ᠭᠡᠭᠡᠨ ᠬᠠᠭᠠᠨ
ᠨᠡᠶᠢᠲᠡᠯᠡᠭᠰᠡᠨ ᠴᠠᠭ᠄
2019/9/20
ᠭᠡᠭᠡᠨ ᠬᠠᠭᠠᠨ ︵1303 — 1323︶ ᠶᠡᠭᠡ ᠮᠤᠩᠭᠤᠯ ᠤᠯᠤᠰ ᠤᠨ ᠶᠢᠰᠦᠳᠦᠭᠡᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠲᠠᠪᠤᠳᠤᠭᠠᠷ ᠦᠶ᠎ᠡ  ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ ᠤᠯᠤᠰ ᠲᠦᠷᠦ ᠶᠢᠨ ᠰᠢᠨᠡᠴᠢᠯᠡᠭᠴᠢ᠃ ᠪᠤᠶᠠᠨᠲᠤ ᠬᠠᠭᠠᠨ ᠤ ᠠᠬᠠᠮᠡᠳ ᠬᠦᠪᠡᠭᠦᠨ᠂ ᠡᠭᠡ ᠨᠢ ᠬᠤᠩᠬᠢᠷᠠᠳ ᠤᠪᠤᠭᠲᠤ ᠠᠨᠠᠰᠢᠰᠢᠷᠢ ︵ᠨᠡᠭᠡᠮᠵᠢ ᠠᠯᠳᠠᠷ ᠲᠦᠪ ᠡᠷᠬᠢᠮ ᠡᠨᠡᠷᠢᠯᠲᠤ ᠠᠷᠢᠭᠤᠨ ᠳᠡᠭᠡᠲᠤ ᠬᠠᠲᠤᠨ᠂ ᠬᠤᠵᠢᠮ ᠤᠨ ᠨᠡᠭᠡᠮᠵᠢ ᠠᠯᠳᠠᠷ ᠨᠢ ᠳᠡᠯᠭᠡᠷ ᠨᠢᠭᠦᠯᠡᠰᠦᠩᠭᠦᠢ ᠡᠷᠬᠢᠮ ᠠᠷᠢᠭᠤᠬᠠᠨ ᠡᠰᠢ ᠬᠠᠲᠤᠨ︶᠂ ᠶᠢᠨ ᠸᠠᠩ ᠶᠢᠰᠦᠨᠲᠡᠮᠦᠷ ᠤᠨ ᠦᠶᠡᠯᠢ ᠠᠴᠢ᠃ ᠴᠡᠭᠡᠷᠯᠡᠭᠦᠢ ᠨᠡᠷ᠎ᠡ ᠨᠢ ᠰᠢᠳᠢᠪᠠᠯᠡ᠂ ᠡᠷᠭᠦᠮᠵᠢ ᠠᠯᠳᠠᠷ ᠨᠢ ᠭᠡᠭᠡᠨ ᠬᠠᠭᠠᠨ᠂ ᠨᠡᠭᠡᠮᠵᠢ ᠠᠯᠳᠠᠷ ᠨᠢ ᠰᠤᠳᠤ ᠠᠷᠢᠭᠤᠨ ᠪᠢᠴᠢᠭᠲᠦ ᠲᠠᠬᠢᠮᠳᠠᠭᠤ ᠬᠠᠭᠠᠨ᠂ ᠰᠦᠮ᠎ᠡ ᠶᠢᠨ ᠠᠯᠳᠠᠷ ᠨᠢ ᠪᠢᠯᠢᠭᠲᠦ ᠬᠠᠭᠠᠨ᠃ ᠪᠤᠶᠠᠨᠲᠤ ᠬᠠᠭᠠᠨ  ᠤ ᠳᠡᠷᠭᠡᠳᠡ ᠦᠰᠴᠠᠢ᠃ ᠪᠢᠴᠢᠭ ᠤᠨ ᠰᠤᠷᠭᠠᠯ ᠢ ᠬᠦᠢᠴᠡᠳ ᠬᠦᠷᠲᠡᠪᠡ᠃ ᠪᠤᠶᠠᠨᠲᠤ ᠬᠠᠭᠠᠨ ᠲᠡᠭᠦᠨ ᠢ ᠳᠠᠶᠠ ᠬᠦᠪᠡᠭᠦᠨ ᠡᠷᠭᠦᠮᠵᠢᠯᠡᠨ᠎ᠡ ᠭᠡᠰᠡᠨ ᠢ ᠰᠤᠨᠤᠰᠤᠭᠠᠳ ᠲᠡᠷᠡ ᠪᠠᠷ ᠳᠡᠭᠡᠲᠣ ᠬᠠᠲᠤᠨ ᠡᠭᠡ ᠳᠤ ᠪᠠᠨ ᠪᠠᠷᠠᠯᠬᠠᠵᠤ᠄ ︽ᠮᠢᠨᠦ ᠨᠠᠰᠤ ᠦᠴᠦᠭᠡᠨ ᠪᠦᠭᠡᠳ ᠴᠢᠳᠠᠯ ᠬᠦᠢᠴᠡᠳ ᠪᠤᠰᠤ᠂ ᠲᠡᠭᠡᠬᠦ ᠮᠦᠷᠲᠡᠭᠡᠨ ᠠᠬ᠎ᠠ ᠮᠢᠨᠢ ᠪᠠᠰᠡ ᠪᠠᠶᠢᠭᠰᠠᠭᠠᠷ ᠲᠤᠯᠡ ᠠᠬ᠎ᠠ ᠶᠢ ᠡᠷᠭᠦᠮᠵᠢᠯᠡᠪᠡᠯ ᠵᠣᠬᠢᠨ᠎ᠠ᠂ ᠪᠢ ᠲᠡᠭᠦᠨ ᠢ ᠲᠤᠰᠠᠯᠠᠶ᠎ᠡ︾ ᠭᠡᠵᠤ ᠡᠷᠡᠰ ᠲᠠᠲᠠᠭᠠᠯᠵᠠᠪᠠ᠂ ᠬᠡᠪᠡᠴᠤ ᠳᠡᠭᠡᠲᠤ ᠬᠠᠲᠤᠨ ᠡᠭᠡ ᠨᠢ ᠡᠰᠡ ᠵᠦᠪᠰᠢᠶᠡᠷᠡᠪᠡ᠃ 1316 ᠤᠨ ᠳᠤ ᠳᠠᠶᠠ ᠬᠦᠪᠡᠭᠦᠨ ᠡᠷᠭᠦᠮᠵᠢᠯᠡᠭᠳᠡᠪᠡ᠃ 1320 ᠤᠨ ᠤ 3 ᠰᠠᠷ᠎ᠠ ᠳᠤ ᠡᠯᠦᠨᠴᠡ ᠳᠡᠭᠡᠲᠤ ᠬᠠᠲᠤᠨ ᠳ᠋ᠠᠵᠢ ᠪᠤᠯᠤᠨ ᠳᠤᠮᠳᠠᠲᠤ ᠪᠢᠴᠢᠭ ᠤᠨ ᠮᠤᠵᠢ ᠶᠢᠨ ᠪᠠᠷᠠᠭᠤᠨ ᠭᠠᠷ ᠤᠨ ᠲᠡᠷᠢᠭᠦᠨ ᠰᠠᠶᠢᠳ ᠲᠡᠮᠦᠳᠡᠷ ᠤᠨ ᠳᠡᠮᠵᠢᠯᠭᠡ ᠳᠤᠤᠷ᠎ᠠ ᠶᠡᠭᠡ ᠨᠡᠶᠢᠰᠯᠡᠯ ᠤᠨ ᠶᠡᠭᠡ ᠭᠡᠭᠡᠭᠡᠨ ᠬᠠᠷᠰᠢ ᠳᠤ ᠬᠠᠭᠠᠨ ᠤᠷᠤᠨ ᠳᠤ ᠰᠠᠭᠠᠲᠠᠪᠠ᠃ 1321 ᠤᠨ ᠳᠤ ᠤᠨ ᠤ ᠴᠤᠯᠡ ᠪᠠᠨ ᠭᠠᠷᠮᠠᠭᠠᠢ ᠵᠠᠰᠠᠭᠲᠤ ᠤᠨ ᠬᠡᠪᠡ᠃ 1321 ᠤᠨ ᠤ 5 ᠰᠠᠷ᠎ᠠ ᠳᠤ ᠭᠡᠭᠡᠨ ᠬᠠᠭᠠᠨ ᠵᠠᠷᠯᠢᠭ ᠪᠠᠭᠤᠯᠭᠠᠨ ᠳᠡᠭᠡᠲᠤ ᠨᠡᠶᠢᠰᠯᠡᠯ ᠤᠨ ᠯᠠᠯᠤ ᠶᠢᠨ ᠰᠦᠮ᠎ᠡ ᠶᠢ ᠴᠤᠴᠠᠯᠠᠵᠤ ᠪᠤᠳ᠋ᠳ᠋ᠾᠡ ᠶᠢᠨ ᠱᠠᠰᠢᠨ ᠤ ᠲᠤᠮᠤᠬᠠᠨ ᠰᠦᠮ᠎ᠡ ᠶᠢ ᠪᠠᠷᠢᠭᠤᠯᠵᠤ᠂ 7 ᠰᠠᠷ᠎ᠠ ᠳᠤ ᠶᠢᠨ ᠸᠠᠩ ᠶᠢᠰᠦᠨᠲᠡᠮᠦᠷ ︵ᠰᠡᠴᠡᠨ ᠬᠠᠭᠠᠨ ᠤ ᠬᠤᠶᠠᠳᠤᠭᠠᠷ ᠬᠦᠪᠡᠭᠦᠨ ᠴᠢᠩᠬᠢᠮ ᠳᠠᠶᠠ ᠬᠦᠪᠡᠭᠦᠨ ᠤ ᠠᠬᠠᠮᠡᠳ ᠬᠦᠪᠡᠭᠦᠨ ᠭᠠᠮᠠᠯᠡ ᠶᠢᠨ ᠬᠦᠪᠡᠭᠦᠨ︶ ᠢ ᠬᠦᠨᠳᠦ ᠪᠠᠷ ᠱᠠᠩᠨᠠᠪᠠ᠃ 11 ᠰᠠᠷ᠎ᠠ ᠳᠤ ᠤᠯᠠᠨ ᠲᠦᠰᠢᠮᠡᠳ ᠨᠢ ᠲᠡᠭᠦᠨ ᠢ ︽ᠲᠩᠷᠢ ᠤᠯᠠᠮᠵᠢᠲᠤ ᠶᠤᠰᠤ ᠬᠦᠢᠴᠡᠭᠡᠯᠲᠤ ᠪᠢᠴᠢᠭ ᠬᠦᠨᠳᠦᠳᠭᠡᠯᠲᠤ ᠪᠠᠭᠠᠲᠤᠷ ᠡᠨᠡᠷᠢᠯᠲᠤ ᠶᠡᠭᠡ ᠭᠡᠬᠡᠨ ᠲᠠᠬᠢᠮᠳᠠᠭᠤ ᠬᠠᠭᠠᠨ︾ ᠬᠡᠮᠡᠨ ᠡᠷᠭᠦᠮᠵᠢᠯᠡᠪᠡ᠃ 1322 ᠤᠨ ᠳᠤ ᠮᠤᠬᠤᠯᠠᠢ ᠶᠢᠨ ᠬᠤᠶᠢᠴᠢᠰ ᠪᠠᠶᠢᠵᠤ ᠶᠢ ᠳᠤᠮᠳᠠᠲᠤ ᠪᠢᠴᠢᠭ  ᠤᠨ ᠮᠤᠵᠢ ᠶᠢᠨ ᠵᠡᠭᠦᠨ ᠭᠠᠷ ᠤᠨ ᠲᠡᠷᠢᠭᠦᠨ ᠰᠠᠶᠢᠳ ᠢᠶᠠᠷ ᠡᠷᠭᠦᠮᠵᠢᠯᠡᠵᠤ ᠵᠠᠰᠠᠭ ᠲᠤ ᠪᠠᠨ ᠥᠭᠡᠷᠡᠴᠢᠯᠡᠯᠲᠡ ᠶᠠᠪᠤᠭᠤᠯᠵᠤ ᠬᠢᠲᠡᠳ ᠨᠤᠶᠠᠳ ᠲᠦᠰᠢᠮᠡᠳ ᠢ ᠶᠡᠭᠡ ᠬᠡᠮᠵᠢᠶ᠎ᠡ ᠪᠠᠷ ᠡᠯᠰᠡᠨ ᠳᠡᠪᠰᠢᠭᠦᠯᠵᠤ ︽ᠶᠡᠭᠡ ᠶᠤᠸᠠᠨ ᠤᠯᠤᠰ  ᠤᠨ ᠨᠡᠪᠲᠡᠷᠭᠡᠢ ᠵᠠᠰᠠᠭ︾ ᠶᠢ ᠨᠠᠶᠢᠷᠠᠭᠤᠯᠤᠭᠤᠯᠤᠨ ᠨᠡᠶᠢᠲᠡᠯᠡᠭᠦᠯᠪᠠ᠃ 1323 ᠤᠨ ᠤ 9 ᠰᠠᠷ᠎ᠠ ᠳᠤ ᠭᠡᠭᠡᠨ ᠬᠠᠭᠠᠨ ᠳᠡᠭᠡᠲᠤ ᠨᠡᠶᠢᠰᠯᠡᠯ ᠠᠴᠠ ᠶᠡᠭᠡ ᠨᠡᠶᠢᠰᠯᠡᠯ ᠤᠷᠤᠭᠤ ᠮᠤᠷᠳᠡᠵᠤ ᠳᠡᠭᠡᠲᠤ ᠨᠡᠶᠢᠰᠯᠡᠯ ᠤᠨ ᠡᠮᠦᠨᠠᠲᠠᠢ ᠭᠤᠴᠢᠭᠠᠳ ᠭᠠᠵᠠᠷ ᠵᠠᠶᠢᠲᠠᠢ ᠪᠠᠶᠢᠭ᠎ᠠ ᠮᠤᠷᠢᠨ ᠡᠪᠴᠢᠭᠦᠦ ᠳᠤ ᠪᠠᠭᠤᠳᠠᠯᠯᠠᠨ ᠬᠤᠨᠤᠭᠯᠠᠵᠤ ᠪᠠᠶᠢᠬᠤ ᠳᠤ ᠪᠠᠨ ᠳᠤᠮᠳᠠᠲᠤ ᠪᠢᠴᠢᠭ ᠤᠨ ᠮᠤᠵᠢ ᠶᠢᠨ ᠪᠠᠷᠠᠭᠤᠨ ᠭᠠᠷ ᠤᠨ ᠲᠡᠷᠢᠭᠦᠨ ᠰᠠᠶᠢᠳ ᠲᠡᠮᠦᠳᠡᠷ ᠤᠨ ᠵᠢᠷᠤᠮᠲᠦ ᠬᠦᠪᠡᠭᠦᠨ ᠬᠢᠨᠠᠨ ᠪᠠᠶᠢᠴᠠᠭᠠᠭᠴᠢ ᠲᠠᠶᠢᠪᠠᠩ ᠲᠦᠰᠢᠮᠡᠯ ᠲᠡᠭᠰᠢ ᠨᠡᠷ ᠤᠨ ᠲᠦᠷᠦ ᠶᠢᠨ ᠬᠤᠪᠢᠰᠤᠯ ᠳᠤ ᠬᠤᠤᠷᠯᠠᠭᠳᠠᠵᠤ ᠲᠩᠷᠢ ᠪᠤᠯᠪᠠ᠃ ᠬᠠᠰ ᠢᠵᠠᠭᠤᠷ ᠢ ᠬᠦᠷᠦᠯᠬᠦ ᠳᠤ ᠤᠷᠤᠰᠢᠭᠤᠯᠪᠠ᠃ ᠭᠡᠭᠡᠨ ᠬᠠᠭᠠᠨ ᠤ ᠭᠤᠤᠯ ᠦᠢᠯᠡ ᠪᠠ ᠨᠦᠯᠦᠭᠡ᠄ ⒈ ᠬᠢᠲᠡᠳ ᠪᠢᠴᠢᠭ ᠤᠨ ᠮᠡᠷᠭᠡᠳ ᠪᠠ ᠨᠤᠶᠠᠳ ᠢ ᠶᠡᠭᠡ ᠬᠡᠮᠵᠢᠶ᠎ᠡ ᠪᠠᠷ ᠳᠡᠪᠰᠢᠭᠦᠯᠦᠨ ᠬᠡᠷᠡᠭᠯᠡᠵᠤ᠂ ︽ᠲᠠᠷᠢᠶᠠᠯᠠᠯ  ᠢᠶᠠᠷ ᠴᠡᠷᠢᠭ ᠤᠨ ᠠᠯᠪᠠ ᠬᠠᠰᠢᠬᠤ ᠬᠠᠤᠯᠢ︾ ᠶᠢ ᠬᠡᠷᠡᠭᠵᠢᠭᠦᠯᠦᠨ᠂ ᠳᠡᠭᠡᠲᠤ ᠬᠠᠲᠤᠨ ᠳ᠋ᠠᠵᠢ ᠶᠢᠨ ᠰᠦᠯᠪᠡᠭᠡᠨ ᠤ ᠬᠤᠤᠷ ᠬᠦᠨᠦᠭᠡᠯ ᠢ ᠠᠷᠢᠯᠭᠠᠵᠤ ᠵᠠᠰᠠᠭ ᠲᠦᠷᠦ ᠪᠠᠨ ᠬᠦᠭᠵᠢᠭᠦᠯᠬᠦ ᠪᠠᠷ ᠴᠢᠷᠮᠠᠶᠢᠪᠠ᠃ ⒉ ︽ᠶᠡᠭᠡ ᠶᠤᠸᠠᠨ ᠤᠯᠤᠰ ᠤᠨ ᠨᠡᠪᠲᠡᠷᠭᠡᠢ ᠵᠠᠰᠠᠭ︾ ᠢ ᠬᠢᠨᠠᠵᠤ ᠨᠡᠮᠡᠯᠲᠡ ᠤᠷᠤᠭᠤᠯᠤᠨ ᠬᠡᠪᠯᠡᠭᠦᠯᠦᠨ ᠲᠠᠷᠬᠠᠭᠠᠵᠤ ᠬᠠᠤᠯᠢ ᠵᠠᠰᠠᠭ ᠢ ᠨᠢᠭᠡᠳᠭᠡᠬᠦ ᠳᠤ ᠢᠳᠡᠪᠬᠢᠲᠡᠢ ᠦᠢᠯᠡᠳᠦᠯ ᠦᠵᠡᠭᠦᠯᠪᠡ᠃ ⒊ ᠭᠡᠭᠡᠨ ᠬᠠᠭᠠᠨ ᠡᠪᠦᠭᠡᠳ ᠤᠨ ᠰᠦᠮ᠎ᠡ ᠶᠢ ᠵᠢᠯ ᠳᠤ ᠨᠢᠭᠡ ᠲᠠᠬᠢᠳᠠᠭ ᠢ ᠦᠭᠡᠷᠡᠴᠢᠯᠡᠵᠤ ᠵᠢᠯ ᠳᠤ ᠳᠦᠷᠪᠡ ᠲᠠᠬᠢᠬᠤ ᠪᠤᠯᠭᠠᠭᠰᠡᠨ ᠪᠦᠭᠡᠳ ᠪᠡᠯᠪᠡᠰᠦᠷᠡᠯ ᠤᠨ ᠬᠤᠪᠴᠠᠰᠤ ᠡᠮᠦᠰᠴᠤ ᠪᠡᠶ᠎ᠡ ᠪᠠᠷ ᠰᠠᠭᠠᠲᠠᠨ ᠬᠦᠢᠴᠡᠳᠭᠡᠳᠡᠭ ᠪᠠᠶᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号