᠷᠢᠶᠠᠳ ᠤᠳ ᠤᠨ ᠵᠠᠷᠢᠮ ᠭᠡᠰᠡᠭ ᠨᠢ | ᠤᠨᠤᠨ ᠭᠤᠤᠯ ᠢ ᠭᠠᠳᠤᠯᠤᠨ ᠭᠧᠯᠭᠤ᠂ ᠦᠳᠡ ᠭᠤᠤᠯ ᠢᠶᠠᠷ ᠲᠠᠮᠵᠢᠨ ᠢᠷᠠᠭᠤᠨᠠ ᠬᠦᠷᠳᠡᠯ᠎ᠠ ᠨᠡᠬᠦᠵᠡᠢ᠃ | ᠨᠢᠭᠡ ᠭᠡᠰᠡᠭ ᠨᠢ ᠲᠤᠷᠤᠨ᠎ᠠ ᠵᠦᠭ ᠨᠡᠬᠦᠵᠤ ᠰᠢᠯᠢ ᠶᠢᠨ ᠬᠤᠶᠢᠳᠤ ᠪᠠᠶ᠎ᠠ ᠪᠠᠷ ᠨᠠᠷᠰᠢᠤ ᠭᠤᠤᠯ ᠤᠨ ᠪᠠᠷᠠᠭᠤᠨ | ᠲᠠᠯ᠎ᠠ ᠪᠠᠷ ᠨᠡᠬᠦᠳᠡᠯᠯᠡᠵᠤ ᠠᠷᠢᠳᠠ ᠭᠤᠤᠯ ᠬᠦᠷᠦᠭᠰᠡᠨ ᠪᠠᠶᠢᠨ᠎ᠠ᠃ | ᠲ᠊ ᠡᠷ᠎ᠡ ᠦᠶ᠎ᠠ ᠳᠤ ᠨᠡᠬᠦᠳᠡᠯ ᠬᠢᠯᠬᠦᠢ ᠦᠯᠡᠳᠡᠭᠰᠡᠨ ᠪᠤᠷᠢᠶᠠᠳ ᠤᠳ ᠨᠢ ᠮᠠᠯ ᠠᠵᠤ ᠠᠬᠤᠢ ᠡᠷᠬᠢᠯᠡᠬᠦ ᠠᠴᠠ | ᠭᠠᠳᠠᠨ᠎ᠠ ᠠᠩ ᠬᠦᠷᠤᠭᠡ ᠪᠠᠷ ᠠᠮᠢᠳᠤᠷᠠᠯ ᠤᠨ ᠡᠬᠢ ᠰᠤᠷᠪᠤᠯᠵᠢ ᠶᠢ ᠵᠠᠯᠭᠠᠭᠤᠯᠵᠤ ᠪᠠᠶᠢᠵᠠᠢ᠃ | ᠬᠤᠷᠢ ᠶᠢᠨ ᠪᠤᠷᠢᠶᠠᠳ ᠤᠳ ᠨᠤᠳᠤᠭ ᠤᠨ ᠵᠠᠬᠢᠷᠭ᠎ᠠ ᠶᠢ ᠪᠠᠶᠢᠭᠤᠯᠵᠤ᠂ 1711 ᠤᠨ ᠤ 4 ᠳ᠋ᠤᠭᠡᠷ ᠰᠠᠷ᠎ᠠ ᠶᠢᠨ | 4 ᠤ ᠡᠳᠤᠷ ᠤᠨ ᠰᠢᠢᠳᠪᠤᠷᠢ ᠪᠠᠷ ᠭᠠᠯᠵᠤᠳ ᠤᠪᠤᠭ ᠤᠨ ᠪᠤᠯᠲ᠋ᠢᠷᠭᠠ ᠶᠢᠨ ᠱᠤᠳᠢ ᠭᠡᠳᠡᠭ ᠬᠦᠮᠤᠨ ᠢ ᠨᠤᠳᠤᠭ ᠤᠨ | ᠵᠠᠬᠢᠷᠭᠠᠨ ᠤ ᠲᠤᠯᠤᠭᠠᠶᠢᠯᠠᠭᠴᠢ ᠪᠠᠷ ᠰᠤᠩᠭᠤᠨ ︽ᠵᠠᠶᠢᠰᠠᠩ︾ ᠪᠤᠯᠭᠠᠵᠠᠢ᠃ | ᠡᠨᠡ ᠦᠶ᠎ᠠ ᠪᠤᠯ ᠮᠠᠨᠵᠤ ᠶᠢᠨ ᠨᠠᠶᠢᠷᠠᠯᠳᠤ ᠲᠦᠪ ᠬᠠᠭᠠᠨ ᠤ ᠦᠶ᠎ᠠ ᠪᠦᠭᠡᠳ ᠮᠠᠡᠵᠤ ᠶᠢᠨ ᠬᠠᠭᠠᠨ᠂ ᠤᠷᠤᠰ ᠤᠨ | ᠬᠠᠭᠠᠨ ᠬᠤᠶᠠᠷ᠂ ᠬᠤᠶᠠᠷ ᠤᠯᠤᠰ ᠤᠨ ᠢᠶᠠᠨ ᠬᠢᠯᠢ ᠶᠢ ᠲᠤᠭᠳᠠᠭᠠᠵᠤ ᠬᠢᠯᠢ ᠶᠢᠨ ᠤᠪᠤᠭ᠎ᠠ ᠲᠠᠯᠪᠢᠬᠤ ᠳᠤ ᠬᠤᠷᠢ ᠶᠢᠨ | ᠪᠤᠷᠢᠶᠠᠳ ᠤᠨ ᠠᠬᠠᠯᠠᠭᠴᠢ ᠱᠤᠳᠢ ᠤᠷᠤᠯᠴᠠᠵᠤ᠂ ᠬᠢᠶᠠᠭᠳᠤ ᠠᠴᠠ ᠡᠬᠢᠯᠡᠨ ᠵᠡᠬᠦᠨ ᠵᠦᠭ ᠲᠡᠰᠢ ᠡᠷᠬᠦᠨ᠎ᠠ ᠭᠤᠤᠯ | ᠬᠦᠷᠳᠡᠯ᠎ᠠ ᠶᠠᠪᠤᠬᠤ ᠳᠠᠭᠠᠨ ᠬᠤᠷᠢ ᠶᠢᠨ ᠠᠷᠪᠠᠨ ᠨᠢᠭᠡᠨ ᠡᠴᠢᠭᠡ ᠶᠢᠨ ᠬᠦᠮᠤᠰ ᠠᠴᠠ ᠨᠠᠢᠮᠠᠨ ᠡᠴᠢᠭᠡ ᠶᠢᠨ | ᠤᠪᠤᠭ ᠤᠨ ᠬᠢᠨ ᠢ ᠠᠪᠴᠤ ᠶᠠᠪᠤᠭᠰᠠᠨ ᠪᠠ ᠲᠠᠳᠠᠨ ᠤ ᠪᠤᠰᠬᠠᠭᠰᠠᠨ ᠬᠢᠯᠢ ᠶᠢᠨ ᠱᠤᠭᠤᠮ ᠤᠪᠤᠭ᠎ᠠ ᠨᠤᠭᠤᠳ ᠨᠢ | 1727 ᠤᠨ ᠳᠤ ᠪᠤᠤᠷ᠎ᠠ ︵ᠬᠢᠶᠠᠭᠳᠤ ᠤᠷᠴᠢᠮ ᠤᠨ ᠲᠤᠰᠬᠤᠨ︶ ᠶᠢᠨ ᠭᠡᠷ᠎ᠡ ᠪᠠᠷ ᠪᠠᠳᠤᠯᠠᠭᠳᠠᠨ ᠲᠡᠤᠭᠡᠨ ᠴᠠᠭ | ᠦᠶ᠎ᠠ ᠪᠤᠯᠭᠠᠨ ᠳᠤ ᠲᠤᠳᠤᠳᠬᠠᠭᠳᠠᠨ ᠤᠳᠤ ᠬᠦᠷᠳᠡᠯ᠎ᠠ ᠭᠡᠪ ᠢᠶᠠᠷ ᠢᠶᠠᠨ ᠪᠠᠶᠢᠨ᠎ᠠ᠃ ᠡᠨᠡ ᠨᠠᠢᠮᠠᠨ ᠡᠴᠢᠭᠡ ᠶᠢᠨ | ᠬᠦᠮᠤᠰ ᠨᠢ ᠬᠢᠯᠢ ᠶᠢᠨ ᠤᠪᠤᠭ᠎ᠠ ᠪᠤᠰᠬᠠᠬᠤ ᠪᠠᠷ ᠶᠠᠪᠤᠭ᠎ᠠ ᠨᠤᠶᠠᠳ ᠲᠦᠰᠢᠮᠡᠳ ᠪᠤᠯᠤᠨ ᠲᠠᠳᠠᠨ ᠤ ᠠᠯᠪᠠᠳᠤ | ᠬᠦᠮᠤᠰ ᠤᠨ ᠬᠤᠭᠤᠯᠠ ᠬᠦᠨᠡᠰᠤ᠂ ᠤᠨᠤᠭ᠎ᠠ ᠮᠤᠷᠢ᠂ ᠪᠠᠶᠢᠷᠢ ᠰᠠᠭᠤᠴᠠ ᠶᠢ ᠪᠦᠷᠢᠨ ᠬᠠᠷᠢᠭᠤᠴᠠᠵᠤ ᠶᠠᠪᠤᠭᠰᠠᠨ | ᠪᠠᠶᠢᠨ᠎ᠠ᠃ ᠬᠤᠶᠠᠷ ᠤᠯᠤᠰ ᠤᠨ ᠬᠢᠯᠢ ᠶᠢᠨ ᠤᠪᠤᠭ᠎ᠠ ᠪᠤᠰᠬᠠᠬᠤ ᠠᠵᠢᠯ 1720 ᠊ᠭᠠᠳ ᠤᠨ ᠤ ᠰᠠᠬᠦᠯᠴᠢ ᠪᠠᠷ | ᠲᠠᠭᠤᠰᠬᠤ ᠳᠤ ᠡᠨᠡ ᠨᠠᠢᠮᠠᠨ ᠤᠪᠤᠭ ᠤᠨ ᠬᠦᠮᠤᠰ ᠢ ᠠᠭ᠎ᠠ ᠨᠤᠳᠤᠭ ᠲᠤ ᠰᠠᠭᠤᠯᠭᠠᠬᠤ ᠪᠠᠷ ᠦᠯᠡᠳᠡᠭᠡᠵᠡᠢ᠃ | ᠢᠩᠬᠢᠭᠰᠡᠨ ᠢᠶᠠᠷ ᠠᠷᠪᠠᠨ ᠨᠢᠭᠡᠨ ᠡᠴᠢᠭᠡ ᠠᠴᠠ ᠲᠠᠰᠤᠷᠠᠵᠤ ᠦᠯᠡᠳᠡᠭᠰᠡᠨ ᠡᠨᠡ ᠬᠦ ᠭᠠᠯᠵᠤᠳ᠂ ᠬᠤᠸᠠᠰᠠᠢ᠂ | ᠬᠦᠪᠳᠡᠬᠦᠳ᠂ ᠰᠢᠷᠠᠶᠢᠳ᠂ ᠬᠠᠷᠭᠠᠨ᠎ᠠ᠂ ᠪᠤᠳᠤᠩᠭᠤᠳ᠂ ᠬᠠᠯᠪᠢᠨ᠂ ᠴᠠᠭᠠᠩᠭᠤᠳ ᠵᠡᠷᠭᠡ ᠨᠠᠢᠮᠠᠨ ᠡᠴᠢᠭᠡ | ᠤᠪᠤᠭ ᠤᠨ ᠬᠦᠮᠤᠰ ᠢ ︽ᠠᠭ᠎ᠠ ᠨᠠᠢᠮᠠᠨ ᠡᠴᠢᠭᠡ︾ ᠪᠤᠶᠤ ︽ᠠᠭ᠎ᠠ ᠪᠤᠷᠢᠶᠠᠳ︾ ᠭᠡᠵᠤ ᠤᠳᠤ ᠬᠦᠷᠳᠡᠯ᠎ᠡ | ᠨᠡᠷᠡᠯᠡᠭᠰᠡᠭᠡᠷ ᠢᠷᠡᠭᠰᠡᠨ ᠲᠤᠪᠴᠢ ᠲᠡᠤᠭᠡ ᠡᠨᠡ ᠶᠤᠮ᠃ | ᠠᠭ᠎ᠠ ᠶᠢᠨ ᠪᠤᠷᠢᠶᠠᠳ ᠨᠠᠷ ᠡᠨᠡ ᠨᠤᠳᠤᠭ ᠲᠤ ᠬᠤᠶᠢᠴᠢ ᠦᠶ᠎ᠠ ᠶᠢᠨ ᠠᠮᠢᠳᠤᠷᠠᠯ ᠢᠶᠠᠨ ᠲᠦᠪᠬᠢᠨᠡᠬᠦᠯᠵᠤ ᠠᠭ᠎ᠠ ᠶᠢᠨ | ᠭᠤᠤᠯ ᠤᠨ ᠵᠡᠬᠦᠨ ᠪᠠᠶ᠎ᠠ ᠪᠠᠷ ᠱᠠᠰᠢᠨ ᠬᠤᠷᠠᠯ ᠨᠤᠮ ᠤᠨ ᠬᠤᠶᠠᠷ ᠲᠠᠴᠠᠩ ᠰᠦᠮ᠎ᠡ ᠶᠢ ᠪᠠᠷᠢᠵᠤ ᠠᠷᠢᠶᠠᠪᠠᠯᠤᠭᠤᠯᠵᠠᠢ᠃ | ᠡᠨᠡ ᠬᠤᠶᠠᠷ ᠲᠠᠴᠠᠩ ᠠᠴᠠ ᠴᠠᠭᠠᠨ ᠲᠠᠴᠠᠩ ᠨᠢ ᠪᠤᠷᠬᠠᠨ ᠨᠤᠮ ᠤᠨ ᠮᠦᠷᠬᠦᠯ ᠤᠨ ᠠᠵᠢᠯ ᠢᠶᠠᠨ ᠤᠳᠤ ᠬᠦᠷᠳᠡᠯ᠎ᠠ | ᠦᠢᠯᠡᠳᠦᠭᠰᠡᠭᠡᠷ ᠪᠠᠶᠢᠨ᠎ᠠ᠃ ᠲᠡᠭᠡᠬᠦ ᠳᠡᠭᠡᠨ᠂ ᠰᠢᠷ᠎ᠠ ᠶᠢᠨ ᠱᠠᠰᠢᠨ ᠢ ᠰᠦᠰᠦᠭᠯᠡᠨ ᠪᠢᠰᠢᠷᠡᠵᠤ ᠪᠠᠶᠢᠭᠰᠠᠨ ᠴᠤ ᠪᠦᠭᠡ | ᠮᠦᠷᠬᠦᠯ ᠢᠶᠠᠨ ᠤᠷᠬᠢᠭ᠎ᠠ ᠦᠭᠡᠢ ᠪᠠᠶᠢᠨ᠎ᠠ᠃ ᠪᠦᠭᠡ ᠶᠢᠨ ᠮᠦᠷᠬᠦᠯ ᠳᠤ ᠡᠪᠦᠭᠡ ᠡᠴᠢᠭᠡ ᠶᠢᠨ ᠤᠩᠭᠤ ᠲᠡᠭᠷᠢ ᠶᠢ | ᠲᠠᠭᠤᠳᠠᠵᠤ ᠬᠦᠨᠳᠤᠯᠡᠬᠦ ᠳᠤ ᠲᠠᠳᠠᠨ ᠤ ︽ᠤᠷᠠᠭᠠ ︵ᠰᠦᠯᠳᠡ︶︾ ᠶᠢ ᠵᠢᠭᠠᠪᠤᠷᠢᠯᠠᠨ ᠨᠡᠷᠡᠯᠡᠬᠦ ᠶᠤᠰᠤ ᠪᠠᠶᠢᠳᠠᠭ᠃ | ᠡᠨᠡ ᠨᠠᠢᠮᠠᠨ ᠡᠴᠢᠭᠡ ᠶᠢᠨ ᠬᠦᠮᠤᠰ ᠲᠤᠰ ᠪᠦᠷᠢ ᠳᠡᠭᠡᠨ ᠦᠪᠡᠷ ᠤᠨ ︽ᠤᠷᠠᠭᠠ ᠲᠤᠭ︾ ᠲᠠᠢ ᠪᠠᠶᠢᠵᠠᠢ᠃ | ᠬᠠᠨᠳᠠᠭᠠᠢ ᠮᠡᠷᠭᠡᠨ ᠤᠷᠠᠭᠠ ᠲᠠᠢ ᠰᠢᠷ᠎ᠠ ᠲᠤᠭ ᠲᠠᠢ ᠰᠢᠷᠠᠶᠢᠳ᠂ ᠬᠤᠸᠠᠰᠠᠢ᠂ ᠬᠠᠷ᠎ᠠ ᠪᠦᠷᠬᠦᠳ ᠤᠷᠠᠭᠠ ᠲᠠᠢ | ᠬᠦᠭᠡ ᠲᠤᠭ ᠲᠠᠢ ᠬᠦᠪᠳᠡᠬᠦᠳ᠂ ᠱᠤ ᠮᠡᠷᠭᠡᠨ ᠤᠷᠠᠭᠠ ᠲᠠᠢ ᠪᠤᠷᠤ ᠲᠤᠭ ᠲᠠᠢ ᠪᠤᠳᠤᠩᠭᠤᠳ᠂ ᠲᠠᠭᠠᠨ | ᠤᠷᠠᠭᠠ ᠲᠠᠢ ᠭᠠᠯ ᠤᠯᠠᠭᠠᠨ ᠲᠤᠭ ᠲᠠᠢ ᠭᠠᠯᠵᠤᠳ᠂ ᠱᠤ ᠮᠡᠷᠭᠡᠨ ᠤᠷᠠᠭᠠ ᠲᠠᠢ ᠬᠦᠷᠡᠩ ᠲᠤᠭ ᠲᠠᠢ ᠬᠠᠯᠪᠢᠨ᠂ ᠱᠤ | ᠮᠡᠷᠭᠡᠨ ᠤᠷᠠᠭᠠ ᠲᠠᠢ ᠬᠠᠷ᠎ᠠ ᠲᠤᠭ ᠲᠠᠢ ᠬᠠᠷᠭᠠᠨ᠎ᠠ ᠭᠡᠬᠦ ᠮᠡᠳᠤ᠃ ᠬᠤᠷᠢ ᠠᠷᠪᠠᠨ ᠨᠢᠭᠡᠨ ᠡᠴᠢᠭᠡ ᠶᠢᠨ ᠬᠢᠨ ᠦᠪᠡᠷ | ᠦᠪᠡᠷᠰᠡᠳ ᠤᠨ ᠰᠦᠯᠳᠡ ᠶᠢᠨ ᠲᠠᠭᠤᠤ᠂ ᠰᠦᠯᠳᠡ ᠲᠡᠮᠳᠡᠭ ︵ᠡᠮᠪᠯᠧᠮ︶ ᠲᠠᠢ ᠪᠠᠶᠢᠵᠠᠢ᠃ 1750 ᠤᠨ ᠳᠤ | ᠤᠭᠰᠠᠭᠠᠳᠠᠨ ᠰᠤᠳᠤᠯᠤᠭᠴᠢ ᠨᠢᠭᠡᠨ ᠤᠷᠤᠰ ᠤᠨ ᠰᠠᠨᠠᠭᠠᠴᠢᠯᠠᠭᠰᠠᠨ ᠢᠶᠠᠷ ᠡᠨᠡ ᠬᠦ ᠰᠦᠯᠳᠡ ᠲᠡᠮᠳᠡᠭ ᠨᠢ ᠠᠩᠬ᠎ᠠ | ᠪᠦᠳᠤᠭᠡᠭᠳᠡᠵᠤ ᠤᠳᠤ ᠬᠦᠷᠳᠡᠯ᠎ᠡ ᠭᠡᠷᠡᠭᠯᠡᠭᠳᠡᠭᠰᠡᠭᠡᠷ ᠪᠠᠶᠢᠨ᠎ᠠ᠃ ᠰᠦᠯᠳᠡ ᠲᠡᠮᠳᠡᠭ ᠤᠨ ᠲᠡᠪᠢᠰᠭᠡᠷ᠂ ᠪᠡᠯᠭᠡᠳᠡᠯ ᠨᠢ | ᠨᠡᠶᠢᠳᠡ ᠤᠪᠤᠭ ᠤᠨ ᠬᠢᠨ ᠳᠤ ᠢᠵᠢᠯᠢ ᠪᠦᠭᠡᠳ ᠬᠠᠷᠢᠨ ᠦᠰᠦᠭ ᠤᠳ ᠨᠢ ᠲᠤᠬᠠᠢ ᠶᠢᠨ ᠤᠪᠤᠭ ᠤᠨ | ᠨᠠᠷᠠ ᠪᠠᠷ ᠢᠶᠠᠨ ᠦᠭᠡᠷ᠎ᠠ ᠪᠠᠶᠢᠨ᠎ᠠ᠃ 1811 ᠤᠨ ᠤ 1 ᠰᠠᠷ᠎ᠠ ᠶᠢᠨ 18 ᠳᠤ ᠠᠩᠨᠠ ᠳᠤ ᠠᠩᠬ᠎ᠠ ᠪᠠᠷᠢᠭᠳᠠᠭᠰᠠᠨ | ᠮᠤᠳᠤᠨ ᠰᠦᠮ᠎ᠠ ᠭᠠᠯ ᠭᠠᠷᠴᠤ ᠰᠢᠳᠠᠭᠰᠠᠨ ᠪᠠᠶᠢᠨ᠎ᠠ᠃ ᠲᠡᠷᠡ ᠦᠶ᠎ᠠ ᠳᠤ ᠲᠡᠨᠳᠡ ᠬᠠᠳᠠᠭᠠᠯᠠᠭᠳᠠᠵᠤ ᠪᠠᠶᠢᠭᠰᠠᠨ | ᠬᠤᠷᠢ ᠶᠢᠨ ᠪᠤᠷᠢᠶᠠᠳ ᠤᠨ ᠠᠩᠬᠠᠨ ᠤ ᠠᠷᠪᠠᠨ ᠨᠢᠭᠡᠨ ᠲᠤᠭ ᠤᠨ ᠵᠢᠷᠭᠤᠭ᠎ᠠ ᠨᠢ ᠰᠢᠳᠠᠵᠤ ᠦᠯᠡᠳᠡᠭᠰᠡᠨ ᠲᠠᠪᠤᠨ | ᠲᠤᠭ ᠨᠢ ᠬᠠᠭᠤᠴᠢᠷᠠᠵᠤ ᠭᠤᠷᠪᠠᠨ ᠤᠪᠤᠭ ᠨᠢ ᠬᠤᠶᠠᠷ ᠭᠡᠰᠡᠭ ᠪᠤᠯᠵᠠᠢ᠃ ᠠᠷᠪᠠᠨ ᠲᠦᠷᠪᠡᠨ ᠲᠤᠭ | ᠱᠠᠭᠠᠷᠳᠠᠯᠭ᠎ᠠ ᠲᠠᠢ ᠪᠤᠯᠤᠭᠰᠠᠨ ᠤᠴᠢᠷ ᠤᠭ ᠠᠰᠠᠭᠤᠳᠠᠯ ᠢ ᠲᠡᠭᠡᠭᠰᠢ ᠨᠢ ᠲᠠᠯᠪᠢᠵᠤ ᠵᠦᠪᠰᠢᠶᠡᠷᠡᠬᠦᠯᠵᠤ ᠪᠠᠶᠢᠵᠠᠢ᠃ | ᠲᠡᠭᠡᠳᠤ ᠲᠡᠭᠷᠢ ᠠᠴᠠ ᠵᠠᠶᠠᠭᠠᠳᠤ ᠪᠤᠭᠳᠠ ᠴᠢᠩᠬᠢᠰ ᠬᠠᠭᠠᠨ ᠤ ᠮᠡᠳᠡᠯ ᠤᠨ ᠬᠤᠷᠢ ᠲᠦᠮᠡᠳ ᠤᠯᠤᠰ ᠤᠨ | ᠪᠠᠷᠭᠤᠪᠠᠭᠠᠳᠤᠷ ᠲᠠᠶᠢᠴᠢᠨ ᠨᠤᠶᠠᠨ ᠤ ᠤᠳᠤᠮ ᠤᠭᠰᠠᠭ᠎ᠠ ᠮᠤᠩᠭᠤᠯ ᠲᠦᠮᠡᠨ ᠤ ᠤᠪᠤᠭ ᠲᠡᠭᠡᠳᠤᠰ ᠪᠤᠰᠤᠳ | ᠦᠨᠳᠤᠰᠤᠳᠡᠨ ᠲᠠᠢ ᠨᠢᠭᠡᠨ ᠠᠳᠠᠯᠢ ᠲᠡᠤᠭᠡ ᠶᠢᠨ ᠨᠠᠷᠢᠨ ᠲᠦᠪᠡᠭ ᠲᠠᠢ᠂ ᠤᠷᠳᠤ ᠤᠳᠠᠭᠠᠨ ᠬᠤᠭᠤᠴᠠᠭᠠᠨ ᠤ | ᠬᠦᠭᠵᠢᠯ ᠤᠨ ᠶᠠᠪᠤᠴᠠ ᠳᠤ ᠬᠤᠷᠢ ᠠᠭ᠎ᠠ ᠪᠤᠷᠢᠶᠠᠳ ᠤᠨ ᠨᠢᠭᠡ ᠭᠡᠰᠡᠭ ᠨᠢ ᠡᠯᠢᠭᠡ ᠨᠢᠭᠡᠳᠤ ᠮᠤᠩᠭᠤᠯ ᠳᠠᠭᠠᠨ | ᠲᠠᠭᠠᠷ᠎ᠠ ᠤᠷᠤᠬᠤ ᠬᠤᠪᠢ ᠲᠠᠪᠢᠯᠠᠩ ᠵᠠᠶᠠᠭᠠᠭᠰᠠᠨ ᠠᠵᠢ᠃ | ᠡᠶᠢᠮᠤ ᠠᠴᠠ ᠴᠤ ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠤᠨ ᠦᠷ᠎ᠠ ᠰᠠᠳᠤ᠂ ᠬᠤᠶᠢᠴᠢ ᠦᠶ᠎ᠠ ᠶᠢᠨ ᠬᠢᠨ | ᠲᠠ ᠪᠢᠳᠡᠨ ᠤ ᠤᠪᠤᠭ᠂ ᠬᠤᠷᠢᠳᠠᠢ ᠶᠢᠨ ᠠᠷᠪᠠᠨ ᠨᠢᠭᠡᠨ ᠡᠴᠢᠭᠡ ᠶᠢᠨ ᠬᠦᠪᠡᠬᠦᠳ ᠪᠢᠯᠡ᠃ | ᠬᠤᠶᠠᠷ᠂ ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ | ᠠᠷᠤ ᠮᠤᠩᠭᠤᠯ ᠤᠨ ᠠᠷᠠᠳ ᠲᠦᠮᠡᠨ ᠡᠷᠭᠡ ᠴᠢᠯᠤᠭᠡᠨ ᠤ ᠬᠦᠳᠡᠯᠭᠡᠭᠡᠨ ᠦᠷᠨᠢᠬᠦᠯᠵᠤ᠂ ᠮᠠᠨᠵᠤ ᠶᠢᠨ ᠬᠤᠶᠠᠷ ᠵᠠᠭᠤ | ᠭᠠᠷᠤᠢ ᠵᠢᠯ ᠤᠨ ᠨᠤᠶᠠᠷᠬᠠᠯ ᠢ ᠲᠦᠯᠬᠢᠨ ᠤᠨᠠᠭᠠᠵᠤ ᠲᠤᠰᠠᠭᠠᠷ ᠲᠤᠭᠳᠠᠨᠢᠯ ᠰᠡᠷᠬᠦᠭᠡᠨ ᠲᠤᠩᠬᠠᠯᠠᠭᠰᠠᠨ ᠶᠠᠪᠤᠳᠠᠯ ᠨᠢ | ᠦᠪᠤᠷ ᠮᠤᠩᠭᠤᠯ᠂ ᠴᠠᠩ ᠴᠦᠨ᠂ ᠲᠦᠷᠪᠡᠳ᠂ ᠲᠤᠷᠭᠤᠳ ᠬᠤᠰᠢᠭᠤ᠂ ᠢᠵᠢᠯ ᠮᠦᠷᠡᠨ ᠤ ᠬᠠᠯᠢᠮᠠᠭ ᠤᠳ ᠲᠤ | ᠬᠦᠷᠳᠡᠯ᠎ᠠ ᠬᠦᠴᠤᠳᠡᠢ ᠨᠦᠯᠤᠭᠡᠯᠡᠵᠡᠢ᠃ | ᠡᠨᠡ ᠨᠢ ᠬᠠᠯᠬ᠎ᠠ ᠳᠤ ᠵᠠᠬ᠎ᠠ ᠵᠡᠷᠭᠡᠯᠡᠳᠡᠭᠡ ᠪᠠᠶᠢᠭᠰᠠᠨ ᠲᠠᠩᠨᠤ ᠤᠷᠢᠶᠠᠩᠬᠠᠢ᠂ ᠪᠤᠷᠢᠶᠠᠳ ᠲᠤ ᠤᠯᠠᠮ ᠬᠦᠴᠤᠳᠡᠢ | ᠨᠦᠯᠤᠭᠡᠯᠡᠵᠤ ᠰᠡᠷᠬᠦᠨ ᠮᠠᠨᠳᠤᠭᠰᠠᠨ ᠪᠤᠭᠳᠠ ᠬᠠᠭᠠᠨᠳᠤ ᠮᠤᠩᠭᠤᠯ ᠤᠯᠤᠰ ᠲᠤ ᠨᠢᠭᠡᠳᠴᠤ ᠨᠡᠶᠢᠯᠡᠬᠦ ᠤᠬᠠᠮᠰᠠᠷ | ᠰᠤᠨᠢᠷᠬᠠᠯ ᠪᠤᠷᠢᠶᠠᠳ ᠤᠳ ᠤᠨ ᠲᠤᠳᠤᠷ᠎ᠠ ᠤᠯᠠᠮ ᠬᠦᠴᠤᠳᠡᠢ ᠲᠡᠯᠭᠡᠷᠡᠵᠡᠢ᠃ ᠪᠤᠷᠢᠶᠠᠳ ᠵᠤᠨ ᠡᠬᠦᠨ ᠠᠴᠠ ᠴᠤ | ᠡᠮᠤᠨ᠎ᠠ 19 ᠳ᠋ᠤᠭᠠᠷ ᠵᠠᠭᠤᠨ ᠤ ᠰᠡᠬᠦᠯᠴᠢ ᠪᠠᠷ ᠲᠦᠷᠦᠭᠰᠡᠨ ᠨᠤᠳᠤᠭ ᠠᠴᠠ ᠪᠠᠨ ᠭᠠᠷᠴᠤ ᠮᠤᠩᠭᠤᠯ ᠨᠤᠳᠤᠭ ᠲᠤ | ᠨᠡᠬᠦᠳᠡᠯᠯᠡᠨ ᠢᠷᠡᠬᠦ ᠲᠤᠬᠢᠶᠠᠯᠳᠤᠯ ᠤᠯᠠᠨᠳᠠ ᠪᠠᠶᠢᠵᠠᠢ᠃ | ᠪᠤᠷᠢᠶᠠᠳ ᠨᠢ ᠬᠠᠭᠠᠨᠳᠤ ᠤᠷᠤᠰ ᠤᠨ ᠬᠠᠷᠢᠶᠠᠳᠤ ᠪᠠᠭᠤᠷᠠᠢ ᠤᠯᠠᠨ ᠶᠠᠰᠤᠳᠠᠨ ᠤ ᠨᠢᠭᠡᠨ ᠠᠳᠠᠯᠢ ᠦᠨᠳᠤᠰᠤᠳᠡᠨ ᠤ | ᠪᠤᠯᠤᠨ ᠨᠡᠶᠢᠭᠡᠮ ᠤᠨ ᠲᠠᠷᠤᠯᠠᠯ ᠳᠤ ᠨᠡᠷᠪᠡᠭᠳᠡᠭᠰᠡᠨ ᠴᠦᠭᠡᠩᠭᠢ ᠤᠭᠰᠠᠭᠠᠳᠠᠨ ᠤ ᠨᠢᠭᠡ ᠨᠢ ᠪᠠᠶᠢᠵᠠᠢ᠃ ᠡᠨᠡ | ᠪᠠᠶᠢᠳᠠᠯ ᠠᠴᠠ ᠵᠢᠭᠤᠳᠠᠵᠤ ᠰᠢᠯᠵᠢᠨ ᠨᠡᠬᠦᠬᠦ ᠬᠦᠳᠡᠯᠭᠡᠭᠡᠨ ᠬᠦᠴᠤᠳᠡᠢ ᠪᠤᠯᠵᠤ ᠶᠡᠭᠡᠩᠭᠢ ᠨᠢ ᠮᠤᠩᠭᠤᠯ ᠢ ᠵᠤᠷᠢᠵᠤ | ᠪᠠᠶᠢᠭᠰᠠᠨ ᠠᠴᠠ ᠪᠠᠶᠢᠭᠠᠯ ᠤᠷᠴᠢᠮ ᠤᠨ ᠪᠤᠷᠢᠶᠠᠳ ᠤᠪᠤᠭ ᠤᠳ ᠤᠨ ᠪᠠᠶᠢᠷᠢᠰᠢᠯ ᠳᠤ ᠶᠡᠭᠡᠭᠡᠨ ᠦᠭᠡᠷᠡᠴᠢᠯᠡᠯᠳᠡ | ᠤᠷᠤᠵᠠᠢ᠃ ᠲᠤᠬᠠᠶᠢᠯᠠᠪᠠᠯ 1658 ᠤᠨ ᠳᠤ᠂ ᠠᠲᠠᠮᠠᠨ ᠢᠸᠠᠨ ᠪᠠᠭ᠋ᠤᠪᠤᠸ᠋ ᠤᠨ ᠦᠶ᠎ᠠ ᠳᠤ ᠪᠤᠷᠢᠶᠠᠳ | ᠨᠤᠶᠠᠳ ᠤᠳ ᠠᠯᠪᠠᠳᠠᠨ ᠨᠤᠭᠤᠳ ᠤᠨ ᠢᠶᠠᠨ ᠬᠠᠮᠳᠤ ᠪᠤᠷᠢᠶᠠᠳ ᠲᠤᠰᠬᠤᠨ ᠠᠴᠠ ᠮᠤᠩᠭᠤᠯ ᠭᠠᠵᠠᠷ ᠨᠡᠬᠦᠵᠤ | ᠡᠬᠢᠯᠡᠵᠡᠢ᠃ 1862 ᠤᠨ ᠳᠤ ᠲᠤᠷᠯᠤᠭ ᠬᠠᠷᠠᠭᠤᠯ ᠢᠶᠠᠷ ᠪᠤᠷᠢᠶᠠᠳ ᠬᠠᠷᠪᠠᠨ ᠨᠠᠷ ᠤᠨ 12 ᠬᠦᠮᠤᠨ ᠮᠤᠩᠭᠤᠯ ᠳᠤ | ᠠᠩᠬ᠎ᠠ ᠢᠷᠡᠬᠦ ᠳᠤ ᠨᠡᠯᠢᠶᠡᠳ ᠡᠮᠵᠡᠭ ᠬᠦᠯᠢᠶᠠᠨ ᠠᠪᠴᠤ ᠲᠦᠷᠪᠡᠨ ᠠᠶᠢᠮᠠᠭ ᠲᠤ ᠮᠡᠳᠡᠭᠳᠡᠯ ᠦᠭᠴᠤ ᠪᠠᠶᠢᠭᠰᠠᠨ | ᠪᠠᠶᠢᠨ᠎ᠠ᠃ ᠲᠡᠭᠡᠬᠦ ᠳᠡᠭᠡᠨ ᠰᠠᠶᠢᠨ ᠬᠠᠷᠠᠵᠤ ᠬᠢᠨᠠᠵᠤ ᠪᠠᠶᠢᠶ᠎ᠠ᠂ ᠤᠷᠤᠵᠤ ᠢᠷᠡᠬᠦ ᠶᠢ ᠨᠢ ᠬᠤᠷᠢᠭᠯᠠᠬᠤ ᠪᠠᠨ ᠪᠤᠯᠢᠶ᠎ᠠ | ᠭᠡᠵᠤ ᠲᠡᠭᠡᠷ᠎ᠡ ᠠᠴᠠ ᠴᠢᠭᠯᠡᠯ ᠦᠭᠴᠤ ᠪᠠᠶᠢᠵᠠᠢ᠃ 1902 ᠤᠨ ᠳᠤ ᠬᠤᠷᠴᠠ ᠶᠢᠨ ᠬᠠᠷᠠᠭᠤᠯ ᠠᠴᠠ | ᠬᠦᠪᠤᠯᠵᠡᠬᠦ ᠶᠢᠨ ᠬᠦᠷᠳᠡᠯᠡᠬᠢ 12 ᠬᠠᠷᠠᠭᠤᠯ ᠢᠶᠠᠷ ᠲᠤᠯᠤᠭᠠᠨ ᠵᠠᠭᠤ ᠢᠯᠡᠬᠦᠤ ᠪᠤᠷᠢᠶᠠᠳ ᠠᠶᠢᠯ ᠡᠷᠤᠭᠡ ᠤᠷᠤᠵᠤ | ᠢᠷᠡᠭᠰᠡᠨ ᠪᠠᠶᠢᠨ᠎ᠠ᠃ | 1903 ᠤᠨ ᠳᠤ᠂ ᠬᠢᠷᠠᠬᠠᠨ ᠬᠠᠷᠠᠭᠤᠯ ᠢᠶᠠᠷ 28 ᠬᠦᠮᠤᠨ ᠠᠮᠠ ᠪᠦᠬᠦᠢ 7 ᠡᠷᠤᠭᠡ᠂ ᠭᠠᠭᠴᠠ ᠨᠢᠭᠡ ᠪᠠᠷ 7 | ᠬᠦᠮᠤᠨ ᠤᠷᠤᠵᠤ ᠢᠷᠡᠭᠰᠡᠨ ᠢ ᠮᠠᠯ ᠬᠦᠷᠤᠩᠭᠡ ᠶᠢᠨ ᠬᠠᠮᠳᠤ ᠪᠦᠷᠢᠳᠭᠡᠭᠡᠳ ᠲᠠᠬᠢᠭᠠᠳ ᠬᠤᠷᠢᠭᠠᠳ ᠡᠷᠤᠭᠡ | ᠨᠡᠯᠢᠶᠠᠳ ᠮᠠᠯ ᠲᠠᠢ ᠪᠠᠷ ᠨᠠᠮᠠᠨ ᠢᠷᠡᠭᠰᠡᠨ ᠢ ᠪᠦᠷ ᠬᠠᠯᠬ᠎ᠠ ᠬᠤᠰᠢᠭᠤᠨ ᠳᠤ ᠬᠠᠷᠢᠶᠠᠯᠠᠭᠤᠯᠤᠭᠰᠠᠨ ᠪᠠᠶᠢᠨ᠎ᠠ᠃ | 1 9 ᠳ᠋ᠤᠭᠡᠷ ᠵᠠᠭᠤᠨ ᠤ ᠡᠴᠤᠰ 20 ᠳ᠋ᠤᠭᠠᠷ ᠵᠠᠭᠤᠨ ᠤ ᠡᠬᠢᠨ ᠤ ᠦᠶ᠎ᠠ ᠭᠡᠬᠦ ᠳᠤ ᠪᠤᠷᠢᠶᠠᠳ ᠨᠢ ᠤᠷᠤᠰ ᠤᠨ | ᠡᠵᠡᠨᠳᠤ ᠤᠯᠤᠰ ᠤᠨ ᠭᠠᠵᠠᠷ ᠲᠠᠷᠢᠶᠠᠯᠠᠩ᠂ ᠡᠳ᠋ ᠤᠨ ᠵᠠᠰᠠᠭ ᠤᠨ ᠬᠤᠴᠤᠷᠤᠭᠳᠠᠭᠰᠠᠨ ᠬᠢᠵᠠᠭᠠᠷ ᠨᠤᠳᠤᠭ ᠤᠨ | ᠨᠢᠭᠡ ᠨᠢ ᠪᠤᠯᠤᠭᠰᠠᠨ ᠪᠠᠶᠢᠨ᠎ᠠ᠃ | ᠬᠠᠭᠠᠨᠳᠤ ᠤᠷᠤᠰ ᠤᠨ ᠵᠠᠰᠠᠭ ᠤᠨ ᠭᠠᠵᠠᠷ ᠪᠠᠶᠢᠭᠠᠯ ᠨᠠᠭᠤᠷ ᠤᠨ ᠡᠮᠤᠨ᠎ᠠ ᠪᠤᠯᠤᠨ ᠰᠡᠯᠡᠩᠭᠡ ᠮᠦᠷᠡᠨ ᠤ ᠰᠠᠪᠠ | ᠭᠠᠵᠠᠷ ᠤᠨ ᠠᠯᠢ ᠦᠷᠡᠵᠢᠯ ᠰᠢᠮ᠎ᠠ ᠲᠠᠢ ᠡᠪᠡᠰᠤ ᠤᠷᠭᠤᠮᠠᠯ ᠰᠠᠶᠢᠳᠠᠢ ᠭᠠᠵᠠᠷ ᠢ ᠪᠤᠯᠢᠶᠠᠨ ᠠᠪᠴᠤ ᠤᠯᠠᠨ ᠮᠢᠩᠭᠠᠨ | ᠡᠷᠤᠭᠡ ᠲᠠᠷᠢᠶᠠᠴᠢᠳ ᠢ ᠨᠡᠬᠦᠯᠭᠡᠨ ᠰᠠᠭᠤᠷᠢᠰᠢᠭᠤᠯᠬᠤ᠂ ᠪᠠᠶᠢᠭᠠᠯᠢ ᠶᠢᠨ ᠪᠠᠶᠠᠯᠢᠭ ᠢ ᠴᠦᠮᠤᠯᠤᠨ ᠠᠰᠢᠭᠯᠠᠬᠤ | ᠪᠤᠳᠤᠯᠭ᠎ᠠ ᠪᠠᠨ ᠨᠠᠷᠢᠨ ᠲᠡᠰ ᠲᠠᠷᠠᠭ᠎ᠠ ᠲᠠᠢ ᠭᠡᠷᠡᠭᠵᠢᠬᠦᠯᠵᠤ ᠪᠠᠶᠢᠭᠰᠠᠨ ᠠᠵᠢ᠃ | ᠪᠤᠷᠢᠶᠠᠳ ᠤᠨ ᠦᠨᠳᠤᠰᠤᠳᠡᠨ ᠤ ᠤᠯᠠᠮᠵᠢᠯᠠᠯᠳᠤ ᠰᠤᠶᠤᠯ ᠬᠦᠨᠳᠤ ᠪᠠᠶᠢᠳᠠᠯ ᠳᠤ ᠤᠷᠤᠵᠤ ᠬᠠᠭᠠᠨᠳᠤ ᠵᠠᠰᠠᠭ ᠤᠨ | ᠭᠠᠵᠠᠷ ᠲᠡᠬᠦᠨ ᠤ ᠬᠦᠭᠵᠢᠯ ᠳᠤ ᠰᠠᠭᠠᠳ ᠬᠢᠵᠤ ᠪᠠᠶᠢᠪᠠ᠃ | ᠬᠠᠭᠠᠨᠳᠤ ᠵᠠᠰᠠᠭ ᠦᠨᠳᠤᠰᠤᠳᠡᠨ ᠤ ᠲᠠᠷᠤᠩᠭᠤᠶᠢᠯᠠᠯ ᠤᠨ ᠪᠤᠳᠤᠯᠭ᠎ᠠ ᠪᠠᠨ ᠭᠠᠵᠠᠷ ᠤᠨ ᠪᠤᠯᠤᠨ ᠵᠠᠬᠢᠷᠭᠠᠨ ᠤ | ᠰᠢᠨᠡᠳᠭᠡᠯ ᠬᠢᠬᠦ ᠬᠠᠯᠬᠠᠪᠴᠢ ᠪᠠᠷ ᠡᠷᠴᠢᠮ ᠲᠠᠢ ᠶᠠᠪᠤᠭᠤᠯᠵᠤ᠂ ᠬᠢᠨᠠᠨ ᠴᠠᠭᠳᠠᠬᠤ ᠶᠠᠪᠤᠳᠠᠯ ᠢ ᠬᠦᠴᠤᠳᠡᠢ ᠪᠤᠯᠭᠠᠵᠠᠢ᠃ | | ᠡᠬᠦᠨ ᠤ ᠤᠯᠠᠮ ᠠᠴᠠ 1902 — 1903 ᠤᠨ ᠳᠤ ᠪᠤᠷᠢᠶᠠᠳ ᠤᠳ ᠡᠰᠡᠷᠬᠦᠴᠡᠨ ᠪᠤᠰᠴᠤ ᠴᠠᠭᠳᠠᠭ᠎ᠠ | ᠨᠠᠷ ᠲᠠᠢ ᠮᠦᠷᠬᠦᠯᠳᠤᠨ ᠬᠠᠭᠠᠨᠳᠤ ᠵᠠᠰᠠᠭ ᠠᠴᠠ ᠡᠨᠡ ᠬᠦᠳᠡᠯᠭᠡᠭᠡᠨ ᠤ ᠡᠰᠡᠷᠬᠦᠴᠡᠯ ᠢ ᠬᠠᠷᠬᠢᠰᠯᠠᠨ ᠲᠠᠷᠤᠭᠰᠠᠨ ᠠᠴᠠ | ᠤᠯᠠᠨ ᠪᠤᠷᠢᠶᠠᠳ ᠮᠤᠩᠭᠤᠯ ᠪᠦᠷ ᠵᠢᠭᠤᠳᠠᠨ ᠢᠷᠡᠭᠰᠡᠨ ᠪᠠᠶᠢᠨ᠎ᠠ᠃ | ᠡᠬᠦᠨ ᠤ ᠰᠠᠴᠠᠭᠤ ᠲᠡᠯᠡᠭᠡᠢ ᠶᠢᠨ ᠨᠢᠭᠡᠳᠤᠭᠡᠷ ᠲᠠᠶᠢᠨ ᠳᠤ ᠵᠤᠷᠢᠭᠤᠯᠤᠭᠰᠠᠨ ᠴᠡᠷᠢᠭ ᠲᠠᠳᠠᠯᠭ᠎ᠠ᠂ ᠬᠦᠨᠡᠰᠤ | ᠨᠡᠶᠢᠯᠡᠬᠦᠯᠬᠦ ᠡᠬᠦᠷᠭᠡ ᠠᠷᠠᠳ ᠤᠯᠠᠨ ᠤ ᠨᠢᠷᠤᠭᠤᠨ ᠲᠡᠭᠡᠷ᠎ᠠ ᠠᠰᠤᠷᠤ ᠶᠡᠭᠡ ᠠᠴᠢᠶᠠᠯᠠᠯ ᠡᠬᠦᠷᠤᠬᠦᠯᠵᠡᠢ᠃ | ᠡᠨᠡ ᠪᠦᠬᠦᠨ ᠢ ᠡᠰᠡᠷᠬᠦᠴᠡᠭᠰᠡᠨ ᠪᠤᠷᠢᠶᠠᠳ ᠤᠳ ᠮᠤᠩᠭᠤᠯ ᠤᠷᠤᠭᠤ ᠪᠦᠭᠡᠮ ᠪᠦᠭᠡᠮ ᠢᠶᠠᠷ ᠢᠷᠡᠬᠦ ᠶᠢᠨ ᠪᠠᠰᠠ ᠨᠢᠭᠡ | ᠰᠢᠯᠳᠠᠭᠠᠨ ᠪᠤᠯᠵᠠᠢ᠃ ᠪᠠᠶᠢᠭᠠᠯ ᠬᠠᠪᠢ ᠶᠢᠨ ᠮᠤᠩᠭᠤᠯᠴᠤᠳ ᠡᠨᠡ ᠦᠶ᠎ᠠ ᠠᠴᠠ ᠤᠷᠤᠰᠴᠤᠳ ᠲᠤ ᠲᠦᠷᠢᠭᠳᠡᠵᠤ᠂ | ᠲᠠᠳᠠᠨ ᠤ ᠨᠦᠯᠤᠭᠡ ᠶᠢ ᠮᠡᠳᠡᠷᠡᠵᠤ ᠨᠡᠬᠦᠵᠤ ᠡᠬᠢᠯᠡᠭᠰᠡᠨ ᠨᠢ 19 ᠳ᠋ᠤᠭᠠᠷ ᠵᠠᠭᠤᠨ ᠳᠤ ᠤᠯᠠᠮ ᠪᠦᠷ ᠡᠷᠴᠢᠮᠵᠢᠭ᠍ᠰᠡᠨ | ᠪᠠᠶᠢᠨ᠎ᠠ᠃ ᠪᠦᠷ ᠰᠡᠬᠦᠯᠴᠢ ᠶᠢᠨ ᠪᠠᠶᠢᠳᠠᠯ ᠢᠶᠠᠷ᠂ 1922 ᠤᠨ ᠤ 7 ᠰᠠᠷ᠎ᠠ ᠶᠢᠨ 17 ᠤ ᠡᠳᠤᠷ ᠨᠡᠶᠢᠰᠯᠡᠯ | ᠬᠦᠷᠢᠶᠠᠨᠠ ᠲᠤᠭᠳᠠᠭᠰᠠᠨ ᠮᠤᠩᠭᠤᠯ ᠭᠠᠵᠠᠷ ᠪᠦᠬᠦᠢ ᠪᠤᠷᠢᠶᠠᠳ ᠨᠠᠷ ᠤᠨ ᠲᠦᠯᠤᠭᠡᠯᠡᠭᠴᠢᠳ ᠤᠨ ᠬᠤᠷᠠᠯ ᠲᠡᠭᠡᠷ᠎ᠠ | ᠡᠯᠪᠡᠭᠳᠤᠷᠵᠢ ᠶᠢᠨ ᠷᠢᠨᠴᠢᠨ ᠤ ᠭᠡᠯᠡᠭᠰᠡᠨ ᠦᠭᠡᠨ ᠠᠴᠠ ᠲᠤᠳᠤᠷᠬᠠᠢ ᠬᠠᠷᠠᠭᠳᠠᠵᠤ ᠪᠠᠶᠢᠨ᠎ᠠ᠃ ᠡᠬᠦᠨ ᠳᠤ᠄ ︽ | ᠤᠷᠢᠳᠤ ᠬᠠᠭᠠᠨᠳᠤ ᠵᠠᠰᠠᠭ ᠤᠨ ᠦᠶ᠎ᠠ ᠶᠢᠨ ᠪᠠᠶᠢᠳᠠᠯ ᠢ ᠦᠵᠡᠪᠡᠰᠤ ᠵᠠᠰᠠᠭ᠂ ᠰᠠᠶᠢᠳ᠂ ᠲᠦᠰᠢᠮᠡᠯ ᠪᠤᠯᠤᠨ ᠤᠷᠤᠰ | ᠯᠠᠮᠠ ᠨᠠᠷ ᠤᠷᠤᠰ ᠱᠠᠰᠢᠨ ᠳᠤ ᠤᠷᠤᠭᠤᠯᠬᠤ ᠵᠡᠷᠭᠡ ᠪᠠᠷ ᠪᠤᠷᠢᠶᠠᠳ ᠤᠨ ᠢᠵᠠᠭᠤᠷ ᠤᠨ ᠱᠠᠰᠢᠨ ᠰᠤᠷᠭᠠᠭᠤᠯᠢ ᠶᠢ | ᠪᠠᠯᠠᠷᠠᠭᠤᠯᠵᠤ ᠦᠪᠡᠷ ᠤᠨ ᠪᠤᠭᠤᠯ ᠪᠤᠯᠭᠠᠨ ᠦᠨᠳᠤᠰᠤ ᠶᠢ ᠲᠠᠰᠤᠯᠬᠤ ᠶᠢ ᠬᠢᠴᠢᠶᠠᠵᠡᠢ᠃ ᠱᠠᠰᠢᠨ ᠨᠤᠮ ᠤᠨ | ᠶᠠᠪᠤᠳᠠᠯ ᠳᠤ ᠬᠠᠷᠰᠢ ᠲᠠᠢ ᠬᠠᠤᠯᠢ ᠭᠠᠷᠭᠠᠨ ᠡᠯᠳᠡᠪ ᠢᠶᠠᠷ ᠪᠤᠭᠤᠭᠳᠠᠭᠤᠯᠤᠨ ᠵᠤᠪᠠᠭᠠᠬᠤ ᠪᠤᠯᠤᠭᠰᠠᠨ ᠠᠴᠠ ᠪᠤᠷᠢᠶᠠᠳ | ᠨᠠᠷ ᠭᠡᠳᠤ ᠭᠡᠳᠤᠨ ᠤᠳᠠᠭ᠎ᠠ ᠲᠦᠯᠤᠭᠡᠯᠡᠭᠴᠢ ᠶᠠᠪᠤᠭᠤᠯᠵᠤ ᠬᠠᠭᠠᠨ ᠳᠤ ᠪᠠᠷᠠᠯᠠᠭᠤᠯᠤᠨ ᠤᠴᠢᠷ ᠢᠶᠠᠨ ᠭᠠᠷᠭᠠᠭᠰᠠᠨ | ᠪᠤᠯᠪᠠᠴᠤ᠂ ᠪᠠᠶᠢᠳᠠᠯ ᠦᠯᠤ ᠰᠠᠶᠢᠵᠢᠷᠠᠭᠰᠠᠨ ᠢ ᠦᠵᠡᠬᠦᠯ᠎ᠠ ᠬᠠᠭᠠᠨ ᠠᠴᠠ ᠡᠬᠢᠯᠡᠨ ᠤᠷᠤᠰ ᠤᠳ ᠪᠤᠷᠢᠶᠠᠳ ᠤᠨ | ᠰᠤᠷᠳᠠᠯᠪᠠ ᠦᠨᠳᠤᠰᠤ ᠶᠢ ᠲᠠᠰᠤᠯᠬᠤ ᠶᠢ ᠬᠢᠴᠢᠶᠡᠭᠰᠡᠨ ᠨᠢ ᠨᠢᠳᠤᠨ ᠤ ᠡᠮᠤᠨ᠎ᠠ ᠢᠯᠡᠷᠭᠡᠢ᠂ ᠲᠡᠷᠡ ᠴᠤ ᠪᠠᠶᠢᠳᠤᠭᠠᠢ | ᠤᠷᠢᠳᠤ ᠪᠤᠷᠢᠶᠠᠳ ᠤᠨ ᠲᠤᠳᠤᠷ᠎ᠠ ᠪᠠᠶᠢᠭᠤᠯᠤᠭᠰᠠᠨ ᠢᠵᠠᠭᠤᠷ ᠵᠠᠬᠢᠷᠭᠠᠨ ᠤ ᠠᠯᠪᠠᠨ ᠭᠠᠵᠠᠷ ᠤᠳ ᠢ ᠪᠦᠷᠢᠮᠤᠰᠤᠨ | ᠠᠷᠢᠯᠭᠠᠵᠤ ︽ᠲᠠᠷᠢᠶᠠᠨ ᠤ ᠵᠦᠪᠯᠡᠯ︾ ᠭᠡᠮᠡᠬᠦ ᠤᠷᠤᠰ᠂ ᠪᠤᠷᠢᠶᠠᠳ ᠨᠠᠷ ᠢ ᠬᠠᠮᠳᠤᠳᠬᠠᠨ ᠵᠠᠬᠢᠷᠬᠤ ᠬᠦᠮᠤᠰ ᠢ | ᠲᠤᠮᠢᠯᠠᠵᠤ ᠪᠤᠷᠢᠶᠠᠳ ᠨᠤᠳᠤᠭ ᠲᠤ ᠲᠠᠷᠢᠶᠠᠴᠢᠨ ᠤᠷᠤᠰ ᠬᠦᠮᠤᠰ ᠢ ᠦᠯᠡᠮᠵᠢᠭᠡᠨ ᠨᠡᠬᠦᠯᠭᠡᠨ ᠰᠢᠯᠵᠢᠬᠦᠯᠵᠤ ᠠᠯᠢᠪᠠ | ᠰᠠᠶᠢᠨ ᠭᠠᠵᠠᠷ ᠨᠤᠳᠤᠭ ᠢ ᠨᠢ ᠪᠤᠯᠢᠶᠠᠨ ᠠᠪᠴᠤ ᠲᠡᠷᠡᠬᠦ ᠲᠠᠷᠢᠶᠠᠴᠢᠳ ᠲᠤ ᠡᠳ᠋ᠯᠡᠬᠦᠯᠬᠦ ᠵᠡᠷᠭᠡ ᠶᠢᠨ ᠡᠯᠳᠡᠪ | ᠭᠠᠴᠢᠭᠳᠠᠯ ᠵᠤᠪᠠᠯᠠᠩ ᠦᠵᠡᠬᠦᠯᠦᠭᠰᠡᠨ ᠤ ᠬᠠᠷᠠᠭ᠎ᠠ ᠪᠠᠷ ᠪᠤᠷᠢᠶᠠᠳ ᠨᠠᠷ ᠨᠢᠭᠡᠨ᠂ ᠬᠤᠶᠠᠷ ᠢᠶᠠᠷ ᠤᠤᠭᠠᠯ | ᠨᠤᠳᠤᠭ ᠠᠴᠠ ᠪᠠᠨ ᠰᠠᠷᠨᠢᠨ ᠭᠠᠷᠴᠤ ᠮᠤᠩᠭᠤᠯ ᠭᠠᠵᠠᠷ ᠨᠡᠬᠦᠨ ᠢᠷᠡᠭᠰᠡᠨ︾ ᠭᠡᠵᠤ ᠭᠡᠯᠡᠭᠰᠡᠨ ᠪᠠᠶᠢᠨ᠎ᠠ᠃ ᠲᠡᠷᠡ ᠪᠠᠷ | ᠴᠠᠭᠠᠰᠢ ᠭᠡᠯᠡᠬᠦ ᠳᠡᠭᠡᠨ᠄ ︽ᠮᠠᠨᠢ ᠪᠤᠷᠢᠶᠠᠳ ᠨᠠᠷ ᠡᠪ ᠬᠠᠮᠳᠤ ᠶᠢᠨ ᠨᠠᠮ ᠪᠠᠶᠢᠭᠤᠯᠤᠭᠰᠠᠨ ᠵᠦᠪᠯᠡᠯᠳᠤ ᠶᠢᠨ | ᠵᠠᠰᠠᠭ ᠲᠤ ᠶᠠᠭᠤᠨ ᠳᠤᠨᠢ ᠲᠤᠷ᠎ᠠ ᠦᠭᠡᠢ ᠪᠤᠯᠪᠠ ᠭᠡᠮᠡᠪᠡᠰᠤ ᠤᠷᠤᠰ ᠭᠠᠵᠠᠷ ᠬᠤᠪᠢᠰᠬᠠᠯ ᠭᠠᠷᠴᠤ ᠪᠠᠶᠢᠬᠤ | ᠦᠶᠡᠰ ᠲᠤ ᠪᠤᠷᠢᠶᠠᠳ ᠤᠳ ᠲᠠᠢ ᠬᠤᠯᠢᠯᠳᠤᠵᠤ ᠰᠠᠭᠤᠭ᠎ᠠ ᠲᠠᠷᠢᠶᠠᠴᠢᠨ ᠤᠷᠤᠰ ᠨᠠᠷ ᠪᠢᠳᠡᠨ ᠢ ᠤᠯᠠᠭᠠᠨ ᠨᠠᠮ ᠤᠨ | ᠬᠦᠮᠤᠰ ᠭᠡᠮᠡᠨ ᠨᠡᠷ᠎ᠡ ᠵᠡᠬᠦᠵᠤ ᠪᠤᠷᠢᠶᠠᠳ ᠨᠠᠷ ᠤᠨ ᠭᠠᠵᠠᠷ ᠨᠤᠳᠤᠭ ᠢ ᠪᠤᠯᠢᠶᠠᠨ ᠠᠪᠬᠤ᠂ ᠠᠯᠠᠬᠤ ᠲᠡᠭᠡᠷᠡᠮᠳᠡᠬᠦ | ᠵᠡᠷᠭᠡ ᠪᠠᠷ ᠡᠯᠳᠡᠪ ᠰᠠᠮᠠᠭᠤᠨ ᠶᠠᠪᠤᠳᠠᠯ ᠲᠡᠭᠳᠡᠭᠡᠭᠰᠡᠨ ᠤ ᠰᠢᠯᠳᠠᠭᠠᠨ ᠢᠶᠠᠷ ᠤᠴᠢᠷ ᠮᠡᠳᠡᠬᠦ ᠦᠭᠡᠢ ᠪᠦᠳᠤᠬᠦᠯᠢᠭ | ᠪᠤᠷᠢᠶᠠᠳ ᠨᠠᠷ ᠤᠳᠤ ᠬᠦᠷᠳᠡᠯ᠎ᠡ ᠤᠯᠠᠭᠠᠨ ᠨᠠᠮ ᠤᠨ ᠬᠦᠮᠤᠰ ᠪᠦᠬᠦᠳᠡ ᠲᠡᠭᠡᠷᠡᠮᠴᠢᠨ ᠭᠡᠮᠡᠨ ᠰᠠᠨᠠᠬᠤ ᠮᠡᠳᠤ ᠪᠤᠯᠠᠢ︾ | ᠭᠡᠵᠤ ᠭᠡᠯᠡᠭᠰᠡᠨ ᠠᠴᠠ ᠦᠵᠡᠬᠦ ᠳᠤ ᠤᠺᠲ᠋ᠧᠪᠲᠢ ᠶᠢᠨ ᠬᠤᠪᠢᠰᠬᠠᠯ ᠤᠨ ᠡᠬᠢᠨ ᠤ ᠦᠶ᠎ᠠ ᠳᠤ ᠦᠢᠮᠡᠭᠡᠨ ᠰᠠᠮᠠᠭᠤᠨ | ᠶᠡᠭᠡ ᠪᠤᠯᠵᠤ᠂ ᠪᠤᠷᠢᠶᠠᠳ ᠤᠳ ᠤᠨ ᠠᠵᠤ ᠪᠠᠶᠢᠳᠠᠯ᠂ ᠠᠮᠢᠳᠤᠷᠠᠯ ᠳᠤ ᠬᠦᠨᠳᠤ ᠪᠠᠷ ᠲᠤᠰᠴᠤ ᠠᠮᠢᠳᠤᠷᠠᠬᠤ ᠶᠢᠨ | ᠡᠷᠭᠡᠨ ᠳᠤ ᠴᠢᠯᠤᠭᠡᠳᠤ ᠪᠠᠶᠢᠳᠠᠯ ᠡᠷᠢᠯᠬᠢᠯᠡᠬᠦ ᠪᠤᠯᠵᠠᠢ᠃ ᠬᠠᠭᠠᠨᠳᠤ ᠤᠷᠤᠰ ᠤᠨ ᠦᠶ᠎ᠠ ᠳᠤ ᠪᠤᠷᠢᠶᠠᠳ ᠤᠳ ᠤᠨ | ᠠᠮᠢᠳᠤᠷᠠᠯ ᠠᠬᠤᠢ ᠳᠤ ᠬᠠᠮᠤᠭ ᠤᠨ ᠬᠦᠨᠳᠤ ᠲᠤᠰᠴᠤ ᠪᠠᠶᠢᠭᠰᠠᠨ ᠨᠢᠭᠡ ᠠᠰᠠᠭᠤᠳᠠᠯ ᠪᠤᠯ ︽ᠭᠠᠵᠠᠷ︾ ᠶᠤᠮ᠃ | ᠬᠠᠮᠤᠭ ᠤᠨ ᠦᠷᠡᠵᠢᠯ ᠰᠢᠮ᠎ᠠ ᠲᠠᠢ ᠭᠠᠵᠠᠷ ᠢ ᠫᠤᠮᠧᠱᠧᠺ ᠤᠳ ᠪᠤᠯᠢᠶᠠᠨ ᠠᠪᠴᠤ᠂ ᠪᠤᠷᠢᠶᠠᠳ ᠬᠦᠮᠤᠰ ᠲᠤ ᠤᠢ ᠶᠢᠨ | ᠴᠤᠭᠤᠷᠤᠬᠠᠢ᠂ ᠠᠭᠤᠯᠠ ᠶᠢᠨ ᠠᠷᠤ ᠦᠪᠤᠷ ᠤᠨ ᠪᠠᠯ ᠵᠡᠷᠭᠡ ᠦᠴᠤᠭᠡᠨ ᠭᠠᠵᠠᠷ ᠢ ᠬᠤᠪᠢᠶᠠᠷᠢᠯᠠᠨ ᠦᠭᠴᠡᠢ᠃ | ᠲᠡᠬᠦᠨ ᠳᠡᠭᠡᠨ ᠠᠶᠢᠯ ᠪᠦᠷᠢ ︽ᠫᠤᠰᠬᠤᠳ᠋︾ ︵ᠡᠪᠡᠰᠤᠨ ᠬᠦᠷᠢᠶ᠎ᠠ︶ ᠬᠠᠰᠢᠵᠤ ᠬᠠᠮᠠᠭᠠᠯᠠᠨ ᠲᠡᠬᠦᠨ ᠲᠤᠳᠤᠷ᠎ᠠ ᠪᠠᠨ | ᠮᠠᠯ ᠢᠶᠠᠨ ᠪᠡᠯᠴᠢᠭᠡᠵᠤ ᠲᠠᠷᠢᠶ᠎ᠠ ᠨᠤᠭᠤᠭ᠎ᠠ ᠲᠠᠷᠢᠵᠤ ᠮᠠᠯ ᠤᠨ ᠦᠳᠦᠭ ᠪᠠᠭᠤᠴᠠ ᠪᠠᠷ ᠪᠤᠷᠳᠤᠵᠤ ᠲᠠᠷᠴᠢᠭ ᠶᠠᠳᠠᠭᠤ | ᠠᠮᠢᠳᠤᠷᠠᠵᠤ ᠪᠠᠶᠢᠭᠰᠠᠨ ᠲᠤᠬᠠᠢ ᠪᠠᠨ ᠡᠪᠦᠭᠡ ᠲᠡᠭᠡᠳᠤᠰ ᠮᠠᠨᠢ ᠬᠠᠷᠠᠰᠠᠨ ᠶᠠᠷᠢᠳᠠᠭ ᠪᠠᠶᠢᠭᠰᠠᠨ᠃ ᠡᠨᠡ ᠨᠢ | ᠮᠤᠩᠭᠤᠯ ᠤᠨ ᠰᠠᠶᠢᠬᠠᠨ ᠨᠤᠳᠤᠭ ᠲᠤ ᠨᠡᠬᠦᠳᠡᠯᠯᠡᠨ ᠢᠷᠡᠵᠤ ᠠᠮᠢᠳᠤᠷᠠᠬᠤ ᠰᠢᠯᠳᠠᠭ ᠪᠤᠯᠤᠭᠰᠠᠨ ᠭᠡᠳᠡᠭ᠃ | ᠬ᠊ ᠤᠪᠢᠰᠬᠠᠯ ᠤᠨ ᠲᠠᠷᠠᠭ᠎ᠠ ᠴᠤ ᠪᠤᠷᠢᠶᠠᠳ ᠡᠴᠡᠩᠬᠢ ᠵᠡᠷᠭᠡ ᠶᠢᠨ ᠵᠠᠬ᠎ᠠ ᠬᠢᠵᠠᠭᠠᠷ ᠤᠨ ᠪᠠᠭ᠎ᠠ ᠵᠢᠵᠢᠭ ᠶᠠᠰᠤᠳᠠᠨ ᠤ | ᠲᠠᠯ᠎ᠠ ᠪᠠᠷ ᠪᠠᠷᠢᠮᠳᠠᠯᠠᠬᠤ ᠨᠠᠭᠠᠰᠢ ᠲᠠᠢ ᠪᠤᠳᠤᠯᠭ᠎ᠠ ᠤᠳᠠᠭᠠᠰᠢᠷᠠᠯ ᠲᠠᠢ ᠪᠠᠶᠢᠭᠰᠠᠨ ᠵᠡᠷᠭᠡ ᠠᠴᠠ ᠪᠤᠷᠢᠶᠠᠳ ᠤᠨ | ᠲᠡᠷᠢᠬᠦᠨ ᠤ ᠬᠦᠮᠤᠰ ᠤᠨ ᠲᠤᠳᠤᠷ᠎ᠠ ᠮᠤᠩᠭᠤᠯ ᠢᠶᠠᠨ ᠭᠡᠰᠡᠨ ᠬᠦᠰᠡᠯ ᠰᠠᠨᠠᠭ᠎ᠠ ᠨᠢ ᠲᠦᠷᠡᠯᠵᠡᠭᠰᠡᠭᠡᠷ ᠪᠠᠶᠢᠯ᠎ᠠ᠃ | ᠪᠤᠷᠢᠶᠠᠳ ᠤᠳ ᠤᠨ ᠲᠤᠳᠤᠷ᠎ᠠ ᠲᠡᠷᠡ ᠦᠶ᠎ᠠ ᠳᠡᠭᠡᠨ ᠤᠴᠢᠷ ᠮᠡᠳᠡᠬᠦ ᠰᠡᠭᠡᠭᠡᠳᠡᠨ ᠨᠦᠭᠦᠳ᠂ ᠬᠤᠳᠤᠭᠳᠤ | ᠬᠤᠪᠢᠯᠠᠭᠤᠨ ᠤᠯᠠᠨ ᠤᠨ ᠲᠡᠮᠵᠢᠨ ᠴᠠᠭ ᠰᠠᠮᠠᠭᠤᠷᠠᠵᠤ ᠤᠷᠤᠨ ᠨᠤᠳᠤᠭ ᠨᠢ ᠲᠠᠶᠢᠨ ᠲᠡᠵᠢᠨ ᠤ ᠬᠦᠯ | ᠪᠤᠯᠤᠭᠰᠠᠨ ᠳᠤ ᠰᠡᠳᠬᠢᠯ ᠲᠦᠭᠰᠢᠨ ᠶᠠᠰᠤᠳᠠᠨ ᠦᠨᠳᠤᠰᠤᠳᠡᠨ ᠤ ᠪᠠᠨ ᠬᠤᠪᠢ ᠵᠠᠶᠠᠭᠠᠨ ᠤ ᠲᠦᠯᠤᠭᠡ | ᠦᠪᠡᠷᠰᠡᠳ ᠤᠨ ᠬᠦᠴᠤ ᠤᠶᠤᠨ ᠢᠶᠠᠨ ᠰᠢᠪᠬᠠᠨ ᠪᠠᠶᠢᠵᠤ ᠡᠷᠳᠡᠮ ᠨᠤᠮ ᠢᠶᠠᠷ ᠭᠡᠯᠡᠯᠴᠡᠳᠡᠭ ᠨᠢ ᠭᠡᠯᠡᠯᠴᠡᠵᠤ ᠵᠢᠷᠤᠬᠠᠢ | ᠵᠢᠷᠤᠯᠭ᠎ᠠ ᠬᠤᠪᠢ ᠵᠠᠶᠠᠭᠠᠨ ᠤ ᠲᠠᠭᠤᠳᠠᠯᠭ᠎ᠠ ᠲᠠᠭᠠᠨ ᠠᠷᠤ ᠮᠤᠩᠭᠤᠯ ᠤᠷᠤᠭᠤ ᠨᠡᠯᠢᠶᠡᠳ ᠲᠤᠭᠠᠨ ᠤ ᠪᠤᠷᠢᠶᠠᠳ ᠨᠠᠷ | ᠨᠡᠬᠦᠳᠡᠯᠯᠡᠵᠤ ᠢᠷᠡᠭᠰᠡᠨ ᠪᠠᠶᠢᠨ᠎ᠠ᠃ ᠢᠷᠡᠭᠡᠳᠤᠢ ᠶᠢᠨ ᠬᠤᠪᠢ ᠵᠠᠶᠠᠭᠠᠨ ᠤ ᠭᠡᠷᠡᠯ ᠭᠡᠭᠡ ᠬᠠᠷᠠᠭᠳᠠᠬᠤ ᠨᠡᠶᠢᠳᠡᠪᠤᠷᠢ | ᠲᠠᠰᠤᠷᠠᠯ᠎ᠠ ᠭᠡᠵᠤ ᠦᠢᠯᠠᠭᠠᠭᠰᠠᠨ ᠵᠠᠷᠢᠮ ᠨᠢ ᠬᠢᠳᠠᠳ ᠤᠷᠤᠭᠤ ᠨᠡᠬᠦᠳᠡᠯᠯᠡᠵᠤ ᠵᠠᠷᠢᠮ ᠨᠢ ᠶᠡᠷᠤᠳᠡᠭᠡᠨ ᠯᠡ ᠲᠠᠶᠢᠵᠢᠨ | ᠵᠢᠭᠤᠳᠠᠶ᠎ᠠ᠂ ᠱᠠᠰᠢᠨ ᠰᠢᠳᠤᠯᠭᠡ ᠨᠢᠭᠡᠳᠡᠢ ᠶᠠᠫᠤᠨ ᠤᠷᠤᠨ ᠢ ᠦᠵᠡᠵᠤ ᠲᠡᠨᠳᠡ ᠠᠮᠢᠳᠤᠷᠠᠶ᠎ᠠ ᠭᠡᠮᠡᠨ ᠰᠢᠢᠳᠴᠡᠭᠡᠵᠤ | ᠮᠠᠨᠵᠤᠤᠷ ᠢᠶᠠᠷ ᠲᠠᠮᠵᠢᠨ ᠶᠠᠫᠤᠨ ᠳᠤ ᠶᠠᠪᠤᠬᠤ ᠤᠰᠤᠨ ᠤᠩᠭᠤᠴᠠᠨ ᠳᠤ ᠰᠠᠭᠤᠯ᠎ᠠ ᠭᠡᠰᠡᠨ ᠨᠢ ᠭᠡᠯᠡ ᠮᠡᠳᠡᠬᠦ | ᠦᠭᠡᠢ ᠶᠢᠨ ᠬᠠᠷᠠᠭ᠎ᠠ ᠪᠠᠷ ᠠᠯᠤᠰ ᠬᠤᠯᠠ ᠶᠢᠨ ᠠᠦ᠋ᠰᠳ᠋ᠷᠠᠯᠢᠶ᠎ᠠ ᠳᠤ ᠶᠠᠪᠤᠬᠤ ᠤᠩᠭᠤᠴᠠᠨ ᠳᠤ ᠰᠠᠭᠤᠭᠰᠠᠨ ᠨᠢ | ᠨᠠᠰᠤᠨ ᠲᠤᠷᠰᠢᠳᠠ ᠲᠡᠨᠳᠡ ᠰᠠᠭᠤᠷᠢᠰᠢᠨ ᠠᠮᠢᠳᠤᠷᠠᠬᠤ ᠬᠤᠪᠢ ᠲᠠᠪᠢᠯᠠᠩ ᠴᠦᠭᠡᠨ ᠪᠤᠯᠪᠠᠴᠤ ᠭᠡᠰᠡᠭ ᠬᠦᠮᠤᠰ ᠲᠠᠢ | ᠲᠤᠬᠢᠶᠠᠵᠠᠢ᠃ | ᠭᠡᠯᠡ ᠮᠡᠳᠡᠬᠦ ᠦᠭᠡᠢ ᠲᠡᠳᠡ ᠨᠠᠷ ᠲᠤ ︽ᠴᠢᠩᠬᠢᠰ᠂ ᠮᠤᠩᠭᠤᠯ︾ ᠭᠡᠰᠡᠨ ᠬᠤᠶᠠᠷᠬᠠᠨ ᠦᠭᠡ ᠡᠬᠢᠨ ᠤ ᠦᠶ᠎ᠠ | ᠭᠡᠷᠡᠭ ᠪᠤᠯᠵᠤ᠂ ᠲᠡᠳᠡᠨ ᠳᠤ ᠬᠠᠨᠳᠤᠬᠤ ᠬᠠᠨᠳᠤᠯᠭ᠎ᠠ ᠳᠤ ᠬᠦᠷᠳᠡᠯ᠎ᠠ ᠨᠠᠭᠠᠰᠢ ᠲᠠᠢ ᠪᠠᠷ ᠨᠦᠯᠤᠭᠡᠯᠡᠭᠰᠡᠨ ᠭᠡᠳᠡᠭ᠃ | ᠡᠨᠡ ᠦᠶ᠎ᠠ ᠳᠤ ᠪᠤᠷᠢᠶᠠᠳ ᠤᠨ ᠦᠪᠡᠷᠳᠡᠭᠡᠨ ᠵᠠᠰᠠᠬᠤ ᠵᠠᠬᠢᠷᠭ᠎ᠠ ᠶᠢᠨ ᠫᠷᠤᠹᠧᠰᠰᠤᠷ ᠼᠧᠪᠢᠺᠤᠸ᠋ ᠭᠤᠮᠪᠤ ᠶᠢ ᠮᠠᠰᠢ | ᠶᠡᠭᠡ ᠨᠠᠷᠠ ᠬᠦᠨᠳᠤᠳᠡᠢ ᠠᠯᠳᠠᠷᠰᠢᠭᠰᠠᠨ ᠬᠦᠮᠤᠨ ᠤ ᠬᠤᠪᠢ ᠳᠤ ᠲᠦᠷᠪᠡᠵᠤ ᠭᠠᠷᠤᠭᠰᠠᠨ ᠪᠤᠷᠢᠶᠠᠳ ᠤᠳ ᠢ | ᠮᠤᠩᠭᠤᠯ ᠠᠴᠠ ᠪᠤᠴᠠᠭᠠᠨ ᠠᠪᠠᠴᠢᠬᠤ ᠠᠰᠠᠭᠤᠳᠠᠯ ᠢ ᠬᠠᠷᠢᠭᠤᠴᠠᠭᠰᠠᠨ ᠪᠦᠷᠢᠨ ᠡᠷᠭᠡᠳᠤ ᠲᠦᠯᠤᠭᠡᠯᠡᠭᠴᠢ ᠪᠠᠷ | ᠲᠤᠮᠢᠯᠠᠨ ᠠᠵᠢᠯᠯᠠᠭᠤᠯᠵᠤ ᠪᠠᠶᠢᠪᠠ᠃ ᠼᠧᠪᠢᠺᠤᠸ᠋ ᠭᠤᠮᠪᠤ ᠡᠨᠡ ᠡᠬᠦᠷᠭᠡ ᠶᠢ ᠠᠮᠵᠢᠯᠳᠠ ᠲᠠᠢ ᠪᠡᠶᠡᠯᠡᠬᠦᠯᠵᠤ ᠨᠡᠬᠦᠬᠦ | ᠭᠡᠵᠤ ᠪᠠᠶᠢᠭᠰᠠᠨ ᠤᠯᠠᠨ ᠠᠶᠢᠯ ᠢ ᠪᠤᠯᠢᠭᠤᠯᠵᠤ ᠨᠢᠭᠡᠨᠳᠡ ᠨᠡᠬᠦᠭᠰᠡᠨ ᠨᠡᠯᠢᠶᠡᠳ ᠠᠶᠢᠯ ᠢ ᠪᠤᠴᠠᠭᠠᠵᠤ ᠴᠢᠳᠠᠭᠰᠠᠨ | ᠪᠠᠶᠢᠨ᠎ᠠ᠃ | 1921 ᠤᠨ ᠤ 11 ᠰᠠᠷ᠎ᠠ ᠳᠤ ᠮᠤᠩᠭᠤᠯ ᠵᠦᠪᠯᠡᠯᠳᠤ ᠶᠢᠨ ᠨᠠᠶᠢᠷᠠᠮᠳᠠᠯ ᠤᠨ ᠭᠡᠷ᠎ᠡ ᠪᠠᠶᠢᠭᠤᠯᠬᠤ ᠦᠶ᠎ᠠ ᠪᠠᠷ | ᠮᠤᠩᠭᠤᠯ ᠤᠯᠤᠰ ᠤᠨ ᠲᠦᠯᠤᠭᠡᠯᠡᠭᠴᠢᠳ ᠤᠨ ᠲᠡᠷᠢᠬᠦᠨ ᠳ᠋ᠠᠨᠽᠠᠨ᠂ ᠮᠤᠩᠭᠤᠯ ᠠᠷᠠᠳ ᠤᠨ ᠨᠠᠮ ᠤᠨ ᠪᠠᠷᠢᠮᠳᠠ | ᠪᠢᠴᠢᠭ ᠪᠤᠯᠬᠤ ︽ᠲᠠᠩᠭᠠᠷᠢᠭ ᠤᠨ ᠪᠢᠴᠢᠭ︾ ᠤᠨ ᠦᠵᠡᠯ ᠰᠠᠨᠠᠭ᠎ᠠ ᠶᠢ ᠡᠰᠢ ᠦᠨᠳᠤᠰᠤ ᠪᠤᠯᠭᠠᠵᠤ᠂ ᠤᠷᠤᠰ ᠤᠨ | ᠬᠠᠷᠢᠶᠠᠳᠤ ᠪᠤᠷᠢᠶᠠᠳ ᠨᠠᠷ ᠤᠨ ᠬᠦᠰᠡᠯᠳᠡ ᠪᠠᠷ ᠨᠢ ᠮᠤᠩᠭᠤᠯ ᠤᠨ ᠬᠠᠷᠢᠶᠠᠯᠠᠯ ᠳᠤ ᠰᠢᠯᠵᠢᠬᠦᠯᠬᠦ ᠰᠠᠨᠠᠯ ᠲᠠᠯᠪᠢᠵᠤ | ᠪᠠᠶᠢᠵᠠᠢ᠃ ᠡᠨᠡ ᠰᠠᠨᠠᠯ ᠬᠦᠰᠡᠯᠳᠡ ᠶᠢᠨ ᠦᠨᠳᠤᠰᠤᠨ ᠲᠡᠭᠡᠷ᠎ᠠ ᠬᠤᠶᠠᠷ ᠲᠠᠯ᠎ᠠ ᠶᠢᠨ ᠵᠠᠰᠠᠭ ᠤᠨ ᠭᠠᠵᠠᠷ ᠠᠴᠠ ᠺᠤᠮᠢᠰ | ᠪᠠᠶᠢᠭᠤᠯᠵᠤ ᠤᠭ ᠠᠰᠠᠭᠤᠳᠠᠯ ᠢ ᠰᠢᠢᠳᠪᠤᠷᠢᠯᠡᠬᠦᠯᠬᠦ ᠪᠠᠷ ᠲᠤᠬᠢᠷᠠᠯᠴᠠᠭᠰᠠᠨ ᠤ ᠲᠠᠭᠠᠤ ᠮᠤᠩᠭᠤᠯ ᠤᠨ ᠭᠠᠳᠠᠭᠠᠳᠤ | ᠶᠠᠪᠤᠳᠠᠯ ᠤᠨ ᠶᠠᠮᠤᠨ ᠠᠴᠠ 1922 ᠤᠨ ᠤ 1 ᠰᠠᠷ᠎ᠠ ᠶᠢᠨ 22 ᠤ ᠡᠳᠤᠷ᠂ ᠨᠡᠶᠢᠰᠯᠡᠯ ᠬᠦᠷᠢᠶᠠᠨ ᠳᠤ ᠪᠠᠶᠢᠭᠤᠯᠵᠤ | ᠪᠠᠶᠢᠭᠰᠠᠨ ᠪᠤᠷᠢᠶᠠᠳ ᠨᠠᠷ ᠤᠨ ᠠᠬᠠᠯᠠᠭᠴᠢ ᠳᠤ 172 ᠲᠤᠭᠠᠳᠤ ᠠᠯᠪᠠᠨ ᠪᠢᠴᠢᠭ ᠢᠶᠠᠷ ᠮᠡᠳᠡᠭᠳᠡᠯ ᠭᠠᠷᠭᠠᠵᠤ | ᠮᠤᠩᠭᠤᠯ ᠭᠠᠵᠠᠷ ᠰᠠᠭᠤᠵᠤ ᠪᠠᠶᠢᠭ᠎ᠠ ᠪᠤᠷᠢᠶᠠᠳ ᠤᠳ ᠤᠨ ᠪᠦᠷᠢᠳᠭᠡᠯ ᠢ ᠭᠠᠷᠭᠠᠨ ᠮᠤᠩᠭᠤᠯ ᠤᠯᠤᠰ ᠤᠨ ᠬᠠᠷᠢᠶᠠᠳᠤ | ᠪᠤᠯᠬᠤ ᠳᠤ ᠪᠡᠯᠡᠳᠭᠡᠬᠦ᠂ ᠮᠦᠨ ᠪᠤᠷᠢᠶᠠᠳ ᠨᠠᠷ ᠤᠨ ᠭᠡᠷᠡᠭ ᠢ ᠡᠷᠬᠢᠯᠡᠬᠦ ︽ᠬᠤᠷᠠᠯ ᠤᠨ ᠭᠠᠵᠠᠷ︾ ᠪᠠᠶᠢᠭᠤᠯᠬᠤ ᠶᠢ | ᠵᠦᠪᠰᠢᠶᠡᠷᠡᠭᠰᠡᠨ ᠪᠠᠶᠢᠨ᠎ᠠ᠃ | ᠰᠢᠪᠧᠷᠢᠶ᠎ᠠ ᠶᠢᠨ ᠨᠤᠳᠤᠭ ᠲᠡᠪᠢᠰᠭᠡᠷ ᠲᠤ ᠬᠠᠭᠠᠨᠳᠤ ᠤᠷᠤᠰ ᠤᠨ ᠬᠠᠷᠬᠢᠰ ᠪᠤᠳᠤᠯᠭ᠎ᠠ ᠴᠢᠩᠭᠠᠷᠠᠭᠰᠠᠨ ᠠᠴᠠ | ᠪᠤᠷᠢᠶᠠᠳ ᠤᠳ ᠤᠯᠠᠨ ᠢᠶᠠᠷ ᠠᠷᠤ ᠮᠤᠩᠭᠤᠯ ᠤᠷᠤᠭᠤ ᠰᠢᠯᠵᠢᠭᠰᠡᠨ ᠨᠡᠬᠦᠳᠡᠯ ᠢ ᠦᠨᠳᠤᠰᠤᠨ ᠳᠡᠭᠡᠨ ᠭᠤᠷᠪᠠᠨ | ᠦᠶ᠎ᠠ ᠳᠤ ᠠᠪᠴᠤ ᠦᠵᠡᠵᠤ ᠪᠠᠶᠢᠨ᠎ᠠ᠃ ᠡᠬᠦᠨ ᠳᠤ᠂ ᠡᠬᠢᠨ ᠤ ᠨᠡᠬᠦᠳᠡᠯ ᠨᠢ 1900 — 1907 ᠤᠨ ᠳᠤ᠂ | ᠲᠠᠷᠠᠭᠠᠬᠢ ᠨᠡᠬᠦᠳᠡᠯ ᠨᠢ 1917 — 1922 ᠤᠨ ᠳᠤ᠂ ᠰᠡᠬᠦᠯ ᠤᠨ ᠨᠡᠬᠦᠳᠡᠯ ᠨᠢ 1927 ᠤᠨ ᠳᠤ ᠪᠤᠯᠵᠠᠢ᠃ | | ᠤᠷᠤᠰ ᠤᠷᠤᠨ ᠳᠤ ᠤᠺᠲ᠋ᠧᠪᠷᠢ ᠶᠢᠨ ᠬᠤᠪᠢᠰᠬᠠᠯ ᠤᠨ ᠲᠠᠷᠠᠭᠠᠬᠢ ᠢᠷᠭᠡᠨ ᠤ ᠲᠠᠶᠢᠨ ᠤ ᠦᠶ᠎ᠠ ᠳᠤ ᠪᠤᠷᠢᠶᠠᠳ ᠤᠨ | ᠶᠠᠩᠵᠤ ᠪᠦᠷᠢ ᠶᠢᠨ ᠨᠤᠳᠤᠭ᠂ ᠰᠡᠯᠡᠩᠭᠡ᠂ ᠠᠭ᠎ᠠ ᠨᠤᠳᠤᠭ ᠠᠴᠠ ᠤᠯᠤᠰ ᠲᠦᠷᠤ᠂ ᠱᠠᠰᠢᠨ ᠰᠢᠳᠤᠯᠭᠡ᠂ ᠤᠶᠤᠨ | ᠰᠠᠨᠠᠭ᠎ᠠ᠂ ᠭᠠᠵᠠᠷ ᠨᠤᠳᠤᠭ ᠵᠡᠷᠭᠡ ᠲᠠᠯ᠎ᠠ ᠪᠠᠷ ᠶᠡᠭᠡ ᠬᠦᠷᠤᠨ ᠤ ᠲᠤᠳᠤᠷᠠᠬᠢ ᠴᠦᠭᠡᠩᠭᠢ ᠬᠤᠪᠢ ᠳᠤ | ᠬᠠᠪᠴᠢᠭᠳᠠᠭᠰᠠᠨ ᠠᠴᠠ ᠲᠦᠷᠪᠡᠵᠤ ᠬᠠᠯᠬ᠎ᠠ ᠮᠤᠩᠭᠤᠯ ᠢᠶᠠᠨ ᠭᠡᠵᠤ ᠢᠷᠡᠭᠰᠡᠨ ᠪᠤᠷᠢᠶᠠᠳ ᠨᠠᠷ ᠢ ᠮᠤᠩᠭᠤᠯ ᠤᠨ | ᠬᠠᠷᠢᠶᠠᠳᠤ ᠪᠤᠯᠭᠠᠬᠤ ᠠᠰᠠᠭᠤᠳᠠᠯ ᠬᠤᠷᠴᠠ ᠲᠠᠯᠪᠢᠭᠳᠠᠵᠠᠢ᠃ | 1922 ᠤᠨ ᠤ 2 ᠰᠠᠷ᠎ᠠ ᠶᠢᠨ 5 ᠤ ᠡᠳᠤᠷ᠂ ᠠᠷᠠᠳ ᠤᠨ ᠵᠠᠰᠠᠭ ᠤᠨ ᠭᠠᠵᠠᠷ ᠤᠨ ᠰᠢᠢᠳᠪᠤᠷᠢ ᠪᠠᠷ ᠨᠡᠶᠢᠰᠯᠡᠯ | ᠬᠦᠷᠢᠶᠠᠨ ᠳᠤ ᠰᠠᠭᠤᠭ᠎ᠠ ᠪᠤᠷᠢᠶᠠᠳ ᠨᠠᠷ ᠤᠨ ᠠᠩᠬᠠᠳᠤᠭᠠᠷ ᠬᠤᠷᠠᠯ ᠪᠤᠯᠵᠤ ᠡᠨᠡ ᠬᠤᠷᠠᠯ ᠢᠶᠠᠷ ᠮᠤᠩᠭᠤᠯ ᠭᠠᠵᠠᠷ | ᠨᠡᠬᠦᠳᠡᠯᠯᠡᠨ ᠢᠷᠡᠭᠰᠡᠨ ᠪᠤᠷᠢᠶᠠᠳ ᠨᠠᠷ ᠢ ᠲᠤᠬᠤᠨᠢᠭᠤᠯᠤᠨ ᠨᠤᠳᠤᠭᠰᠢᠭᠤᠯᠬᠤ᠂ ᠮᠤᠩᠭᠤᠯ ᠪᠤᠷᠢᠶᠠᠳ ᠨᠠᠷ ᠤᠨ | ᠬᠠᠷᠢᠯᠴᠠᠭ᠎ᠠ᠂ ᠪᠤᠷᠢᠶᠠᠳ ᠨᠠᠷ ᠤᠨ ᠡᠷᠭᠡ ᠡᠬᠦᠷᠭᠡ ᠶᠢᠨ ᠲᠤᠬᠠᠢ᠂ ᠪᠤᠷᠢᠶᠠᠳ ᠤᠨ ᠲᠤᠳᠤᠷ᠎ᠠ ᠦᠪᠡᠷ ᠤᠨ ᠬᠤᠰᠢᠭᠤ | ᠰᠤᠮᠤ ᠪᠠᠶᠢᠭᠤᠯᠬᠤ᠂ ᠮᠦᠨ ᠬᠦᠷᠢᠶᠠᠨ ᠳᠤ ᠪᠤᠷᠢᠶᠠᠳ ᠤᠨ ᠬᠤᠷᠠᠯ ᠤᠨ ᠭᠠᠵᠠᠷ ᠪᠠᠶᠢᠭᠤᠯᠬᠤ ᠵᠡᠷᠭᠡ ᠨᠡᠩ ᠴᠢᠬᠤᠯᠠ | ᠠᠰᠠᠭᠤᠳᠠᠯ ᠢ ᠭᠡᠯᠡᠯᠴᠡᠵᠤ ᠤᠯᠠᠮ ᠢᠶᠠᠷ ᠠᠷᠠᠳ ᠤᠨ ᠵᠠᠰᠠᠭ ᠤᠨ ᠭᠠᠵᠠᠷ ᠢᠶᠠᠷ ᠤᠷᠤᠭᠤᠯᠤᠨ ᠰᠢᠢᠳᠪᠤᠷᠢᠯᠡᠬᠦᠯᠬᠦ ᠪᠠᠷ | ᠲᠤᠭᠳᠠᠭᠠᠭᠰᠠᠨ ᠪᠠᠶᠢᠨ᠎ᠠ᠃ | ᠡᠨᠡ ᠬᠤᠷᠠᠯ ᠢᠶᠠᠷ ᠪᠤᠷᠢᠶᠠᠳ ᠨᠠᠷ ᠢ ᠲᠤᠬᠤᠨᠢᠭᠤᠯᠬᠤ ᠲᠦᠷ ᠺᠤᠮᠢᠰ ᠪᠠᠶᠢᠭᠤᠯᠵᠠᠢ᠃ 1922 ᠤᠨ ᠤ ᠡᠬᠢ ᠪᠠᠷ | ᠨᠡᠶᠢᠰᠯᠡᠯ ᠬᠦᠷᠢᠶᠠᠨ ᠳᠤ ᠪᠤᠷᠢᠶᠠᠳ ᠤᠨ ᠭᠡᠷᠡᠭ ᠡᠷᠬᠢᠯᠡᠬᠦ ᠬᠤᠷᠠᠯ ᠤᠨ ᠭᠠᠵᠠᠷ ᠪᠠᠶᠢᠭᠤᠯᠤᠭᠳᠠᠵᠠᠢ᠃ ᠮᠦᠨ ᠤᠨ ᠤ | ᠲᠠᠪᠤᠨ ᠰᠠᠷ᠎ᠠ ᠳᠤ ᠬᠤᠷᠠᠯ ᠤᠨ ᠭᠠᠵᠠᠷ ᠲᠤ ᠲᠠᠮᠠᠭ᠎ᠠ ᠤᠯᠭᠤᠵᠠᠢ᠃ | ᠬᠤᠷᠠᠯ ᠤᠨ ᠭᠠᠵᠠᠷ ᠨᠢ ᠬᠠᠭᠤᠴᠢᠨ ᠦᠨᠳᠤᠷ ᠲᠡᠯᠭᠡᠬᠦᠷ ᠤᠨ ᠤᠷᠢᠳᠤ ︽ᠠᠷᠠᠳ︾ ᠺᠢᠨᠣ᠋ ᠲᠢᠶᠠᠳ᠋ᠷ ᠤᠨ ᠵᠡᠬᠦᠨ | ᠲᠠᠯ᠎ᠠ ᠳᠤ ᠪᠤᠷᠢᠶᠠᠳ ᠤᠳ ᠤᠨ ᠲᠠᠳᠠᠪᠤᠷᠢ ᠶᠢᠨ ᠬᠤᠷᠠᠮᠳᠤᠯ ᠤᠨ ᠮᠦᠩᠬᠦ ᠪᠠᠷ ᠪᠤᠷᠢᠶᠠᠳ ᠤᠳ ᠤᠨ ᠪᠠᠷᠢᠭᠰᠠᠨ | ᠤᠷᠤᠰ ᠬᠢᠴᠠ ᠶᠢᠨ ᠮᠤᠳᠤᠨ ᠪᠠᠶᠢᠰᠢᠩ ᠳᠤ ᠪᠠᠶᠢᠷᠢᠯᠠᠵᠤ ᠠᠵᠢᠯ ᠢᠶᠠᠨ ᠶᠠᠪᠤᠭᠤᠯᠵᠤ ᠪᠠᠶᠢᠭᠰᠠᠨ ᠪᠠᠶᠢᠨ᠎ᠠ᠃ | ᠪᠤᠷᠢᠶᠠᠳ ᠤᠨ ᠬᠤᠷᠠᠯ ᠤᠨ ᠭᠠᠵᠠᠷ ᠨᠢ ᠲᠠᠷᠤᠭ᠎ᠠ᠂ ᠨᠠᠷᠢᠨ ᠪᠢᠴᠢᠭ ᠤᠨ ᠲᠠᠷᠤᠭ᠎ᠠ᠂ ᠤᠷᠴᠢᠭᠤᠯᠤᠭᠴᠢ᠂ ᠪᠢᠴᠢᠭᠡᠴᠢ᠂ | ᠭᠠᠯᠴᠢ ᠭᠡᠰᠡᠨ ᠴᠤᠮᠬᠠᠨ ᠤᠷᠤᠨ ᠲᠤᠭ᠎ᠠ ᠲᠠᠢ ᠠᠵᠢᠯᠯᠠᠵᠤ ᠬᠤᠰᠢᠭᠤᠳ ᠤᠨ ᠠᠯᠪᠠᠨ ᠲᠠᠳᠠᠪᠤᠷᠢ ᠶᠢᠨ ᠮᠦᠩᠬᠦ ᠪᠠᠷ | ᠰᠡᠩᠬᠦᠤᠵᠢᠵᠤ ᠪᠢᠯᠡ᠃ ᠬᠤᠷᠠᠯ ᠤᠨ ᠲᠠᠷᠤᠭ᠎ᠠ ᠪᠠᠷ ᠳ᠋ᠠᠰᠢᠪᠠᠯ ᠤᠨ ᠴᠧᠳᠧᠩ — ᠢᠰᠢ ᠰᠤᠩᠭᠤᠭᠳᠠᠨ ᠠᠵᠢᠯᠯᠠᠵᠤ | ᠪᠠᠶᠢᠵᠠᠢ᠃ | ᠬᠤᠷᠠᠯ ᠤᠨ ᠭᠠᠵᠠᠷ ᠨᠢ ᠮᠤᠩᠭᠤᠯ ᠨᠤᠳᠤᠭ ᠲᠤ ᠪᠠᠶᠢᠭ᠎ᠠ ᠪᠤᠯᠤᠨ ᠨᠡᠬᠦᠳᠡᠯᠯᠡᠨ ᠢᠷᠡᠭᠰᠡᠨ ᠪᠤᠷᠢᠶᠠᠳ ᠨᠠᠷ ᠤᠨ | ᠭᠡᠷᠡᠭ ᠢ ᠡᠷᠬᠢᠯᠡᠬᠦ ᠲᠦᠪ ᠪᠠᠶᠢᠭᠤᠯᠭ᠎ᠠ ᠪᠦᠭᠡᠳ ᠲᠠᠳᠠᠨ ᠤ ᠲᠤᠬᠤᠨᠢᠭᠤᠯᠤᠯᠳᠠ᠂ ᠰᠤᠶᠤᠯ ᠢᠷᠭᠡᠨᠰᠢᠯ ᠤᠨ | ᠠᠰᠠᠭᠤᠳᠠᠯ ᠢ ᠲᠦᠯᠤᠪᠯᠡᠨ ᠮᠤᠩᠭᠤᠯ ᠤᠨ ᠵᠠᠰᠠᠭ ᠤᠨ ᠭᠠᠵᠠᠷ ᠲᠤ ᠤᠯᠠᠮᠵᠢᠯᠠᠨ ᠰᠢᠢᠳᠪᠤᠷᠢᠯᠡᠬᠦᠯᠵᠤ ᠪᠠᠶᠢᠵᠠᠢ᠃ | 1918 — 1922 ᠤᠨ ᠤ ᠦᠶ᠎ᠠ ᠳᠤ ᠵᠦᠪᠯᠡᠯᠳᠤ ᠶᠢᠨ ᠫᠠᠷᠲ᠋ᠢᠽᠠᠨ᠂ ᠤᠯᠠᠭᠠᠨ ᠴᠡᠷᠢᠭ ᠲᠤ ᠪᠤᠳᠠ | ᠴᠤᠬᠢᠭᠳᠠᠨ ᠮᠠᠨᠵᠤᠤᠷ ᠵᠦᠭ ᠵᠢᠭᠤᠳᠠᠵᠤ ᠶᠠᠪᠤᠭᠰᠠᠨ ᠴᠠᠭᠠᠨ ᠨᠠᠮ ᠤᠨ ᠬᠢᠨ ᠤ ᠦᠯᠡᠳᠡᠭᠳᠡᠯ ᠤᠷᠤᠰ᠂ ᠪᠤᠷᠢᠶᠠᠳ | ᠨᠠᠷ ᠤᠨ ᠵᠡᠷᠭᠡ ᠲᠡᠭᠡᠷᠡᠮᠴᠢᠳ ᠤᠯᠠᠨ ᠴᠦᠭᠡᠨ ᠢᠶᠠᠷ ᠪᠦᠯᠦᠭᠯᠡᠨ ᠢᠷᠡᠵᠤ ᠤᠨᠤᠨ᠂ ᠤᠯᠵᠠ ᠭᠤᠤᠯ ᠤᠨ ᠤᠷᠴᠢᠮ | ᠭᠠᠵᠠᠷ ᠢᠶᠠᠷ ᠨᠤᠳᠤᠭᠯᠠᠵᠤ ᠪᠠᠶᠢᠭᠰᠠᠨ ᠪᠤᠷᠢᠶᠠᠳ ᠮᠤᠩᠭᠤᠯᠴᠤᠳ ᠤᠨ ᠠᠳᠤᠭᠤ ᠮᠠᠯ᠂ ᠬᠦᠷᠤᠩᠭᠡ ᠬᠤᠭᠰᠢᠯ ᠢ | ᠲᠡᠭᠡᠷᠡᠮᠳᠡᠵᠤ᠂ ᠵᠠᠷᠢᠮ ᠤᠨ ᠬᠢᠨᠢ ᠤᠷᠤᠨ ᠭᠡᠷ ᠢ ᠨᠢ ᠭᠠᠯᠳᠠᠨ ᠰᠢᠳᠠᠭᠠᠵᠤ᠂ ᠬᠦᠮᠤᠨ ᠤ ᠠᠮᠢ ᠪᠤᠰᠠᠨᠢᠭᠤᠯᠤᠨ | ᠭᠠᠰᠢᠭᠤᠨ ᠵᠤᠪᠠᠯᠠᠩ ᠤᠴᠠᠷᠠᠭᠤᠯᠵᠤ ᠪᠠᠶᠢᠭᠰᠠᠨ ᠢ ᠨᠤᠳᠤᠭ ᠤᠨ ᠠᠬᠠᠮᠠᠳ ᠦᠶ᠎ᠠ ᠶᠢᠨ ᠬᠢᠨ ᠤᠳᠤ ᠴᠤ ᠮᠠᠷᠳᠠᠭ᠎ᠠ | ᠦᠭᠡᠢ ᠪᠢᠯᠡ᠃ | ᠢᠩᠬᠢᠵᠤ ᠲᠡᠭᠡᠷᠡᠮ ᠲᠤᠨᠤᠭᠤᠯ ᠬᠢᠬᠦ ᠶᠢᠨ ᠡᠰᠡᠷᠬᠦ ᠲᠤᠬᠠᠢ ᠶᠢᠨ ᠦᠶ᠎ᠠ ᠳᠤ ᠠᠷᠠᠳ ᠤᠨ ᠵᠠᠰᠠᠭ ᠤᠨ ᠭᠠᠵᠠᠷ ᠪᠤᠯᠤᠨ | ᠪᠤᠷᠢᠶᠠᠳ ᠬᠤᠷᠠᠯ ᠤᠨ ᠭᠠᠵᠠᠷ ᠠᠴᠠ ᠤᠳᠠᠭ᠎ᠠ ᠲᠠᠷᠠᠭ᠎ᠠ ᠪᠠᠷ ᠰᠠᠨᠠᠭᠤᠯᠤᠨ ᠬᠢᠵᠠᠭᠠᠷ ᠤᠨ ᠬᠤᠰᠢᠭᠤᠳ ᠲᠤ ᠠᠯᠪᠠᠨ | ᠪᠢᠴᠢᠭ ᠢᠯᠡᠭᠡᠵᠤ ᠪᠠᠶᠢᠵᠠᠢ᠃ | ᠮᠤᠩᠭᠤᠯ ᠭᠠᠵᠠᠷ ᠪᠦᠬᠦᠢ ᠪᠤᠷᠢᠶᠠᠳ ᠤᠨ ᠭᠡᠷᠡᠭ ᠢ ᠡᠷᠬᠢᠯᠡᠭᠰᠡᠨ ᠬᠤᠷᠠᠯ ᠤᠨ ᠭᠠᠵᠠᠷ ᠠᠴᠠ ᠭᠤᠤᠯ ᠤᠨ | ᠬᠤᠰᠢᠭᠤ ᠶᠢᠨ ᠵᠠᠬᠢᠷᠬᠤ ᠲᠦᠰᠢᠮᠡᠯ ᠰᠠᠨᠳᠠᠭ ᠤᠨ ᠲᠠᠮᠳᠢᠨ ᠳᠤ ᠲᠤᠤᠷᠠᠬᠢ ᠪᠢᠴᠢᠭ ᠢ ᠶᠠᠪᠤᠭᠤᠯᠵᠤ᠄ ︽᠁ | ᠦᠢᠷ᠎ᠠ ᠠᠴᠠ ᠴᠠᠭᠠᠨ ᠨᠠᠮ ᠤᠨ ᠬᠠᠷᠬᠢᠰ ᠬᠤᠯᠠᠭᠠᠢ ᠡᠳᠡᠭᠡᠳ ᠭᠡᠳᠤᠨ ᠵᠠᠭᠤᠭᠠᠳ ᠢᠶᠠᠷ ᠢᠶᠠᠨ ᠪᠦᠯᠦᠭᠯᠡᠵᠤ ᠮᠤᠩᠭᠤᠯ | ᠬᠢᠵᠠᠭᠠᠷ ᠤᠨ ᠵᠦᠭ ᠬᠠᠯᠳᠠᠷ᠎ᠠ ᠢᠷᠡᠬᠦ ᠴᠢᠮᠡᠭᠡ ᠪᠤᠢ ᠪᠦᠭᠡᠳ ᠲᠠᠳᠠᠨ ᠤ ᠮᠠᠭᠤ ᠬᠤᠯᠠᠭᠠᠢ ᠨᠠᠷ ᠨᠠᠭᠠᠰᠢ ᠴᠠᠭᠠᠰᠢ | ᠰᠢᠷᠭᠤᠯᠠᠨ ᠬᠠᠯᠳᠠᠷ᠎ᠠ ᠢᠷᠡᠵᠤ ᠨᠤᠳᠤᠭ ᠤᠨ ᠤᠯᠠᠨ ᠪᠤᠷᠢᠶᠠᠳ ᠮᠤᠩᠭᠤᠯᠴᠤᠳ ᠢ ᠬᠤᠬᠢᠷᠠᠭᠤᠯᠤᠨ ᠶᠠᠪᠤᠬᠤ ᠨᠢ | ᠪᠤᠯᠵᠤᠬᠤᠶᠠ ᠪᠡᠷᠭᠡ ᠲᠤᠯᠠ ᠡᠶᠢᠨ ᠬᠦ ᠤᠴᠢᠷ ᠢ ᠤᠷᠢᠳᠠᠪᠠᠷ ᠤᠯᠵᠠ ᠭᠤᠤᠯ ᠤᠨ ᠬᠤᠰᠢᠭᠤᠨ ᠤ ᠵᠠᠬᠢᠷᠤᠭᠴᠢᠳ ᠲᠤ | ᠲᠤᠪᠳᠤᠯᠭᠠᠨ ᠲᠤᠰᠢᠶᠠᠭᠠᠳ ᠲᠡᠷᠡ ᠬᠦ ᠮᠠᠭᠤ ᠬᠤᠯᠠᠭᠠᠢ ᠨᠠᠷ ᠬᠠᠯᠳᠠᠨ ᠢᠷᠡᠬᠦ ᠳᠤ ᠬᠦᠷᠪᠡᠯ ᠲᠤᠰ ᠬᠤᠰᠢᠭᠤᠨ ᠤ | ᠠᠷᠠᠳ ᠨᠠᠷ ᠢ ᠮᠤᠩᠭᠤᠯ ᠬᠤᠰᠢᠭᠤᠨ ᠤ ᠨᠤᠳᠤᠭ ᠤᠨ ᠤᠷᠢᠳᠤᠭᠤᠷ ᠲᠤᠳᠤᠭᠰᠢᠯᠠᠭᠤᠯᠤᠨ ᠨᠤᠳᠤᠭᠰᠢᠯᠠᠭᠤᠯᠵᠤ | ᠰᠡᠷᠭᠡᠶᠢᠯᠡᠨ ᠪᠤᠯᠭᠤᠮᠵᠢᠯᠠᠬᠤ ᠶᠠᠪᠤᠳᠠᠯ ᠢ ᠬᠠᠷᠢᠶᠠᠳᠤ ᠤᠯᠠᠨ ᠳᠠᠭᠠᠨ ᠤᠬᠠᠭᠠᠯᠠᠨ ᠵᠠᠷᠯᠠᠵᠤ ᠲᠠᠭᠠᠨ ᠶᠠᠪᠤᠭᠤᠯᠪᠠᠰᠤ | ᠵᠤᠬᠢᠨ᠎ᠠ᠃ 1922 ᠤᠨ ᠤ 10 ᠰᠠᠷ᠎ᠠ ᠶᠢᠨ 18 ᠤ ᠡᠳᠤᠷ᠂ 327 ᠳ᠋ᠤᠭᠠᠷ ᠨᠤᠮᠧᠷᠳᠤ︾ ᠭᠡᠵᠡᠢ᠃ | ᠪᠦᠷ ᠡᠬᠦᠨ ᠠᠴᠠ ᠡᠮᠤᠨ᠎ᠠ 1918 ᠤᠨ ᠤ 5 ᠳ᠋ᠤᠭᠠᠷ ᠰᠠᠷ᠎ᠠ ᠶᠢᠨ 27 ᠤ ᠡᠳᠤᠷ ᠮᠠᠩᠯᠠᠢ ᠪᠠᠭᠠᠳᠤᠷ ᠵ᠊ · | ᠲᠠᠮᠳᠢᠨᠰᠦ᠋ᠷᠤᠩ᠂ ᠲᠤᠯᠼᠤᠨ ︵ᠬᠦᠤ ᠨᠢ︶ ᠨᠠᠷ ᠤᠨ ᠬᠤᠰᠢᠭᠤ ᠨᠤᠳᠤᠭ ᠤᠨ ᠬᠢᠨ ᠳᠤ ᠰᠡᠷᠡᠮᠵᠢᠯᠡᠬᠦᠯᠵᠤ | ᠶᠠᠪᠤᠭᠤᠯᠤᠭᠰᠠᠨ ᠪᠢᠴᠢᠭ ᠲᠤ᠄ ︽᠁ ᠶᠠᠭᠠᠷᠠᠪᠴᠢᠯᠠᠨ ᠮᠡᠳᠡᠬᠦᠯᠬᠦ ᠤᠴᠢᠷ ᠨᠢ ᠡᠳᠤᠭᠡ ᠤᠷᠤᠰ ᠪᠤᠷᠢᠶᠠᠳ ᠤᠨ | ᠵᠡᠷᠭᠡ ᠤᠯᠠᠨ ᠡᠷᠤᠭᠡ ᠶᠢᠨ ᠬᠦᠮᠤᠨ ᠵᠡᠷᠭᠡ ᠪᠠᠷ ᠵᠠᠬ᠎ᠠ ᠲᠠᠪᠠᠵᠤ ᠮᠠᠨ ᠤ ᠬᠤᠰᠢᠭᠤᠨ ᠤ ᠨᠤᠳᠤᠭ ᠲᠤ ᠰᠢᠬᠠᠴᠢᠨ | ᠢᠷᠡᠵᠡᠭᠡᠵᠤ ᠵᠦᠭ ᠪᠦᠷᠢ ᠦᠢᠮᠡᠯᠴᠡᠨ ᠨᠡᠬᠦᠳᠡᠯᠯᠡᠯᠴᠡᠬᠦ ᠪᠠ ᠲᠠᠳᠠᠨ ᠤ ᠬᠤᠶᠠᠷ ᠡᠳᠡᠭᠡᠳ ᠤᠨ ᠨᠠᠮ ᠤᠨ ᠬᠠᠷᠢᠯᠴᠠᠨ | ᠪᠠᠶᠢᠯᠳᠤᠬᠤ ᠴᠢᠮᠡᠭᠡ ᠨᠢ ᠰᠦᠨᠢ ᠡᠳᠤᠷ ᠲᠠᠰᠤᠷᠠᠯᠳᠠ ᠦᠭᠡᠢ ᠠᠶᠤᠩᠭ᠎ᠠ ᠮᠡᠳᠤ ᠰᠤᠨᠤᠰᠤᠭᠳᠠᠬᠤ ᠳᠤ ᠮᠠᠨ ᠤ ᠵᠠᠬ᠎ᠠ | ᠬᠢᠵᠠᠭᠠᠷ ᠤᠨ ᠬᠤᠰᠢᠭᠤᠨ ᠤ ᠰᠢᠨ᠎ᠠ ᠬᠠᠭᠤᠴᠢᠨ ᠲᠠᠭᠠᠷ᠎ᠠ ᠤᠷᠤᠭᠰᠠᠨ ᠠᠷᠠᠳ ᠤᠳ ᠪᠠ ᠦᠢᠷ᠎ᠠ ᠶᠢᠨ ᠵᠠᠬ᠎ᠠ ᠶᠢᠨ | ᠨᠡᠶᠢᠯᠡᠭᠰᠡᠨ ᠬᠠᠷᠠᠭᠤᠯ ᠤᠨ ᠲᠦᠰᠢᠮᠡᠳ᠂ ᠠᠷᠠᠳ ᠤᠳ ᠤᠨ ᠠᠶᠤᠨ ᠡᠮᠢᠶᠡᠬᠦ ᠨᠢ ᠶᠡᠭᠡ ᠪᠦᠭᠡᠳ ᠲᠤᠭᠳᠠᠪᠤᠷᠢ ᠦᠭᠡᠢ | ᠁︾ ᠭᠡᠵᠤ ᠤᠴᠢᠷᠯᠠᠨ ᠠᠩᠬᠠᠷᠤᠭᠤᠯᠵᠤ ᠪᠠᠶᠢᠵᠠᠢ᠃ | ᠤᠯᠤᠰ ᠤᠨ ᠬᠢᠯᠢ ᠳᠤ ᠨᠡᠪᠳᠡᠷᠡᠨ ᠬᠤᠯᠠᠭᠠᠢ ᠲᠡᠭᠡᠷᠡᠮ ᠬᠢᠵᠤ ᠲᠠᠩᠬᠠᠶᠢᠷᠠᠬᠤ ᠵᠡᠷᠭᠡ ᠪᠠᠷ ᠠᠷᠠᠳ ᠤᠳ ᠢ | ᠲᠦᠢᠪᠡᠭᠡᠵᠤ ᠪᠠᠶᠢᠭᠰᠠᠨ ᠼᠦᠬᠦᠭᠡᠯ ᠲᠠᠴᠠᠩ ᠤᠨ ᠨᠢᠷᠪᠠ ᠪᠠᠶᠢᠭᠠᠳ ᠮᠤᠩᠭᠤᠯ ᠳᠤ ᠢᠷᠡᠭᠰᠡᠨ ᠮ᠊ · ᠰᠠᠮᠪᠤᠤ᠂ ᠮᠦᠨ | ᠲᠡᠷᠡ ᠨᠤᠳᠤᠭ ᠤᠨ ᠭ᠊ · ᠳ᠋ᠠᠰᠢ ᠨᠠᠷ ᠢᠶᠠᠷ ᠲᠤᠯᠤᠭᠠᠶᠢᠯᠠᠭᠤᠯᠤᠭᠰᠠᠨ ᠪᠦᠯᠦᠭ ᠬᠤᠯᠠᠭᠠᠶᠢᠴᠢ ᠶᠢᠨ ᠭᠡᠷᠡᠭ ᠢ ᠵᠠᠰᠠᠭ ᠤᠨ | ᠭᠠᠵᠠᠷ ᠤᠨ ᠰᠢᠢᠳᠪᠤᠷᠢ ᠪᠠᠷ ᠲᠤᠮᠢᠯᠠᠭᠳᠠᠭᠰᠠᠨ ᠺᠤᠮᠢᠰ ᠪᠤᠯᠤᠨ ᠬᠤᠰᠢᠭᠤ ᠵᠠᠬᠢᠷᠭᠠᠨ ᠤ ᠤᠷᠤᠯᠴᠠᠭ᠎ᠠ ᠲᠠᠢ ᠪᠠᠷ | ᠰᠢᠬᠦᠨ ᠲᠠᠰᠤᠯᠵᠤ ᠨᠤᠳᠤᠭ ᠤᠨ ᠠᠷᠠᠳ ᠤᠯᠠᠨ ᠤ ᠠᠮᠤᠭᠤᠯᠠᠩ ᠲᠠᠶᠢᠪᠤᠩ ᠪᠠᠶᠢᠳᠠᠯ ᠢ ᠰᠠᠬᠢᠨ ᠲᠦᠪᠬᠢᠨᠡᠬᠦᠯᠵᠤ | ᠪᠠᠶᠢᠵᠠᠢ᠃ ᠪᠤᠷᠢᠶᠠᠳ ᠤᠨ ᠭᠡᠷᠡᠭ ᠢ ᠡᠷᠬᠢᠯᠡᠬᠦ ᠬᠤᠷᠠᠯ ᠤᠨ ᠭᠠᠵᠠᠷ ᠨᠢ ᠮᠤᠩᠭᠤᠯ ᠳᠤ ᠢᠷᠡᠭᠰᠡᠨ ᠪᠤᠷᠢᠶᠠᠳ ᠨᠠᠷ ᠤᠨ | ᠲᠠᠭᠠᠷ᠎ᠠ ᠤᠷᠤᠬᠤ ᠠᠰᠠᠭᠤᠳᠠᠯ ᠢ ᠪᠡᠯᠡᠳᠭᠡᠨ ᠮᠤᠩᠭᠤᠯ ᠤᠨ ᠵᠢᠩᠬᠢᠨᠢ ᠬᠠᠷᠢᠶᠠᠳᠤ ᠪᠤᠯᠵᠤ ᠵᠠᠰᠠᠭ ᠵᠠᠬᠢᠷᠭᠠᠨ ᠤ | ᠵᠤᠬᠢᠶᠠᠨ ᠪᠠᠶᠢᠭᠤᠯᠤᠯᠳᠠ ᠳᠤ ᠤᠷᠤᠬᠤ ᠬᠦᠷᠳᠡᠯ᠎ᠡ ᠠᠵᠢᠯᠯᠠᠬᠤ ᠲᠦᠷ ᠪᠠᠶᠢᠭᠤᠯᠭ᠎ᠠ ᠪᠠᠶᠢᠭᠰᠠᠨ ᠪᠦᠭᠡᠳ ᠲᠤᠬᠠᠢ ᠶᠢᠨ | ᠦᠶ᠎ᠠ ᠳᠡᠭᠡᠨ ᠶᠡᠭᠡ ᠡᠬᠦᠷᠭᠡ ᠬᠦᠢᠴᠡᠳᠭᠡᠵᠤ ᠪᠠᠶᠢᠵᠠᠢ᠃ | ᠨᠡᠶᠢᠰᠯᠡᠯ ᠬᠦᠷᠢᠶᠠᠨ ᠳᠤ ᠰᠠᠭᠤᠭ᠎ᠠ ᠪᠤᠷᠢᠶᠠᠳ ᠨᠠᠷ ᠤᠨ ᠬᠤᠶᠠᠳᠡᠬᠢ ᠬᠤᠷᠠᠯ 1922 ᠤᠨ ᠤ 7 ᠳ᠋ᠤᠭᠠᠷ | ᠰᠠᠷ᠎ᠠ ᠶᠢᠨ 12 ᠤᠨ ᠡᠳᠤᠷ ᠪᠤᠯᠵᠤ᠂ ᠤᠳᠤ ᠴᠠᠭ ᠤᠨ ᠪᠠᠶᠢᠳᠠᠯ᠂ ᠮᠤᠩᠭᠤᠯ ᠭᠠᠵᠠᠷ ᠪᠠᠶᠢᠭ᠎ᠠ ᠪᠤᠷᠢᠶᠠᠳ ᠢ ᠭᠡᠷᠬᠢᠨ | ᠲᠤᠬᠤᠨᠢᠭᠤᠯᠬᠤ ᠪᠠ ᠤᠤᠯ ᠨᠤᠳᠤᠭ ᠯᠤᠭ᠎ᠠ ᠭᠡᠷᠬᠢᠨ ᠬᠠᠷᠢᠯᠴᠠᠬᠤ ᠲᠤᠬᠠᠢ᠂ ᠮᠤᠩᠭᠤᠯ ᠭᠠᠵᠠᠷ ᠪᠦᠬᠦᠢ ᠪᠤᠷᠢᠶᠠᠳ | ᠨᠠᠷ ᠤᠨ ᠡᠷᠭᠡ᠂ ᠡᠬᠦᠷᠭᠡ ᠭᠡᠷᠬᠢᠨ ᠪᠤᠢ ᠪᠤᠯᠬᠤ ᠲᠤᠬᠠᠢ ᠵᠡᠷᠭᠡ ᠠᠰᠠᠭᠤᠳᠠᠯ ᠢ ᠭᠡᠯᠡᠯᠴᠡᠭᠰᠡᠨ ᠪᠠᠶᠢᠨ᠎ᠠ᠃ ᠲᠡᠷᠡ | ᠦᠶ᠎ᠠ ᠳᠤ ᠮᠤᠩᠭᠤᠯ ᠤᠨ ᠬᠠᠷᠢᠶᠠᠳᠤ ᠪᠠᠷ ᠪᠦᠷᠢᠳᠭᠡᠭᠳᠡᠭᠡᠳ ᠪᠠᠶᠢᠭᠰᠠᠨ 1624 ᠠᠶᠢᠯ ᠡᠷᠤᠭᠡ ᠶᠢ ᠲᠦᠯᠤᠭᠡᠯᠡᠵᠤ | ᠢᠷᠡᠭᠰᠡᠨ 45 ᠲᠦᠯᠤᠭᠡᠯᠡᠭᠴᠢ ᠬᠤᠷᠠᠯ ᠳᠤ ᠤᠷᠤᠯᠴᠠᠭᠰᠠᠨ ᠪᠠᠶᠢᠨ᠎ᠠ᠃ | ᠡᠨᠡ ᠬᠤᠷᠠᠯ ᠳᠤ ᠵᠦᠪᠯᠡᠯᠳᠤ ᠶᠢᠨ ᠵᠠᠰᠠᠭᠳᠤ ᠤᠷᠤᠰ ᠤᠯᠤᠰ ᠪᠠ ᠠᠯᠤᠰ ᠲᠤᠷᠤᠨᠠᠳᠤ ᠶᠢᠨ ᠪᠤᠷᠢᠶᠠᠳ ᠤᠨ | ᠨᠠᠶᠢᠷᠠᠮᠳᠠᠬᠤ ᠤᠯᠤᠰ ᠤᠨ ᠪᠦᠷᠢᠨ ᠡᠷᠭᠡ ᠪᠠᠷᠢᠬᠤ ᠡᠯᠴᠢᠨ ᠰᠠᠶᠢᠳ ᠯᠸᠤᠪᠧᠷᠼᠤᠸ᠋᠂ ᠮᠤᠩᠭᠤᠯ ᠠᠷᠠᠳ ᠤᠨ ᠨᠠᠮ ᠤᠨ | ᠲᠦᠪ ᠬᠤᠷᠢᠶᠠᠨ ᠤ ᠲᠠᠷᠤᠭ᠎ᠠ ᠳ᠋ᠠᠮᠪᠠᠳᠤᠷᠵᠢ᠂ ᠠᠷᠠᠳ ᠤᠨ ᠵᠠᠰᠠᠭ ᠤᠨ ᠭᠠᠵᠠᠷ ᠤᠨ ᠨᠠᠷᠢᠨ ᠪᠢᠴᠢᠭ ᠤᠨ ᠲᠠᠷᠤᠭ᠎ᠠ | ᠨᠠᠸᠠᠩᠨᠠᠮᠵᠢᠯ᠂ ᠮᠤᠩᠭᠤᠯ ᠠᠷᠠᠳ ᠤᠨ ᠪᠦᠬᠦ ᠴᠡᠷᠢᠭ ᠤᠨ ᠵᠠᠩᠵᠤᠨ ᠪᠦᠭᠡᠳ ᠴᠡᠷᠢᠭ ᠤᠨ ᠶᠠᠮᠤᠨ ᠤ ᠲᠡᠷᠢᠬᠦᠨ | ᠰᠠᠶᠢᠳ ᠳ᠋᠊ · ᠰᠦᠭᠡᠪᠠᠭᠠᠳᠤᠷ ᠨᠠᠷ ᠤᠷᠤᠯᠴᠠᠵᠤ ᠦᠭᠡ ᠭᠡᠯᠡᠭᠰᠡᠨ ᠪᠠᠶᠢᠨ᠎ᠠ᠃ ᠳ᠋᠊ · ᠰᠦᠭᠡᠪᠠᠭᠠᠳᠤᠷ᠂ ᠴᠢᠩᠬᠢᠰ | ᠬᠠᠭᠠᠨ ᠠᠴᠠ ᠢᠨᠠᠭᠰᠢᠬᠢ ᠪᠦᠬᠦ ᠮᠤᠩᠭᠤᠯ ᠤᠯᠤᠰ ᠤᠨ ᠪᠠᠶᠢᠳᠠᠯ ᠲᠡᠤᠭᠡ ᠶᠢ ᠲᠡᠯᠭᠡᠷᠡᠩᠬᠦᠢ ᠦᠬᠦᠯᠡᠵᠤ᠂ ᠤᠭ ᠠᠴᠠ | ᠮᠤᠩᠭᠤᠯ ᠤᠯᠤᠰ ᠢ ᠶᠡᠭᠡ ᠬᠦᠴᠤᠳᠤ ᠤᠷᠤᠰ ᠪᠠ ᠬᠢᠳᠠᠳ ᠵᠡᠷᠭᠡ ᠶᠢᠨ ᠡᠵᠡᠷᠭᠡᠭ ᠵᠠᠰᠠᠭ ᠤᠳ ᠵᠦᠭ ᠪᠦᠷᠢ ᠠᠴᠠ | ᠬᠤᠪᠢᠶᠠᠨ ᠠᠪᠴᠤ ᠰᠠᠷᠨᠢᠭᠤᠯᠤᠭᠰᠠᠨ ᠠᠴᠠ ᠬᠤᠶᠢᠰᠢ ᠤᠨ ᠤᠳᠠᠭᠰᠠᠨ ᠨᠢ ᠬᠠᠷᠢᠯᠴᠠᠨ ᠪᠠᠶ᠎ᠠ ᠪᠠᠶ᠎ᠠ ᠪᠠᠨ ᠲᠠᠨᠢᠬᠤ | ᠦᠭᠡᠢ ᠦᠭᠡᠷ᠎ᠠ ᠤᠪᠤᠭᠳᠠᠨ ᠮᠡᠳᠤ ᠦᠵᠡᠬᠦ ᠪᠤᠯᠭᠠᠵᠠᠢ᠃ ᠤᠳᠤ ᠠᠪᠠᠰᠤ ᠠᠷᠠᠳ ᠤᠨ ᠡᠷᠭᠡ ᠲᠠᠢ ᠵᠠᠰᠠᠭ ᠢ | ᠪᠠᠶᠢᠭᠤᠯᠵᠤ ᠪᠦᠬᠦ ᠮᠤᠩᠭᠤᠯ ᠤᠪᠤᠭᠳᠠᠨ ᠢ ᠨᠢᠭᠡᠳᠭᠡᠬᠦ ᠶᠢ ᠭᠤᠤᠯ ᠵᠤᠷᠢᠯᠳᠠ ᠪᠤᠯᠭᠠᠭᠰᠠᠨ ᠲᠤᠯᠠ ᠨᠢᠭᠡᠨ | ᠦᠨᠳᠤᠰᠤᠳᠡᠨ ᠤ ᠪᠤᠷᠢᠶᠠᠳ ᠨᠠᠷ ᠤᠨ ᠲᠦᠯᠤᠭᠡᠯᠡᠭᠴᠢᠳ ᠤᠴᠢᠷ ᠢ ᠮᠡᠳᠡᠵᠤ ᠮᠤᠩᠭᠤᠯ ᠤᠯᠤᠰ ᠯᠤᠭ᠎ᠠ ᠡᠨᠡ | ᠡᠳᠤᠷ ᠠᠴᠠ ᠨᠡᠶᠢᠯᠡᠵᠤ ᠤᠯᠤᠰ ᠲᠦᠷᠤ ᠪᠠ ᠱᠠᠰᠢᠨ ᠰᠤᠷᠭᠠᠯ ᠢ ᠬᠦᠨᠳᠤᠳᠭᠡᠨ᠂ ᠠᠷᠠᠳ ᠲᠦᠮᠡᠨ ᠢᠶᠠᠨ | ᠵᠢᠷᠭᠠᠯᠠᠩ ᠳᠤ ᠲᠠᠪᠰᠢᠬᠦᠯᠵᠤ᠂ ᠡᠬᠦᠷᠢᠳᠡ ᠪᠠᠳᠤᠳᠬᠠᠬᠤ ᠪᠤᠯᠤᠨ᠎ᠠ ᠭᠡᠵᠤ ᠭᠡᠯᠡᠭᠰᠡᠨ ᠪᠠᠶᠢᠨ᠎ᠠ᠃ | ᠡᠨᠡ ᠬᠤᠷᠠᠯ ᠳᠤ ᠡᠯᠪᠡᠭᠳᠤᠷᠵᠢ ᠶᠢᠨ ᠷᠢᠨᠴᠢᠨ ᠠᠴᠠ ᠲᠤᠤᠷᠠᠬᠢ ᠦᠭᠡ ᠶᠢ ᠭᠡᠯᠡᠭᠰᠡᠨ ᠪᠠᠶᠢᠨ᠎ᠠ᠃ ᠡᠬᠦᠨ ᠳᠤ᠄ ︽ | ᠪᠤᠷᠢᠶᠠᠳ ᠮᠤᠩᠭᠤᠯᠴᠤᠳ ᠤᠨ ᠡᠶᠢᠨ ᠬᠦ ᠭᠠᠴᠢᠭᠳᠠᠯ ᠲᠠᠢ ᠪᠠᠶᠢᠳᠠᠯ ᠠᠴᠠ ᠠᠩᠬᠢᠵᠢᠷᠠᠨ ᠬᠠᠭᠠᠴᠠᠬᠤ ᠠᠷᠭ᠎ᠠ ᠨᠢ | ᠭᠠᠭᠴᠠ ᠬᠦ ᠮᠤᠩᠭᠤᠯ ᠭᠠᠵᠠᠷ ᠨᠡᠬᠦᠵᠤ᠂ ᠬᠦᠷᠤᠩᠭᠡ ᠬᠤᠭᠰᠢᠯ ᠪᠠ ᠠᠮᠢ ᠨᠠᠰᠤ ᠪᠠᠨ ᠬᠠᠮᠠᠭᠠᠯᠠᠨ ᠭᠠᠷᠭᠠᠳᠠᠭ | ᠤᠴᠢᠷ ᠢ ᠦᠨᠡᠨ ᠭᠡᠮᠡᠨ ᠮᠡᠳᠡᠬᠦ ᠠᠪᠠᠰᠤ᠂ ᠡᠶᠢᠨ ᠬᠦ ᠵᠦᠪᠯᠡᠯᠳᠤ ᠵᠠᠰᠠᠭᠳᠤ ᠤᠷᠤᠰ ᠤᠯᠤᠰ ᠪᠠ ᠮᠤᠩᠭᠤᠯ | ᠤᠯᠤᠰ ᠤᠨ ᠬᠤᠭᠤᠷᠤᠨᠳᠤᠬᠢ ᠡᠪ ᠨᠠᠶᠢᠷᠠᠮᠳᠠᠯ ᠳᠤ ᠶᠡᠭᠡ ᠲᠤᠰᠠ ᠲᠠᠢ ᠠᠵᠤᠭᠤ᠃ ᠤᠴᠢᠷ ᠨᠢ ᠮᠤᠩᠭᠤᠯ ᠤᠨ | ᠮᠠᠯ ᠤᠨ ᠠᠵᠢᠯ ᠪᠤᠯᠪᠠᠰᠤ ᠪᠤᠯᠪᠠᠰᠤᠷᠠᠭᠠ ᠦᠭᠡᠢ ᠨᠡᠩ ᠪᠠᠭᠤᠷᠠᠢ ᠪᠦᠭᠡᠳ ᠠᠭᠠᠷ ᠤᠨ ᠬᠤᠢ ᠰᠠᠯᠬᠢ ᠮᠡᠳᠤ ᠶᠢᠨ | ᠠᠶᠤᠯ ᠳᠤ ᠲᠠᠭᠠᠷᠢᠭᠳᠠᠬᠤ ᠵᠤᠪᠠᠯᠠᠩ ᠵᠦᠳᠡᠬᠦᠷᠢ ᠦᠵᠡᠳᠡᠭ ᠠᠴᠠ ᠭᠠᠳᠠᠨ᠎ᠠ ᠮᠤᠩᠭᠤᠯ ᠨᠡᠩ ᠦᠴᠤᠭᠡᠨ ᠠᠴᠠ | ᠠᠭᠤᠵᠢᠮ ᠲᠠᠷᠠᠬᠠᠢ ᠰᠠᠭᠤᠳᠠᠯ ᠲᠠᠢ ᠪᠦᠭᠡᠳ ᠪᠤᠯᠪᠠᠰᠤᠨ ᠬᠤᠳᠠ ᠶᠢ ᠪᠠᠶᠢᠭᠤᠯᠵᠤ ᠶᠤᠰᠤᠴᠢᠯᠠᠨ ᠬᠦᠮᠤᠵᠢᠵᠤ ᠲᠤᠰ | ᠤᠯᠤᠰ ᠲᠦᠷᠤ ᠶᠢᠨ ᠪᠠᠶᠢᠳᠠᠯ ᠢ ᠪᠠᠳᠤᠳᠬᠠᠨ ᠲᠤᠭᠳᠠᠭᠠᠭᠠ ᠦᠭᠡᠢ ᠤᠴᠢᠷ ᠠᠴᠠ ᠮᠤᠩᠭᠤᠯᠴᠤᠳ ᠤᠨ ᠭᠤᠤᠯ | ᠠᠵᠢᠯ ᠮᠠᠯ ᠤᠨ ᠦᠰᠭᠡᠪᠤᠷᠢ ᠪᠤᠯᠪᠠᠰᠤ ᠢᠮᠠᠭᠳᠠ ᠲᠡᠭᠷᠢ ᠶᠢᠨ ᠭᠠᠩ ᠵᠤᠳ ᠤᠨ ᠭᠠᠮᠰᠢᠭ ᠲᠤ ᠦᠷᠡᠭᠳᠡᠵᠤ | ᠪᠠᠶᠢᠳᠠᠭ ᠠᠴᠠ ᠡᠨᠡ ᠬᠦ ᠠᠵᠢᠯ ᠨᠢ ᠤᠯᠤᠰ ᠤᠨ ᠰᠠᠩ ᠬᠦᠮᠤᠷᠭᠡ ᠶᠢᠨ ᠦᠨᠳᠤᠰᠤ ᠪᠤᠯᠵᠤ ᠴᠢᠳᠠᠭ᠎ᠠ ᠦᠭᠡᠢ᠃ | ᠪᠤᠷᠢᠶᠠᠳ ᠮᠤᠩᠭᠤᠯ ᠪᠤᠯᠪᠠᠰᠤ ᠲᠠᠷᠢᠶ᠎ᠠ ᠬᠠᠳᠤᠯᠠᠩ ᠪᠠ ᠮᠠᠯ ᠤᠨ ᠦᠰᠭᠡᠪᠤᠷᠢ ᠶᠢᠨ ᠠᠵᠢᠯ ᠪᠦᠬᠦᠨ ᠳᠤ | ᠮᠤᠩᠭᠤᠯ ᠠᠴᠠ ᠦᠯᠡᠮᠵᠢᠭᠡᠨ ᠪᠤᠯᠪᠠᠰᠤᠷᠠᠭᠰᠠᠨ ᠤᠴᠢᠷ ᠲᠠᠢ ᠲᠤᠯᠠ᠂ ᠮᠤᠩᠭᠤᠯ ᠭᠠᠵᠠᠷ ᠨᠡᠬᠦᠨ ᠢᠷᠡᠪᠡᠰᠤ᠂ ᠡᠯᠳᠡᠪ | ᠠᠵᠢᠯ ᠤᠨ ᠪᠤᠯᠪᠠᠰᠤᠷᠠᠯ ᠪᠠ ᠡᠷᠳᠡᠮ ᠰᠤᠶᠤᠯ ᠢ ᠨᠡᠪᠳᠡᠷᠡᠬᠦᠯᠬᠦ ᠲᠤᠬᠠᠢ ᠭᠡᠷᠡᠭ ᠲᠤ ᠶᠡᠭᠡ ᠲᠤᠰᠠ ᠲᠠᠢ ᠭᠡᠮᠡᠬᠦ ᠠᠴᠠ | ᠭᠠᠳᠠᠨ᠎ᠠ ᠡᠷᠭᠡᠤ ᠮᠤᠵᠢ ᠶᠢᠨ ᠪᠤᠷᠢᠶᠠᠳ ᠨᠠᠷ ᠮᠡᠳᠤ ᠪᠤᠯᠪᠠᠰᠤᠨ ᠬᠤᠳᠠ ᠭᠠᠵᠠᠷ ᠰᠠᠭᠤᠳᠠᠯ ᠲᠠᠢ ᠬᠦᠮᠤᠰ ᠢᠷᠡᠮᠤᠢ᠃ | ᠵᠢᠴᠢ᠄ ᠪᠤᠯᠪᠠᠰᠤᠨ ᠠᠵᠢᠯ ᠳᠤ ᠰᠤᠷᠤᠭᠰᠠᠨ ᠬᠦᠮᠤᠰ ᠴᠢᠯᠤᠭᠡ ᠪᠠ ᠵᠡᠷᠯᠢᠭ ᠭᠠᠵᠠᠷ ᠤᠳ ᠢᠶᠠᠷ ᠰᠠᠭᠤᠷᠢᠯᠠᠵᠤ᠂ | ᠡᠯᠳᠡᠪ ᠪᠤᠯᠪᠠᠰᠤᠨ ᠠᠵᠢᠯ ᠢ ᠲᠡᠯᠭᠡᠷᠡᠬᠦᠯᠬᠦ ᠪᠤᠯᠤᠮᠤᠢ᠃ ᠤᠳᠤ ᠮᠤᠩᠭᠤᠯ ᠭᠠᠵᠠᠷ ᠠᠷᠠᠳ ᠤᠨ ᠡᠷᠭᠡᠳᠤ ᠵᠠᠰᠠᠭ | ᠪᠠᠶᠢᠭᠤᠯᠤᠭᠰᠠᠨ ᠤ ᠲᠤᠯᠠ ᠨᠡᠬᠦᠵᠤ ᠢᠷᠡᠭᠰᠡᠨ ᠪᠤᠷᠢᠶᠠᠳ ᠨᠠᠷ ᠤᠨ ᠬᠠᠭᠤᠴᠢᠨ ᠬᠠᠰᠢᠭᠳᠠᠵᠤ ᠪᠦᠬᠦᠢ ᠵᠤᠬᠢᠰ ᠦᠭᠡᠢ | ᠪᠠᠶᠢᠳᠠᠯ ᠢ ᠪᠦᠷᠢᠮᠤᠰᠤᠨ ᠤᠰᠠᠳᠬᠠᠵᠤ ᠵᠢᠷᠤᠮ ᠲᠠᠢ ᠪᠠᠶᠢᠳᠠᠯ ᠢ ᠲᠤᠭᠳᠠᠭᠠᠪᠠᠰᠤ ᠵᠤᠬᠢᠮᠤᠢ︾ ᠭᠡᠮᠡᠨ ᠮᠡᠳᠡᠬᠦᠯᠦᠭᠰᠡᠨ ᠢ | ᠬᠤᠷᠠᠯᠳᠤᠭᠠᠨ ᠢᠶᠠᠷ ᠰᠤᠨᠤᠰᠤᠭᠠᠳ ᠲᠤᠤᠷᠠᠬᠢ ᠰᠢᠢᠳᠪᠤᠷᠢ ᠶᠢ ᠭᠠᠷᠭᠠᠭᠰᠠᠨ ᠪᠠᠶᠢᠨ᠎ᠠ᠄ ᠨᠢᠭᠡ᠂ ᠮᠤᠩᠭᠤᠯ ᠭᠠᠵᠠᠷ | ᠨᠡᠬᠦᠵᠤ ᠢᠷᠡᠭᠰᠡᠨ ᠪᠤᠷᠢᠶᠠᠳ ᠨᠠᠷ ᠰᠢᠭᠤᠳ ᠮᠤᠩᠭᠤᠯ ᠤᠯᠤᠰ ᠤᠨ ᠬᠠᠷᠢᠶᠠᠳᠤ ᠪᠤᠯᠵᠤ ᠲᠠᠭᠠᠷ᠎ᠠ ᠤᠷᠤᠪᠠᠰᠤ | ᠵᠤᠬᠢᠮᠤᠢ᠃ ᠭᠡᠷᠪᠡ ᠲᠠᠭᠠᠷ᠎ᠠ ᠤᠷᠤᠬᠤ ᠦᠭᠡᠢ ᠪᠤᠯ ᠤᠭ ᠨᠤᠳᠤᠭ ᠲᠠᠭᠠᠨ ᠪᠤᠴᠠᠬᠤ ᠪᠤᠶᠤ ᠡᠰᠡᠪᠡᠯ ᠨᠡᠶᠢᠳᠡ ᠶᠢᠨ | ᠲᠦᠷᠢᠮ ᠢᠶᠠᠷ ᠪᠤᠰᠤᠳ ᠤᠯᠠᠨ ᠭᠠᠳᠠᠭᠠᠳᠤ ᠬᠦᠮᠤᠰ ᠲᠠᠢ ᠨᠢᠭᠡᠨ ᠠᠳᠠᠯᠢ ᠶᠠᠪᠤᠭᠤᠯᠪᠠᠰᠤ ᠵᠤᠬᠢᠮᠤᠢ᠃ ᠬᠤᠶᠠᠷ᠂ | ᠲᠠᠭᠠᠷ᠎ᠠ ᠤᠷᠤᠭᠰᠠᠨ ᠪᠤᠷᠢᠶᠠᠳ ᠨᠠᠷ ᠲᠤ ᠲᠠᠷᠢᠶᠠᠯᠠᠩ ᠲᠠᠷᠢᠬᠤ᠂ ᠬᠠᠳᠤᠯᠠᠩ ᠮᠠᠯ ᠤᠨ ᠪᠡᠯᠴᠢᠭᠡᠷ ᠪᠦᠬᠦᠢ ᠤᠰᠤ | ᠮᠤᠳᠤ ᠪᠡᠯᠡᠳᠭᠡᠬᠦ ᠭᠠᠵᠠᠷ ᠤᠳ ᠢ ᠲᠤᠰᠬᠠᠢ ᠵᠢᠭᠠᠨ ᠤᠯᠭᠤᠵᠤ ᠨᠤᠳᠤᠭᠯᠠᠭᠤᠯᠤᠨ ᠰᠠᠭᠤᠯᠭᠠᠪᠠᠰᠤ ᠵᠤᠬᠢᠬᠤ | ᠭᠠᠵᠠᠷ ᠤᠳ ᠢ ᠲᠤᠭᠠᠴᠢᠪᠠᠰᠤ ᠵᠤᠬᠢᠮᠤᠢ᠃ ᠭᠤᠷᠪᠠ᠂ ᠤᠳᠤ ᠮᠤᠩᠭᠤᠯ ᠭᠠᠵᠠᠷ ᠪᠦᠬᠦᠢ ᠪᠠ ᠬᠤᠶᠢᠨ᠎ᠠ ᠠᠴᠠ ᠨᠡᠬᠦᠨ | ᠢᠷᠡᠵᠤ᠂ ᠮᠤᠩᠭᠤᠯ ᠳᠤ ᠲᠠᠭᠠᠷ᠎ᠠ ᠤᠷᠤᠬᠤ ᠪᠤᠷᠢᠶᠠᠳ ᠨᠠᠷ ᠢ ᠮᠤᠩᠭᠤᠯ ᠤᠯᠤᠰ ᠤᠨ ᠠᠷᠠᠳ ᠤᠨ ᠵᠠᠰᠠᠭ ᠤᠨ | ᠭᠠᠵᠠᠷ ᠨᠢ ᠵᠤᠬᠢᠬᠤ ᠤᠯᠤᠰ ᠤᠳ ᠯᠤᠭ᠎ᠠ ᠬᠠᠷᠢᠯᠴᠠᠨ ᠭᠡᠯᠡᠯᠴᠡᠵᠤ ᠤᠭ ᠨᠤᠳᠤᠭ ᠠᠴᠠ ᠲᠠᠯᠪᠢᠭᠤᠯᠤᠨ ᠮᠤᠩᠭᠤᠯ ᠤᠨ | ᠬᠠᠷᠢᠶᠠᠳᠤ ᠪᠤᠯᠭᠠᠬᠤ ᠤᠴᠢᠷ ᠠᠴᠠ ᠲᠡᠳᠡᠭᠡᠷ ᠪᠤᠷᠢᠶᠠᠳ ᠨᠠᠷ ᠤᠨ ᠤᠭ ᠨᠤᠳᠤᠭ ᠲᠤ ᠬᠤᠴᠤᠷᠤᠭᠰᠠᠨ ᠭᠠᠵᠠᠷ ᠪᠠ | ᠦᠯᠤ ᠬᠦᠳᠡᠯᠬᠦ ᠬᠦᠷᠤᠩᠭᠡ ᠶᠢ ᠬᠤᠳᠠᠯᠳᠤᠭᠤᠯᠬᠤ ᠪᠤᠶᠤ ᠲᠦᠷ ᠬᠤᠬᠢᠷᠠᠯ ᠦᠭᠡᠢ ᠪᠤᠯᠭᠠᠬᠤ ᠶᠢ ᠭᠤᠶᠤᠰᠤᠭᠠᠢ | ᠭᠡᠰᠡᠨ ᠢᠶᠠᠷ ᠤᠭ ᠬᠤᠷᠠᠯ ᠤᠨ ᠠᠵᠢᠯᠯᠠᠭ᠎ᠠ ᠲᠠᠭᠤᠰᠤᠭᠰᠠᠨ ᠪᠠᠶᠢᠨ᠎ᠠ᠃ ︵ᠲᠡᠭᠡᠳᠤ︶ | |