ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠤᠨ ᠲᠤᠪᠴᠢ ᠲᠡᠤᠭᠡ ︵ᠳᠤᠮᠳᠠ︶ᠳ᠋᠊ · ᠲ᠊
ᠨᠡᠶᠢᠲᠡᠯᠡᠭᠰᠡᠨ ᠴᠠᠭ᠄
2019/9/20
ᠨᠡᠶᠢᠰᠯᠡᠯ ᠬᠦᠷᠢᠶᠠᠨ᠎ᠠ ᠲᠤᠭᠳᠠᠭᠰᠠᠨ ᠮᠤᠩᠭᠤᠯ ᠭᠠᠵᠠᠷ ᠪᠦᠬᠦᠢ ᠪᠤᠷᠢᠶᠠᠳ ᠨᠠᠷ ᠤᠨ ᠲᠦᠯᠤᠭᠡᠯᠡᠭᠴᠢᠳ ᠤᠨ 2 ᠳ᠋ᠤᠭᠠᠷ ᠬᠤᠷᠠᠯ ᠤᠨ ᠰᠢᠢᠳᠪᠤᠷᠢ ᠶᠢ ᠭᠡᠷᠡᠭᠵᠢᠬᠦᠯᠬᠦ ᠵᠤᠷᠢᠯᠭ᠎ᠠ ᠪᠠᠷ ᠲᠤᠤᠷᠠᠬᠢ ᠠᠷᠭ᠎ᠠ ᠭᠡᠮᠵᠢᠶ᠎ᠠ ᠶᠢ ᠠᠪᠤᠭᠰᠠᠨ ᠪᠠᠶᠢᠨ᠎ᠠ᠃ ᠠᠷᠠᠳ ᠤᠨ ᠵᠠᠰᠠᠭ ᠤᠨ ᠭᠠᠵᠠᠷ ᠪᠤᠯᠤᠨ ᠪᠤᠷᠢᠶᠠᠳ ᠤᠨ ᠬᠤᠷᠠᠯ ᠤᠨ ᠭᠠᠵᠠᠷ ᠤᠨ ᠦᠭᠬᠦᠭᠰᠡᠨ ᠴᠢᠭᠯᠡᠯ ᠤᠨ ᠲᠠᠭᠠᠤ ᠤᠷᠤᠨ ᠨᠤᠳᠤᠭ ᠲᠤ ᠤᠷᠢᠳᠴᠢᠯᠠᠨ ᠰᠤᠮᠤ ᠨᠤᠭᠤᠳ ᠢ ᠪᠠᠶᠢᠭᠤᠯᠵᠤ ᠲᠠᠷᠠᠭ᠎ᠠ ᠨᠢ ᠬᠤᠰᠢᠭᠤ ᠪᠠᠶᠢᠭᠤᠯᠤᠭᠳᠠᠭᠰᠠᠨ ᠪᠠᠶᠢᠨ᠎ᠠ᠃ ᠡᠬᠦᠨ ᠳᠤ᠄ 1. ᠤᠯᠵᠠ ᠭᠤᠤᠯ ᠤᠨ ᠪᠤᠷᠢᠶᠠᠳ ᠬᠤᠰᠢᠭᠤ ︵ᠤᠳᠤ ᠶᠢᠨ ᠲᠤᠷᠤᠨᠠᠳᠤ ᠠᠶᠢᠮᠠᠭ ᠤᠨ ᠲᠠᠰᠢᠪᠠᠯᠪᠠᠷ᠂ ︵ᠪᠠᠶ᠋ᠬᠠᠠᠭᠤᠯᠠ ᠰᠤᠮᠤ︶ ᠨᠢ 1922 ᠤᠨ ᠳᠤ ᠠᠩᠬ᠎ᠠ ᠪᠠᠶᠠᠨ — ᠲᠤᠩ᠂ ᠫᠠᠷᠴᠢᠨ᠂ ᠪᠠᠶᠠᠨᠵᠢᠷᠤᠭᠡ᠂ ᠪᠤᠮᠪᠠᠳᠤ᠂᠂ ᠲᠡᠯᠭᠡᠷ — ᠠᠭᠤᠯᠠ᠂ ᠵᠡᠬᠦᠨ — ᠲᠠᠷᠨᠢ᠂ ᠤᠯᠵᠠ ᠭᠤᠤᠯ᠂ ᠬᠦᠭᠡ — ᠠᠭᠤᠯᠠ᠂ ᠬᠠᠨ — ᠠᠭᠤᠯᠠ ᠵᠠᠷᠭᠡ 9 ᠰᠤᠮᠤ ᠲᠠᠢ ᠪᠠᠶᠢᠭᠤᠯᠤᠭᠳᠠᠭᠰᠠᠨ᠃ ᠡᠬᠦᠨ ᠳᠤ᠂ 1297 ᠡᠷᠤᠭᠡ᠂ 5982 ᠬᠦᠮᠤᠨ ᠠᠮᠠ ᠬᠠᠮᠤᠷᠤᠭᠳᠠᠭᠰᠠᠨ ᠪᠠᠶᠢᠨ᠎ᠠ᠃ ᠡᠳᠡᠭᠡᠷ ᠰᠤᠮᠤ ᠨᠤᠭᠤᠳ ᠲᠤ ᠠᠭ᠎ᠠ ᠨᠠᠢᠮᠠᠨ ᠡᠴᠢᠭᠡ ᠶᠢᠨ ᠦᠷ᠎ᠠ ᠰᠠᠳᠤ ᠪᠤᠯᠤᠨ ᠰᠤᠩᠭᠤᠤᠯ᠂ ᠬᠠᠮᠨᠢᠭᠠᠨ ᠨᠠᠷ ᠶᠡᠭᠡᠪᠴᠢᠯᠡᠨ ᠰᠠᠭᠤᠷᠢᠰᠢᠵᠤ ᠡᠬᠢᠯᠡᠭᠰᠡᠨ᠃ 2. ᠤᠨᠤᠨ ᠭᠤᠤᠯ ᠤᠨ ᠪᠤᠷᠢᠶᠠᠳ ᠬᠤᠰᠢᠭᠤ ︵ᠤᠳᠤ ᠶᠢᠨ ᠭᠡᠨᠳᠡᠢ ᠠᠶᠢᠮᠠᠭ ᠤᠨ ᠲᠠᠳᠠᠯ᠂ ᠪᠢᠨᠳᠠᠷ᠂ ᠪᠠᠳᠤᠰᠢᠷᠡᠭᠡᠳᠤ ᠰᠤᠮᠤ ᠶᠢᠨ ᠬᠢᠨ︶ ᠨᠢ 1922 ᠤᠨ ᠳᠤ ᠪᠠᠶᠠᠨ᠂ ᠪᠠᠶᠠᠨ — ᠬᠠᠨ᠂ ᠪᠠᠯᠵᠠ ᠭᠤᠤᠯ᠂ ᠪᠠᠳᠤ — ᠰᠦᠮᠪᠤᠷ᠂ ᠤᠨᠤᠨ ᠭᠤᠤᠯ᠂ ᠴᠠᠭᠠᠨ ᠨᠠᠭᠤᠷ᠂ ᠰᠢᠷ᠎ᠠ ᠪᠤᠯᠠᠭ ᠵᠡᠷᠭᠡ 7 ᠰᠤᠮᠤ ᠲᠠᠢ ᠪᠠᠶᠢᠭᠤᠯᠤᠭᠳᠠᠭᠰᠠᠨ᠃ ᠡᠬᠦᠨ ᠳᠤ᠂ 618 ᠡᠷᠤᠭᠡ᠂ 2700 ᠬᠦᠮᠤᠨ ᠠᠮᠠ ᠬᠠᠮᠤᠷᠤᠭᠳᠠᠭᠰᠠᠨ ᠪᠠᠶᠢᠨ᠎ᠠ᠃ ᠬᠤᠷᠢ ᠶᠢᠨ 11 ᠡᠴᠢᠭᠡ ᠶᠢᠨ ᠬᠢᠨ ᠪᠤᠯᠤᠨ ᠰᠤᠩᠭᠤᠤᠯ ᠨᠠᠷ ᠤᠷᠤᠰᠢᠨ ᠰᠠᠭᠤᠷᠢᠰᠢᠵᠤ ᠡᠬᠢᠯᠡᠭᠰᠡᠨ᠃ 3. ᠬᠠᠯᠬ᠎ᠠ᠂ ᠨᠦᠮᠤᠷᠭᠡ ᠭᠤᠤᠯ ᠤᠨ ᠪᠤᠷᠢᠶᠠᠳ ᠬᠤᠰᠢᠭᠤ ︵ᠤᠳᠤ ᠶᠢᠨ ᠲᠤᠷᠤᠨᠠᠳᠤ ᠠᠶᠢᠮᠠᠭ ᠤᠨ ᠴᠠᠭᠠᠨ ᠤᠪᠤᠭ᠎ᠠ ᠰᠤᠮᠤ ᠶᠢᠨ ᠬᠢᠨ︶ ᠨᠢ 1923 ᠤᠨ ᠳᠤ ᠠᠩᠬ᠎ᠠ ᠮᠤᠭᠠᠶᠢᠳᠤ ᠭᠤᠤᠯ᠂ ᠨᠦᠮᠤᠷᠭᠡ ᠭᠤᠤᠯ᠂ ᠬᠠᠯᠬ᠎ᠠ ᠭᠤᠤᠯ ᠵᠡᠷᠭᠡ 3 ᠰᠤᠮᠤ ᠲᠠᠢ ᠪᠠᠶᠢᠭᠤᠯᠤᠭᠳᠠᠭᠰᠠᠨ᠃ ᠡᠬᠦᠨ ᠳᠤ᠂ 334 ᠡᠷᠤᠭᠡ᠂ 1539 ᠬᠦᠮᠤᠨ ᠠᠮᠠ ᠬᠠᠮᠤᠷᠤᠭᠳᠠᠭᠰᠠᠨ ᠪᠦᠭᠡᠳ ᠠᠭ᠎ᠠ ᠨᠠᠢᠮᠠᠨ ᠡᠴᠢᠭᠡ ᠶᠢᠨ ᠬᠢᠨ ᠪᠤᠯᠤᠨ ᠬᠠᠮᠨᠢᠭᠠᠳ ᠠᠩᠬ᠎ᠠ ᠰᠠᠭᠤᠷᠢᠰᠢᠭᠰᠠᠨ᠃ 4. ᠮᠠᠯᠠᠭᠠᠢ ᠠᠭᠤᠯᠠ ᠶᠢᠨ ᠪᠤᠷᠢᠶᠠᠳ ᠬᠤᠰᠢᠭᠤ ︵ᠤᠳᠤ ᠶᠢᠨ ᠲᠦᠪ ᠠᠶᠢᠮᠠᠭ ᠤᠨ ᠮᠦᠩᠬᠦᠨ ᠮᠤᠷᠢᠳᠤ ᠰᠤᠮᠤ ᠶᠢᠨ ᠬᠢᠨ︶ ᠨᠢ 1923 ᠤᠨ ᠳᠤ ᠮᠦᠩᠭᠡ ᠵᠢᠷᠭᠠᠯᠠᠩᠳᠤ᠂ ᠨᠤᠭᠤᠭᠠᠨ ᠨᠠᠭᠤᠷ᠂ ᠨᠤᠭᠤᠭᠠᠨ ᠨᠢᠷᠤᠭᠤ ᠵᠡᠷᠭᠡ 3 ᠰᠤᠮᠤ ᠲᠠᠢ ᠠᠩᠬ᠎ᠠ ᠪᠠᠶᠢᠭᠤᠯᠤᠭᠳᠠᠵᠤ ᠰᠡᠬᠦᠯ ᠳᠤ ᠭᠡᠷᠤᠯᠤᠨ ᠭᠤᠤᠯ ᠤᠨ ᠪᠤᠷᠢᠶᠠᠳ ᠬᠤᠰᠢᠭᠤ ᠪᠤᠯᠵᠤ ᠨᠠᠷ᠎ᠠ ᠨᠢ ᠦᠭᠡᠷᠡᠴᠢᠯᠡᠭᠳᠡᠭᠰᠡᠨ᠃ ᠡᠬᠦᠨ ᠳᠤ᠂ 311 ᠡᠷᠤᠭᠡ᠂ 1216 ᠬᠦᠮᠤᠨ ᠠᠮᠠ ᠬᠠᠮᠤᠷᠤᠭᠳᠠᠭᠰᠠᠨ᠃ ᠪᠤᠳᠤᠩᠭᠤᠳ᠂ ᠬᠦᠰᠢᠳ᠂ ᠰᠢᠷᠠᠶᠢᠳ ᠤᠪᠤᠭ ᠤᠨ ᠬᠢᠨ ᠶᠡᠭᠡᠪᠴᠢᠯᠡᠨ ᠰᠠᠭᠤᠷᠢᠰᠢᠭᠰᠠᠨ᠃ 5. ᠢᠷᠤᠭᠡ ᠭᠤᠤᠯ ᠤᠨ ᠪᠤᠷᠢᠶᠠᠳ ᠬᠤᠰᠢᠭᠤ ︵ᠤᠳᠤ ᠶᠢᠨ ᠰᠡᠯᠡᠩᠭᠡ ᠠᠶᠢᠮᠠᠭ ᠤᠨ ᠢᠷᠤᠭᠡ ᠰᠤᠮᠤ ᠶᠢᠨ ᠬᠢᠨ︶ ᠨᠢ 1922 ᠤᠨ ᠳᠤ ᠪᠠᠶᠠᠨ — ᠭᠤᠤᠯ᠂ ᠠᠯᠳᠠᠨ — ᠪᠤᠯᠠᠭ ᠬᠤᠶᠠᠷ ᠰᠤᠮᠤ ᠲᠠᠢ ᠠᠩᠬ᠎ᠠ ᠪᠠᠶᠢᠭᠤᠯᠤᠭᠳᠠᠭᠰᠠᠨ᠃ ᠡᠬᠦᠨ ᠳᠤ᠂ 222 ᠡᠷᠤᠭᠡ᠂ 1016 ᠬᠦᠮᠤᠨ ᠠᠮᠠ ᠬᠠᠮᠤᠷᠤᠭᠳᠠᠭᠰᠠᠨ᠃ ᠬᠦᠮᠤᠨ ᠠᠮᠠ ᠶᠢᠨ ᠶᠡᠭᠡᠩᠭᠢ ᠨᠢ ᠪᠤᠷᠢᠶᠠᠳ᠂ ᠰᠤᠩᠭᠤᠤᠯ ᠪᠠᠶᠢᠭᠰᠠᠨ᠃ 6. ᠡᠭ᠌ — ᠰᠡᠯᠡᠩᠭᠡ ᠭᠤᠤᠯ ᠤᠨ ᠪᠤᠷᠢᠶᠠᠳ ︵ᠤᠳᠤ ᠶᠢᠨ ᠬᠦᠪᠰᠤᠬᠦᠯ᠂ ᠰᠡᠯᠡᠩᠭᠡ ᠠᠶᠢᠮᠠᠭ ᠤᠨ ᠬᠢᠯᠢ ᠵᠠᠯᠭᠠᠭ᠎ᠠ ᠰᠤᠮᠤ ᠶᠢᠨ ᠬᠢᠨ︶ ᠨᠢ ᠠᠩᠬ᠎ᠠ 1923 ᠤᠨ ᠳᠤ ᠪᠠᠶᠢᠭᠤᠯᠤᠭᠳᠠᠭᠰᠠᠨ ᠪᠤᠯᠪᠠᠴᠤ ᠭᠠᠵᠠᠷ ᠭᠠᠵᠠᠷ ᠲᠤ ᠴᠦᠭᠡᠨ ᠲᠤᠭ᠎ᠠ ᠪᠠᠷ ᠲᠠᠷᠬᠠᠮᠠᠯ ᠰᠠᠭᠤᠬᠤ ᠤᠴᠢᠷ ᠲᠤᠰ ᠬᠤᠰᠢᠭᠤ ᠶᠢ ᠲᠠᠳᠠᠨ ᠪᠠᠭᠤᠯᠭᠠᠵᠤ᠂ ᠤᠷᠤᠨ ᠨᠤᠳᠤᠭ ᠤᠨ ᠬᠤᠰᠢᠭᠤᠳ ᠲᠤ ᠬᠠᠷᠢᠶᠠᠯᠠᠭᠤᠯᠤᠭᠰᠠᠨ ᠪᠠᠶᠢᠨ᠎ᠠ᠃ ᠡᠬᠦᠨ ᠳᠤ᠂ 61 ᠡᠷᠤᠭᠡ ᠬᠠᠮᠤᠷᠤᠭᠳᠠᠵᠤ ᠪᠠᠶᠢᠭᠰᠠᠨ᠃ ᠠᠳᠡ᠂ 3 ᠡᠴᠢᠭᠡ ᠶᠢᠨ ᠲᠠᠪᠤᠩᠭᠤᠳ ᠪᠤᠯᠤᠨ ᠴᠦᠭᠡᠨ ᠲᠤᠭᠠᠨ ᠤ ᠪᠤᠷᠢᠶᠠᠳ ᠤᠳ ᠠᠮᠢᠳᠤᠷᠠᠳᠠᠭ ᠪᠠᠶᠢᠨ᠎ᠠ᠃ ᠢᠩᠬᠢᠵᠤ ᠬᠤᠰᠢᠭᠤ ᠶᠢ ᠲᠡᠭᠡᠷᠡᠬᠢ ᠵᠤᠬᠢᠶᠠᠨ ᠪᠠᠶᠢᠭᠤᠯᠤᠯᠳᠠ ᠪᠠᠷ ᠪᠠᠶᠢᠭᠤᠯᠵᠤ᠂ ᠬᠤᠰᠢᠭᠤᠨ ᠤ ᠲᠠᠮᠠᠭ᠎ᠠ ᠵᠠᠯᠠᠵᠤ ᠬᠦᠷᠭᠡᠬᠦ᠂ ᠠᠵᠢᠯ ᠭᠡᠷᠡᠭ ᠲᠤᠨᠢ ᠲᠤᠰᠠᠯᠠᠭᠤᠯᠬᠤ ᠲᠦᠯᠤᠭᠡᠯᠡᠭᠴᠢ ᠶᠢ ᠬᠤᠷᠠᠯ ᠤᠨ ᠭᠠᠵᠠᠷ ᠠᠴᠠ ᠲᠤᠮᠢᠯᠠᠭᠰᠠᠨ ᠪᠠᠶᠢᠨ᠎ᠠ᠃ ᠡᠬᠦᠨ ᠳᠤ᠂ ᠤᠯᠵᠠ ᠭᠤᠤᠯ ᠤᠨ ᠬᠤᠰᠢᠭᠤᠨ ᠳᠤ ᠪᠠᠳᠮ᠎ᠠ ᠶᠢᠨ ᠳ᠋ᠠᠮᠪᠠ᠂ ᠢᠷᠤᠭᠡ ᠭᠤᠤᠯ ᠤᠨ ᠬᠤᠰᠢᠭᠤᠨ ᠳᠤ ᠪᠠᠳᠮ᠎ᠠ ᠶᠢᠨ ᠪᠠᠳᠤ᠂ ᠡᠭ᠌ — ᠰᠡᠯᠡᠩᠭᠡ ᠭᠤᠤᠯ ᠤᠨ ᠬᠤᠰᠢᠭᠤᠨ ᠳᠤ ᠳ᠋ᠧᠯᠢᠭ ᠤᠨ ᠲᠠᠸᠠ᠂ ᠮᠠᠯᠠᠭᠠᠷ ᠠᠭᠤᠯᠠ ᠶᠢᠨ ᠬᠤᠰᠢᠭᠤᠨ ᠳᠤ ᠼᠠᠳᠠᠪ ᠤᠨ ᠴᠧᠳᠧᠩ ᠨᠠᠷ ᠢ ᠲᠤᠮᠢᠯᠠᠨ ᠠᠵᠢᠯᠯᠠᠭᠤᠯᠤᠭᠰᠠᠨ ᠪᠠᠶᠢᠨ᠎ᠠ᠃ ᠡᠨᠡ ᠨᠢ ᠠᠷᠠᠳ ᠤᠨ ᠵᠠᠰᠠᠭ ᠤᠨ ᠭᠠᠵᠠᠷ ᠤᠨ ᠪᠤᠷᠢᠶᠠᠳ ᠲᠤᠳᠤᠷ᠎ᠠ ᠰᠢᠨ᠎ᠠ ᠪᠠᠶᠢᠭᠤᠯᠤᠭᠰᠠᠨ ᠬᠤᠰᠢᠭᠤᠨ ᠳᠤ ᠲᠦᠷᠤ ᠶᠢᠨ ᠵᠠᠬᠢᠷᠭᠠᠨ ᠤ ᠡᠷᠭᠡ ᠤᠯᠭᠤᠵᠤ᠂ ᠤᠷᠤᠨ ᠨᠤᠳᠤᠭ ᠤᠨ ᠪᠤᠷᠢᠶᠠᠳ ᠨᠠᠷ ᠤᠨ ᠲᠤᠮᠳᠠ ᠵᠠᠬᠢᠷᠬᠤ᠂ ᠵᠠᠬᠢᠷᠤᠭᠳᠠᠬᠤ ᠶᠤᠰᠤ ᠵᠢᠷᠤᠮ ᠢ ᠲᠤᠭᠳᠠᠭᠠᠭᠰᠠᠨ ᠨᠡᠩ ᠴᠢᠬᠤᠯᠠ ᠠᠷᠭ᠎ᠠ ᠭᠡᠮᠵᠢᠶ᠎ᠠ ᠪᠠᠶᠢᠯ᠎ᠠ᠃ ᠵᠦᠪᠯᠡᠯᠳᠤ ᠤᠷᠤᠰ ᠤᠯᠤᠰ ᠤᠨ ᠲᠦᠪ ᠤᠨ ᠬᠦᠢᠴᠡᠳᠭᠡᠬᠦ ᠬᠤᠷᠢᠶ᠎ᠠ 1923 ᠤᠨ ᠤ 9 ᠰᠠᠷ᠎ᠠ ᠶᠢᠨ 7 ᠤ ᠡᠳᠤᠷ ᠤᠨ ᠲᠤᠭᠳᠠᠭᠠᠯ ᠢᠶᠠᠷ ᠮᠤᠩᠭᠤᠯ ᠭᠠᠵᠠᠷ ᠨᠡᠬᠦᠳᠡᠯᠯᠡᠨ ᠤᠷᠤᠭᠰᠠᠨ ᠤᠷᠤᠰ ᠤᠨ ᠬᠠᠷᠢᠶᠠᠳᠤ ᠨᠠᠷ ᠢ ᠮᠤᠩᠭᠤᠯ ᠤᠯᠤᠰ ᠤᠨ ᠠᠯᠪᠠᠳᠤ ᠪᠤᠯᠭᠠᠬᠤ ᠪᠠᠷ ᠵᠦᠪᠰᠢᠶᠡᠷᠡᠵᠡᠢ᠃ ᠡᠨᠡ ᠦᠨᠳᠤᠰᠤᠨ ᠳᠤ ᠤᠷᠤᠰ ᠮᠤᠩᠭᠤᠯ ᠤᠨ ᠵᠠᠰᠠᠭ ᠤᠨ ᠭᠠᠵᠠᠷ ᠤᠨ ᠰᠢᠢᠳᠪᠤᠷᠢ ᠶᠢᠨ ᠲᠠᠭᠠᠤ 1924 ᠤᠨ ᠤ 10 ᠰᠠᠷ᠎ᠠ ᠳᠤ ᠵᠦᠪᠯᠡᠯᠳᠤ ᠶᠢᠨ ᠲᠠᠯ᠎ᠠ ᠠᠴᠠ ᠮᠤᠩᠭᠤᠯ ᠳᠤ ᠰᠠᠭᠤᠭ᠎ᠠ ᠪᠦᠷᠢᠨ ᠡᠷᠭᠡ ᠪᠠᠷᠢᠬᠤ ᠲᠦᠯᠤᠭᠡᠯᠡᠭᠴᠢ ᠠ᠊ · ᠨ᠊ · ᠸᠠᠰᠢᠯᠸᠧ᠂ ᠮᠤᠩᠭᠤᠯ ᠤᠨ ᠲᠠᠯ᠎ᠠ ᠠᠴᠠ ᠭᠠᠳᠠᠭᠠᠳᠤ ᠶᠠᠪᠤᠳᠠᠯ ᠤᠨ ᠶᠠᠮᠤᠨ ᠤ ᠰᠠᠶᠢᠳ ᠠ᠊ · ᠠᠮᠤᠷ ᠨᠠᠷ ᠭᠡᠷ᠎ᠡ ᠪᠠᠶᠢᠭᠤᠯᠵᠤ ︽ᠡᠨᠡ ᠡᠳᠤᠷ ᠠᠴᠠ ᠬᠦᠰᠡᠯᠳᠡ ᠭᠠᠷᠭᠠᠭᠰᠠᠨ ᠪᠤᠷᠢᠶᠠᠳ ᠨᠠᠷ ᠮᠤᠩᠭᠤᠯ ᠤᠨ ᠠᠯᠪᠠᠳᠤ ᠪᠤᠯᠤᠭᠰᠠᠨ ᠳᠤ ᠲᠤᠭᠠᠴᠠᠨ᠎ᠠ︾ ᠭᠡᠵᠤ ᠲᠤᠭᠳᠠᠭᠠᠳ ᠭᠠᠷ ᠤᠨ ᠦᠰᠦᠭ ᠵᠢᠷᠤᠵᠤ ᠪᠠᠳᠤᠯᠠᠭᠠᠵᠢᠭᠤᠯᠵᠠᠢ᠃ ᠡᠨᠡ ᠦᠢᠯᠡ ᠶᠠᠪᠤᠳᠠᠯ ᠨᠢ ᠨᠠᠶᠢᠷᠠᠮᠳᠠᠯᠳᠤ ᠬᠤᠶᠠᠷ ᠤᠷᠤᠨ ᠤ ᠵᠠᠰᠠᠭ ᠤᠨ ᠭᠠᠵᠠᠷ ᠠᠴᠠ ᠡᠨᠡ ᠬᠦ ᠵᠢᠵᠢᠭ ᠠᠷᠠᠳ ᠲᠦᠮᠡᠨ ᠤ ᠬᠦᠰᠡᠯ ᠰᠠᠨᠠᠯ ᠢ ᠡᠨᠡᠷᠢᠩᠬᠦᠢ ᠪᠤᠳᠤᠯᠭ᠎ᠠ ᠪᠠᠷ ᠬᠦᠯᠢᠶᠠᠨ ᠠᠪᠴᠤ᠂ ᠬᠦᠰᠡᠯᠳᠡ ᠶᠢᠨ ᠶᠤᠰᠤ ᠪᠠᠷ ᠨᠢ ᠪᠤᠯᠭᠠᠨ ᠰᠢᠢᠳᠪᠤᠷᠢᠯᠡᠭᠰᠡᠨ ᠶᠠᠪᠤᠳᠠᠯ ᠨᠢ ᠮᠤᠩᠭᠤᠯ ᠪᠤᠷᠢᠶᠠᠳ ᠨᠠᠷ ᠤᠨ ᠲᠡᠤᠭᠡᠨ ᠳᠤ ᠦᠨᠡᠭᠡᠷ ᠠᠴᠢ ᠬᠤᠯᠪᠤᠭᠳᠠᠯ ᠲᠠᠢ ᠵᠦᠢᠯ ᠪᠤᠯᠵᠠᠢ᠃ ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠨᠠᠷ ᠤᠨ ᠵᠠᠬᠢᠷᠭ᠎ᠠ ᠪᠠᠶᠢᠭᠤᠯᠤᠭᠳᠠᠭᠰᠠᠨ ᠤ ᠲᠠᠷᠠᠭ᠎ᠠ ᠤᠯᠤᠰ ᠤᠨ ᠠᠩᠬᠠᠳᠤᠭᠠᠷ ᠶᠡᠭᠡ ᠬᠤᠷᠠᠯ 1924 ᠤᠨ ᠤ 11 ᠰᠠᠷ᠎ᠠ ᠶᠢᠨ 8 — 28 ᠤ ᠡᠳᠤᠷ ᠬᠦᠷᠳᠡᠯ᠎ᠠ ᠬᠤᠷᠠᠯᠳᠤᠵᠤ᠂ ᠵᠠᠰᠠᠭ ᠤᠨ ᠭᠠᠵᠠᠷ ᠤᠨ ᠲᠡᠶᠢᠯᠤᠨ᠂ ᠪᠦᠬᠦ ᠶᠠᠮᠤᠨ ᠨᠤᠭᠤᠳ ᠪᠤᠯᠤᠨ ᠠᠶᠢᠮᠠᠭ ᠤᠳ ᠤᠨ ᠢᠯᠡᠳᠭᠡᠯ ᠵᠡᠷᠭᠡ ᠬᠤᠷᠢᠭᠠᠳ ᠠᠰᠠᠭᠤᠳᠠᠯ ᠢ ᠭᠡᠯᠡᠯᠴᠡᠵᠤ ᠲᠠᠯᠪᠢᠭᠳᠠᠭᠰᠠᠨ ᠢᠯᠡᠳᠭᠡᠯ ᠪᠦᠷᠢ ᠳᠤ ᠲᠤᠭᠳᠠᠭᠠᠯ ᠭᠠᠷᠭᠠᠵᠠᠢ᠃ ᠤᠯᠤᠰ ᠤᠨ ᠶᠡᠭᠡ ᠬᠤᠷᠠᠯ ᠤᠨ ᠤᠨᠴᠠᠭᠠᠢ ᠠᠴᠢ ᠬᠤᠯᠪᠤᠭᠳᠠᠯ ᠨᠢ ᠮᠤᠩᠭᠤᠯ ᠤᠯᠤᠰ ᠤᠨ ᠠᠩᠬᠠᠳᠤᠭᠠᠷ ᠦᠨᠳᠤᠰᠤᠨ ᠬᠠᠤᠯᠢ ᠶᠢ ᠭᠡᠯᠡᠯᠴᠡᠵᠤ ᠪᠠᠳᠤᠯᠠᠭᠰᠠᠨ ᠶᠠᠪᠤᠳᠠᠯ ᠶᠤᠮ᠃ 1922 ᠤᠨ ᠠᠴᠠ ᠦᠨᠳᠤᠰᠤᠨ ᠬᠠᠤᠯᠢ ᠪᠤᠯᠪᠠᠰᠤᠷᠠᠭᠤᠯᠬᠤ ᠲᠤᠰᠬᠠᠢ ᠺᠤᠮᠢᠰ ᠲᠤᠮᠢᠯᠠᠵᠤ᠂ ᠡᠬᠢᠯᠡᠭᠡᠳ ᠰᠢᠬᠦᠬᠦ ᠶᠠᠮᠤᠨ ᠤ ᠲᠡᠷᠢᠬᠦᠨ ᠰᠡᠶᠢᠳ ᠨ᠊ · ᠴᠠᠷᠠᠨᠳᠤᠷᠵᠢ ᠪᠠᠷ ᠤᠳᠤᠷᠢᠳᠤᠭᠤᠯᠵᠠᠢ᠃ ᠰᠡᠬᠦᠯ ᠳᠤᠨᠢ ᠺᠤᠮᠢᠰ ᠤᠨ ᠪᠤᠯᠪᠠᠰᠤᠷᠠᠭᠤᠯᠤᠭᠰᠠᠨ ᠦᠨᠳᠤᠰᠤᠨ ᠬᠠᠤᠯᠢ ᠶᠢᠨ ᠲᠦᠰᠦᠯ ᠢ ᠤᠷᠤᠰ ᠤᠨ ᠬᠠᠤᠯᠢ ᠴᠠᠭᠠᠵᠠ ᠶᠢᠨ ᠮᠡᠷᠭᠡᠵᠢᠯᠳᠡᠨ ᠫ᠊ · ᠸᠰᠸᠧᠶᠡᠳ᠋ᠰᠺᠢ ᠭᠡᠭᠴᠢ ᠦᠭᠡᠷᠡᠴᠢᠯᠡᠵᠤ ᠪᠠᠷᠤᠭ ᠭᠠᠭᠴᠠᠭᠠᠷ ᠢᠶᠠᠨ ᠦᠨᠳᠤᠰᠤᠨ ᠬᠠᠤᠯᠢ ᠶᠢᠨ ᠰᠢᠨ᠎ᠠ ᠲᠦᠰᠤᠯ ᠪᠡᠯᠡᠳᠭᠡᠵᠤ ᠪᠠᠳᠤᠯᠠᠭᠤᠯᠤᠭᠰᠠᠨ ᠪᠠᠶᠢᠨ᠎ᠠ᠃ ᠶᠡᠭᠡ ᠬᠤᠷᠠᠯ ᠢᠶᠠᠷ ᠤᠯᠤᠰ ᠤᠨ ᠨᠡᠶᠢᠰᠯᠡᠯ ᠢ ᠲ᠊ · ᠷᠠᠢᠰᠺᠤᠯᠤᠸ᠋ ᠤᠨ ᠰᠠᠨᠠᠯ ᠪᠤᠯᠠᠭᠠᠭᠰᠠᠨ ᠢᠶᠠᠷ ︽ᠤᠯᠠᠭᠠᠨᠪᠠᠭᠠᠳᠤᠷ︾ ᠭᠡᠵᠤ ᠨᠡᠷᠡᠶᠢᠳᠬᠦ ᠪᠠᠷ ᠪᠤᠯᠤᠭᠰᠠᠨ ᠪᠠᠶᠢᠨ᠎ᠠ᠃ ᠡᠨᠡ ᠶᠡᠭᠡ ᠬᠤᠷᠠᠯ ᠳᠤ 90 ᠲᠦᠯᠤᠭᠡᠯᠡᠭᠴᠢ ᠰᠤᠩᠭᠤᠭᠳᠠᠵᠤ᠂ 77 ᠲᠦᠯᠤᠭᠡᠯᠡᠭᠴᠢ ᠤᠷᠤᠯᠴᠠᠭᠰᠠᠨ ᠪᠦᠭᠡᠳ ᠰᠢᠨ᠎ᠠ ᠲᠠᠭᠠᠷ᠎ᠠ ᠤᠷᠤᠭᠰᠠᠨ ᠪᠤᠷᠢᠶᠠᠳ ᠤᠨ ᠤᠯᠵᠠ ᠭᠤᠤᠯ ᠤᠨ ᠬᠤᠰᠢᠭᠤᠨ ᠠᠴᠠ ᠠᠷᠠᠳ ᠪᠠᠽᠠᠷ ᠤᠨ ᠴᠧᠳᠧᠩ ︵38 ᠨᠠᠰᠤᠳᠠᠢ︶᠂ ᠮᠠᠯᠠᠭᠠᠢ ᠠᠭᠤᠯᠠ ᠶᠢᠨ ᠬᠤᠰᠢᠭᠤᠨ ᠠᠴᠠ ᠠᠷᠠᠳ ᠪᠠᠯᠺᠢ ᠶᠢᠨ ᠠᠶᠤᠰᠢ ︵41 ᠨᠠᠰᠤᠳᠠᠢ︶᠂ ᠤᠨᠤᠨ ᠭᠤᠤᠯ ᠤᠨ ᠬᠤᠰᠢᠭᠤᠨ ᠠᠴᠠ ᠠᠷᠠᠳ ᠴᠢᠮᠡᠳᠷᠢᠨᠴᠢᠨ ︵30 ᠨᠠᠰᠤᠳᠠᠢ︶᠂ ᠬᠠᠯᠬ᠎ᠠ᠂ ᠨᠦᠮᠤᠷᠭᠡ ᠭᠤᠤᠯ ᠤᠨ ᠬᠤᠰᠢᠭᠤᠨ ᠠᠴᠠ ᠠᠷᠠᠳ ᠲᠦᠮᠡᠨᠪᠠᠶᠠᠷ ︵50 ᠨᠠᠰᠤᠳᠠᠢ︶ ᠨᠠᠷ ᠲᠦᠯᠤᠭᠡᠯᠡᠭᠴᠢ ᠪᠠᠷ ᠰᠤᠩᠭᠤᠭᠳᠠᠵᠤ ᠤᠷᠤᠯᠴᠠᠭᠰᠠᠨ ᠨᠢ ᠪᠤᠷᠢᠶᠠᠳ ᠤᠳ ᠮᠤᠩᠭᠤᠯ ᠤᠨ ᠵᠢᠷ ᠤᠨ ᠢᠷᠭᠡᠨ ᠤ ᠨᠢᠭᠡᠨ ᠠᠳᠠᠯᠢ ᠲᠦᠷᠤ ᠶᠢᠨ ᠦᠢᠯᠡ ᠭᠡᠷᠡᠭ ᠲᠤ ᠢᠳᠡᠪᠬᠢᠳᠡᠢ ᠤᠷᠤᠯᠴᠠᠬᠤ ᠪᠤᠯᠤᠭᠰᠠᠨ ᠪᠤᠳᠠᠳᠠᠢ ᠵᠢᠱᠢᠶ᠎ᠠ ᠪᠤᠯᠵᠠᠢ᠃ ᠡᠳᠡᠭᠡᠷ ᠲᠦᠯᠤᠭᠡᠯᠡᠭᠴᠢ ᠠᠴᠠ ᠤᠯᠵᠠ ᠭᠤᠤᠯ ᠤᠨ ᠬᠤᠰᠢᠭᠤᠨ ᠤ ᠲᠦᠯᠤᠭᠡᠯᠡᠭᠴᠢ ᠪᠠᠽᠠᠷ ᠤᠨ ᠴᠧᠳᠧᠩ ᠶᠡᠭᠡ ᠬᠤᠷᠠᠯ ᠳᠤ ᠦᠭᠡ ᠭᠡᠯᠡᠵᠤ᠂ ᠮᠠᠯ ᠡᠮᠨᠡᠯᠭᠡ ᠶᠢᠨ ᠰᠠᠯᠪᠤᠷᠢ ᠶᠢ ᠬᠦᠳᠡᠭᠡ ᠳᠤ ᠦᠷᠭᠡᠨ ᠢᠶᠠᠷ ᠪᠠᠶᠢᠭᠤᠯᠬᠤ᠂ ᠬᠠᠷᠢᠯᠴᠠᠨ ᠲᠤᠰᠠᠯᠠᠯᠴᠠᠬᠤ ᠬᠤᠷᠰᠢᠶ᠎ᠠ ᠶᠢ ᠲᠡᠮᠵᠢᠨ ᠲᠡᠯᠭᠡᠷᠡᠬᠦᠯᠬᠦ᠂ ᠵᠠᠷᠭᠤ ᠵᠠᠯᠢᠬᠠᠢ ᠭᠡᠮᠳᠤ ᠭᠡᠷᠡᠭ ᠢ ᠤᠷᠤᠨ ᠨᠤᠳᠤᠭ ᠲᠤ ᠲᠠᠰᠤᠯᠤᠨ ᠰᠢᠳᠭᠡᠭᠡᠬᠦ ᠳᠤ ᠪᠠᠷᠢᠮᠳᠠᠯᠠᠬᠤ ᠲᠦᠷᠢᠮ᠂ ᠵᠢᠭᠠᠪᠤᠷᠢ ᠭᠠᠷᠭᠠᠬᠤ᠂ ᠬᠦᠮᠤᠨ ᠪᠦᠷᠢ ᠶᠢ ᠬᠠᠤᠯᠢ ᠶᠢᠨ ᠦᠨᠡᠮᠯᠡᠬᠦ ᠪᠢᠴᠢᠭ ᠲᠠᠢ ᠪᠤᠯᠭᠠᠬᠤ᠂ ᠤᠷᠤᠰ ᠭᠤᠰᠲ᠋ᠤᠷᠺ ᠮᠤᠩᠭᠤᠯ ᠬᠤᠷᠰᠢᠶᠠᠨ ᠠᠴᠠ ᠮᠠᠯ ᠪᠡᠯᠡᠳᠭᠡᠭᠡᠬᠦ ᠳᠤ ᠬᠠᠷᠢᠶᠠᠯᠠᠬᠤ ᠦᠨᠳᠤᠰᠤᠨ ᠵᠠᠬᠢᠷᠭᠠᠨ ᠠᠴᠠ ᠵᠦᠪᠰᠢᠶᠡᠷᠡᠯ ᠠᠪᠴᠤ ᠪᠠᠶᠢᠬᠤ ᠵᠡᠷᠭᠡ ᠴᠢᠬᠤᠯᠠ ᠰᠠᠨᠠᠯ ᠲᠠᠪᠰᠢᠬᠦᠯᠤᠨ ᠬᠤᠷᠠᠯ ᠤᠨ ᠶᠠᠪᠤᠴᠠ ᠳᠤ ᠵᠢᠷᠭᠤᠭᠠᠨ ᠠᠰᠠᠭᠤᠳᠠᠯ ᠲᠠᠯᠪᠢᠵᠤ ᠦᠭᠡ ᠭᠡᠯᠡᠭᠰᠡᠨ ᠪᠠᠶᠢᠨ᠎ᠠ᠃ ᠠᠷᠠᠳ ᠤᠨ ᠵᠠᠰᠠᠭ ᠤᠨ ᠭᠠᠵᠠᠷ ᠠᠴᠠ ᠬᠢᠯᠢ ᠬᠢᠵᠠᠭᠠᠷ ᠢ ᠬᠠᠮᠠᠭᠠᠯᠠᠬᠤ ᠠᠰᠠᠭᠤᠳᠠᠯ ᠢ ᠴᠢᠬᠤᠯᠠᠴᠢᠯᠠᠨ ᠦᠵᠡᠵᠤ᠂ ᠠᠩᠬᠠᠷᠤᠯ ᠲᠠᠳᠠᠵᠤ ᠪᠠᠶᠢᠭᠰᠠᠨ ᠵᠡᠬᠦᠨ ᠬᠢᠵᠠᠭᠠᠷ ᠤᠨ ᠴᠡᠷᠢᠭ ᠤᠨ ᠪᠠᠶᠢᠳᠠᠯ ᠢ ᠵᠠᠩᠵᠤᠨ ᠳ᠋᠊ · ᠰᠦᠭᠡᠪᠠᠭᠠᠳᠤᠷ 1922 ᠤᠨ ᠤ 11 ᠰᠠᠷ᠎ᠠ ᠳᠤ ᠰᠢᠯᠭᠠᠵᠤ᠂ ᠵᠡᠬᠦᠨ ᠬᠤᠶᠢᠳᠤ ᠬᠢᠵᠠᠭᠠᠷ ᠤᠨ ᠰᠡᠷᠭᠡᠶᠢᠯᠡᠬᠦ ᠴᠡᠷᠢᠭ ᠤᠨ 200 ᠬᠦᠮᠤᠨ ᠤ ᠲᠤᠳᠤᠷ᠎ᠠ ᠠᠴᠠ ᠪᠠᠶᠠᠨ — ᠲᠤᠩ ᠤᠨ ᠬᠠᠷᠠᠭᠤᠯ ᠳᠤ ᠲᠠᠪᠢ ᠶᠢ᠂ ᠤᠯᠵᠠ ᠶᠢᠨ ᠲᠡᠮᠤᠷ ᠲᠡᠭᠡᠭᠡ ᠭᠡᠳᠡᠭ ᠭᠠᠵᠠᠷ ᠲᠤ 150 ᠴᠡᠷᠢᠭ ᠢ ᠲᠤᠰ ᠲᠤᠰ ᠰᠠᠭᠤᠯᠭᠠᠬᠤ ᠪᠠᠷ ᠰᠢᠢᠳᠪᠤᠷᠢᠯᠡᠭᠰᠡᠨ ᠠᠴᠠ ᠭᠠᠳᠠᠨ᠎ᠠ ᠵᠡᠬᠦᠨ ᠬᠢᠵᠠᠭᠠᠷ ᠤᠨ ᠰᠠᠶᠢᠳ ᠠᠯᠳᠠᠠᠭᠡᠷᠡᠯ ᠤᠨ ᠬᠠᠷᠢᠶᠠᠳᠤ ᠴᠡᠷᠢᠭ ᠠᠴᠠ ᠤᠯᠵᠠ ᠶᠢᠨ ᠡᠮᠵᠡᠭᠳᠤ ᠳᠤ 50 ᠴᠡᠷᠢᠭ ᠢ ᠨᠡᠮᠡᠨ ᠰᠠᠭᠤᠯᠭᠠᠵᠤ᠂ ᠵᠡᠬᠦᠨ ᠬᠤᠶᠢᠳᠤ ᠬᠢᠵᠠᠭᠠᠷ ᠤᠨ ᠴᠡᠷᠢᠭ ᠢ ᠵᠠᠬᠢᠷᠬᠤ ᠲᠦᠰᠢᠮᠡᠯ ᠢᠶᠠᠷ ᠴᠢᠯᠠᠭᠤᠨ ᠭᠡᠳᠡᠭ ᠬᠦᠮᠤᠨ ᠢ ᠲᠤᠮᠢᠯᠠᠭᠰᠠᠨ ᠪᠠᠶᠢᠨ᠎ᠠ᠃ ᠢᠩᠬᠢᠵᠤ ᠵᠡᠬᠦᠨ ᠬᠢᠵᠠᠭᠠᠷ ᠢ ᠵᠠᠩᠵᠤᠨ ᠳ᠋᠊ · ᠰᠦᠭᠡᠪᠠᠭᠠᠳᠤᠷ ᠦᠪᠡᠷ ᠢᠶᠠᠨ ᠤᠨᠴᠠᠯᠠᠨ ᠰᠢᠯᠭᠠᠵᠤ᠂ ᠵᠠᠷᠢᠮ ᠵᠤᠬᠢᠶᠠᠨ ᠪᠠᠶᠢᠭᠤᠯᠤᠯᠳᠠ ᠶᠢ ᠪᠠᠶᠠᠴᠢᠯᠡᠨ ᠬᠢᠭᠰᠡᠨ ᠨᠢ ᠲᠡᠷᠡ ᠦᠶ᠎ᠠ ᠳᠤ ᠮᠠᠨᠵᠤᠤᠷ ᠲᠤ ᠦᠢᠮᠡᠭᠡᠨ ᠲᠡᠭᠳᠡᠭᠡᠵᠤ ᠪᠠᠶᠢᠭᠰᠠᠨ ᠴᠠᠭᠠᠡᠳᠠᠨ ᠨᠤᠭᠤᠳ ᠠᠴᠠ ᠰᠡᠷᠡᠮᠵᠢᠯᠡᠬᠦ ᠲᠠᠢ ᠬᠤᠯᠪᠤᠭ᠎ᠠ ᠲᠠᠢ ᠪᠠᠶᠢᠭᠰᠠᠨ ᠪᠠᠶᠢᠨ᠎ᠠ᠃ ᠵᠠᠰᠠᠭ ᠤᠨ ᠭᠠᠵᠠᠷ ᠤᠨ 1924 ᠤᠨ ᠤ 10 ᠰᠠᠷ᠎ᠠ ᠶᠢᠨ 18 ᠤ ᠡᠳᠤᠷ ᠤᠨ 12 ᠳ᠋ᠤᠭᠠᠷ ᠬᠤᠷᠠᠯ ᠢᠶᠠᠷ 15800 ᠬᠦᠮᠤᠨ ᠠᠮᠠ ᠪᠦᠬᠦᠢ 4000 ᠡᠷᠤᠭᠡ ᠶᠢ᠂ ᠮᠦᠨ ᠤᠨ ᠤ 11 ᠳ᠋ᠤᠭᠡᠷ ᠰᠠᠷ᠎ᠠ ᠳᠤ ᠬᠤᠷᠠᠯᠳᠤᠭᠰᠠᠨ ᠤᠯᠤᠰ ᠤᠨ ᠠᠩᠬᠠᠳᠤᠭᠠᠷ ᠶᠡᠭᠡ ᠬᠤᠷᠠᠯ ᠢᠶᠠᠷ 16098 ᠬᠦᠮᠤᠨ ᠠᠮᠠ ᠪᠦᠬᠦᠢ 4316 ᠡᠷᠤᠭᠡ ᠶᠢ᠂ ᠵᠠᠰᠠᠭ ᠤᠨ ᠭᠠᠵᠠᠷ ᠤᠨ 1926 ᠤᠨ ᠤ 6 ᠰᠠᠷ᠎ᠠ ᠶᠢᠨ 12 ᠤ ᠡᠳᠤᠷ ᠤᠨ 10 ᠳ᠋ᠤᠭᠠᠷ ᠬᠤᠷᠠᠯ ᠢᠶᠠᠷ 3616 ᠬᠦᠮᠤᠨ ᠠᠮᠠ ᠪᠦᠬᠦᠢ 927 ᠡᠷᠤᠭᠡ ᠶᠢ ᠲᠤᠰ ᠲᠤᠰ ᠮᠤᠩᠭᠤᠯ ᠤᠯᠤᠰ ᠤᠨ ᠬᠠᠷᠢᠶᠠᠳᠤ ᠪᠤᠯᠭᠠᠨ ᠠᠮᠢᠳᠤᠷᠠᠯ ᠢ ᠨᠢ ᠲᠡᠭᠡᠭᠰᠢᠯᠡᠬᠦᠯᠬᠦ ᠵᠤᠷᠢᠯᠭ᠎ᠠ ᠪᠠᠷ ᠡᠬᠢᠨ ᠤ ᠭᠤᠷᠪᠠᠨ ᠵᠢᠯ ᠳᠤ ᠡᠯᠳᠡᠪ ᠠᠯᠪᠠᠨ ᠲᠠᠳᠠᠪᠤᠷᠢ ᠠᠴᠠ ᠴᠢᠯᠤᠭᠡᠯᠡᠵᠤ ᠲᠦᠪᠬᠢᠨᠡᠬᠦᠯᠵᠡᠢ᠃ ᠪᠤᠷᠢᠶᠠᠳ ᠤᠳ ᠠᠩᠬ᠎ᠠ ᠮᠤᠩᠭᠤᠯ ᠳᠤ ᠤᠷᠤᠵᠤ ᠢᠷᠡᠬᠦ ᠳᠡᠭᠡᠨ ᠪᠠᠰᠠ ᠯᠠ ᠪᠡᠷᠭᠡᠰᠢᠶᠡᠯ ᠳᠤ ᠲᠤᠯᠭᠠᠷᠠᠵᠤ ᠪᠠᠶᠢᠵᠠᠢ᠃ ᠤᠷᠤᠰ ᠠᠴᠠ ᠰᠢᠨ᠎ᠠ ᠨᠤᠳᠤᠭ ᠲᠤ ᠢᠷᠡᠭᠰᠡᠳ ᠨᠢ ᠶᠠᠮᠠᠷ ᠴᠤ ᠵᠦᠪᠰᠢᠶᠡᠷᠡᠯ ᠦᠭᠡᠢ ᠲᠤᠯᠠ ᠮᠤᠩᠭᠤᠯ ᠨᠤᠳᠤᠭ ᠲᠤ ᠤᠷᠤᠵᠤ ᠢᠷᠡᠬᠦ ᠳᠡᠭᠡᠨ ᠬᠢᠯᠢ ᠶᠢᠨ ᠬᠠᠷᠠᠭᠤᠯ ᠨᠤᠭᠤᠳ ᠤᠨ ᠵᠠᠩᠬᠢ ᠲᠦᠰᠢᠮᠡᠳ ᠲᠠᠳᠠᠨ ᠢ ᠭᠠᠳᠠᠭᠤᠷᠬᠠᠨ ᠤᠷᠤᠰ ᠤᠨ ᠤᠷᠭᠤᠳᠤᠤᠯ ᠤᠳ᠂ ᠦᠭᠡᠷ ᠬᠠᠷ᠎ᠠ ᠪᠤᠷᠢᠶᠠᠳ ᠤᠳ ᠭᠡᠵᠤ ᠵᠠᠩᠨᠠᠨ ᠡᠯᠳᠡᠪ ᠭᠠᠶᠢᠯᠢ ᠲᠠᠳᠠᠪᠤᠷᠢ ᠨᠤᠭᠳᠠᠭᠤᠯᠬᠤ᠂ ᠪᠠᠭᠤᠬᠤ ᠦᠭᠡᠢ ᠭᠠᠵᠠᠷ ᠪᠠᠭᠤᠯ᠎ᠠ᠂ ᠪᠤᠰᠢᠭᠤ ᠵᠠᠶᠢᠯᠠ ᠭᠡᠵᠤ ᠬᠦᠭᠡᠭᠡᠬᠦ᠂ ᠤᠢ ᠮᠤᠳᠤ ᠲᠠᠢ ᠭᠠᠵᠠᠷ ᠠᠴᠠ ᠮᠤᠳᠤ ᠲᠦᠯᠡᠭᠡ ᠪᠡᠯᠡᠳᠭᠡᠬᠦᠯᠬᠦ ᠦᠭᠡᠢ᠂ ᠡᠪᠡᠰᠤ ᠬᠠᠳᠤᠯᠠᠩ ᠠᠪᠬᠤ ᠶᠢ ᠬᠤᠷᠢᠭᠯᠠᠬᠤ ᠵᠡᠷᠭᠡ ᠪᠠᠷ ᠲᠠᠷᠤᠮᠳᠠᠯᠠᠬᠤ ᠲᠤᠬᠢᠶᠠᠯᠳᠤᠯ ᠤᠯᠠᠨᠳᠠ ᠭᠠᠷᠳᠠᠭ ᠪᠠᠶᠢᠵᠠᠢ᠃ ᠵᠦᠪᠰᠢᠶᠡᠷᠡᠯ ᠦᠭᠡᠢ ᠤᠷᠤᠵᠤ ᠢᠷᠡᠭᠰᠡᠨ ᠪᠤᠷᠢᠶᠠᠳ ᠨᠠᠷ ᠲᠤ ᠬᠢᠯᠢ ᠶᠢᠨ ᠬᠠᠷᠠᠭᠤᠯ ᠤᠳ ᠤᠨ ᠲᠠᠯᠪᠢᠵᠤ ᠪᠠᠶᠢᠭᠰᠠᠨ ᠱᠠᠭᠠᠷᠳᠠᠯᠭ᠎ᠠ ᠵᠦᠢ ᠶᠤᠰᠤᠨ ᠤ ᠬᠢ ᠪᠠᠶᠢᠭᠰᠠᠨ ᠪᠤᠯᠪᠠᠴᠤ ᠬᠤᠪᠢ ᠳᠠᠭᠠᠨ ᠠᠰᠢᠭᠳᠠᠢ ᠪᠠᠷ ᠶᠡᠭᠡᠩᠭᠢ ᠨᠢ ᠠᠵᠢᠯᠯᠠᠳᠠᠭ ᠪᠠᠶᠢᠪᠠ᠃ ᠬᠢᠯᠢ ᠶᠢᠨ ᠬᠠᠷᠠᠭᠤᠯ ᠤᠨ ᠵᠠᠩᠬᠢ ᠲᠦᠰᠢᠮᠡᠳ ᠤᠯᠠᠷᠢᠬᠤ ᠴᠠᠭ ᠤᠨ ᠡᠷᠭᠡ ᠪᠠᠷ ᠨᠤᠳᠤᠭ ᠤᠨ ᠪᠤᠷᠢᠶᠠᠳ ᠤᠳ ᠲᠠᠢ ᠲᠠᠨᠢᠯᠴᠠᠵᠤ᠂ ᠬᠠᠳᠤᠯᠠᠩ ᠢᠶᠠᠨ ᠬᠠᠳᠤᠭᠤᠯᠬᠤ᠂ ᠬᠠᠰᠢᠶ᠎ᠠ ᠰᠠᠷᠠᠪᠴᠢ ᠪᠠᠨ ᠪᠠᠷᠢᠭᠤᠯᠬᠤ ᠵᠡᠷᠭᠡ ᠠᠵᠢᠯ ᠤᠳ ᠢ ᠦᠨ᠎ᠠ ᠬᠦᠯᠤᠰᠤ ᠦᠭᠡᠢ ᠪᠤᠶᠤ ᠬᠢᠮᠳᠠ ᠦᠨ᠎ᠠ ᠪᠠᠷ ᠬᠢᠯᠭᠡᠵᠤ ᠲᠠᠳᠠᠨ ᠤ ᠵᠦᠭ ᠠᠴᠠ ᠲᠠᠯᠪᠢᠬᠤ ᠲᠠᠷᠤᠮᠳᠠᠯᠠᠯ ᠵᠦᠭᠡᠯᠡᠷᠡᠵᠤ ᠢᠷᠡᠭᠰᠡᠨ ᠪᠠᠶᠢᠨ᠎ᠠ᠃ ᠬᠠᠷᠢᠨ ᠠᠷᠠᠳ ᠤᠨ ᠵᠠᠰᠠᠭ ᠲᠤᠭᠳᠠᠭᠰᠠᠨ ᠤ ᠲᠠᠷᠠᠭ᠎ᠠ ᠨᠡᠬᠦᠨ ᠢᠷᠡᠭᠰᠡᠨ ᠪᠤᠷᠢᠶᠠᠳ ᠤᠳ ᠲᠤ ᠨᠤᠳᠤᠭᠯᠠᠬᠤ ᠭᠠᠵᠠᠷ ᠢ ᠠᠯᠪᠠᠨ ᠶᠤᠰᠤ ᠪᠠᠷ ᠤᠯᠭᠤᠵᠤ ᠬᠤᠰᠢᠭᠤ ᠵᠠᠬᠢᠷᠭᠠᠨ ᠠᠴᠠ ᠲᠤᠰᠬᠠᠢ ᠦᠨᠡᠮᠯᠡᠯ ᠪᠢᠴᠢᠭ ᠠᠶᠢᠯ ᠡᠷᠤᠭᠡ ᠨᠦᠭᠦᠳ ᠲᠤ ᠤᠯᠭᠤᠳᠠᠭ ᠪᠠᠶᠢᠪᠠ᠃ ᠵᠢᠱᠢᠶᠠᠯᠡᠪᠡᠯ᠄ ᠦᠨᠡᠮᠯᠡᠬᠦ ᠲᠤᠰ ᠬᠤᠰᠢᠭᠤᠨ ᠤ ᠲᠠᠯᠠᠢ ᠰᠤᠮᠤ ᠶᠢᠨ ᠭᠡᠷ ᠤᠨ ᠡᠵᠡᠨ ᠲᠠᠮᠳᠢᠨᠵᠠᠪ ᠨᠢ ᠡᠷ᠎ᠡ ᠡᠮ᠎ᠠ 8 ᠠᠮᠠ ᠪᠦᠯᠢ ᠶᠢᠨ ᠬᠠᠮᠳᠤ ᠠᠴᠢᠳᠤ ᠸᠠᠩ ᠤᠨ ᠬᠤᠰᠢᠭᠤᠨ ᠳᠤ ᠨᠡᠬᠦᠳᠡᠯᠯᠡᠨ ᠠᠵᠤ ᠲᠦᠷᠤᠵᠤ ᠪᠠᠶᠢᠭ᠎ᠠ ᠨᠢ ᠦᠨᠡᠨ ᠪᠤᠯᠬᠤ ᠶᠢ ᠪᠠᠳᠤᠯᠠᠮᠵᠢᠯᠠᠵᠤ ᠡᠨᠡ ᠬᠦ ᠦᠨᠡᠮᠯᠡᠬᠦ ᠶᠢ ᠤᠯᠭᠤᠪᠠ᠃ ᠲᠠᠷᠤᠭ᠎ᠠ᠄ ᠰ᠊ · ᠴᠧᠷᠧᠨᠫᠢᠯᠤᠸ᠋ ᠮᠤᠩᠭᠤᠯ ᠳᠠᠬᠢ ᠪᠤᠷᠢᠶᠠᠳ — ᠮᠤᠩᠭᠤᠯ ᠠᠶᠢᠮᠠᠭ ᠤᠨ ᠪᠤᠷᠢᠶᠠᠳ ᠮᠤᠩᠭᠤᠯ ᠬᠤᠰᠢᠭᠤ 1923 ᠤᠨ ᠤ 7 ᠰᠠᠷ᠎ᠠ ᠶᠢᠨ 5 ᠤ ᠡᠳᠤᠷ᠂ ᠨᠤᠮᠧᠷ 221 ᠵᠦᠪᠯᠡᠯᠳᠤ ᠤᠷᠤᠰ ᠤᠨ ᠪᠤᠷᠢᠶᠠᠳ ᠡᠷᠤᠭᠡ ᠠᠶᠢᠯ ᠭᠡᠰᠡᠭ ᠪᠦᠯᠦᠭ ᠢᠶᠠᠷ ᠢᠶᠠᠨ ᠪᠤᠶᠤ ᠭᠠᠭᠴᠠ ᠨᠢᠭᠡ ᠪᠠᠷ ᠢᠶᠠᠨ ᠮᠤᠩᠭᠤᠯ ᠳᠤ ᠨᠡᠬᠦᠵᠤ ᠢᠷᠡᠬᠦ ᠶᠠᠪᠤᠳᠠᠯ 1927 ᠤᠨ ᠬᠦᠷᠳᠡᠯ᠎ᠠ ᠦᠷᠬᠦᠯᠵᠢᠯᠡᠭᠰᠡᠨ ᠶᠤᠮ᠃ ᠪᠤᠷᠢᠶᠠᠳ ᠤᠳ ᠨᠤᠳᠤᠭ ᠤᠰᠤ ᠪᠠᠷ ᠢᠶᠠᠨ ᠤᠷᠤᠰ ᠤᠨ ᠲᠠᠶᠢᠨ ᠰᠠᠮᠠᠭᠤᠨ ᠤ ᠬᠦᠯ ᠦᠢᠮᠡᠭᠡᠨ ᠳᠤ ᠶᠡᠭᠡ ᠨᠡᠷᠪᠡᠭᠳᠡᠵᠤ ᠪᠠᠶᠢᠭᠰᠠᠨ ᠪᠤᠯᠪᠠᠴᠤ ᠴᠦᠮ ᠢᠶᠠᠷ ᠢᠶᠠᠨ ᠮᠤᠩᠭᠤᠯ ᠤᠷᠤᠭᠤ ᠨᠡᠬᠦᠴᠢᠭᠡᠭᠡ ᠦᠭᠡᠢ᠂ ᠶᠡᠭᠡᠩᠬᠢ ᠨᠢ ᠲᠡᠨᠳᠡ ᠪᠠᠨ ᠦᠯᠡᠳᠡᠭᠰᠡᠨ ᠶᠤᠮ᠃ ᠡᠨᠡ ᠨᠢ ᠭᠠᠳᠠᠭᠰᠢ ᠪᠠᠨ ᠶᠠᠪᠤᠶ᠎ᠠ ᠭᠡᠰᠡᠨ ᠪᠦᠬᠦᠨ ᠢ ᠨᠢ ᠴᠢᠯᠤᠭᠡ ᠲᠠᠢ ᠶᠠᠪᠤᠭᠤᠯᠤᠭᠰᠠᠨ ᠦᠭᠡᠢ ᠬᠢᠵᠠᠭᠠᠷᠯᠠᠯᠳᠠ ᠲᠠᠯᠪᠢᠵᠤ ᠦᠨᠳᠤᠰᠤᠨ ᠳᠡᠭᠡᠨ ᠬᠢᠯᠢ ᠶᠢᠨ ᠠᠰᠠᠭᠤᠳᠠᠯ ᠢ ᠴᠢᠩᠭᠠᠳᠬᠠᠭᠰᠠᠨ ᠲᠠᠢ ᠬᠤᠯᠪᠤᠭᠠᠳᠠᠢ᠃ 1925 ᠤᠨ ᠤ 4 ᠰᠠᠷ᠎ᠠ ᠳᠤ ᠪᠤᠷᠢᠶᠠᠳ ᠬᠤᠷᠠᠯ ᠤᠨ ᠭᠠᠵᠠᠷ ᠡᠬᠦᠷᠭᠡ ᠪᠠᠨ ᠬᠦᠢᠴᠡᠳᠭᠡᠭᠰᠡᠨ ᠤᠴᠢᠷ ᠠᠵᠢᠯ ᠢᠶᠠᠨ ᠬᠠᠭᠠᠭᠰᠠᠨ ᠪᠠᠶᠢᠨ᠎ᠠ᠃ ᠡᠨᠡ ᠠᠰᠠᠭᠤᠳᠠᠯ ᠲᠠᠢ ᠬᠤᠯᠪᠤᠭᠳᠠᠭᠤᠯᠤᠨ ᠵᠢᠷᠭᠤᠭᠠᠨ ᠬᠤᠰᠢᠭᠤᠨ ᠠᠴᠠ ᠨᠢᠵᠡᠭᠡᠳ ᠲᠦᠯᠤᠭᠡᠯᠡᠭᠴᠢ ᠶᠢ ᠲᠤᠮᠢᠯᠠᠨ ᠭᠠᠷᠭᠠᠵᠤ᠂ ᠬᠤᠷᠠᠯ ᠤᠨ ᠭᠠᠵᠠᠷ ᠤᠨ ᠮᠦᠩᠬᠦᠨ ᠰᠡᠩᠬᠦᠤᠵᠢᠯᠳᠡ ᠶᠢ ᠰᠢᠯᠭᠠᠭᠤᠯᠤᠨ ᠵᠠᠷᠤᠯᠭ᠎ᠠ ᠠᠴᠠ ᠦᠯᠡᠳᠡᠭᠰᠡᠨ ᠮᠦᠩᠬᠦᠨ ᠬᠦᠷᠤᠩᠭᠡ᠂ ᠬᠤᠷᠠᠯ ᠤᠨ ᠭᠠᠵᠠᠷ ᠭᠡᠷᠡᠭᠯᠡᠵᠤ ᠪᠠᠶᠢᠭᠰᠠᠨ ᠰᠢᠷᠡᠭᠡ ᠰᠠᠨᠳᠠᠯᠢ ᠵᠡᠷᠭᠡ ᠪᠤᠰᠤᠳ ᠡᠳ᠋ ᠬᠤᠭᠰᠢᠯ ᠢ ᠲᠤᠳᠤᠭᠠᠳᠤ ᠶᠠᠮᠤᠨ ᠤ ᠬᠠᠷᠢᠶ᠎ᠠ ᠡᠷᠡᠬᠦᠯ ᠢ ᠬᠠᠮᠠᠭᠠᠯᠠᠬᠤ ᠭᠠᠵᠠᠷ ᠲᠤ ᠺᠤᠮᠢᠰ ᠤᠨ 1925 ᠤᠨ ᠤ 11 ᠰᠠᠷ᠎ᠠ ᠶᠢᠨ 29 ᠤ ᠡᠳᠤᠷ ᠤᠨ ᠲᠤᠭᠳᠠᠭᠠᠯ ᠢᠶᠠᠷ ᠰᠢᠯᠵᠢᠬᠦᠯᠦᠭᠰᠡᠨ ᠪᠠᠶᠢᠨ᠎ᠠ᠃ 1925 ᠤᠨ ᠳᠤ ᠵᠠᠰᠠᠭ ᠤᠨ ᠭᠠᠵᠠᠷ ᠤᠨ ᠰᠢᠢᠳᠪᠤᠷᠢ ᠪᠠᠷ ᠤᠷᠤᠨ ᠨᠤᠳᠤᠭ ᠤᠨ ᠵᠠᠬᠢᠷᠭ᠎ᠠ ᠶᠢ ᠪᠠᠬᠢᠵᠢᠬᠦᠯᠬᠦ ᠠᠷᠭ᠎ᠠ ᠭᠡᠮᠵᠢᠶ᠎ᠠ ᠠᠪᠴᠤ ᠵᠠᠷᠢᠮ ᠬᠤᠰᠢᠭᠤᠳ ᠢ ᠬᠦᠮᠤᠨ ᠠᠮᠠ᠂ ᠮᠠᠯ᠂ ᠭᠠᠵᠠᠷ ᠨᠤᠳᠤᠭ ᠤᠨ ᠪᠠᠶᠢᠳᠠᠯ ᠢ ᠬᠠᠷᠠᠭᠠᠯᠵᠠᠨ ᠴᠤᠮᠬᠠᠳᠬᠠᠵᠤ ᠪᠤᠷᠢᠶᠠᠳ ᠤᠳ ᠢ ᠲᠦᠷᠪᠡᠨ ᠬᠤᠰᠢᠭᠤ ᠪᠤᠯᠭᠠᠭᠰᠠᠨ ᠪᠠᠶᠢᠨ᠎ᠠ᠃ 1930 ᠤᠨ ᠳᠤ ᠬᠠᠯᠬ᠎ᠠ ᠨᠦᠮᠤᠷᠭᠡ ᠭᠤᠤᠯ ᠤᠨ ᠬᠤᠰᠢᠭᠤ ᠶᠢ ᠲᠠᠳᠠᠨ ᠪᠠᠭᠤᠯᠭᠠᠵᠤ ᠰᠦᠮᠪᠤᠷ᠂ ᠮᠤᠭᠠᠢ ᠭᠤᠤᠯ ᠂ ᠬᠠᠯᠬ᠎ᠠ ᠨᠦᠮᠤᠷᠭᠡ ᠰᠤᠮᠤ ᠪᠠᠶᠢᠭᠤᠯᠤᠭᠰᠠᠨ ᠠᠴᠠ ᠭᠠᠳᠠᠨ᠎ᠠ ᠮᠦᠨ ᠤᠨ ᠳᠤ ᠲᠤᠷᠤᠨᠠᠳᠤ ᠠᠶᠢᠮᠠᠭ᠂ ᠬᠠᠨ ᠭᠡᠨᠳᠡᠢ ᠠᠭᠤᠯᠠ ᠶᠢᠨ ᠠᠶᠢᠮᠠᠭ ᠠᠴᠠ ᠲᠠᠰᠤᠷᠠᠵᠤ᠂ ᠰᠤᠮᠤ ᠨᠤᠭᠤᠳ ᠤᠨ ᠵᠠᠷᠢᠮ ᠳᠤ ᠦᠭᠡᠷᠡᠴᠢᠯᠡᠯᠳᠡ ᠤᠷᠤᠭᠤᠯᠤᠭᠰᠠᠨ ᠪᠠᠶᠢᠨ᠎ᠠ᠃ 1931 ᠤᠨ ᠤ ᠡᠬᠢ ᠪᠠᠷ ᠨᠤᠳᠤᠭ ᠤᠨ ᠵᠠᠬᠢᠷᠭᠠᠨ ᠤ ᠵᠤᠬᠢᠶᠠᠨ ᠪᠠᠶᠢᠭᠤᠯᠤᠯᠳᠠ ᠶᠢ ᠲᠠᠬᠢᠨ ᠦᠭᠡᠷᠡᠴᠢᠯᠡᠵᠤ ᠨᠡᠶᠢᠳᠡ ᠬᠤᠰᠢᠭᠤ ᠶᠢ ᠲᠠᠳᠠᠨ ᠪᠠᠭᠤᠯᠭᠠᠵᠤ᠂ ᠰᠤᠮᠤ ᠨᠤᠭᠤᠳ ᠢ ᠠᠶᠢᠮᠠᠭ ᠤᠨ ᠶᠠᠮᠤᠨ ᠳᠤ ᠬᠠᠷᠢᠶᠠᠯᠠᠭᠤᠯᠤᠭᠰᠠᠨ ᠪᠠᠶᠢᠨ᠎ᠠ᠃ 1926 ᠤᠨ ᠳᠤ ᠬᠤᠷᠠᠯᠳᠤᠭᠰᠠᠨ ᠤᠯᠤᠰ ᠤᠨ 3 ᠳ᠋ᠤᠭᠠᠷ ᠶᠡᠭᠡ ᠬᠤᠷᠠᠯ ᠢᠶᠠᠷ ᠲᠠᠳᠠᠨ ᠪᠠᠭᠤᠭᠳᠠᠭᠰᠠᠨ ᠪᠠᠭ ᠤᠳ 1930 ᠤᠨ ᠠᠴᠠ ᠰᠡᠷᠬᠦᠨ ᠪᠤᠢ ᠪᠤᠯᠤᠭᠰᠠᠨ ᠪᠠᠶᠢᠨ᠎ᠠ᠃ ᠲᠡᠤᠭᠡ ᠶᠢᠨ ᠨᠢᠭᠡᠨ ᠭᠱᠠᠨ ᠳᠤ ᠢᠩᠬᠢᠵᠤ ᠪᠤᠷᠢᠶᠠᠳ ᠤᠳ ᠤᠯᠤᠰ ᠲᠦᠷᠤ᠂ ᠱᠠᠰᠢᠨ ᠰᠢᠳᠤᠯᠭᠡ᠂ ᠤᠯᠠᠮᠵᠢᠯᠠᠯᠳᠤ ᠰᠤᠶᠤᠯ᠂ ᠭᠠᠵᠠᠷ ᠨᠤᠳᠤᠭ ᠠᠯᠢᠪᠠ ᠪᠦᠬᠦᠨ ᠢᠶᠠᠷ ᠢᠶᠠᠨ ᠬᠠᠪᠴᠢᠭᠳᠠᠵᠤ᠂ ᠲᠠᠶᠢᠨ ᠰᠠᠮᠠᠭᠤᠨ ᠤ ᠬᠦᠯ ᠳᠤ ᠬᠠᠮᠤᠭ ᠤᠨ ᠶᠡᠭᠡ ᠪᠠᠷ ᠨᠡᠷᠪᠡᠭᠳᠡᠵᠤ ᠤᠯᠠᠮ ᠢᠶᠠᠷ ᠲᠤᠭᠤᠷᠭ᠎ᠠ ᠨᠢᠭᠡᠳᠤ ᠮᠤᠩᠭᠤᠯ ᠳᠠᠭᠠᠨ ᠲᠦᠷᠪᠡᠵᠤ ᠢᠷᠡᠬᠦ ᠳᠤᠨᠢ ᠮᠤᠩᠭᠤᠯ ᠤᠨ ᠠᠷᠠᠳ ᠤᠨ ᠵᠠᠰᠠᠭ ᠶᠡᠭᠡᠳᠡ ᠠᠩᠬᠠᠷᠴᠤ ᠠᠭᠤᠯᠠ ᠲᠠᠯ᠎ᠠ᠂ ᠤᠰᠤ ᠤᠷᠭᠤᠮᠠᠯ᠂ ᠠᠩ ᠠᠮᠢᠳᠠᠨ᠂ ᠤᠢ ᠮᠤᠳᠤ ᠪᠠᠷ ᠡᠯᠪᠡᠭ ᠪᠠᠶᠠᠨ ᠰᠡᠯᠡᠩᠭᠡ᠂ ᠤᠯᠵᠠ᠂ ᠬᠠᠯᠬ᠎ᠠ ᠭᠤᠤᠯ ᠤᠨ ᠰᠠᠪᠠ ᠭᠠᠵᠠᠷ ᠢ ᠡᠵᠡᠮᠰᠢᠬᠦᠯᠬᠦ ᠪᠠᠷ ᠰᠡᠳᠬᠢᠯ ᠬᠠᠷᠠᠮ ᠦᠭᠡᠢ ᠦᠭᠬᠦᠭᠰᠡᠨ ᠪᠢᠯᠡ᠃ ᠭᠤᠷᠪᠠ᠂ ᠭᠡᠯᠡᠮᠡᠭᠳᠡᠬᠦᠯᠤᠯᠳᠡ ᠶᠢᠨ ᠡᠬᠢᠯᠡᠯ ᠪᠠ ᠲᠡᠬᠦᠨ ᠤ ᠦᠷ᠎ᠠ ᠲᠠᠭᠠᠪᠤᠷᠢ ᠮᠤᠩᠭᠤᠯ ᠪᠤᠷᠢᠶᠠᠳ ᠵᠤᠨ ᠤᠯᠠᠨ ᠤ ᠡᠪ ᠨᠢᠭᠡᠳᠤᠯ ᠪᠦᠷᠢᠯᠳᠤᠨ ᠲᠤᠭᠳᠠᠵᠤ ᠲᠠᠮ ᠲᠠᠮ ᠳᠡᠭᠡᠨ ᠠᠮᠤᠷ ᠵᠢᠮᠤᠷ ᠡᠩᠭᠡ ᠠᠮᠤᠭᠤᠯᠠᠩ ᠠᠵᠤ ᠲᠦᠷᠤᠬᠦ ᠡᠷᠭᠡ ᠵᠦᠢ ᠶᠢᠨ ᠦᠨᠳᠤᠰᠤᠯᠡᠯ ᠦᠨᠳᠤᠰᠤᠨ ᠳᠡᠭᠡᠨ ᠪᠦᠷᠢᠯᠳᠤᠨ ᠲᠤᠭᠳᠠᠭᠰᠠᠨ ᠤᠨ ᠵᠢᠯ ᠤᠳ ᠦᠷᠬᠦᠯᠵᠢᠯᠡᠵᠤ ᠪᠠᠶᠢᠯ᠎ᠠ᠃ ᠭᠡᠳᠡᠯ᠎ᠠ 1930 ᠤᠨ ᠤ 5 ᠰᠠᠷ᠎ᠠ ᠶᠢᠨ 26 ᠤ ᠡᠳᠤᠷ ︽ᠲᠠᠭᠠᠷ᠎ᠠ ᠤᠷᠤᠭᠰᠠᠳ ᠤᠨ ᠭᠡᠷᠡᠭ ᠢ ᠨᠢᠭᠡᠨ ᠲᠠᠰᠢ ᠪᠤᠯᠭᠠᠬᠤ ᠲᠤᠬᠠᠢ︾ ᠤᠷᠤᠰ ᠮᠤᠩᠭᠤᠯ ᠬᠤᠶᠠᠷ ᠤᠯᠤᠰ ᠤᠨ ᠵᠠᠰᠠᠭ ᠤᠨ ᠭᠠᠵᠠᠷ ᠤᠨ ᠬᠤᠭᠤᠷᠤᠨᠳᠤ ᠶᠢᠨ ᠲᠤᠭᠳᠠᠭᠠᠯ ᠭᠡᠭᠴᠢ ᠭᠡᠨᠡᠳᠳᠡ ᠭᠠᠷᠴᠤ᠂ ᠤᠯᠠᠨ ᠲᠦᠮᠡᠨ ᠤ ᠰᠡᠳᠬᠢᠯ ᠰᠠᠨᠠᠭ᠎ᠠ ᠶᠢ ᠭᠢᠷᠳ᠋ᠬᠢᠯᠭᠡᠭᠰᠡᠨ ᠪᠠᠶᠢᠨ᠎ᠠ᠃ ᠪᠤᠷᠢᠶᠠᠳ ᠨᠠᠷ ᠤᠨ ᠲᠤᠬᠠᠢ ᠠᠰᠠᠭᠤᠳᠠᠯ ᠠᠯᠢ ᠡᠷᠳᠡ ᠰᠢᠢᠳᠪᠤᠷᠢᠯᠡᠭᠳᠡᠭᠰᠡᠨ ᠠᠳᠠᠯ᠎ᠠ ᠡᠶᠢᠮᠤ ᠰᠢᠢᠳᠪᠤᠷᠢ ᠭᠠᠷᠬᠤ ᠪᠤᠯᠤᠭᠰᠠᠨ ᠨᠢ ᠪᠤᠷᠢᠶᠠᠳ ᠨᠠᠷ ᠢ ᠲᠦᠷᠤᠯ ᠢᠶᠠᠷ ᠨᠢ ᠤᠰᠠᠳᠬᠠᠬᠤ ᠭᠡᠰᠡᠨ ᠠᠯᠤᠰ ᠤᠨ ᠪᠤᠳᠤᠯᠭ᠎ᠠ ᠪᠠᠶᠢᠵᠠᠢ᠃ ᠴᠤᠬᠤᠮ ᠡᠨᠡ ᠬᠦ ᠲᠤᠭᠳᠠᠭᠠᠯ ᠭᠠᠷᠭᠠᠬᠤ ᠪᠤᠯᠤᠭᠰᠠᠨ ᠰᠢᠯᠳᠠᠭᠠᠨ ᠢ ᠠᠯᠢ ᠲᠠᠯ᠎ᠠ ᠠᠴᠠ ᠡᠬᠦᠨ ᠢ ᠰᠠᠨᠠᠭᠠᠴᠢᠯᠠᠪᠠ ᠭᠡᠳᠡᠭ ᠨᠢ ᠲᠤᠬᠠᠢ ᠶᠢᠨ ᠦᠶ᠎ᠠ ᠳᠤ ᠶᠡᠭᠡ ᠯᠡ ᠰᠤᠨᠢᠨ ᠠᠰᠠᠭᠤᠳᠠᠯ ᠤᠨ ᠨᠢᠭᠡ ᠪᠠᠶᠢᠭᠰᠠᠨ ᠴᠤ ᠤᠳᠠᠯ ᠦᠭᠡᠢ᠂ ᠰᠲ᠋ᠠᠯᠢᠨ ᠤ ᠰᠠᠨᠠᠭᠠᠴᠢᠯᠠᠭ᠎ᠠ ᠪᠤᠯᠬᠤ ᠨᠢ ᠲᠤᠳᠤᠷᠬᠠᠢ ᠪᠤᠯᠤᠭᠰᠠᠨ ᠶᠤᠮ᠃ ᠲᠡᠭᠡᠷᠡᠬᠢ ᠲᠤᠭᠳᠠᠭᠠᠯ ᠢᠶᠠᠷ ᠲᠤᠰ ᠤᠯᠤᠰ ᠲᠤ ᠲᠠᠭᠠᠷ᠎ᠠ ᠤᠷᠤᠭᠰᠠᠨ ︵1924 ᠤᠨ ᠠᠴᠠ ᠬᠤᠶᠢᠰᠢᠬᠢ︶ ᠪᠤᠷᠢᠶᠠᠳ ᠤᠳ ᠢ ᠲᠠᠬᠢᠨ ᠬᠢᠨᠠᠬᠤ ᠪᠤᠯᠤᠨ ᠤᠯᠤᠰ ᠲᠦᠷᠤ᠂ ᠡᠷᠡᠬᠦᠤ ᠶᠢᠨ ᠭᠡᠷᠡᠭᠳᠡᠨ ᠨᠡᠷᠡᠶᠢᠳᠤᠯ ᠢᠶᠠᠷ ᠪᠤᠴᠠᠭᠠᠨ ᠠᠪᠬᠤ᠂ ᠦᠭᠬᠦ᠂ ᠴᠦᠭᠡᠩᠬᠢ ᠶᠢᠨ ᠬᠡᠮᠳᠤ ᠦᠢᠯᠡᠳᠤᠯ ᠢ ᠨᠡᠶᠢᠳᠡᠮ ᠳᠤᠨᠢ ᠬᠠᠯᠳᠠᠭᠠᠵᠤ ᠬᠤᠮᠤᠷᠭᠠᠯᠠᠨ ᠪᠠᠷᠢᠪᠴᠢᠯᠠᠬᠤ ᠶᠢ ︽ᠡᠷᠭᠡ ᠵᠦᠢ ᠬᠠᠷᠢᠯᠴᠠᠭᠠᠨ ᠤ ᠦᠨᠳᠤᠰᠤᠯᠡᠯ︾ ᠪᠤᠯᠭᠠᠵᠤ ᠭᠡᠷᠡᠭᠵᠢᠬᠦᠯᠬᠦ ᠡᠬᠦᠷᠭᠡ ᠲᠤᠰ ᠬᠤᠶᠠᠷ ᠤᠯᠤᠰ ᠤᠨ ᠠᠶᠤᠯ ᠠᠴᠠ ᠬᠠᠮᠠᠭᠠᠯᠠᠬᠤ ᠪᠠᠶᠢᠭᠤᠯᠭ᠎ᠠ ᠳᠤ ᠦᠭᠬᠦᠭᠳᠡᠵᠡᠢ᠃ 1933 ᠤᠨ ᠤ 1 ᠰᠠᠷ᠎ᠠ ᠳᠤ᠂ ᠲᠤᠳᠤᠭᠠᠳᠤ ᠶᠢ ᠬᠠᠮᠠᠭᠠᠯᠠᠬᠤ ᠭᠠᠵᠠᠷ ᠤᠨ ᠲᠠᠷᠤᠭ᠎ᠠ ᠳ᠋᠊ · ᠨᠠᠮᠰᠠᠷᠠᠢ᠂ ᠰᠤᠷᠭᠠᠭᠴᠢ ᠲᠤᠪᠷᠤᠸ᠋ᠰᠺᠢ ᠶᠢᠨ ᠬᠠᠮᠳᠤ ᠵᠦᠪᠯᠡᠯᠳᠤ ᠤᠯᠤᠰ ᠲᠤ ᠤᠴᠢᠵᠤ ᠢᠷᠡᠭᠡᠳ ᠲᠤᠳᠤᠭᠠᠳᠤ ᠶᠢ ᠬᠠᠮᠠᠭᠠᠯᠠᠬᠤ ᠭᠠᠵᠠᠷ ᠤᠨ ᠤᠳᠤᠷᠢᠳᠬᠤ ᠠᠵᠢᠯᠳᠠᠨ ᠤ ᠵᠦᠪᠯᠡᠯᠭᠡᠨ ᠢ ᠬᠢᠯᠭᠡᠵᠤ ︽ᠬᠢᠳᠠᠳ᠂ ᠪᠤᠷᠢᠶᠠᠳ᠂ ᠤᠷᠤᠰ᠂ ᠲᠦᠪᠡᠳ ᠬᠦᠮᠤᠰ ᠭᠠᠳᠠᠭᠠᠳᠤ ᠶᠢᠨ ᠲᠠᠩᠨᠠᠭᠤᠯ ᠲᠠᠢ ᠬᠤᠯᠪᠤᠭ᠎ᠠ ᠲᠠᠢ᠂ ᠢᠷᠡᠬᠦ ᠬᠠᠪᠤᠷ ᠪᠤᠰᠤᠯᠭ᠎ᠠ ᠭᠠᠷᠭᠠᠵᠤ ᠮᠠᠭᠠᠳ ᠦᠭᠡᠢ︾ ᠭᠡᠳ᠂ ᠲᠠᠳᠠᠨ ᠢ ᠢᠯᠡᠷᠡᠬᠦᠯᠬᠦ ᠭᠡᠷᠡᠭᠳᠡᠢ ᠭᠡᠰᠡᠨ ᠲᠠᠭᠠᠭᠠᠯᠭᠠᠪᠤᠷᠢ ᠦᠭᠬᠦᠭᠰᠡᠨ ᠪᠠᠶᠢᠨ᠎ᠠ᠃ ᠤᠭ ᠵᠦᠪᠯᠡᠯᠭᠡᠨ ᠲᠡᠭᠡᠷ᠎ᠡ ᠲᠤᠷᠤᠨᠠᠳᠤ ᠠᠶᠢᠮᠠᠭ ᠲᠠᠬᠢ ᠲᠤᠳᠤᠭᠠᠳᠤ ᠶᠢ ᠬᠠᠮᠠᠭᠠᠯᠠᠬᠤ ᠭᠠᠵᠠᠷ ᠤᠨ ᠰᠤᠷᠭᠠᠭᠴᠢ ᠺᠷᠠᠢᠯᠤᠸ᠋ ᠠᠴᠠ ᠲᠤᠷᠤᠨᠠᠳᠤ ᠠᠶᠢᠮᠠᠭ ᠪᠤᠯ ᠬᠤᠪᠢᠰᠬᠠᠯ ᠤᠨ ᠡᠰᠡᠷᠬᠦᠤ ᠡᠳᠡᠭᠡᠳ ᠤᠯᠠᠨ ᠲᠠᠢ᠂ ᠵᠢᠱᠢᠶᠡᠯᠡᠪᠡᠯ᠂ ᠰ᠊ ᠰ᠊ ᠰ᠊ ‍ᠷ ᠤᠯᠤᠰ ᠤᠨ ᠠᠭ᠎ᠠ ᠠᠶᠢᠮᠠᠭ ᠤᠨ ᠬᠤᠪᠢᠰᠬᠠᠯ ᠤᠨ ᠡᠰᠡᠷᠬᠦᠤ ᠪᠤᠷᠢᠶᠠᠳ ᠤᠨ ᠲᠦᠷᠤᠯ᠂ 80 ᠰᠢᠬᠠᠮ ᠬᠤᠪᠢ ᠨᠢ ᠰᠤᠪᠢᠶᠠᠳ ᠠᠴᠠ ᠬᠢᠳᠠᠳ ᠤᠯᠤᠰ ᠤᠨ ᠪᠠᠷᠭᠤ ᠶᠢᠨ ᠰᠢᠨᠡᠭᠡᠨ ᠨᠤᠳᠤᠭ ᠲᠤ ᠡᠬᠦᠷᠯᠡᠨ ᠰᠠᠭᠤᠭᠰᠠᠨ ᠡᠰᠡᠷᠬᠦᠤ ᠪᠤᠷᠢᠶᠠᠳ ᠲᠠᠢ ᠲᠦᠷᠤᠯ ᠰᠠᠳᠤᠨ ᠤ ᠬᠤᠯᠪᠤᠭ᠎ᠠ ᠲᠠᠢ ᠭᠡᠵᠡᠢ᠃ ᠡᠨᠡ ᠡᠬᠦᠳᠡᠨ ᠠᠴᠠ ᠤᠯᠤᠰ ᠤᠨ ᠠᠶᠤᠯ ᠠᠴᠠ ᠬᠠᠮᠠᠭᠠᠯᠠᠬᠤ ᠪᠠᠶᠢᠭᠤᠯᠭ᠎ᠠ ᠨᠢ ᠮᠤᠩᠭᠤᠯ ᠳᠤ ᠤᠷᠤᠰᠢᠨ ᠰᠠᠭᠤᠬᠤ ᠵᠦᠪᠰᠢᠶᠡᠷᠡᠯ ᠦᠭᠡᠢ ᠪᠤᠯᠤᠨ ᠸᠢᠽᠢ ᠶᠢᠨ ᠬᠤᠭᠤᠴᠠᠭ᠎ᠠ ᠨᠢ ᠲᠠᠭᠤᠰᠤᠭᠰᠠᠨ ᠵᠦᠪᠯᠡᠯᠳᠤ ᠶᠢᠨ ᠬᠠᠷᠢᠶᠠᠳᠤ ᠨᠤᠭᠤᠳ ᠲᠤ ᠪᠤᠴᠠᠭᠠᠬᠤ ᠠᠷᠭ᠎ᠠ ᠭᠡᠮᠵᠢᠶ᠎ᠠ ᠠᠪᠴᠤ ᠪᠠᠶᠢᠭᠰᠠᠨ ᠤ ᠵᠡᠷᠭᠡᠴᠡᠭᠡ ᠭᠡᠮᠳᠤ ᠭᠡᠷᠡᠭ ᠤᠨ ᠦᠢᠯᠡᠳᠤᠯ ᠲᠠᠢ ᠵᠠᠷᠢᠮ ᠬᠦᠮᠤᠨ ᠲᠡᠭᠡᠷ᠎ᠠ ᠵᠦᠪᠯᠡᠯᠳᠤ ᠶᠢᠨ ᠤᠯᠤᠰ ᠲᠦᠷᠤ ᠶᠢᠨ ᠨᠢᠭᠡᠳᠦᠭᠰᠡᠨ ᠤᠳᠤᠷᠢᠳᠬᠤ ᠭᠠᠵᠠᠷ ᠲᠠᠢ ᠬᠠᠮᠳᠤᠷᠠᠨ ᠭᠡᠷᠡᠭ ᠪᠤᠯᠪᠠᠰᠤᠷᠠᠭᠤᠯᠤᠯᠳᠠ ᠶᠢᠨ ᠠᠵᠢᠯ ᠵᠤᠬᠢᠶᠠᠵᠤ ᠡᠬᠢᠯᠡᠵᠡᠢ᠃ ᠲᠡᠳᠡᠭᠡᠷ ︽ᠤᠷᠭᠤᠳᠤᠤᠯ︾ ᠪᠤᠷᠢᠶᠠᠳ ᠤᠳ ᠤᠨ ᠲᠠᠯ᠎ᠠ ᠪᠠᠷ ᠤᠯᠤᠰ ᠲᠦᠷᠤ ᠶᠢᠨ ᠨᠢᠭᠡᠳᠦᠭᠰᠡᠨ ᠤᠳᠤᠷᠢᠳᠬᠤ ᠭᠠᠵᠠᠷ ᠤᠨ ᠠᠵᠢᠯᠳᠠᠨ ᠨᠤᠭᠤᠳ ᠤᠨ ᠭᠠᠷᠳᠠᠨ ᠪᠤᠯᠪᠠᠰᠤᠷᠠᠭᠤᠯᠤᠭᠰᠠᠨ ︽ᠼᠧᠫᠤᠴᠢᠺ︾ ᠭᠡᠮᠡᠬᠦ ᠭᠡᠷᠡᠭ ᠪᠠᠶᠢᠯ᠎ᠠ᠃ ᠭᠡᠷᠡᠭ ᠪᠤᠯᠪᠠᠰᠤᠷᠠᠭᠤᠯᠤᠯᠳᠠ ᠶᠢᠨ ᠶᠠᠪᠤᠴᠠ ᠳᠤ 1932 ᠤᠨ ᠤ 10 ᠰᠠᠷ᠎ᠠ ᠳᠤ ᠠᠭ᠎ᠠ ᠶᠢᠨ ᠪᠤᠷᠢᠶᠠᠳ ᠠᠴᠠ ᠰ᠊ · ᠪᠤᠳ᠋᠂ ᠴᠧᠳᠠᠪ᠂ ᠭᠤᠳᠤᠪ ᠨᠠᠷ ᠠᠩᠬᠠᠷᠤᠯ ᠲᠠᠳᠠᠬᠤ ᠪᠤᠯᠤᠭᠰᠠᠨ ᠪᠠᠶᠢᠨ᠎ᠠ᠃ ᠦᠨᠡᠭᠡᠷ ᠴᠤ ᠰ᠊ · ᠪᠤᠳ᠋ ᠬᠠᠯᠬ᠎ᠠ ᠮᠤᠩᠭᠤᠯ ᠳᠤ 1919 ᠤᠨ ᠳᠤ ᠤᠷᠤᠵᠤ ᠢᠷᠡᠭᠡᠳ 1926 ᠤᠨ ᠳᠤ ᠵᠦᠪᠯᠡᠯᠳᠤ ᠳᠤ ᠪᠤᠴᠠᠵᠤ᠂ 1930 ᠤᠨ ᠠᠴᠠ ᠪᠠᠷᠭᠤ ᠶᠢᠨ ᠰᠢᠨᠡᠭᠡᠨ ᠳᠤ ᠤᠷᠭᠤᠵᠤ ᠪᠠᠶᠢᠭᠠᠳ 1930 ᠤᠨ ᠳᠤ ᠤᠷᠤᠰ ᠲᠤ ᠤᠷᠤᠭᠠᠳ ᠪᠤᠴᠠᠬᠤ ᠵᠠᠮ ᠳᠠᠭᠠᠨ ᠮᠤᠩᠭᠤᠯ ᠢᠶᠠᠷ ᠲᠠᠭᠠᠷᠢᠵᠤ᠂ ᠭᠡᠳᠤ ᠭᠡᠳᠤᠨ ᠬᠦᠮᠤᠨ ᠲᠠᠢ ᠠᠭᠤᠯᠵᠠᠭᠰᠠᠨ ᠨᠢ ᠰᠦᠷᠬᠦ ᠲᠠᠩᠨᠠᠭᠤᠯ ᠤᠨ ᠱᠤᠭᠤᠮ ᠢᠶᠠᠷ ᠲᠤᠭᠳᠠᠭᠠᠭᠳᠠᠭᠰᠠᠨ ᠪᠠᠶᠢᠨ᠎ᠠ᠃ 1932 ᠤᠨ ᠤ 10 ᠰᠠᠷ᠎ᠠ ᠳᠤ ᠰ᠊ · ᠪᠤᠳ᠋ ᠨᠢ ᠭᠡᠰᠡᠭ ᠨᠦᠬᠦᠳ ᠤᠨ ᠬᠠᠮᠳᠤ ᠨᠢᠭᠤᠴᠠ ᠪᠠᠷ ᠰᠢᠨᠡᠭᠡᠨ ᠠᠴᠠ ᠮᠤᠩᠭᠤᠯ ᠢ ᠲᠠᠭᠠᠷᠢᠵᠤ ᠠᠭ᠎ᠠ ᠶᠢᠨ ᠠᠶᠢᠮᠠᠭ ᠲᠤ ᠤᠴᠢᠵᠤ ᠪᠠᠶᠢᠭᠰᠠᠨ ᠵᠡᠷᠭᠡ ᠦᠢᠯᠡ ᠠᠵᠢᠯᠯᠠᠭ᠎ᠠ ᠨᠢ ᠠᠩᠬᠠᠷᠤᠯ ᠲᠠᠳᠠᠵᠤ᠂ ᠰ᠊ · ᠪᠤᠳ᠋ ᠲᠠᠢ ᠵᠦᠪᠯᠡᠯᠳᠤ ᠶᠢᠨ ᠤᠯᠤᠰ ᠲᠦᠷᠤ ᠶᠢᠨ ᠨᠢᠭᠡᠳᠦᠭᠰᠡᠨ ᠤᠳᠤᠷᠢᠳᠬᠤ ᠭᠠᠵᠠᠷ ᠠᠴᠠ ᠬᠠᠷᠢᠯᠴᠠᠭ᠎ᠠ ᠲᠤᠭᠳᠠᠭᠠᠬᠤ ᠠᠷᠭ᠎ᠠ ᠭᠡᠮᠵᠢᠶ᠎ᠠ ᠠᠪᠤᠭᠰᠠᠨ ᠪᠤᠯᠪᠠᠴᠤ ᠦᠷ᠎ᠠ ᠳ᠋ᠦᠩ ᠳᠤ ᠬᠦᠷᠤᠭᠡ ᠦᠭᠡᠢ ᠪᠠᠶᠢᠯ᠎ᠠ᠃ ᠤᠯᠤᠰ ᠲᠦᠷᠤ ᠶᠢᠨ ᠨᠢᠭᠡᠳᠦᠭᠰᠡᠨ ᠤᠳᠤᠷᠢᠳᠬᠤ ᠭᠠᠵᠠᠷ ᠰ᠊ · ᠪᠤᠳ᠋ ᠤᠨ ᠶᠠᠫᠥᠨ ᠤ ᠲᠠᠩᠨᠠᠭᠤᠯ ᠪᠤᠯᠤᠭᠰᠠᠨ ᠮᠡᠳᠡᠭᠡ ᠶᠢ 1933 ᠤᠨ ᠤ 4 ᠰᠠᠷ᠎ᠠ ᠳᠤ ᠴᠡᠷᠢᠭ ᠤᠨ ᠲᠠᠩᠨᠠᠭᠤᠯ ᠤᠨ ᠱᠤᠭᠤᠮ ᠢᠶᠠᠷ ᠠᠪᠴᠤ᠂ ᠲᠡᠬᠦᠨ ᠢ ᠴᠠᠭᠠᠰᠢᠳᠠ ᠪᠠᠶᠢᠩᠭᠤ ᠶᠢᠨ ᠬᠢᠨᠠᠯᠳᠠ ᠳᠤ ᠪᠠᠶᠢᠯᠭᠠᠵᠤ ᠪᠠᠶᠢᠭᠠᠳ ᠮᠦᠨ ᠤᠨ ᠤ 4 ᠰᠠᠷ᠎ᠠ ᠶᠢᠨ 11 ᠤ ᠡᠳᠤᠷ ᠪᠤᠰᠤᠳ ᠨᠦᠬᠦᠳ ᠤᠨ ᠬᠢᠨᠢ ᠬᠠᠮᠳᠤ ᠪᠠᠷᠢᠪᠴᠢᠯᠠᠭᠰᠠᠨ ᠪᠠᠶᠢᠨ᠎ᠠ᠃ ᠮᠦᠷᠳᠡᠨ ᠪᠠᠶᠢᠴᠠᠭᠠᠯᠳᠠ ᠪᠠᠷ ᠰ᠊ · ᠪᠤᠳ᠋ ᠶᠠᠫᠤᠨ ᠤ ᠲᠠᠨᠨᠠᠭᠤᠯ ᠤᠨ ᠭᠡᠷᠡᠭ ᠢᠶᠠᠨ ᠬᠦᠯᠢᠶᠠᠵᠤ ᠤᠯᠠᠮ ᠢᠶᠠᠷ ᠲᠤᠷᠤᠨᠠᠳᠤ ᠠᠶᠢᠮᠠᠭ ᠤᠨ ᠤᠯᠵᠠ᠂ ᠳᠠᠰᠢᠪᠠᠯᠪᠠᠷ ᠰᠤᠮᠤ ᠶᠢᠨ 192 ᠬᠦᠮᠤᠨ ᠢ ᠬᠠᠮᠰᠠᠭᠠᠳᠠᠨ ᠢᠶᠠᠨ ᠪᠤᠯᠭᠠᠨ ᠨᠠᠷ᠎ᠠ ᠮᠡᠳᠡᠬᠦᠯᠵᠡᠢ᠃ ᠡᠶᠢᠨ ᠬᠦ ᠲᠤᠷᠤᠨᠠᠳᠤ ᠠᠶᠢᠮᠠᠭ ᠲᠤ ᠪᠤᠷᠢᠶᠠᠳ ᠤᠳ ᠢ ᠪᠠᠷᠢᠪᠴᠢᠯᠠᠬᠤ ᠠᠵᠢᠯᠯᠠᠭ᠎ᠠ ᠡᠬᠢᠯᠡᠵᠡᠢ᠃ ᠤᠯᠠᠭᠠᠨᠪᠠᠭᠠᠳᠤᠷ ᠬᠤᠳᠠ ᠶᠢᠨ 1 ᠳ᠋ᠤᠭᠡᠷ ᠲᠤᠰᠬᠠᠢ ᠮᠤᠷᠢᠨ ᠳ᠋ᠢᠸᠢᠽᠢ ᠳᠤ ᠠᠯᠪᠠ ᠬᠠᠭᠠᠵᠤ ᠪᠠᠶᠢᠭᠠᠳ 1929 ᠤᠨ ᠤ 11 ᠰᠠᠷ᠎ᠠ ᠶᠢᠨ 13 ᠤ ᠡᠳᠤᠷ᠂ ᠴᠡᠷᠢᠭ ᠤᠨ ᠠᠯᠪᠠᠨ ᠠᠴᠠ ︽ᠤᠷᠭᠤᠭᠰᠠᠨ︾ ᠬᠠᠨ ᠭᠡᠨᠳᠡᠢ ᠠᠶᠢᠮᠠᠭ ᠤᠨ ᠤᠨᠤᠨ ᠭᠤᠤᠯ ᠤᠨ ᠬᠤᠰᠢᠭᠤᠨ ︵ᠤᠳᠤ ᠶᠢᠨ ᠨᠤᠷᠪᠤᠯᠢᠨ ᠰᠤᠮᠤ ᠶᠢᠨ︶ ᠤ ᠬᠠᠷᠢᠶᠠᠳᠤ ᠷ᠊ · ᠲᠠᠮᠳᠢᠨᠵᠠᠪ᠂ ᠴ᠊ · ᠨᠠᠮᠵᠢᠯ ᠨᠠᠷ ᠤᠨ ᠲᠠᠯ᠎ᠠ ᠪᠠᠷ ᠠᠪᠤᠭᠰᠠᠨ ᠮᠡᠳᠡᠭᠡ ᠨᠢ ᠮᠦᠨ ᠲᠤᠬᠠᠢ ᠶᠢᠨ ᠦᠶ᠎ᠠ ᠳᠤ ᠲᠤᠳᠤᠭᠠᠳᠤ ᠶᠢ ᠬᠠᠮᠠᠭᠠᠯᠠᠬᠤ ᠭᠠᠵᠠᠷ ᠪᠤᠯᠤᠨ ᠲᠡᠬᠦᠨ ᠤ ᠬᠠᠷᠢᠶ᠎ᠠ ᠭᠡᠨᠳᠡᠢ ᠠᠶᠢᠮᠠᠭ ᠤᠨ ᠠᠩᠬᠠᠷᠤᠯ ᠢ ᠲᠠᠳᠠᠭᠰᠠᠭᠠᠷ ᠪᠠᠶᠢᠯ᠎ᠠ᠃ ᠴᠡᠷᠢᠭ ᠤᠨ ᠶᠠᠪᠤᠳᠠᠯ ᠤᠨ ᠶᠠᠮᠤᠨ ᠤ 3 ᠳ᠋ᠤᠭᠠᠷ ᠭᠠᠵᠠᠷ ᠤᠨ ᠲᠠᠭᠠᠭᠠᠯᠭᠠᠪᠤᠷᠢ ᠪᠠᠷ 1930 ᠤᠨ ᠤ 11 ᠰᠠᠷ᠎ᠠ ᠳᠤ᠂ ᠬᠠᠶᠢᠯᠠᠷ ᠬᠤᠳᠠ ᠶᠢᠨ ᠴᠢᠭᠯᠡᠯ ᠳᠤ ᠶᠠᠪᠤᠭᠰᠠᠨ ᠮ᠊ · ᠴᠧᠳᠧᠩ ᠭᠡᠭᠴᠢ ᠪᠤᠴᠠᠵᠤ ᠢᠷᠡᠭᠡᠳ ᠨᠤᠳᠤᠭ ᠤᠨ ᠢᠶᠠᠨ ᠬᠦᠮᠤᠰ ᠲᠤ ᠲᠠᠩᠨᠠᠭᠤᠯ ᠢᠶᠠᠷ ᠬᠠᠶᠢᠯᠠᠷ ᠬᠤᠳᠠ ᠳᠤ ᠤᠴᠢᠭᠰᠠᠨ ᠢᠶᠠᠨ ᠪᠤᠯᠤᠨ ᠲᠡᠨᠳᠡ ᠷ᠊ · ᠲᠠᠮᠳᠢᠨᠵᠠᠪ ᠪᠠᠶᠢᠭ᠎ᠠ ᠲᠤᠬᠠᠢ ᠶᠠᠷᠢᠵᠤ᠂ ᠷ᠊ · ᠲᠠᠮᠳᠢᠨᠵᠠᠪ ᠠᠴᠠ ᠠᠷᠤ ᠭᠡᠷ ᠤᠨ ᠬᠢᠨ ᠳᠡᠭᠡᠨ ᠪᠢᠴᠢᠭᠰᠡᠨ ᠵᠠᠬᠢᠳᠠᠯ ᠢ ᠲᠠᠮᠰᠤᠭ ᠲᠠᠬᠢ ᠲᠤᠳᠤᠭᠠᠳᠤ ᠶᠢ ᠬᠠᠮᠠᠭᠠᠯᠠᠬᠤ ᠶᠢᠨ ᠲᠤᠰᠬᠠᠢ ᠲᠦᠯᠤᠭᠡᠯᠡᠭᠴᠢ ᠲᠠᠰᠢᠨᠢᠮ᠎ᠠ ᠪᠤᠯᠤᠨ ᠲᠤᠷᠤᠨᠠᠳᠤ ᠶᠢᠨ ᠭᠡᠯᠳᠡᠰ ᠤᠨ ᠲᠠᠷᠤᠭ᠎ᠠ ᠰᠧᠷᠵᠢ ᠰᠤᠷᠭᠠᠭᠴᠢ ᠨᠠᠷ ᠲᠤ ᠲᠠᠨᠢᠯᠴᠠᠭᠤᠯᠵᠠᠢ᠃ 1932 ᠤᠨ ᠤ 10 ᠰᠠᠷ᠎ᠠ — 11 ᠰᠠᠷ᠎ᠠ ᠪᠤᠯᠤᠨ 1933 ᠤᠨ ᠤ 2 ᠰᠠᠷ᠎ᠠ ᠳᠤ ᠲᠤᠳᠤᠭᠠᠳᠤ ᠶᠢ ᠬᠠᠮᠠᠭᠠᠯᠠᠬᠤ ᠭᠠᠵᠠᠷ ᠨᠢ ᠷ᠊ · ᠲᠠᠮᠳᠢᠨᠵᠠᠪ ᠢ ᠶᠠᠫᠤᠨ ᠤ ᠲᠠᠭᠠᠭᠠᠯᠭᠠᠪᠤᠷᠢ ᠲᠠᠢ ᠪᠠᠷ ᠨᠤᠳᠤᠭ ᠲᠠᠭᠠᠨ ᠢᠷᠡᠭᠡᠳ ᠪᠤᠴᠠᠭᠰᠠᠨ ᠪᠠᠶᠢᠵᠤ ︽ᠪᠤᠯᠬᠤ︾ ᠮᠡᠳᠡᠭᠡᠯᠡᠯ ᠠᠪᠤᠭᠰᠠᠨ ᠪᠤᠯᠪᠠᠴᠤ ᠲᠡᠬᠦᠨ ᠢ ᠰᠢᠯᠭᠠᠨ ᠲᠤᠭᠳᠠᠭᠠᠬᠤ ᠡᠬᠦᠷᠭᠡ ᠶᠢ ᠭᠡᠨᠳᠡᠢ ᠶᠢᠨ ᠠᠩᠬᠢ ᠲᠤᠰᠬᠠᠶᠢᠯᠠᠨ ᠲᠠᠳᠠᠯ ᠰᠤᠮᠤ ᠶᠢᠨ ᠲᠦᠯᠤᠭᠡᠯᠡᠭᠴᠢ ᠳ᠋᠊ · ᠳ᠋ᠠᠨᠽᠠᠨ ᠳᠤ ᠦᠭᠬᠦᠭᠰᠡᠨ ᠪᠤᠯᠪᠠᠴᠤ ᠤᠭ ᠭᠡᠷᠡᠭ ᠢ ᠤᠷᠬᠢᠭᠳᠠᠭᠤᠯᠵᠤ ᠬᠠᠷᠢᠨ ᠮᠦᠨ ᠰᠤᠮᠤ ᠶᠢᠨ ᠬᠤᠷᠰᠢᠶᠠᠨ ᠤ ᠲᠠᠷᠤᠭ᠎ᠠ ᠷ᠊ · ᠴᠠᠪᠡᠭᠵᠠᠪ ᠢ ᠷ᠊ · ᠲᠠᠮᠳᠢᠨᠵᠠᠪ ᠲᠠᠢ ᠬᠤᠯᠪᠤᠨ ᠬᠤᠪᠢ ᠶᠢᠨ ᠵᠤᠷᠢᠯᠭ᠎ᠠ ᠪᠠᠨ ᠪᠡᠶᠡᠯᠡᠬᠦᠯᠬᠦ᠂ ᠶᠠᠫᠤᠨ ᠲᠠᠩᠨᠠᠭᠤᠯ ᠤᠨ ᠪᠦᠯᠦᠭ ᠢᠯᠡᠷᠡᠬᠦᠯᠦᠭᠰᠡᠨ ᠨᠠᠷ᠎ᠠ ᠤᠯᠬᠤ ᠤᠷᠤᠯᠳᠤᠯᠭ᠎ᠠ ᠪᠠᠷ 1933 ᠤᠨ ᠤ 5 ᠰᠠᠷ᠎ᠠ ᠳᠤ ᠷ᠊ · ᠴᠡᠪᠡᠭᠵᠡᠪ ᠨᠠᠷ ᠤᠨ ᠬᠦᠮᠤᠰ ᠢ ᠶᠠᠫᠤᠨ ᠤ ᠲᠠᠩᠨᠠᠭᠤᠯ ᠮᠡᠳᠤ ᠪᠠᠷ ᠬᠦᠳᠭᠡᠭᠰᠡᠨ ᠵᠠᠬᠢᠳᠠᠯ ᠦᠢᠯᠡᠳᠴᠡᠢ᠃ ᠳ᠋᠊ · ᠳ᠋ᠠᠨᠽᠠᠨ ᠤ ᠵᠠᠬᠢᠳᠠᠯ ᠢ ᠭᠡᠨᠳᠡᠢ ᠶᠢᠨ ᠠᠩᠬᠢ ᠶᠢᠨ ᠲᠠᠷᠤᠭ᠎ᠠ ᠳ᠋᠊ · ᠷᠢᠨᠴᠢᠨ ᠰᠢᠯᠭᠠᠵᠤ ᠨᠤᠳᠠᠯᠠᠭ᠎ᠠ ᠦᠭᠡᠢ ᠪᠠᠷ 1933 ᠤᠨ ᠤ 5 ᠰᠠᠷ᠎ᠠ ᠶᠢᠨ 24 ᠤ ᠡᠳᠤᠷ᠂ ᠲᠤᠳᠤᠭᠠᠳᠤ ᠶᠢ ᠬᠠᠮᠠᠭᠠᠯᠠᠬᠤ ᠭᠠᠵᠠᠷ ᠤᠨ ᠲᠠᠷᠤᠭ᠎ᠠ ᠳ᠋᠊ · ᠨᠠᠮᠰᠠᠷᠠᠢ᠂ ᠰᠤᠷᠭᠠᠭᠴᠢ ᠴᠢᠪᠢᠰᠤᠸ᠋ ᠨᠠᠷ ᠲᠤ ᠲᠠᠨᠢᠯᠴᠠᠭᠤᠯᠤᠭᠰᠠᠨ ᠠᠴᠠ ᠪᠤᠯᠵᠤ᠂ ᠭᠷᠢᠭᠤᠷᠢᠸ᠋ ᠢ ᠭᠡᠨᠳᠡᠢ ᠠᠶᠢᠮᠠᠭ ᠤᠨ ᠰᠤᠷᠭᠠᠭᠴᠢ ᠪᠠᠷ᠂ ᠤᠷᠴᠢᠭᠤᠯᠤᠭᠴᠢ ᠲᠤᠸ᠋ᠵᠤᠶ᠋ᠸᠧ ᠤᠨ ᠬᠠᠮᠳᠤ ᠰᠢᠨ᠎ᠠ ᠪᠠᠷ ᠲᠤᠮᠢᠯᠠᠵᠤ ᠪᠠᠷᠢᠪᠴᠢᠯᠠᠯᠭ᠎ᠠ ᠶᠢᠨ ᠮᠦᠷᠳᠡᠨ ᠪᠠᠶᠢᠴᠠᠭᠠᠯᠳᠠ ᠶᠢ ᠶᠠᠪᠤᠭᠤᠯᠤᠭᠰᠠᠨ ᠢᠶᠠᠷ ᠮᠦᠨ ᠤᠨ ᠤ 5 ᠰᠠᠷ᠎ᠠ ᠶᠢᠨ 29 ᠤ ᠡᠳᠤᠷ ᠠᠴᠠ ᠭᠡᠨᠳᠡᠢ ᠠᠶᠢᠮᠠᠭ ᠲᠤ ᠪᠠᠷᠢᠪᠴᠢᠯᠠᠯᠭ᠎ᠠ ᠡᠬᠢᠯᠡᠵᠡᠢ᠃ ᠡᠨᠡ ᠦᠶ᠎ᠠ ᠳᠤ᠂ ᠶᠠᠫᠤᠨ ᠲᠠᠩᠨᠠᠭᠤᠯ ᠢ ᠢᠯᠡᠷᠡᠬᠦᠯᠬᠦ ᠲᠠᠯ᠎ᠠ ᠪᠠᠷ ᠭᠡᠨᠳᠡᠢ ᠶᠢᠨ ᠠᠩᠬᠢ᠂ ᠲᠤᠷᠤᠨᠠᠳᠤ ᠶᠢᠨ ᠭᠡᠯᠳᠡᠰ ᠲᠠᠢ ᠬᠠᠮᠳᠤᠷᠠᠨ ᠠᠵᠢᠯᠯᠠᠬᠤ ᠪᠠᠷ ᠲᠤᠭᠳᠠᠭᠰᠠᠨ ᠨᠢ ᠲᠤᠷᠤᠨᠠᠳᠤ ᠶᠢᠨ ︽ᠼᠧᠫᠤᠴᠢᠺ︾᠂ ︽ᠭᠡᠨᠳᠡᠢ ᠶᠢᠨ ᠁ ᠳ᠋ᠤᠭᠠᠷ ᠡᠷᠢᠨ ᠰᠤᠷᠪᠤᠯᠵᠢᠯᠠᠬᠤ ᠭᠡᠷᠡᠭ︾ ᠢ ᠬᠦᠴᠤ ᠪᠠᠷ ᠬᠤᠯᠪᠤᠬᠤ ᠨᠦᠬᠦᠴᠡᠯ ᠢ ᠪᠦᠷᠢᠯᠳᠤᠬᠦᠯᠵᠡᠢ᠃ ᠡᠶᠢᠨ ᠬᠦ ᠬᠤᠶᠠᠷ ᠦᠭᠡᠷ᠎ᠡ ︽ᠭᠡᠷᠡᠭ︾ ᠢ ᠨᠢᠭᠡᠨ ᠭᠡᠷᠡᠭ ᠲᠤ ᠬᠤᠯᠪᠤᠭᠰᠠᠨ ᠪᠤᠯᠬᠤᠷ ︽ᠯᠾᠦ᠋ᠮᠪᠠ ᠶᠢᠨ ᠭᠡᠷᠡᠭ︾ ᠤᠨ ᠲᠠᠶᠢᠴᠢᠯᠠᠯᠭ᠎ᠠ ᠶᠢ ᠲᠤᠷᠤᠨᠠᠳᠤ ᠶᠢᠨ ᠪ᠊ · ᠪᠤᠯᠤᠳ᠂ ᠠ᠊ · ᠲᠠᠮᠪᠠᠷᠢᠯ ᠨᠠᠷ ᠢ ᠠᠩᠬ᠎ᠠ ᠪᠠᠷᠢᠪᠴᠢᠯᠠᠭᠤᠯᠤᠭᠰᠠᠨ 1933 ᠤᠨ ᠤ 3 ᠰᠠᠷ᠎ᠠ ᠶᠢᠨ 8 ᠤ ᠡᠳᠤᠷ ᠢᠶᠠᠷ ᠲᠤᠭᠠᠴᠠᠵᠤ ᠪᠠᠶᠢᠨ᠎ᠠ᠃ ᠡᠶᠢᠨ ᠬᠦ ︽ᠼᠧᠫᠤᠴᠢᠺ︾ ᠢ ᠠᠮᠢᠯᠠᠭᠤᠯᠵᠤ ︽ᠭᠡᠨᠳᠡᠢ ᠶᠢᠨ ᠁ ᠳ᠋ᠤᠭᠠᠷ ᠡᠷᠢᠨ ᠰᠤᠷᠪᠤᠯᠵᠢᠯᠠᠬᠤ ᠭᠡᠷᠡᠭ︾ ᠲᠠᠢ ᠬᠤᠯᠪᠤᠨ ᠦᠷᠭᠡᠳᠭᠡᠭᠰᠡᠨ ᠢᠶᠠᠷ 1934 ᠤᠨ ᠤ 6 ᠰᠠᠷ᠎ᠠ ᠶᠢᠨ ᠪᠠᠶᠢᠳᠠᠯ ᠢᠶᠠᠷ ᠲᠤᠷᠤᠨᠠᠳᠤ ᠶᠢᠨ ᠭᠷᠦ᠋ᠫ ︵ᠪᠦᠯᠦᠭ︶ ᠨᠢ ᠲᠤᠭᠠᠷ ᠮᠠᠶᠢᠷᠠᠨ᠂ ᠴ᠊ · ᠨᠠᠴᠤᠭᠳᠤᠷᠵᠢ᠂ ᠳ᠋᠊ · ᠲᠤᠭᠳᠠᠬᠤ᠂ ᠨ᠊ · ᠲᠡᠬᠦᠰᠵᠢᠷᠭᠠᠯ᠂ ᠨᠤᠷᠪᠤᠰᠦ᠋ᠷᠤᠩ᠂ ᠲᠠᠷᠬᠠᠨ ᠭᠧᠨᠳᠡᠭ ᠨᠠᠷ ᠲᠠᠢ᠂ ᠭᠡᠨᠳᠡᠢ ᠶᠢᠨ ᠭᠷᠦ᠋ᠫ ︵ᠪᠦᠯᠦᠭ︶ ᠨᠢ ᠬᠠᠷᠠᠴᠤᠤᠯ᠂ ᠯᠠᠮᠠ ᠨᠠᠷ᠂ ᠴᠡᠷᠢᠭ ᠤᠨ ᠰᠧᠺᠲ᠋ᠤᠷ ᠲᠠᠢ᠂ ᠲᠦᠪ ᠤᠨ ᠭᠷᠦ᠋ᠫ ︵ᠪᠦᠯᠦᠭ︶ ᠨᠢ ᠵ᠊ · ᠯᠾᠦ᠋ᠮᠪᠠ᠂ ᠭᠤᠨᠴᠤᠭᠰᠦ᠋ᠷᠤᠩ᠂ ᠮ᠊ · ᠴᠠᠸᠠᠩ᠂ ᠳ᠋᠊ · ᠴᠠᠷᠠᠨᠳᠤᠷᠵᠢ᠂ ᠰ᠊ · ᠨᠠᠮᠵᠢᠯ᠂ ᠰ᠊ · ᠴᠠᠨᠳᠠ ᠶᠢᠨ ᠵᠡᠷᠭᠡ ᠪᠤᠰᠤᠳ ᠡᠳᠡᠭᠡᠳ ᠤᠨ ᠭᠡᠰᠡᠭ ᠲᠠᠢ ᠪᠤᠯᠤᠨ ᠨᠠᠷᠢᠪᠴᠢᠯᠠᠭᠳᠠᠵᠤ᠂ 2140 ᠬᠦᠮᠤᠨ ᠤ ᠨᠠᠷ᠎ᠠ ᠢᠯᠡᠷᠡᠵᠤ ᠲᠡᠳᠡᠭᠡᠷ ᠠᠴᠠ 534 ᠬᠦᠮᠤᠨ ᠢ ᠪᠠᠷᠢᠪᠴᠢᠯᠠᠭᠰᠠᠨ ᠤ ᠲᠤᠳᠤᠷ᠎ᠠ ᠦᠨᠳᠤᠰᠤ ᠤᠭᠰᠠᠭᠠᠨ ᠤ ᠬᠤᠪᠢ ᠳᠤ ᠪᠤᠷᠢᠶᠠᠳ 280 ᠬᠦᠮᠤᠨ᠂ ᠬᠠᠯᠬ᠎ᠠ 192 ᠬᠦᠮᠤᠨ᠂ ᠪᠤᠰᠤᠳ ᠶᠠᠰᠤᠳᠠᠨ 62 ᠬᠦᠮᠤᠨ ᠤᠷᠤᠵᠠᠢ᠃ ᠡᠬᠦᠨ ᠠᠴᠠ ᠦᠵᠡᠬᠦ ᠳᠤ 50 ᠭᠠᠷᠤᠢ ᠬᠤᠪᠢ ᠨᠢ ᠪᠤᠷᠢᠶᠠᠳ ᠤᠳ ᠪᠠᠶᠢᠭᠰᠠᠨ ᠪᠠᠶᠢᠨ᠎ᠠ᠃ ᠡᠨᠡ ᠨᠢ ᠴᠦᠭᠡᠩᠭᠢ ᠶᠠᠰᠤᠳᠠᠨ ᠤ ᠬᠤᠪᠢ ᠳᠤ ᠮᠠᠰᠢ ᠲᠡᠭᠡᠬᠦᠷ ᠬᠤᠪᠢ ᠲᠠᠢ ᠪᠠᠶᠢᠭ᠎ᠠ ᠨᠢ ᠲᠤᠳᠤᠷᠬᠠᠢ ᠪᠠᠶᠢᠨ᠎ᠠ᠃ ᠡᠳᠡᠭᠡᠷ ᠠᠴᠠ ᠲᠤᠷᠤᠨᠠᠳᠤ᠂ ᠭᠡᠨᠳᠡᠢ᠂ ᠲᠦᠪ ᠤᠨ ᠪᠦᠯᠦᠭ ᠤᠨ ᠢᠯᠡᠷᠡᠬᠦᠯᠦᠭᠰᠡᠨ ᠮᠤᠩᠭᠤᠯ ᠠᠷᠠᠳ ᠤᠨ ᠬᠤᠪᠢᠰᠬᠠᠯᠳᠤ ᠨᠠᠮ ᠤᠨ ᠲᠦᠪ ᠬᠤᠷᠢᠶᠠᠨ ᠤ ᠨᠠᠷᠢᠨ ᠪᠢᠴᠢᠭ ᠤᠨ ᠲᠠᠷᠤᠭ᠎ᠠ᠂ ᠦᠢᠯᠡᠳᠪᠤᠷᠢᠴᠢᠨ ᠤ ᠲᠦᠪ ᠵᠦᠪᠯᠡᠯ ᠤᠨ ᠲᠠᠷᠤᠭ᠎ᠠ ᠵ᠊ · ᠯᠾᠦ᠋ᠮᠪᠠ ᠨᠠᠷ ᠤᠨ 60 ᠬᠦᠮᠤᠨ ᠢ ᠬᠠᠤᠯᠢ ᠶᠢᠨ ᠲᠡᠭᠡᠳᠤ ᠪᠠᠷ ᠠᠪᠠᠴᠢᠵᠤ 257 ᠬᠦᠮᠤᠨ ᠢ ᠬᠤᠷᠢᠬᠤ ᠶᠠᠯ᠎ᠠ ᠪᠠᠷ ᠰᠢᠳᠭᠡᠵᠤ᠂ 126 ᠬᠦᠮᠤᠨ ᠢ ᠶᠡᠷᠤᠩᠭᠡᠢ ᠰᠠᠶᠢᠳ ᠫ᠊ · ᠭᠧᠨᠳᠡᠭ 4 ᠲᠤᠭᠠᠳᠤ ᠨᠢᠭᠤᠴᠠ ᠲᠤᠰᠢᠶᠠᠯ ᠢ ᠦᠨᠳᠤᠰᠤᠯᠡᠨ ︽ᠰᠢᠬᠦᠬᠦ ᠴᠠᠭᠠᠵᠠ ᠶᠢᠨ ᠪᠢᠴᠢᠭ︾ ᠤᠨ 4 ᠳ᠋ᠤᠭᠡᠷ ᠪᠦᠯᠦᠭ ᠤᠨ 14 ᠳ᠋ᠤᠭᠡᠷ ᠵᠦᠢᠯ ᠤᠨ 11 ᠳ᠋ᠤᠭᠡᠷ ᠵᠤᠷᠪᠤᠰ ᠢ ᠵᠦᠷᠢᠴᠡᠨ ᠵᠦᠪᠯᠡᠯᠳᠤ ᠶᠢᠨ ᠲᠠᠯ᠎ᠠ ᠳᠤ ᠰᠢᠯᠵᠢᠬᠦᠯᠤᠨ ᠦᠭᠬᠦᠭᠰᠡᠨ ᠪᠠᠶᠢᠨ᠎ᠠ᠃ ᠡᠨᠡ ᠪᠦᠬᠦᠨ ᠠᠴᠠ ᠦᠵᠡᠬᠦ ᠳᠤ ᠦᠨᠤ ᠦᠶ᠎ᠠ ᠳᠤ ᠤᠯᠠᠨ ᠲᠤᠮᠳᠠ ︽ᠯᠾᠦ᠋ᠮᠪᠠ ᠶᠢᠨ ᠭᠡᠷᠡᠭ︾ ᠪᠤᠶᠤ ︽ᠶᠠᠫᠤᠨ ᠲᠠᠩᠨᠠᠭᠤᠯ ᠤᠨ ᠭᠡᠷᠡᠭ︾ ᠭᠡᠵᠤ ᠨᠡᠷᠡᠯᠡᠭᠳᠡᠭᠰᠡᠨ ᠪᠦᠬᠦᠢ ᠭᠡᠯᠮᠡᠭᠳᠡᠬᠦᠯᠤᠯᠳᠡ ᠵᠤᠬᠢᠶᠠᠬᠤ ᠳᠠᠭᠠᠨ ᠲᠤᠬᠠᠢ ᠶᠢᠨ ᠦᠶ᠎ᠠ ᠳᠡᠭᠡᠨ ᠡᠷᠡᠬᠦᠤ ᠶᠢᠨ ᠬᠠᠤᠯᠢ ᠶᠢᠨ 53᠂ 56᠂ 57᠂ 78 ᠳ᠋ᠤᠭᠠᠷ ᠵᠦᠢᠯ ᠪᠤᠯᠤᠨ 9 ᠳ᠋ᠤᠭᠡᠷ ᠪᠦᠯᠦᠭ ᠤᠨ 1 ᠳ᠋ᠤᠭᠡᠷ ᠲᠤ ᠵᠢᠭᠠᠭᠰᠠᠨ ᠭᠡᠮᠳᠤ ᠭᠡᠷᠡᠭ ᠤᠨ ᠰᠡᠵᠢᠭᠳᠡᠨ ᠰ᠊ · ᠪᠤᠳ᠋᠂ ᠷ᠊ · ᠲᠠᠮᠳᠢᠨᠵᠠᠪ ᠨᠠᠷ ᠤᠨ ᠠᠷᠪᠠᠭᠠᠳ ᠬᠦᠮᠤᠨ ᠲᠡᠭᠡᠷ᠎ᠡ ᠨᠡᠭᠡᠭᠡᠵᠤ ᠠᠵᠢᠯᠯᠠᠭᠤᠯᠵᠤ ᠪᠠᠶᠢᠭᠰᠠᠨ ︽ᠼᠧᠫᠤᠴᠧᠺ︾ ᠲᠤ ︽ᠭᠡᠨᠳᠡᠢ ᠶᠢᠨ ᠁ ᠳ᠋ᠤᠭᠠᠷ ᠡᠷᠢᠨ ᠰᠤᠷᠪᠤᠯᠵᠢᠯᠠᠬᠤ ᠭᠡᠷᠡᠭ︾ ᠢ ᠰᠢᠯᠳᠠᠭ ᠪᠤᠯᠭᠠᠨ ᠠᠰᠢᠭᠯᠠᠭᠰᠠᠨ ᠪᠠᠶᠢᠨ᠎ᠠ᠃ ᠵᠦᠪᠯᠡᠯᠳᠤ ᠶᠢᠨ ᠪᠠᠳᠤᠯᠠᠨ ᠬᠠᠮᠠᠭᠠᠯᠠᠬᠤ ᠶᠠᠮᠤᠨ ᠤ ᠤᠷᠤᠯᠠᠭᠴᠢ ᠰᠠᠶᠢᠳ ᠰᠢᠮᠢᠷᠨᠤᠸ᠋᠂ ᠲᠤᠳᠤᠭᠠᠳᠤ ᠶᠠᠪᠤᠳᠠᠯ ᠤᠨ ᠶᠠᠮᠤᠨ ᠤ ᠤᠷᠤᠯᠠᠭᠴᠢ ᠰᠠᠶᠢᠳ ᠹᠷᠢᠨᠤᠸ᠋ᠰᠺᠢ᠂ ᠵᠦᠪᠯᠡᠯᠳᠤ ᠠᠴᠠ ᠮᠤᠩᠭᠤᠯ ᠳᠤ ᠰᠠᠭᠤᠭ᠎ᠠ ᠡᠯᠴᠢᠨ ᠰᠠᠶᠢᠳ ᠮᠢᠺᠠᠨᠤᠸ᠋ ᠨᠠᠷ 1937 ᠤᠨ ᠤ 8 ᠰᠠᠷ᠎ᠠ ᠶᠢᠨ 24 ᠤ ᠡᠳᠤᠷ ᠮᠤᠰᠺᠧᠨ ᠠᠴᠠ ᠢᠷᠡᠵᠤ᠂ ᠮᠦᠨ ᠰᠠᠷ᠎ᠠ ᠶᠢᠨ 28 ᠤ ᠡᠳᠤᠷ ︽ᠽᠠᠭᠠᠸᠠᠷ ᠨᠤᠮᠧᠷᠳᠤ︾ ᠪᠤᠶᠤ ︽ᠬᠤᠪᠢᠯᠳᠤᠭᠠᠨ ᠨᠤᠮᠧᠷᠳᠤ︾ ᠭᠡᠳᠡᠭ ᠭᠡᠷᠡᠭ ᠢᠶᠠᠷ ᠪᠠᠷᠢᠪᠴᠢᠯᠠ ᠭᠡᠮᠡᠨ ᠬ᠋᠊ · ᠴᠦᠢᠪᠠᠯᠰᠠᠩ ᠳᠤ 115 ᠬᠦᠮᠤᠨ ᠤ ᠨᠠᠷ᠎ᠠ ᠶᠢ ᠦᠭᠴᠤ ᠲᠡᠬᠦᠨ ᠢ ᠨᠢ ᠲᠤᠳᠤᠭᠠᠳᠤ ᠶᠠᠪᠤᠳᠠᠯ ᠤᠨ ᠶᠠᠮᠤᠨ ᠠᠴᠠ 18 ᠬᠤᠨᠤᠭ ᠤᠨ ᠲᠠᠷᠠᠭ᠎ᠠ ᠪᠤᠶᠤ 9 ᠰᠠᠷ᠎ᠠ ᠶᠢᠨ 10 ᠤ ᠡᠳᠤᠷ᠂ ᠪᠠᠷᠢᠪᠴᠢᠯᠠᠯᠭ᠎ᠠ ᠪᠠᠨ ᠡᠬᠢᠯᠡᠬᠦᠯᠦᠭᠰᠡᠨ ᠠᠴᠠ ︽ᠮᠤᠩᠭᠤᠯ ᠤᠨ ᠶᠡᠭᠡ ᠭᠡᠯᠡᠮᠡᠭᠳᠡᠬᠦᠯᠤᠯᠳᠡ ᠶᠢᠨ ᠠᠶᠤᠮᠰᠢᠭᠳᠤ ᠦᠶ᠎ᠠ︾ ᠡᠬᠢᠯᠡᠵᠡᠢ᠃ ᠲᠤᠳᠤᠭᠠᠳᠤ ᠶᠠᠪᠤᠳᠠᠯ ᠤᠨ ᠶᠠᠮᠤᠨ ᠤ ᠰᠠᠶᠢᠳ ᠬ᠋᠊ · ᠴᠦᠢᠪᠠᠯᠰᠠᠩ᠄ ︽ᠦᠨᠤᠳᠤᠷ ᠠᠴᠠ ᠡᠬᠢᠯᠡᠨ ᠡᠳᠤᠷ ᠰᠦᠨᠢ ᠠᠯᠭᠠᠰᠠᠯ ᠦᠭᠡᠢ᠂ ᠰᠠᠶᠢᠨ ᠮᠠᠭᠤ ᠡᠳᠤᠷ ᠭᠡᠯ ᠦᠭᠡᠢ 25 ᠬᠤᠨᠤᠭ ᠲᠤ ᠪᠠᠶᠢᠴᠠᠭᠠᠵᠤ ᠲᠠᠭᠤᠰᠬᠠᠬᠤ ᠳᠠᠭᠠᠨ ᠬᠠᠶᠢᠷᠠᠯᠠᠬᠤ ᠭᠡᠷᠡᠭ ᠦᠭᠡᠢ᠂ ᠡᠷᠡᠰ ᠬᠠᠳᠠᠭᠤ ᠴᠢᠩᠭ᠎ᠠ ᠪᠠᠶᠢᠴᠠᠭᠠᠬᠤ ᠭᠡᠷᠡᠭᠳᠡᠢ︾ ᠭᠡᠵᠤ 1937 ᠤᠨ ᠤ 9 ᠰᠠᠷ᠎ᠠ ᠶᠢᠨ 11 ᠤ ᠡᠳᠤᠷ ᠲᠤᠰᠢᠶᠠᠭᠰᠠᠨ ᠤ ᠲᠠᠭᠠᠤ ᠲᠤᠳᠤᠭᠠᠳᠤ ᠶᠠᠪᠤᠳᠠᠯ ᠤᠨ ᠶᠠᠮᠤᠨ ᠳᠤ ᠠᠵᠢᠯᠯᠠᠵᠤ ᠪᠠᠶᠢᠭᠰᠠᠨ ᠤᠷᠤᠰ ᠰᠤᠷᠭᠠᠭᠴᠢ᠂ ᠮᠤᠩᠭᠤᠯ ᠪᠠᠶᠢᠴᠠᠭᠠᠭᠴᠢ ᠨᠠᠷ ᠵᠤᠳᠤᠵᠤ ᠵᠠᠨᠴᠢᠬᠤ ᠠᠴᠠ ᠡᠬᠢᠯᠡᠭᠡᠳ 20 ᠰᠢᠬᠠᠮ ᠵᠡᠷᠯᠢᠭ ᠠᠷᠭ᠎ᠠ ᠶᠢ ᠪᠠᠶᠢᠴᠠᠭᠠᠯᠳᠠ ᠳᠠᠭᠠᠨ ᠭᠡᠷᠡᠭᠯᠡᠵᠤ᠂ ᠬᠢᠯᠢᠰ ᠲᠠᠰᠢᠶ᠎ᠠ ᠭᠡᠷᠡᠭ ᠢ ᠲᠤᠯᠭᠠᠨ ᠬᠦᠯᠢᠶᠡᠯᠭᠡᠵᠤ ᠪᠠᠶᠢᠵᠠᠢ᠃ ᠡᠳᠤᠷ ᠪᠦᠷᠢ ᠬᠦᠮᠤᠰ ᠢ ᠫᠤᠤᠳᠠᠨ ᠠᠯᠠᠵᠤ ᠪᠠᠶᠢᠭᠰᠠᠨ ᠪᠠ ᠨᠢᠭᠡ ᠤᠳᠠᠭ᠎ᠠ ᠳᠤ 10 — 20 ᠬᠦᠮᠤᠨ ᠢ ᠫᠤᠤᠳᠠᠵᠤ ᠪᠠᠶᠢᠭᠰᠠᠨ ᠪᠠᠷᠢᠮᠳᠠ ᠪᠠᠶᠢᠳᠠᠭ᠃ ᠡᠨᠡ ᠬᠦ ᠠᠯᠠᠯᠭ᠎ᠠ ᠬᠢᠳᠤᠯᠭᠠᠨ ᠤ ᠦᠶ᠎ᠠ ᠳᠤ᠂ ᠡᠪᠤᠭᠡᠨ ᠡᠴᠢᠭᠡ᠂ ᠨᠠᠭᠠᠴᠤ ᠠᠪᠤ᠂ ᠡᠴᠢᠭᠡ ᠡᠭᠡ᠂ ᠠᠬ᠎ᠠ ᠲᠡᠬᠦᠤ᠂ ᠲᠦᠷᠤᠯ ᠰᠠᠳᠤᠨ ᠤ ᠪᠠᠨ ᠬᠦᠮᠤᠨ ᠢ ᠭᠡᠯᠡᠮᠡᠭᠳᠡᠬᠦᠯᠤᠯ ᠳᠤ ᠦᠷᠳᠤᠯᠤᠭᠡ ᠦᠭᠡᠢ ᠪᠤᠷᠢᠶᠠᠳ ᠡᠷᠤᠭᠡ ᠠᠶᠢᠯ ᠦᠨᠳᠤᠰᠤᠨ ᠳᠡᠭᠡᠨ ᠨᠢᠭᠡ ᠴᠤ ᠦᠯᠡᠳᠡᠭᠡ ᠦᠭᠡᠢ ᠪᠠᠶᠢᠨ᠎ᠠ᠃ ᠡᠨᠡ ᠦᠶ᠎ᠠ ᠳᠤ ᠰᠡᠯᠡᠩᠭᠡ ᠶᠢᠨ ᠢᠷᠤᠭᠡ ᠰᠤᠮᠤᠨ ᠤ 10 ᠭᠠᠷᠤᠢ ᠪᠤᠷᠢᠶᠠᠳ ᠡᠷᠤᠭᠡ ᠠᠶᠢᠯ ᠳᠤ ᠡᠷᠡᠭᠳᠡᠢ ᠬᠦᠮᠤᠨ ᠶᠡᠷᠤ ᠳᠡᠭᠡᠨ ᠯᠡ ᠲᠠᠪᠤᠬᠠᠨ ᠦᠯᠡᠳᠡᠭᠰᠡᠨ ᠪᠠᠶᠢᠨ᠎ᠠ᠃ 1944 ᠤᠨ ᠳᠤ ᠶᠠᠪᠤᠭᠳᠠᠭᠰᠠᠨ ᠮᠤᠩᠭᠤᠯ ᠤᠨ ᠬᠦᠮᠤᠨ ᠠᠮᠠ ᠶᠢᠨ ᠲᠡᠯᠭᠡᠷᠡᠩᠬᠦᠢ ᠪᠦᠷᠢᠳᠭᠡᠯ ᠠᠴᠠ ᠦᠵᠡᠬᠦ ᠳᠤ ᠪᠤᠷᠢᠶᠠᠳ ᠪᠦᠬᠦ ᠡᠷᠤᠭᠡ ᠶᠢᠨ 95 ᠬᠤᠪᠢ ᠨᠢ ᠦᠨᠤᠴᠢᠷᠡᠵᠤ᠂ ᠪᠠᠯᠪᠠᠰᠤᠷᠠᠵᠤ ᠦᠯᠡᠳᠡᠭᠰᠡᠨ ᠪᠠᠶᠢᠨ᠎ᠠ᠃ ᠤᠯᠠᠨ ᠮᠢᠩᠭᠠᠨ ᠪᠤᠷᠢᠶᠠᠳ ᠬᠦᠮᠤᠰ ᠢ ᠬᠤᠮᠤᠷᠭᠠᠯᠠᠨ ᠪᠠᠷᠢᠪᠴᠢᠯᠠᠵᠤ ᠠᠶᠢᠮᠠᠭᠯᠠᠨ ᠤᠰᠠᠳᠬᠠᠭᠰᠠᠨ ᠠᠴᠠ ᠭᠠᠳᠠᠨ᠎ᠠ ᠮᠠᠯ᠂ ᠡᠳ᠋ ᠬᠤᠭᠰᠢᠯ ᠢ ᠨᠢ ᠬᠠᠶᠢᠷ᠎ᠠ ᠭᠠᠮ ᠦᠭᠡᠢ ᠬᠤᠷᠢᠶᠠᠨ ᠠᠪᠴᠤ ᠠᠷᠤ ᠳᠤ ᠦᠯᠡᠳᠡᠭᠰᠡᠨ ᠡᠭᠡᠨᠠᠷ ᠭᠡᠤᠭᠡᠳ ᠢ ᠨᠢ ᠠᠮᠢᠳᠤᠷᠠᠬᠤ ᠶᠠᠮᠠᠷ ᠴᠤ ᠪᠠᠳᠤᠯᠠᠭ᠎ᠠ ᠦᠭᠡᠢ ᠪᠤᠯᠭᠠᠵᠤ ᠶᠠᠳᠠᠭᠤ ᠶᠢᠨ ᠲᠦᠢᠯ ᠤᠷᠤᠭᠤ ᠲᠦᠯᠬᠢᠭᠰᠡᠨ ᠪᠠᠶᠢᠨ᠎ᠠ᠃ ᠡᠨᠡ ᠦᠶ᠎ᠠ ᠳᠤ ᠤᠷᠤᠰ ᠲᠤ ᠦᠯᠡᠳᠡᠭᠰᠡᠨ ᠪᠤᠷᠢᠶᠠᠳ ᠤᠳ ᠮᠤᠩᠭᠤᠯ ᠳᠤ ᠲᠦᠷᠤᠯ ᠲᠠᠢ ᠪᠠᠨ᠂ ᠮᠤᠩᠭᠤᠯ ᠳᠤ ᠪᠠᠶᠢᠭ᠎ᠠ ᠨᠢ ᠤᠷᠤᠰ ᠲᠤ ᠲᠦᠷᠤᠯ ᠲᠠᠢ ᠪᠠᠨ ᠨᠢᠭᠤᠬᠤ ᠱᠠᠭᠠᠷᠳᠠᠯᠭ᠎ᠠ ᠬᠠᠷᠠᠳᠠᠯᠳᠠ ᠰᠠᠷᠠᠳᠠᠯᠳᠠ ᠠᠴᠠ ᠡᠬᠦᠳᠤᠨ ᠭᠠᠷᠤᠭᠰᠠᠨ ᠶᠤᠮ ᠃ ᠴᠤᠬᠤᠮ ᠳᠠᠭᠠᠨ ᠡᠨᠡ ᠪᠠᠷᠢᠪᠴᠢᠯᠠᠯᠭ᠎ᠠ᠂ ᠭᠡᠯᠡᠮᠡᠭᠳᠡᠬᠦᠯᠤᠯᠳᠡ ᠶᠢᠨ ᠴᠠᠭᠠᠳᠤ ᠵᠤᠷᠢᠯᠭ᠎ᠠ ᠨᠢ ᠪᠤᠷᠢᠶᠠᠳ ᠤᠯᠠᠨ ᠳᠤ ᠴᠤᠬᠢᠯᠳᠠ ᠦᠭᠬᠦ᠂ ᠮᠤᠩᠭᠤᠯ ᠤᠯᠤᠰ ᠤᠨ ᠨᠤᠳᠤᠭ ᠲᠡᠪᠢᠰᠭᠡᠷ ᠢ ᠨᠡᠶᠢᠳᠡ ᠳᠤᠨᠢ ᠬᠠᠮᠤᠷᠤᠭᠰᠠᠨ ᠶᠠᠫᠤᠨ ᠤ ᠲᠠᠩᠨᠠᠭᠤᠯ ᠤᠨ ᠪᠠᠶᠢᠭᠤᠯᠭ᠎ᠠ ᠪᠠᠶᠢᠭ᠎ᠠ ᠪᠤᠯᠤᠨ ᠲᠡᠬᠦᠨ ᠢ ᠮᠤᠩᠭᠤᠯ ᠤᠨ ᠨᠠᠮ ᠲᠦᠷᠤ ᠶᠢᠨ ᠡᠷᠭᠡ ᠪᠠᠷᠢᠭᠴᠢᠳ ᠠᠴᠠ ᠤᠳᠤᠷᠢᠳᠴᠤ ᠪᠠᠶᠢᠭᠰᠠᠨ ᠵᠢᠴᠢ ᠶᠠᠫᠤᠨ ᠲᠠᠩᠨᠠᠭᠤᠯ ᠤᠨ ᠪᠠᠶᠢᠭᠤᠯᠭ᠎ᠠ ᠶᠢᠨ ᠪᠠᠷᠠᠭᠤᠨ ᠭᠡᠰᠡᠭ ᠢ ᠰᠢᠨᠵᠢᠶᠠᠩ ᠲᠠᠢ᠂ ᠲᠤᠷᠤᠨᠠᠳᠤ ᠭᠡᠰᠡᠭ ᠢ ᠨᠢ ᠪᠠᠷᠭᠤ ᠲᠠᠢ᠂ ᠡᠮᠤᠨᠡᠳᠤ ᠪᠤᠶᠤ ᠲᠦᠪ ᠤᠨ ᠭᠡᠰᠡᠭ ᠢ ᠨᠢ ᠦᠪᠤᠷ ᠮᠤᠩᠭᠤᠯ ᠳᠠᠬᠢ ᠡᠰᠡᠷᠬᠦᠤ ᠨᠠᠷ ᠲᠠᠢ ᠬᠤᠯᠪᠤᠭ᠎ᠠ ᠲᠠᠢ ᠭᠡᠬᠦ ᠮᠡᠳᠤ ᠶᠢᠨ ᠵᠤᠬᠢᠶᠠᠮᠠᠯ ᠲᠦᠷᠢ ᠲᠦᠷᠬᠦ ᠪᠦᠷᠢᠳᠤᠬᠦᠯᠤᠨ ᠴᠠᠭᠠᠰᠢ ᠳᠠᠭᠠᠨ ᠨᠡᠶᠢᠳᠡ ᠶᠢᠨ ᠪᠠᠷᠢᠪᠴᠢᠯᠠᠭᠠᠨ ᠤ ᠪᠡᠯᠡᠳᠭᠡᠯ ᠢ ᠬᠠᠩᠭᠠᠬᠤ ᠳᠤ ᠴᠢᠭᠯᠡᠭᠳᠡᠵᠤ ᠪᠠᠶᠢᠪᠠ᠃ 1937 ᠤᠨ ᠤ 4 ᠰᠠᠷ᠎ᠠ ᠶᠢᠨ 24 ᠤ ᠡᠳᠤᠷ ᠲᠠᠭᠠᠷ᠎ᠠ ᠤᠷᠤᠭᠰᠠᠳ ᠤᠨ ᠠᠰᠠᠭᠤᠳᠠᠯ ᠢ ᠲᠤᠭᠳᠠᠭᠠᠬᠤ ᠲᠤᠬᠠᠢ ᠭᠡᠷ᠎ᠡ ᠶᠢ ᠤᠷᠤᠰ ᠮᠤᠩᠭᠤᠯ ᠲᠠᠬᠢᠨ ᠪᠠᠶᠢᠭᠤᠯᠵᠠᠢ᠃ 1937 ᠤᠨ ᠤ 10 ᠰᠠᠷ᠎ᠠ ᠳᠤ ᠬᠤᠷᠠᠯᠳᠤᠭᠰᠠᠨ ᠨᠠᠮ ᠤᠨ ᠲᠦᠪ ᠬᠤᠷᠢᠶᠠᠨ ᠤ 3 ᠳ᠋ᠤᠭᠠᠷ ᠤᠨᠴᠠ ᠪᠦᠬᠦᠳᠡ ᠬᠤᠷᠠᠯ ᠲᠡᠭᠡᠷ᠎ᠡ ᠬ᠋᠊ · ᠴᠦᠢᠪᠠᠯᠰᠠᠩ ︽ᠮᠤᠩᠭᠤᠯ ᠤᠯᠤᠰ ᠲᠤᠳᠤᠷᠠᠬᠢ ᠶᠠᠫᠤᠨ ᠤ ᠲᠠᠩᠨᠠᠭᠤᠯ ᠤᠨ ᠠᠵᠢᠯ ᠭᠡᠷᠡᠭ ᠪᠠ ᠠᠷᠭ᠎ᠠ ᠮᠠᠶ᠋ᠢᠭ ᠤᠨ ᠲᠤᠬᠠᠢ︾ ᠭᠡᠰᠡᠨ ᠢᠯᠡᠳᠭᠡᠯ ᠳᠡᠭᠡᠨ ᠲᠡᠷᠡ ᠦᠶ᠎ᠠ ᠶᠢᠨ ᠪᠤᠳᠤᠯᠭ᠎ᠠ ᠴᠢᠭᠯᠡᠯ ᠢᠶᠠᠨ ᠲᠤᠳᠤᠷᠬᠠᠶᠢᠯᠠᠨ ᠭᠡᠯᠡᠬᠦ ᠳᠡᠭᠡᠨ᠄ ︽ᠶᠡᠷᠤ ᠠᠴᠠ ᠡᠯ᠎ᠠ ᠮᠤᠩᠭᠤᠯ ᠳᠤ ᠰᠠᠭᠤᠭ᠎ᠠ ᠪᠤᠷᠢᠶᠠᠳ ᠨᠠᠷ ᠭᠡᠨ ᠪᠤᠢ︖ ᠭᠡᠮᠡᠪᠡᠰᠤ ᠁︾ ᠭᠡᠰᠡᠨ ᠠᠰᠠᠭᠤᠯᠳᠠ ᠲᠠᠯᠪᠢᠭᠠᠳ᠂ ᠡᠴᠤᠰ ᠲᠤᠨᠢ᠄ ︽ᠭᠧᠨᠧᠷᠠᠯ ᠬ᠋᠊ · ᠮ᠊ · ᠰᠧᠮᠧᠨᠤᠸ᠋᠂ ᠪᠠᠷᠤᠨ ᠦᠩᠭᠧᠷᠡᠨ ᠤ ᠵᠡᠷᠭᠡ ᠴᠠᠭᠠᠭᠳᠠᠨ ᠤ ᠡᠯᠳᠡᠪ ᠤᠨ ᠦᠯᠡᠳᠡᠭᠳᠡᠯ ᠤᠳ ᠪᠤᠯᠤᠮᠤᠢ︾ ᠭᠡᠵᠤ ᠬᠠᠷᠢᠭᠤᠯᠵᠤ ᠪᠠᠶᠢᠵᠠᠢ᠃ ᠬ᠋᠊ · ᠴᠦᠢᠪᠠᠯᠰᠠᠩ ᠡᠨᠡ ᠬᠦ ᠢᠯᠡᠳᠭᠡᠯ ᠳᠡᠭᠡᠨ᠄ ︽ᠰᠡᠬᠦᠯ ᠤᠨ ᠡᠳᠤᠷ ᠬᠦᠷᠳᠡᠯ᠎ᠠ ᠮᠤᠩᠭᠤᠯ ᠳᠠᠬᠢ ᠶᠠᠫᠤᠨ ᠲᠠᠩᠨᠠᠭᠤᠯ ᠤᠨ ᠭᠡᠷᠡᠭ ᠢ ᠭᠡᠨ ᠤᠳᠤᠷᠢᠳᠴᠤ ᠪᠠᠶᠢᠨ᠎ᠠ ᠪᠤᠢ︖ ᠭᠡᠮᠡᠪᠠᠰᠤ᠂ ᠮᠦᠨ ᠯᠠ ᠪᠤᠷᠢᠶᠠᠳ ᠤᠳ ᠪᠤᠯᠬᠤ ᠪᠦᠭᠡᠳ ᠡᠯᠪᠡᠭᠳᠤᠷᠵᠢ᠂ ᠷᠢᠨᠴᠢᠨᠨᠤ᠂ ᠴᠸᠧᠠᠩ ᠵᠠᠮᠰᠠᠷᠠᠠᠨᠤᠸ᠋᠂ ᠴᠤᠭᠳᠤ᠂ ᠪᠠᠳᠮᠠᠵᠠᠫᠤᠸ᠋᠂ ᠷᠢᠨᠴᠢᠨᠪᠢᠮᠪᠠᠨᠤᠸ᠋᠂ ᠭᠠᠯᠠᠭᠤᠨ ᠭᠠᠯᠵᠤᠳᠤᠸ᠋ ᠪᠠ ᠪᠤᠰᠤᠳ ᠡᠳᠡᠭᠡᠳ ᠨᠠᠷ ᠪᠤᠯᠤᠨ᠎ᠠ︾ ᠭᠡᠵᠤ ᠤᠨᠴᠠᠯᠠᠨ ᠲᠡᠮᠳᠡᠭᠯᠡᠵᠤ ᠪᠠᠶᠢᠵᠠᠢ᠃ ᠪᠠᠷᠢᠪᠴᠢᠯᠠᠭᠳᠠᠭᠰᠠᠨ ᠪᠤᠷᠢᠶᠠᠳ ᠤᠳ ᠢ ᠶᠤᠰᠤ ᠲᠠᠢ ᠶᠤᠮ ᠰᠢᠭ ︽ᠤᠺᠲᠶᠠᠪᠠᠷ ᠤᠨ ᠬᠤᠪᠢᠰᠬᠠᠯ ᠠᠴᠠ ᠵᠢᠭᠤᠳᠠᠨ ᠢᠷᠡᠭᠰᠡᠨ ᠬᠤᠪᠢᠰᠬᠠᠯ ᠤᠨ ᠡᠰᠡᠷᠬᠦᠤ︾ ᠭᠡᠮᠡᠨ ᠪᠠᠶᠢᠴᠠᠭᠠᠳᠠᠭ ᠪᠠᠶᠢᠵᠠᠢ᠃ 1937 ᠤᠨ ᠤ 8 ᠰᠠᠷ᠎ᠠ ᠶᠢᠨ 24 ᠤ ᠡᠳᠤᠷ ᠂ ᠲᠤᠳᠤᠭᠠᠳᠤ ᠶᠠᠪᠤᠳᠠᠯ ᠤᠨ ᠶᠠᠮᠤᠨ ᠤ ᠤᠳᠤᠷᠢᠳᠬᠤ ᠠᠵᠢᠯ ᠤᠨ ᠵᠦᠪᠯᠡᠯᠭᠡᠨ ᠲᠡᠭᠡᠷ᠎ᠡ᠂ ᠴᠦᠢᠪᠠᠯᠰᠠᠩ ᠢᠯᠡᠳᠭᠡᠯ ᠳᠡᠭᠡᠨ᠄ ︽ᠬᠦᠢᠴᠡᠳ ᠪᠤᠰᠤ ᠮᠡᠳᠡᠭᠡ ᠪᠠᠷ 7000 ᠰᠢᠬᠠᠮ ᠴᠠᠭᠠᠨ ᠤ ᠤᠷᠭᠤᠳᠤᠤᠯ ᠬᠤᠪᠢᠰᠬᠠᠯ ᠤᠨ ᠡᠰᠡᠷᠬᠦᠤ ᠪᠤᠷᠢᠶᠠᠳ ᠤᠳᠤ ᠪᠠᠶᠢᠨ᠎ᠠ︾ ᠭᠡᠵᠤ ᠭᠡᠯᠡᠭᠰᠡᠨ ᠪᠠᠶᠢᠨ᠎ᠠ᠃ ᠡᠨᠡ ᠦᠶ᠎ᠠ ᠳᠤ ᠴᠠᠭᠠᠭᠳᠠᠨ ᠤ ᠦᠯᠡᠳᠡᠭᠳᠡᠯ ᠪᠦᠯᠦᠭ ᠤᠳ ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠤᠳ ᠢ ᠤᠯᠠᠭᠠᠭᠳᠠᠨ ᠭᠡᠵᠤ ᠠᠯᠠᠵᠤ ᠲᠠᠯᠠᠬᠤ᠂ ᠬᠤᠭᠤᠯᠠ ᠬᠦᠨᠡᠰᠤ᠂ ᠤᠨᠤᠭ᠎ᠠ ᠮᠤᠷᠢ ᠲᠠᠶᠢᠴᠢᠯᠠᠨ ᠭᠠᠷᠭᠠᠭᠠᠯᠭᠠᠬᠤ ᠵᠡᠷᠭᠡ ᠪᠠᠷ ᠲᠡᠮᠤᠯᠡᠵᠤ ᠪᠠᠶᠢᠪᠠ᠃ ᠢᠩᠬᠢᠵᠤ ᠪᠤᠷᠢᠶᠠᠳ ᠤᠳ ᠬᠤᠶᠠᠷ ᠲᠠᠯ᠎ᠠ ᠶᠢᠨ ᠬᠠᠪᠴᠢᠯᠳᠠ ᠰᠢᠬᠠᠯᠳᠠ ᠶᠢ ᠨᠢᠭᠡᠨ ᠵᠡᠷᠭᠡ ᠠᠮᠰᠠᠵᠤ ᠪᠠᠶᠢᠵᠠᠢ᠃ ᠪᠤᠷᠢᠶᠠᠳ ᠨᠠᠷ ᠢ ᠲᠦᠷᠤᠯ ᠢᠶᠠᠷ ᠨᠢ ᠤᠰᠠᠳᠬᠠᠬᠤ ᠦᠨᠳᠤᠰᠤᠯᠡᠯ ᠡᠶᠢᠨ ᠬᠦ 1930 ᠤᠨ ᠠᠴᠠ ᠡᠬᠢᠯᠡᠨ ᠶᠠᠪᠤᠭᠳᠠᠵᠤ 1938 ᠤᠨ ᠳᠤ ᠤᠷᠬᠢᠯ ᠳᠠᠭᠠᠨ ᠬᠦᠷᠦᠭᠰᠡᠨ ᠪᠠᠶᠢᠨ᠎ᠠ᠃ ᠶᠡᠷᠤ ᠨᠢ ᠭᠡᠯᠡᠮᠡᠭᠳᠡᠬᠦᠯᠤᠯᠳᠡ ᠶᠢᠨ ᠲᠡᠬᠦᠨ ᠤ ᠴᠠᠭᠠᠨᠳᠤ ᠤᠴᠢᠷ ᠤᠳᠬ᠎ᠠ ᠨᠢ ᠤᠯᠤᠰ ᠲᠦᠷᠤ ᠶᠢᠨ ᠭᠡᠳᠡᠭ ᠨᠢ ᠭᠡᠨ ᠬᠦᠮᠤᠨ ᠳᠤ ᠦᠢᠯᠠᠭᠠᠮᠵᠢᠳᠠᠢ ᠰᠤᠳᠤᠯᠭᠠᠨ ᠤ ᠮᠡᠳᠡᠭᠡ ᠪᠠᠷ 1937 ᠤᠨ ᠤ 11 ᠰᠠᠷ᠎ᠠ ᠠᠴᠠ 1939 ᠤᠨ ᠤ 4 ᠰᠠᠷ᠎ᠠ ᠬᠦᠷᠳᠡᠯ᠎ᠠ᠂ 1937 ᠤᠨ ᠤ 10 ᠰᠠᠷ᠎ᠠ ᠶᠢᠨ 2 ᠤᠨ ᠡᠳᠤᠷ ᠪᠠᠶᠢᠭᠤᠯᠤᠭᠳᠠᠭᠰᠠᠨ ︽ᠤᠨᠴᠠᠭᠠᠢ ᠪᠦᠷᠢᠨ ᠡᠷᠭᠡᠳᠤ ᠺᠤᠮᠢᠰ︾ ᠠᠴᠠ 25824 ᠬᠦᠮᠤᠨ ᠢ ᠴᠠᠭᠠᠵᠠ ᠪᠠᠷ ᠠᠪᠴᠤ᠂ 5103 ᠶᠢ ᠨᠢ 10 ᠵᠢᠯ ᠢᠶᠠᠷ᠂ 240 ᠶᠢ ᠨᠢ 10 ᠵᠢᠯ ᠬᠦᠷᠳᠡᠯᠡᠬᠢ ᠶᠠᠯ᠎ᠠ ᠪᠠᠷ ᠰᠢᠳᠭᠡᠵᠤ᠂ ᠲᠠᠳᠠᠨ ᠤ ᠡᠳ᠋ ᠬᠤᠭᠰᠢᠯ ᠢ ᠨᠢ ᠬᠤᠷᠢᠶᠠᠵᠠᠢ᠃ ︽ᠯᠾᠦ᠋ᠮᠪᠠ ᠶᠢᠨ ᠭᠡᠷᠡᠭ︾ ᠤᠨ ᠦᠷᠬᠦᠯᠵᠢᠯᠡᠯ ᠪᠤᠯᠭᠠᠨ ᠵᠤᠬᠢᠶᠠᠮᠠᠯ ᠢᠶᠠᠷ ᠪᠤᠢ ᠪᠤᠯᠭᠠᠭᠰᠠᠨ ᠭᠧᠨᠳᠡᠭ᠂ ᠲᠠᠮᠳᠢᠨ ᠤ ᠬᠤᠪᠢᠰᠬᠠᠯ ᠤᠨ ᠡᠰᠡᠷᠬᠦᠤ ᠶᠠᠫᠤᠨ ᠤ ᠲᠠᠩᠨᠠᠭᠤᠯ ᠤᠨ ᠭᠡᠷᠡᠭ ᠲᠤ ᠤᠯᠤᠰ ᠤᠨ ᠭᠡᠮᠵᠢᠶ᠎ᠠ ᠪᠠᠷ 35000 ᠭᠠᠷᠤᠢ ᠬᠦᠮᠤᠨ ︵ᠶᠡᠭᠡᠩᠬᠢ ᠨᠢ ᠯᠠᠮᠠ ᠨᠠᠷ︶ ᠭᠡᠯᠡᠮᠡᠭᠳᠡᠭᠰᠡᠨ ᠤ ᠲᠤᠳᠤᠷ᠎ᠠ ᠠᠴᠠ ᠲᠤᠷᠤᠨᠠᠳᠤ ᠠᠶᠢᠮᠠᠭ ᠠᠴᠠ 2705 ᠪᠤᠷᠢᠶᠠᠳ᠂ ᠭᠡᠨᠳᠡᠢ ᠠᠶᠢᠮᠠᠭ ᠠᠴᠠ 2663 ᠪᠤᠷᠢᠶᠠᠳ ᠭᠡᠯᠮᠡᠭᠳᠡᠭᠰᠡᠨ ᠪᠠᠶᠢᠨ᠎ᠠ᠃ ᠡᠨᠡ ᠦᠢᠯᠡ ᠶᠠᠪᠤᠴᠠ ᠨᠢ ᠮᠤᠩᠭᠤᠯ ᠤᠨ ᠠᠷᠠᠳ ᠲᠦᠮᠡᠨ ᠢ ᠬᠤᠮᠤᠷᠭᠠᠯᠠᠨ ᠤᠰᠠᠳᠬᠠᠵᠤ᠂ ᠪᠦᠳᠤᠭᠡᠨ ᠪᠠᠶᠢᠭᠤᠯᠬᠤ ᠶᠢᠨ ᠤᠯᠤᠯᠳᠠ ᠠᠮᠵᠢᠯᠳᠠ ᠳᠤ ᠴᠠᠭ᠂ ᠬᠦᠮᠤᠨ᠂ ᠬᠦᠴᠤ ᠵᠡᠷᠭᠡ ᠲᠠᠯ᠎ᠠ ᠳᠤ ᠨᠦᠬᠦᠰᠢ ᠦᠭᠡᠢ ᠬᠤᠬᠢᠷᠠᠯ ᠤᠴᠠᠷᠠᠭᠤᠯᠤᠭᠰᠠᠨ ᠪᠠᠶᠢᠨ᠎ᠠ ᠃ ᠭᠡᠯᠡᠮᠡᠭᠳᠡᠬᠦᠯᠤᠯᠳᠡ 1941 ᠤᠨ ᠢ ᠲᠠᠭᠤᠰᠳᠠᠯ᠎ᠠ ᠦᠷᠬᠦᠯᠵᠢᠯᠡᠭᠰᠡᠨ ᠪᠠᠶᠢᠨ᠎ᠠ᠃ ᠢᠩᠬᠢᠵᠤ ᠮᠤᠩᠭᠤᠯ ᠳᠤ ᠶᠠᠪᠤᠭᠳᠠᠭᠰᠠᠨ ᠶᠡᠭᠡ ᠭᠡᠯᠡᠮᠡᠭᠳᠡᠬᠦᠯᠤᠯᠳᠡ ᠶᠢ ᠤᠳᠤᠷᠢᠳᠤᠨ ᠴᠢᠭᠳᠡᠬᠦᠯᠤᠭ᠍ᠴᠢ ᠨᠢ ᠰᠲ᠋ᠠᠯᠢᠨ ᠵᠢᠴᠢ ᠵᠦᠪᠯᠡᠯᠳᠤ ᠶᠢᠨ ᠲᠤᠳᠤᠭᠠᠳᠤ ᠶᠠᠪᠤᠳᠠᠯ ᠤᠨ ᠶᠠᠮᠤᠨ ᠤ ᠮᠤᠩᠭᠤᠯ ᠳᠠᠬᠢ ᠲᠠᠳᠠᠨ ᠤ ᠰᠤᠷᠭᠠᠭᠴᠢ ᠨᠠᠷ ᠪᠠᠶᠢᠪᠠ᠃ ᠭᠡᠯᠡᠮᠡᠭᠳᠡᠬᠦᠯᠦᠯᠳᠠ ᠶᠢ 1937 ᠤᠨ ᠤ 10 ᠰᠠᠷ᠎ᠠ ᠠᠴᠠ 1941 ᠤᠨ ᠤ 12 ᠰᠠᠷ᠎ᠠ ᠶᠢᠨ 17 ᠬᠦᠷᠳᠡᠯᠡᠬᠢ ᠬᠤᠭᠤᠴᠠᠭᠠᠨ ᠳᠤ ᠰᠤᠷᠭᠠᠭᠴᠢ ᠴᠢᠤᠫᠧᠺ᠂ ᠴᠢᠪᠢᠰᠤᠸ᠋᠂ ᠭᠤᠯᠤᠪᠴᠢᠺ ᠵᠡᠷᠭᠡ ᠬᠦᠮᠤᠰ ᠤᠳᠤᠷᠢᠳᠴᠤ ᠪᠠᠶᠢᠪᠠ᠃ ᠡᠨᠡ ᠬᠦ ᠭᠡᠯᠮᠡᠭᠳᠡᠬᠦᠯᠤᠯᠳᠡ ᠳᠤ ᠮᠤᠩᠭᠤᠯ ᠪᠤᠷᠢᠶᠠᠳ ᠤᠨ ᠰᠤᠳᠤ ᠪᠤᠯᠤᠭᠰᠠᠨ ᠰᠡᠭᠡᠭᠡᠳᠡᠨ ᠨᠦᠭᠦᠳ᠂ ᠶᠠᠮᠠᠷ ᠴᠤ ᠭᠡᠮ ᠵᠢᠮ ᠦᠭᠡᠢ ᠨᠤᠳᠤᠭ ᠤᠨ ᠵᠢᠷ ᠤᠨ ᠮᠠᠯᠴᠢᠳ᠂ ᠯᠠᠮᠠ ᠨᠠᠷ᠂ ᠬᠦᠳᠡᠯᠮᠤᠷᠢ ᠶᠢᠨ ᠲᠡᠷᠢᠬᠦᠨ ᠤ ᠬᠦᠮᠤᠰ ᠬᠠᠮᠤᠷᠤᠭᠳᠠᠭᠰᠠᠨ ᠨᠢ ᠭᠡᠵᠢᠶ᠎ᠠ ᠴᠤ ᠨᠦᠬᠦᠵᠤ ᠪᠠᠷᠠᠰᠢ ᠦᠭᠡᠢ ᠬᠤᠬᠢᠷᠠᠯ ᠪᠤᠯᠤᠭᠰᠠᠨ ᠶᠤᠮ᠃ ᠬ᠋᠊ · ᠴᠦᠢᠪᠠᠯᠰᠠᠩ᠂ ᠰᠲ᠋ᠠᠯᠢᠨ ᠪᠤᠯᠤᠨ ᠲᠡᠬᠦᠨ ᠤ ᠲᠤᠳᠤᠭᠠᠳᠤ ᠶᠠᠮᠤᠨ ᠤ ᠰᠢᠬᠠᠯᠳᠠ ᠬᠠᠪᠴᠢᠯᠳᠠ ᠳᠤ ᠤᠷᠤᠵᠤ ᠤᠯᠠᠮ ᠢᠶᠠᠷ ᠤᠷᠤᠰ ᠲᠤ ᠭᠡᠳᠤᠨ ᠰᠠᠷ᠎ᠠ ᠬᠤᠷᠢᠭᠳᠠᠭᠰᠠᠨ ᠤ ᠲᠠᠷᠠᠭ᠎ᠠ ᠡᠨᠡ ᠬᠦ ᠭᠡᠯᠡᠮᠡᠭᠳᠡᠬᠦᠯᠤᠯᠳᠡ ᠶᠢ ᠵᠤᠬᠢᠶᠠᠨ ᠪᠠᠶᠢᠭᠤᠯᠤᠭᠴᠢ ᠪᠤᠯᠤᠭᠰᠠᠨ ᠪᠤᠯᠪᠠᠤ ᠭᠡᠵᠤ ᠵᠠᠷᠢᠮ ᠲᠡᠤᠭᠡᠴᠢ᠂ ᠰᠤᠳᠤᠯᠤᠭᠴᠢᠳ ᠦᠵᠡᠵᠤ ᠪᠠᠶᠢᠨ᠎ᠠ᠃ ᠴᠦᠢᠪᠠᠯᠰᠠᠩ 1952 ᠤᠨ ᠤ ᠡᠬᠢ ᠪᠠᠷ ᠵᠦᠪᠯᠡᠯᠳᠤ ᠳᠤ ᠡᠮᠴᠢᠯᠡᠭᠡᠨ ᠳᠤ ᠶᠠᠪᠤᠬᠤ ᠳᠠᠭᠠᠨ ᠤᠷᠢᠳᠤ ᠡᠳᠤᠷ ᠨᠢ ᠲᠡᠷᠡ ᠦᠶ᠎ᠠ ᠳᠤ ᠰᠢᠳᠠᠷ᠎ᠠ ᠺᠯᠦ᠋ᠪ ᠤᠨ ᠡᠷᠬᠢᠯᠡᠭᠴᠢ ᠪᠠᠷ ᠠᠵᠢᠯᠯᠠᠵᠤ ᠪᠠᠶᠢᠭᠰᠠᠨ ᠵ᠊ · ᠰᠠᠮᠪᠤᠤ ︵ᠬᠤᠵᠢᠮ ᠨᠢ ᠠᠷᠠᠳ ᠤᠨ ᠶᠡᠭᠡ ᠬᠤᠷᠠᠯ ᠤᠨ ᠲᠠᠷᠤᠭ᠎ᠠ ᠪᠤᠯᠤᠭᠰᠠᠨ︶ ᠶᠢ ᠲᠠᠭᠤᠳᠠᠨ ᠢᠷᠡᠬᠦᠯᠵᠤ᠄ ︽ᠵᠠ᠂ ᠰᠠᠮᠪᠤᠤ ᠮᠢᠨᠢ᠂ ᠪᠢ ᠡᠮᠴᠢᠯᠡᠭᠡ ᠳᠤ ᠶᠠᠪᠤᠬᠤ ᠪᠤᠯᠤᠯ᠎ᠠ᠂ ᠪᠠᠶ᠎ᠠ ᠲᠤᠩ ᠲᠠᠷᠤᠤᠬᠠᠨ᠂ ᠪᠤᠴᠠᠵᠤ ᠢᠷᠡᠬᠦ ᠦᠭᠡᠢ ᠴᠤ ᠪᠠᠶᠢᠵᠤ ᠶᠠᠭᠤ ᠮᠠᠭᠠᠳ᠃ ᠶᠠᠷᠤ ᠨᠢ ᠮᠠᠨᠠᠶᠢᠬᠢᠨ ᠤ ᠤᠳᠤᠮ ᠳᠤ ᠤᠴᠢᠭ ᠮᠠᠭᠤ ᠪᠠᠳᠭᠠᠨ ᠡᠪᠡᠳᠴᠢᠨ ᠪᠠᠶᠢᠭᠰᠠᠨ ᠶᠤᠮ ᠭᠡᠳᠡᠭ᠃ ᠴᠢᠮᠠᠢᠢ ᠠᠵᠢᠯ ᠲᠦᠷᠤᠯ ᠤᠨ ᠲᠠᠯ᠎ᠠ ᠪᠠᠷ ᠬᠠᠷᠠᠵᠤ ᠦᠵᠡᠭᠡᠷᠡᠢ ᠭᠡᠵᠤ ᠪᠢ ᠼᠧᠳᠠᠨᠪᠠᠯ ᠳᠤ ᠵᠠᠬᠢᠭᠰᠠᠨ᠂ ᠰᠠᠨᠠᠭ᠎ᠠ ᠵᠤᠪᠠᠭ᠋ᠤ ᠶᠢᠨ ᠭᠡᠷᠡᠭ ᠦᠭᠡᠢ᠂ ᠬᠠᠷᠢᠨ ᠴᠢ ᠮᠢᠨᠤ ᠦᠢᠯᠡᠳᠦᠭᠰᠡᠨ ᠨᠢᠬᠦᠯ ᠢ ᠮᠡᠳᠡᠵᠤ ᠪᠠᠶᠢᠭ᠎ᠠ᠃ ᠬᠦᠮᠤᠨ ᠤ ᠬᠤᠩᠰᠢ ᠦᠭᠡᠢ ᠵᠠᠩ ᠭᠠᠷᠭᠠᠵᠤ ᠪᠤᠰᠤᠳ ᠤᠨ ᠦᠭᠡ᠂ ᠬᠠᠷ᠎ᠠ ᠰᠠᠨᠠᠭᠠᠳᠠᠨ ᠤ ᠬᠠᠳᠬᠤᠭᠠᠰᠤ ᠪᠠᠷ ᠬᠠᠶᠢᠷᠠᠨ ᠰᠠᠶᠢᠬᠠᠨ ᠨᠦᠬᠦᠳ ᠢᠶᠠᠨ ᠦᠭᠡᠢ ᠬᠢᠵᠤ ᠳ᠋ᠧ᠃ ᠮᠢᠨᠤ ᠰᠠᠨᠠᠭ᠎ᠠ ᠵᠤᠪᠠᠭ᠋ᠤ ᠶᠠᠭᠤᠮ᠎ᠠ ᠡᠨᠡ ᠯᠡ ᠪᠠᠶᠢᠨ᠎ᠠ︾ ᠭᠡᠵᠤ ᠭᠡᠯᠡᠵᠤ ᠪᠠᠶᠢᠭᠰᠠᠨ ᠨᠢ ᠴᠦᠢᠪᠠᠯᠰᠠᠩ ᠤᠨ ᠬᠤᠪᠢ ᠳᠤ ᠬᠤᠵᠢᠮᠳᠠᠵᠤ ᠨᠢᠬᠦᠯ ᠢᠶᠠᠨ ᠨᠠᠮᠠᠨᠴᠢᠯᠠᠭᠰᠠᠨ ᠭᠡᠷᠡᠭ ᠪᠠᠶᠢᠯ᠎ᠠ᠃ ᠡᠨᠡ ᠬᠦ ᠠᠶᠤᠮᠰᠢᠭᠳᠤ ᠭᠡᠯᠡᠮᠡᠭᠳᠡᠬᠦᠯᠤᠯᠳᠡ ᠨᠢ ᠮᠤᠩᠭᠤᠯ ᠤᠯᠤᠰ ᠤᠨ ᠲᠡᠤᠭᠡᠨ ᠳᠤ ᠬᠠᠷ᠎ᠠ ᠲᠤᠯᠪᠤ ᠪᠤᠯᠤᠨ ᠦᠯᠡᠳᠡᠭᠰᠡᠨ ᠨᠢ ᠶᠠᠮᠠᠷᠪᠠ ᠤᠯᠤᠰ ᠤᠷᠤᠨ᠂ ᠶᠡᠭᠡ ᠬᠦᠷᠤᠨ ᠤ ᠬᠠᠷᠠᠭ᠎ᠠ ᠬᠢᠨᠠᠯᠳᠠ ᠳᠤ ᠤᠷᠤᠪᠠᠯ ᠶᠠᠮᠠᠷᠴᠤ ᠠᠶᠤᠯ ᠭᠠᠮᠰᠢᠭ ᠨᠦᠮᠤᠷᠴᠤ ᠪᠤᠯᠵᠤᠰᠢ ᠦᠭᠡᠢ ᠪᠠᠶᠢᠳᠠᠭ ᠤᠨ ᠬᠠᠳᠠᠭᠤ ᠰᠤᠷᠭᠠᠮᠵᠢ ᠪᠤᠯᠵᠠᠢ᠃ ᠡᠨᠡ ᠨᠢ ᠠᠰᠤᠷᠤ ᠶᠡᠭᠡ ᠦᠨ᠎ᠠ ᠪᠠᠷ ᠡᠭᠡ ᠤᠷᠤᠨ ᠤ ᠪᠠᠨ ᠲᠤᠰᠠᠭᠠᠷ ᠲᠤᠭᠳᠠᠨᠢᠯ ᠢ ᠬᠠᠳᠠᠭᠠᠯᠠᠵᠤ ᠦᠯᠡᠳᠡᠭᠰᠡᠨ ᠴᠤ ᠪᠠᠶᠢᠵᠤ ᠪᠤᠯᠬᠤ ᠶᠢ ᠦᠭᠡᠶᠢᠰᠭᠡᠬᠦ ᠠᠷᠭ᠎ᠠ ᠦᠭᠡᠢ᠃ ᠡᠶᠢᠮᠤ ᠠᠴᠠ ᠴᠤ ᠠᠷᠪᠠ ᠭᠠᠷᠤᠢ ᠵᠢᠯ ᠤᠨ ᠬᠤᠭᠤᠴᠠᠭᠠᠨ ᠳᠤ ᠤᠯᠤᠰ ᠲᠦᠷᠤ ᠶᠢᠨ ᠲᠠᠯ᠎ᠠ ᠪᠠᠷ ᠭᠡᠯᠡᠮᠡᠭᠳᠡᠭᠰᠡᠨ ᠬᠦᠮᠤᠰ ᠤᠨ ᠭᠡᠷᠡᠭ ᠢ ᠲᠠᠬᠢᠨ ᠰᠢᠯᠭᠠᠵᠤ᠂ ᠴᠠᠭᠠᠳᠬᠠᠬᠤ ᠠᠵᠢᠯ ᠢ ᠤᠳᠤᠷᠢᠳᠤᠨ ᠵᠤᠬᠢᠶᠠᠨ ᠪᠠᠶᠢᠭᠤᠯᠬᠤ ᠤᠯᠤᠰ ᠤᠨ ᠺᠤᠮᠢᠰ ᠪᠠᠶᠢᠭᠤᠯᠤᠭᠳᠠᠨ ᠠᠵᠢᠯᠯᠠᠵᠤ ᠪᠠᠶᠢᠭ᠎ᠠ ᠠᠴᠠ ᠭᠠᠳᠠᠨ᠎ᠠ ᠮᠤᠩᠭᠤᠯ ᠤᠨ ᠤᠯᠤᠰ ᠲᠦᠷᠤ ᠶᠢᠨ ᠭᠡᠯᠡᠮᠡᠭᠳᠡᠭᠰᠡᠳ ᠤᠨ ᠬᠤᠯᠪᠤᠭ᠎ᠠ 1994 ᠤᠨ ᠠᠴᠠ ᠠᠵᠢᠯᠯᠠᠵᠤ ᠪᠠᠶᠢᠨ᠎ᠠ᠃ ᠰᠲ᠋ᠠᠯᠢᠨ ᠤ ᠰᠠᠨᠠᠭᠠᠴᠢᠯᠠᠭ᠎ᠠ ᠪᠠᠷ ᠴᠦᠢᠪᠠᠯᠰᠠᠩ ᠤᠨ ᠰᠢᠭᠤᠳ ᠤᠳᠤᠷᠢᠳᠤᠯᠭ᠎ᠠ ᠪᠠᠷ ᠶᠠᠪᠤᠭᠳᠠᠭᠰᠠᠨ ᠡᠨᠡ ᠭᠡᠯᠡᠮᠡᠭᠳᠡᠬᠦᠯᠤᠯᠳᠡ ᠪᠤᠷᠢᠶᠠᠳ ᠲᠦᠮᠡᠨ ᠢ ᠦᠨᠳᠤᠰᠤ ᠪᠠᠷ ᠨᠢ ᠤᠰᠠᠳᠬᠠᠵᠤ ᠴᠢᠳᠠᠭ᠎ᠠ ᠦᠭᠡᠢ ᠶᠤᠮ᠃
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号