ᠡᠩᠭᠡ ᠲᠠᠶᠢᠪᠤᠩᠲᠤ ᠬᠠᠭᠠᠨ ︵1293 — 1328︶ | ᠶᠡᠭᠡ ᠮᠤᠩᠭᠤᠯ ᠤᠯᠤᠰ ᠤᠨ ᠠᠷᠪᠠᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠵᠢᠷᠭᠤᠳᠤᠭᠠᠷ ᠦᠶ᠎ᠡ | ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ | ᠤᠯᠤᠰ ᠲᠦᠷᠦᠴᠢ᠃ ᠰᠡᠴᠡᠨ ᠬᠠᠭᠠᠨ ᠤ ᠳᠠᠶᠠ ᠬᠦᠪᠡᠭᠦᠨ ᠴᠢᠩᠬᠢᠮ ᠤᠨ ᠠᠬᠠᠮᠡᠳ ᠬᠦᠪᠡᠭᠦᠨ ᠶᠢᠨ ᠸᠠᠩ ᠭᠠᠮᠠᠯᠡ | ︵ᠨᠡᠭᠡᠮᠵᠢ ᠠᠯᠳᠠᠷ ᠨᠢ ᠭᠡᠭᠡᠨ ᠪᠤᠭᠲᠠ ᠨᠢᠭᠦᠯᠡᠰᠭᠦᠢ ᠲᠠᠬᠢᠮᠳᠠᠭᠤ ᠬᠠᠭᠠᠨ᠂ ᠰᠦᠮ᠎ᠡ ᠶᠢᠨ ᠠᠯᠳᠠᠷ ᠨᠢ ᠠᠯᠳᠠᠷᠲᠤ | ᠬᠠᠭᠠᠨ︶ ᠶᠢᠨ ᠬᠤᠶᠠᠳᠤᠭᠠᠷ ᠬᠦᠪᠡᠭᠦᠨ᠂ ᠡᠭᠡ ᠨᠢ ᠸᠠᠩ ᠤᠨ ᠠᠪᠠᠯᠢ ᠬᠠᠲᠤᠨ ᠬᠤᠩᠬᠢᠷᠠᠳ ᠤᠪᠤᠭᠲᠤ | ᠪᠤᠶᠠᠨᠬᠢᠯᠢᠮᠢᠰᠢ ︵ᠨᠡᠭᠡᠮᠵᠢ ᠠᠯᠳᠠᠷ ᠨᠢ ᠰᠠᠷᠠᠭᠤᠯ ᠭᠡᠭᠡᠭᠡᠨ ᠨᠢᠩᠵᠢᠨ ᠠᠷᠢᠭᠤᠬᠠᠨ ᠡᠰᠢ ᠬᠠᠲᠤᠨ︶᠃ ᠴᠡᠭᠡᠷᠯᠡᠭᠦᠢ | ᠨᠡᠷ᠎ᠡ ᠨᠢ ᠶᠢᠰᠦᠨᠲᠡᠮᠦᠷ᠂ ᠡᠷᠭᠦᠮᠵᠢ ᠠᠯᠳᠠᠷ ᠨᠢ ᠬᠠᠭᠠᠨ ︵ᠲᠡᠦᠭᠡᠴᠢᠳ ᠲᠡᠭᠦᠨ ᠢ ᠬᠠᠭᠠᠨ ᠰᠠᠭᠤᠭᠰᠡᠨ ᠤ | ᠳᠠᠷᠠᠭᠠᠬᠢ ᠲᠦᠷᠦᠭᠦᠦ ᠤᠨ ᠤ ᠴᠣᠯᠡ ᠪᠠᠷ ᠨᠢ ᠪᠠᠰᠡ ᠡᠩᠭᠡ ᠲᠠᠶᠢᠪᠤᠩᠲᠤ ᠬᠠᠭᠠᠨ ᠬᠡᠳᠡᠭ︶᠂ ᠨᠡᠭᠡᠮᠵᠢ ᠠᠯᠳᠠᠷ | ᠦᠭᠡᠢ᠂ ᠰᠦᠮ᠎ᠡ ᠶᠢᠨ ᠠᠯᠳᠠᠷ ᠦᠭᠡᠢ᠃ 1294 ᠤᠨ ᠳᠤ ᠰᠡᠴᠡᠨ ᠬᠠᠭᠠᠨ ᠲᠩᠷᠢ ᠪᠤᠯᠤᠭᠰᠡᠨ ᠤ ᠳᠠᠷᠠᠭ᠎ᠠ | ᠡᠴᠢᠭᠡ ᠭᠠᠮᠠᠯᠡ ᠨᠢ ᠠᠬᠠᠮᠡᠳ ᠬᠦᠪᠡᠭᠦᠨ ᠤ ᠬᠤᠪᠢ ᠪᠠᠷ ᠬᠠᠭᠠᠨ ᠤᠷᠤ ᠰᠠᠭᠤᠬᠤ ᠮᠠᠰᠢ ᠶᠡᠭᠡ ᠡᠷᠡᠮᠡᠯᠵᠡᠯ ᠲᠠᠢ | ᠪᠠᠶᠢᠭᠰᠡᠨ ᠪᠤᠯᠪᠠᠴᠤ 1295 ᠤᠨ ᠤ ᠶᠡᠭᠡ ᠨᠡᠶᠢᠰᠯᠡᠯ ᠳᠠᠬᠢ ᠬᠤᠷᠠᠯᠳᠠᠢ ᠳᠡᠭᠡᠷ᠎ᠡ ᠭᠤᠷᠪᠠᠳᠤᠭᠠᠷ ᠠᠪᠠᠭ᠎ᠠ ᠲᠡᠮᠦᠷ | ᠨᠢ ᠬᠠᠭᠠᠨ ᠤᠷᠤ ᠵᠠᠯᠭᠠᠮᠵᠢᠯᠠᠵᠤ ᠡᠴᠢᠭᠡ ᠨᠢ ᠬᠠᠷᠢᠨ ᠳᠡᠯᠡᠪᠴᠢ ᠳᠠᠯᠪᠠᠶᠢᠯᠭᠠᠵᠤ ᠪᠤᠴᠠᠭᠰᠡᠨ ᠪᠠᠶᠢᠨ᠎ᠠ᠃ 1302 | ᠤᠨ ᠳᠤ ᠡᠴᠢᠭᠡ ᠨᠢ ᠨᠠᠰᠤ ᠨᠦᠭᠴᠢᠭᠰᠡᠨ ᠳᠤ ᠴᠤᠯᠡ ᠶᠢ ᠨᠢ ᠵᠠᠯᠭᠠᠮᠵᠢᠯᠠᠨ ᠶᠢᠨ ᠸᠠᠩ ᠡᠷᠭᠦᠮᠵᠢᠯᠡᠭᠳᠡᠵᠤ ᠭᠤᠪᠢ | ᠶᠢᠨ ᠤᠮᠠᠷᠠᠲᠤ ᠳᠤ ᠰᠠᠬᠢᠨ ᠰᠠᠭᠤᠵᠤ ᠴᠢᠩᠬᠢᠰ ᠬᠠᠭᠠᠨ ᠤ ᠳᠦᠷᠪᠡᠨ ᠶᠡᠭᠡ ᠤᠷᠳᠤ᠂ ᠴᠡᠷᠢᠭ ᠮᠤᠷᠢ ᠬᠢᠭᠡᠳ | ᠮᠤᠩᠭᠤᠯ ᠨᠤᠲᠤᠭ ᠢ ᠵᠠᠬᠢᠷᠪᠠ᠃ 1323 ᠤᠨ ᠳᠤ ᠭᠡᠭᠡᠨ ᠬᠠᠭᠠᠨ ᠬᠤᠷᠤᠭᠠᠭᠳᠠᠭᠰᠡᠨ ᠤ ᠳᠠᠷᠠᠭ᠎ᠠ ᠮᠤᠷᠢᠨ | ᠡᠪᠴᠢᠭᠦᠦ ᠶᠢᠨ ᠬᠤᠪᠢᠰᠦᠯ ᠳᠤ ᠤᠷᠤᠯᠴᠠᠭᠰᠡᠨ ᠲᠦᠷᠦᠯ ᠤᠨ ᠨᠤᠶᠠᠨ ᠠᠨᠳᠢᠪᠤᠬᠠ ᠨᠠᠷ ᠤᠮᠠᠷᠠᠰᠢ ᠤᠴᠢᠵᠤ | ᠬᠡᠷᠡᠯᠦᠨ ᠭᠤᠤᠯ ᠤᠨ ᠨᠡᠭᠦᠳᠡᠯ ᠤᠷᠳᠤᠨ ᠳᠤ ᠶᠢᠰᠦᠨᠲᠡᠮᠦᠷ ᠢ ᠬᠠᠭᠠᠨ ᠤᠷᠤᠨ ᠳᠤ ᠰᠠᠭᠤᠯᠭᠠᠪᠠ᠃ ᠬᠠᠭᠠᠨ 11 | ᠰᠠᠷ᠎ᠠ ᠳᠤ ᠶᠡᠭᠡ ᠨᠡᠶᠢᠰᠯᠡᠯ ᠳᠤ ᠬᠦᠷᠴᠤ ᠪᠤᠶᠠᠨᠲᠤ ᠬᠠᠭᠠᠨ ᠤ ᠦᠶ᠎ᠡ ᠳᠤ ᠴᠦᠯᠡᠵᠤ ᠶᠠᠪᠤᠭᠤᠯᠤᠭᠰᠡᠨ ᠲᠦᠷᠦᠯ ᠤᠨ | ᠨᠤᠶᠠᠳ ᠢ ᠨᠡᠶᠢᠰᠯᠡᠯ ᠳᠤ ᠠᠪᠴᠢᠷᠠᠭᠰᠡᠨ ᠪᠦᠭᠡᠳ ᠭᠡᠭᠡᠨ ᠬᠠᠭᠠᠨ ᠢ ᠬᠤᠷᠤᠭᠠᠭᠰᠡᠨ ᠲᠡᠭᠰᠢ ᠨᠠᠷ ᠢ ᠴᠠᠭᠠᠵᠠᠯᠠᠨ | ᠠᠯᠠᠪᠠ᠃ 1324 ᠤᠨ ᠳᠤ ᠤᠨ ᠤ ᠴᠤᠯᠡ ᠪᠠᠨ ᠡᠩᠭᠡ ᠲᠠᠶᠢᠪᠤᠩᠲᠤ ᠤᠨ ᠬᠡᠵᠤ ᠨᠡᠷᠡᠶᠢᠳᠪᠡ᠃ ᠮᠦᠨ ᠤᠨ | ᠳᠤ ᠡᠴᠢᠭᠡ ᠡᠭᠡ ᠳᠤ ᠪᠠᠨ ᠨᠡᠭᠡᠮᠵᠢ ᠠᠯᠳᠠᠷ ᠤᠯᠭᠤᠨ᠂ ᠤᠯᠠᠨ ᠬᠠᠲᠤᠳ ᠠᠴᠠ ᠪᠠᠨ ᠪᠠᠪᠤᠬᠠᠨ ᠢ ᠡᠰᠢ ᠬᠠᠲᠤᠨ | ᠡᠷᠭᠦᠮᠵᠢᠯᠡᠵᠤ ᠠᠬᠠᠮᠡᠳ ᠬᠦᠪᠡᠭᠦᠨ ᠠᠰᠤᠴᠢᠪᠤᠤ ᠶᠢ ᠳᠠᠶᠠ ᠬᠦᠪᠡᠭᠦᠨ ᠡᠷᠭᠦᠮᠵᠢᠯᠡᠵᠡᠢ᠃ ᠰᠠᠭᠤᠷᠢᠨ ᠳᠤ ᠪᠠᠶᠢᠭ᠎ᠠ | ᠬᠤᠭᠤᠴᠠᠭᠠᠨ ᠳᠤ ᠪᠠᠨ ᠰᠠᠷᠲᠠᠭᠤᠯ ᠬᠦᠮᠦᠨ ᠳ᠋ᠤᠤᠯᠠᠳᠱᠠᠾ ᠶᠢ ᠲᠡᠷᠢᠭᠦᠨ ᠰᠠᠶᠢᠳ ᠪᠤᠯᠭᠠᠨ ᠬᠡᠷᠡᠭᠯᠡᠵᠤ ᠪᠠᠷᠠᠭᠠᠨ ᠤ | ᠦᠨ᠎ᠡ ᠶᠢ ᠴᠡᠭᠴᠡᠯᠡᠨ ᠵᠠᠰᠠᠭ ᠤᠨ ᠤᠷᠤᠯᠭ᠎ᠠ ᠪᠠᠨ ᠨᠡᠮᠡᠭᠳᠡᠭᠦᠯᠪᠡ᠃ 1328 ᠤᠨ ᠤ 2 ᠰᠠᠷ᠎ᠠ ᠳᠤ ᠤᠨ ᠤ | ᠴᠤᠯᠡ ᠪᠠᠨ ᠲᠤᠶᠢᠯ ᠤᠨ ᠨᠠᠶᠢᠷᠠᠮᠳᠠᠭᠤ ᠤᠨ ᠭᠡᠵᠤ ᠦᠭᠡᠷᠡᠴᠢᠯᠡᠪᠡ᠂ 7 ᠰᠠᠷ᠎ᠠ ᠳᠤ ᠬᠠᠭᠠᠨ ᠳᠡᠭᠡᠲᠤ ᠨᠡᠶᠢᠰᠯᠡᠯ ᠳᠤ | ᠡᠪᠡᠳᠴᠢᠨ ᠢᠶᠠᠷ ᠲᠩᠷᠢ ᠪᠤᠯᠪᠠ᠃ ᠬᠠᠰ ᠢᠵᠠᠭᠤᠷ ᠢ ᠨᠢ ᠬᠦᠷᠦᠯᠬᠦ ᠳᠤ ᠤᠷᠤᠰᠢᠭᠤᠯᠪᠠ᠃ ᠲᠡᠷᠢᠭᠦᠨ ᠰᠠᠶᠢᠳ | ᠳ᠋ᠤᠤᠯᠠᠱᠠᠾ ᠨᠠᠷ ᠲᠦᠷᠦ ᠵᠠᠬᠢᠷᠪᠠ᠃ | ᠡᠩᠭᠡ ᠲᠠᠶᠢᠪᠤᠩᠲᠤ ᠬᠠᠭᠠᠨ ᠤ ᠭᠤᠤᠯ ᠦᠢᠯᠡ ᠪᠠ ᠨᠦᠯᠦᠭᠡ᠄ | ⒈ ᠪᠢᠴᠢᠭ ᠤᠨ ᠰᠤᠷᠭᠠᠯ ᠢ ᠬᠦᠨᠳᠦᠳᠭᠡᠵᠤ ᠬᠠᠭᠠᠨ ᠤᠷᠤ ᠰᠠᠭᠤᠮᠠᠭᠴᠡ ᠬᠦᠮᠦᠨ ᠲᠤᠮᠢᠯᠠᠨ ᠺᠦᠩᠽᠢ ᠶᠢᠨ | ᠰᠦᠮ᠎ᠡ ᠳᠤ ᠲᠠᠬᠢᠯᠭ᠎ᠠ ᠬᠢᠯᠭᠡᠵᠤ᠂ ︽ᠨᠤᠮ ᠠᠶᠢᠯᠠᠳᠬᠠᠯ ᠤᠨ ᠳᠦᠷᠢᠮ︾ ᠢ ᠶᠤᠸᠠᠨ ᠤᠯᠤᠰ ᠲᠤ ᠠᠩᠬ᠎ᠠ | ᠬᠡᠷᠡᠭᠵᠢᠭᠦᠯᠵᠤ ᠪᠢᠴᠢᠭ ᠤᠨ ᠮᠡᠷᠭᠡᠳ ᠢᠶᠠᠷ ᠪᠢᠴᠢᠭ ᠤᠨ ᠰᠤᠷᠭᠠᠯ ᠪᠠ ᠬᠠᠭᠠᠨ ᠡᠵᠡᠨ ᠤ ᠶᠤᠰᠤ ᠵᠢᠷᠦᠮ ᠤᠨ ᠲᠤᠬᠠᠢ | ᠭᠤᠷᠪᠠᠨ ᠡᠳᠦᠷ ᠲᠤ ᠨᠢᠭᠡ ᠤᠳᠠᠭ᠎ᠠ ᠲᠠᠶᠢᠯᠤᠮᠵᠢ ᠬᠢᠯᠭᠡᠨ᠂ ᠬᠢᠳᠡᠳᠴᠤᠳ ᠪᠤᠯᠤᠨ ᠡᠮᠦᠨᠠᠲᠤᠴᠤᠳ ᠤᠨ ᠬᠦᠷᠢᠶᠠᠯᠠᠯ | ᠢ ᠤᠯᠪᠠ᠃ | ⒉ ᠭᠡᠭᠡᠨ ᠬᠠᠭᠠᠨ ᠤ ᠦᠶ᠎ᠡ ᠳᠤ ᠲᠤᠭᠲᠠᠭᠠᠭᠰᠡᠨ ᠡᠪᠦᠭᠡᠳ ᠤᠨ ᠰᠦᠮ᠎ᠡ ᠶᠢ ᠵᠢᠯ ᠳᠤ ᠳᠦᠷᠪᠡ ᠲᠠᠬᠢᠬᠤ | ᠬᠠᠭᠤᠴᠢᠨ ᠳᠦᠷᠢᠮ ᠢ ᠦᠷᠭᠦᠯᠵᠢᠯᠡᠨ ᠰᠠᠬᠢᠵᠤ ᠲᠤᠭᠲᠠᠭᠰᠡᠨ ᠴᠠᠭ ᠲᠤ ᠲᠦᠰᠢᠮᠡᠯ ᠲᠤᠮᠢᠯᠠᠨ ᠬᠦᠢᠴᠡᠳᠭᠡᠯᠭᠡᠳᠡᠭ᠃ | | ⒊ ᠡᠯ᠎ᠡ ᠵᠦᠢᠯ ᠤᠨ ᠱᠠᠰᠢᠨ ᠢ ᠪᠠᠭᠲᠠᠭᠠᠬᠤ ᠴᠢᠯᠦᠭᠡᠲᠤ ᠪᠤᠳᠤᠯᠭ᠎ᠠ ᠶᠢ ᠦᠷᠭᠦᠯᠵᠢᠯᠡᠨ ᠬᠡᠷᠡᠭᠵᠢᠭᠦᠯᠵᠤ ᠪᠤᠷᠬᠠᠨ | ᠱᠠᠰᠢᠨ ᠢ ᠬᠦᠨᠳᠦᠳᠭᠡᠨ ᠶᠡᠭᠡ ᠬᠡᠮᠵᠢᠶ᠎ᠡ ᠪᠠᠷ ᠪᠡᠯᠡ ᠤᠷᠤᠭᠤᠯᠤᠨ ᠪᠤᠳ᠋ᠳ᠋ᠾᠡ ᠶᠢᠨ ᠱᠠᠰᠢᠨ ᠤ ᠰᠦᠮ᠎ᠡ ᠬᠡᠶᠢᠳ | ᠰᠤᠪᠤᠷᠭ᠎ᠠ ᠶᠢ ᠪᠠᠶᠢᠭᠤᠯᠤᠨ᠂ ᠡᠩᠭᠡ ᠲᠠᠶᠢᠪᠤᠩᠲᠤ ᠶᠢᠨ ᠤᠨ ᠳᠤ ᠯᠠᠯᠤ ᠬᠦᠮᠦᠨ ᠤ ᠪᠠᠶᠢᠷᠢ ᠰᠠᠭᠤᠷᠢ ᠶᠢ ᠴᠤ | ᠤᠷᠢᠳ ᠪᠠᠶᠢᠭ᠎ᠠ ᠦᠭᠡᠢ ᠳᠡᠭᠡᠭᠰᠢᠯᠡᠭᠦᠯᠵᠤ ᠳᠡᠭᠡᠲᠤ ᠨᠡᠶᠢᠰᠯᠡᠯ ᠪᠠ ᠱᠠᠨ ᠰᠢ ᠶᠢᠨ ᠳ᠋ᠠᠲ᠋ᠦ᠋ᠩ ᠳᠤ ᠯᠠᠯᠤ ᠶᠢᠨ ᠰᠦᠮ᠎ᠡ | ᠶᠢ ᠪᠠᠶᠢᠭᠤᠯᠤᠭᠤᠯᠵᠠᠢ᠃ | ⒋1325 ᠤᠨ ᠳᠤ ᠱᠠᠨᠰᠢ ᠶᠢᠨ ᠬᠤᠸᠠᠩᠳᠢ ᠶᠢᠨ ᠬᠢᠶᠠᠨ ᠰᠦᠮ᠎ᠡ ᠶᠢᠨ ᠪᠠᠷᠠᠭᠤᠨ ᠬᠦᠷᠢᠶᠠᠨ ᠤ ᠪᠤᠤ ᠱᠧᠩ | ᠤᠷᠳᠤᠨ ᠳᠤ ᠲᠦᠢᠮᠡᠷ ᠪᠤᠰᠤᠭᠰᠡᠨ ᠤ ᠳᠠᠷᠠᠭ᠎ᠠ᠂ ᠬᠠᠭᠠᠨ ᠢᠶᠠᠷ ᠬᠤᠸᠠᠩᠳᠢ ᠶᠢᠨ ᠰᠦᠮ᠎ᠡ ᠬᠡᠶᠢᠳ ᠢ ᠬᠠᠮᠠᠭᠠᠯᠠᠬᠤ | ᠵᠠᠷᠯᠢᠭ ᠪᠠᠭᠤᠯᠭᠠᠨ ᠬᠤᠷᠢᠭ᠎ᠠ ᠴᠡᠭᠡᠷ ᠲᠤᠭᠲᠠᠭᠠᠨ ᠬᠦᠮᠦᠨ ᠲᠤᠮᠢᠯᠠᠵᠤ ᠰᠠᠬᠢᠭᠤᠯᠵᠠᠢ᠃ ︽ᠶᠤᠸᠠᠨ ᠤ ᠡᠩᠭᠡ | ᠲᠠᠶᠢᠪᠤᠩᠲᠤ ᠬᠠᠭᠠᠨ ᠤ ᠬᠤᠶᠠᠳᠤᠭᠠᠷ ᠤᠨ ᠤ ᠵᠠᠷᠯᠢᠭ ᠤᠨ ᠬᠦᠰᠢᠶ᠎ᠡ︾ ᠪᠤᠯ ᠤᠳᠤᠬᠠᠨ ᠳᠤ ᠤᠯᠳᠠᠭᠠᠳ ᠪᠠᠶᠢᠭ᠎ᠠ | ᠬᠤᠸᠠᠩᠳᠢ ᠶᠢᠨ ᠰᠦᠮ᠎ᠡ ᠶᠢ ᠬᠠᠮᠠᠭᠠᠯᠠᠬᠤ ᠲᠤᠬᠠᠢ ᠳᠤᠮᠳᠠᠲᠤ ᠤᠯᠤᠰ ᠤᠨ ᠬᠠᠮᠤᠭ ᠤᠨ ᠡᠷᠲᠡᠨ ᠤ ᠬᠠᠤᠯᠢ ᠵᠠᠷᠯᠢᠭ | ᠪᠤᠯᠤᠨ᠎ᠠ᠃ | ᠡᠩᠭᠡ ᠲᠠᠶᠢᠪᠤᠩᠲᠤ ᠬᠠᠭᠠᠨ ᠤ ᠵᠠᠷᠯᠠᠨ ᠲᠤᠩᠬᠠᠯᠠᠭᠰᠡᠨ ᠪᠢᠴᠢᠭ᠄ | ᠲᠤᠮᠳᠠᠲᠤ ᠤᠯᠤᠰ ᠤᠨ ᠲᠡᠦᠭᠡᠨ ᠳᠡᠭᠡᠷᠡᠬᠢ ᠬᠠᠮᠤᠭ ᠤᠨ ᠠᠩᠬᠠᠨ ᠤ ᠶᠠᠷᠢᠶᠠᠨ ᠤ ᠬᠡᠯᠡ ᠪᠠᠷ ᠪᠢᠴᠢᠭᠳᠡᠭᠰᠡᠨ ᠬᠠᠭᠠᠨ | ᠰᠠᠭᠤᠬᠤ ᠶᠢ ᠵᠠᠷᠯᠠᠨ ᠲᠤᠩᠬᠠᠭᠯᠠᠭᠰᠡᠨ ᠪᠢᠴᠢᠭ ᠪᠤᠯᠤᠨ᠎ᠠ᠃ ᠤᠤᠯ ᠲᠤᠩᠬᠠᠭ ᠪᠢᠴᠢᠭ ᠢ ᠮᠤᠩᠭᠤᠯ ᠢᠶᠠᠷ | ᠨᠠᠶᠢᠷᠠᠭᠤᠯᠵᠤ ᠳᠠᠬᠢᠨ ᠬᠢᠲᠡᠳᠴᠢᠯᠠᠭᠰᠡᠨ ᠶᠤᠮ᠃ |