ᠪᠤᠷᠢᠶᠠᠳ ᠮᠤᠩᠭᠤᠯᠴᠤᠳ ᠤᠨ ᠴᠠᠭᠠᠯᠠᠭᠠᠨ ᠤ ᠶᠤᠰᠤ ᠵᠠᠩᠰᠢᠯ ᠵᠢᠭᠵᠢᠳ
ᠨᠡᠶᠢᠲᠡᠯᠡᠭᠰᠡᠨ ᠴᠠᠭ᠄
2019/9/20
ᠲᠤᠰ ᠵᠤᠬᠢᠶᠠᠯ ᠳᠤ ᠪᠤᠷᠢᠶᠠᠳ ᠮᠤᠩᠭᠤᠯᠴᠤᠳ ᠤᠨ ᠴᠠᠭᠠᠯᠠᠭᠠᠨ᠂ ᠪᠦᠲᠡᠭᠦᠨ ︵ᠪᠢᠲᠡᠭᠦᠨ︶᠂ ᠵᠤᠯᠭᠠᠵᠤ ᠮᠡᠨᠳᠦᠴᠢᠯᠡᠬᠦ᠂ ᠴᠠᠭᠠᠯᠠᠬᠤ ᠶᠤᠰᠤ᠂ ᠬᠠᠳᠠᠮ ᠳᠤ ᠤᠴᠢᠭᠰᠠᠨ ᠪᠠᠰᠠᠭᠠᠨ ᠳᠤ ᠬᠡᠰᠢᠭ ᠥᠭᠬᠦ ᠶᠤᠰᠤ ᠵᠠᠩᠰᠢᠯ ᠢ ᠲᠤᠷᠠᠳᠴᠤ᠂ ᠴᠠᠭᠠᠯᠠᠭᠠᠨ ᠤ ᠰᠤᠶᠤᠯ ᠤᠨ ᠶᠤᠰᠤ ᠵᠠᠩᠰᠢᠯ ᠤᠨ ᠠᠭᠤᠯᠤᠭᠳᠠᠬᠤᠨ ᠢ ᠰᠢᠨᠵᠢᠯᠡᠨ ᠦᠭᠦᠯᠡᠪᠡ᠃ ᠪᠤᠷᠢᠶᠠᠳ ᠮᠤᠩᠭᠤᠯᠴᠤᠳ᠂ ᠤᠷᠤᠰ ᠤᠨ ᠪᠦᠭᠦᠳᠡ ᠨᠠᠶᠢᠷᠠᠮᠳᠠᠬᠤ ᠬᠤᠯᠪᠤᠭᠠᠨ ᠤ ᠪᠤᠷᠢᠶᠠᠳ ᠤᠯᠤᠰ᠂ ᠮᠤᠩᠭᠤᠯ ᠤᠯᠤᠰ᠂ ᠳᠤᠮᠳᠠᠳᠤ ᠤᠯᠤᠰ ᠤᠨ ᠬᠦᠯᠦᠨ ᠪᠤᠶᠢᠷ ᠵᠡᠷᠭᠡ ᠤᠯᠠᠨ ᠤᠯᠤᠰ ᠲᠤ ᠤᠷᠤᠰᠢᠨ ᠠᠮᠢᠳᠤᠷᠠᠵᠤ ᠪᠠᠶᠢᠨ᠎ᠠ᠃ ᠪᠤᠷᠢᠶᠠᠳ ᠮᠤᠩᠭᠤᠯᠴᠤᠳ ᠪᠤᠯ ᠥᠪᠡᠷ ᠤᠨ ᠦᠪ ᠰᠤᠶᠤᠯ ᠢᠶᠠᠨ ᠬᠠᠳᠠᠭᠠᠯᠠᠵᠤ ᠵᠠᠯᠭᠠᠮᠵᠢᠯᠠᠨ ᠬᠦᠭᠵᠢᠭᠦᠯᠦᠭᠰᠡᠭᠡᠷ ᠢᠷᠡᠭᠰᠡᠨ ᠡᠷᠲᠡᠨ ᠤ ᠮᠤᠩᠭᠤᠯ ᠠᠶᠢᠮᠠᠭ ᠤᠨ ᠨᠢᠭᠡ ᠶᠤᠮ᠃ ᠪᠤᠷᠢᠶᠠᠳ ᠮᠤᠩᠭᠤᠯᠴᠤᠳ ᠦᠨᠢ ᠤᠷᠢᠳᠤ ᠴᠠᠭ ᠲᠤ᠂ ᠨᠠᠮᠤᠷ ᠤᠨ ᠤᠯᠠᠷᠢᠯ᠂ ᠮᠠᠯ ᠲᠠᠷᠭᠤᠨ ᠰᠦ ᠴᠠᠭ᠎ᠠ ᠡᠯᠪᠡᠭ ᠨᠠᠮᠤᠷ ᠤᠨ 9 ᠰᠠᠷ᠎ᠠ ᠳᠤ ᠴᠠᠭᠠᠯᠠᠳᠠᠭ ᠪᠠᠶᠢᠭᠰᠠᠨ᠂ ᠲᠡᠭᠡᠪᠡᠯ ᠳᠤᠤᠷ᠎ᠠ ᠪᠢ᠂ ᠳᠡᠯᠡᠬᠡᠢ ᠶᠢᠨ ᠤᠯᠠᠨ ᠤᠯᠤᠰ ᠤᠨ ᠪᠤᠷᠢᠶᠠᠳ ᠮᠤᠩᠭᠤᠯᠴᠤᠳ ᠤᠨ ᠳᠤᠲᠤᠷ᠎ᠠ ᠦᠪ ᠰᠤᠶᠤᠯ ᠂ ᠶᠤᠰᠤ ᠵᠠᠩᠰᠢᠯ ᠢᠶᠠᠨ ᠬᠠᠮᠤᠭ ᠤᠨ ᠰᠠᠶᠢᠨᠬᠠ ᠬᠠᠳᠠᠭᠠᠯᠠᠵᠤ ᠶᠠᠪᠤᠭ᠎ᠠ᠂ ᠳᠤᠮᠳᠠᠳᠤ ᠤᠯᠤᠰ ᠤᠨ ᠰᠢᠨᠡᠬᠡᠨ ᠪᠤᠷᠢᠶᠠᠳ ᠮᠤᠩᠭᠤᠯᠴᠤᠳ ᠤᠨ ᠴᠠᠭᠠᠯᠠᠭᠠᠨ ᠤ ᠶᠤᠰᠤ ᠵᠠᠩᠰᠢᠯ ᠤᠨ ᠲᠤᠬᠠᠢ ᠳᠦᠭᠦᠮ ᠲᠠᠨᠢᠯᠴᠠᠭᠤᠯᠤᠶ᠎ᠠ᠃ ᠪᠤᠷᠢᠶᠠᠳ ᠮᠤᠩᠭᠤᠯᠴᠤᠳ ᠴᠠᠭᠠᠯᠭᠠᠨ ᠢ ᠡᠷᠲᠡ ᠳᠡᠭᠡᠳᠦ ᠦᠶ᠎ᠡ ᠠᠴᠠ ᠠᠪᠤᠭᠠᠳ ᠰᠢᠨ᠎ᠡ ᠵᠢᠯ ᠭᠠᠷᠤᠭᠰᠠᠨ ᠪᠠᠶᠠᠷ᠂ ᠨᠠᠰᠤ ᠨᠡᠮᠡᠭᠳᠡᠵᠦ ᠪᠠᠶᠢᠭ᠎ᠠ ᠪᠠᠶᠠᠷ᠂ ᠬᠠᠪᠤᠷ ᠲᠠᠢ ᠵᠤᠯᠭᠠᠭᠰᠠᠨ ᠪᠠᠶᠠᠷ ᠪᠤᠯᠭᠠᠨ ᠡᠷᠬᠢᠮᠯᠡᠨ ᠬᠦᠨᠳᠦᠳᠬᠡᠵᠦ᠂ ᠬᠠᠮᠤᠭ ‍ᠤᠨᠦᠯᠵᠡᠢ ᠪᠡᠯᠭᠡ ᠲᠠᠢ ᠡᠳᠦᠷ ᠪᠤᠯᠭᠠᠨ ᠪᠤᠯᠲᠤ ᠤᠯᠠᠨ ᠢᠶᠠᠷ ᠢᠶᠠᠨ ᠬᠦᠷ ᠬᠦᠭᠵᠢᠶᠡᠨ ᠲᠠᠢ ᠪᠠᠶᠠᠷ ᠪᠠᠶᠠᠰᠬᠤᠯᠠᠩ ᠲᠠᠢ ᠴᠠᠭᠠᠯᠠᠵᠤ᠂ ᠦᠨᠳᠦᠰᠦᠲᠡᠨ ᠤ ᠶᠤᠰᠤ ᠵᠠᠩᠰᠢᠯ ᠢᠶᠠᠷ ᠪᠡᠯᠭᠡ ᠳᠡᠮᠪᠡᠷᠢᠯ ᠲᠠᠢ ᠦᠩᠭᠡᠷᠡᠭᠦᠯᠳᠡᠭ ᠶᠤᠮ᠃ ᠪᠤᠷᠢᠶᠠᠳ ᠮᠤᠩᠭᠤᠯᠴᠤᠳ ᠴᠠᠭᠠᠯᠠᠭᠠᠨ ᠳᠤ᠂ ᠥᠪᠡᠷ ᠤᠨ ᠥᠪᠡᠷᠮᠢᠴᠡ ᠰᠤᠶᠤᠯ ᠤᠨ ᠬᠡᠪ ᠨᠠᠮᠪᠠ ᠪᠠᠶᠢᠬᠤ ᠠᠴᠠ ᠭᠠᠳᠠᠨ᠎ᠠ ᠪᠤᠷᠬᠠᠨ ᠱᠠᠰᠢᠨ᠂ ᠪᠦᠭᠡ ᠮᠦᠷᠭᠦᠯ ᠤᠨ ᠶᠤᠰᠤ ᠵᠠᠩᠰᠢᠯ ᠠᠭᠤᠯᠤᠭᠳᠠᠵᠤ ᠬᠠᠭᠤᠴᠢᠨ ᠤ ᠡᠷᠲᠡᠨ ᠤ ᠶᠤᠰᠤ ᠵᠠᠩᠰᠢᠯ ᠨᠢ ᠤᠳᠤ ᠬᠦᠷᠲᠡᠯ᠎ᠡ ᠤᠯᠠᠮᠵᠢᠯᠠᠭᠳᠠᠨ ᠬᠠᠳᠠᠭᠠᠯᠠᠭᠰᠠᠭᠠᠷ ᠪᠠᠶᠢᠨ᠎ᠠ᠃ ᠴᠠᠭᠠᠯᠠᠭᠠᠨ ᠤ ᠡᠮᠦᠨᠡᠬᠢ ᠪᠡᠯᠡᠳᠬᠡᠯ᠄ ᠭᠡᠷ ᠤᠨ ᠡᠵᠡᠨ ᠴᠠᠭᠠᠯᠠᠭᠠᠨ ᠤ ᠡᠮᠦᠨ᠎ᠡ᠂ ᠰᠦᠮ᠎ᠡ ᠬᠡᠶᠢᠳ ᠯᠠᠮᠠ ᠳᠤ ᠤᠴᠢᠵᠤ ᠭᠡᠷ ᠤᠨ ᠬᠦᠮᠦᠰ ᠤᠨ ᠰᠢᠨ᠎ᠡ ᠶᠢᠨ ᠨᠢᠭᠡᠨ ᠳᠤ ᠮᠦᠷ ᠭᠠᠷᠭᠠᠬᠤ ᠰᠠᠶᠢᠨ ᠵᠦᠭ ᠦᠵᠡᠭᠦᠯᠳᠡᠭ᠃ ᠪᠦᠰᠡᠲᠡᠶᠢᠴᠦᠳ ᠡᠮᠡᠭᠡᠯ ᠬᠠᠵᠠᠭᠠᠷ ᠢᠶᠠᠨ ᠰᠢᠨᠡᠳᠬᠡᠵᠦ᠂ ᠮᠤᠷᠢᠨ ᠤ ᠵᠢᠮᠰᠡᠭ ᠢᠶᠠᠨ ᠰᠡᠯᠪᠢᠨ ᠵᠠᠰᠠᠵᠤ ᠰᠢᠨ᠎ᠡ ᠬᠠᠵᠠᠭᠠᠷ ᠨᠤᠭᠲᠤ ᠬᠢᠵᠦ ᠴᠠᠭᠠᠨ ᠰᠠᠷ᠎ᠠ ᠳᠤ ᠤᠨᠤᠬᠤ ᠮᠤᠷᠢ ᠪᠠᠨ ᠤᠶᠠᠵᠤ ᠰᠦᠢᠳᠠᠭ᠃ ᠮᠠᠯ ᠤᠨ ᠬᠠᠰᠢᠶ᠎ᠠ ᠬᠤᠷᠢᠶ᠎ᠠ᠂ ᠭᠡᠷ ᠤᠨ ᠭᠠᠳᠠᠨᠠᠬᠢ ᠪᠠᠨ ᠬᠢᠯᠠ ᠴᠢᠯᠠ ᠪᠤᠯᠲᠠᠯ᠎ᠠ ᠴᠡᠪᠡᠷᠯᠡᠨ᠂ ᠰᠢᠨ᠎ᠡ ᠵᠢᠯ ᠴᠠᠭᠠᠯᠠᠭᠠᠨ ᠤ ᠤᠷᠴᠢᠨ ᠲᠤᠭᠤᠷᠢᠨ ᠤ ᠠᠷᠢᠭᠤᠨ ᠴᠡᠪᠡᠷ ᠢ ᠭᠤᠶᠤ ᠪᠤᠯᠲᠠᠯ᠎ᠠ ᠴᠡᠪᠡᠷᠯᠡᠳᠡᠭ᠃ ᠴᠠᠭᠠᠯᠠᠭᠠᠨ ᠤ ᠡᠮᠦᠨ᠎ᠡ ᠰᠠᠮᠠᠭᠠᠳ ᠤᠨ ︵ᠡᠮᠡᠭᠲᠡᠶᠢᠴᠦᠳ︶ ᠠᠵᠢᠯ ᠶᠡᠭᠡ ᠶᠠᠭᠠᠷᠠᠤ ᠪᠤᠯᠳᠠᠭ᠃ ᠪᠤᠷᠢᠶᠠᠳ ᠴᠠᠭᠠᠯᠠᠭᠠᠨ ᠳᠤ ᠬᠦᠮᠦᠨ ᠪᠦᠭᠦᠨ ᠪᠤᠷᠢᠶᠠᠳ ᠬᠤᠪᠴᠠᠰᠤ ᠪᠠᠨ ᠡᠮᠦᠰᠴᠦ ᠵᠤᠯᠭᠠᠯᠲᠠ ᠬᠢᠳᠡᠭ ᠲᠤᠯᠠ ᠪᠤᠷᠢᠶᠠᠳ ᠰᠠᠮᠠᠭᠠᠳ ᠥᠪᠡᠷ ᠲᠡᠭᠡᠨ ᠴᠠᠭᠠᠯᠭᠠᠨ ᠤ ᠪᠤᠷᠢᠶᠠᠳ ᠬᠤᠪᠴᠠᠰᠤ ᠤᠶᠤᠳᠠᠭ᠃ ᠪᠤᠷᠢᠶᠠᠳ ᠬᠤᠪᠴᠠᠰᠤᠨ ᠤ ᠤᠶᠤᠳᠠᠯ ᠤᠨ ᠬᠡᠪ ᠨᠠᠮᠪᠠ ᠲᠦᠷᠦᠯ ᠵᠦᠢᠯ ᠤᠯᠠᠨ᠂ ᠤᠶᠤᠳᠠᠯ ᠨᠠᠷᠢᠨ᠂ ᠡᠶᠢᠮᠦ ᠠᠴᠠ ᠪᠤᠷᠢᠶᠠᠳ ᠡᠮᠡᠭᠲᠡᠶᠢᠴᠦᠳ ᠡᠷᠲᠡᠯᠡᠵᠦ ᠤᠷᠦ᠋ᠢᠯᠠᠨ ᠪᠤᠷᠢᠶᠠᠳ ᠳᠡᠪᠡᠯ᠂ ᠬᠠᠯᠢᠭᠤ ᠰᠢᠯᠦᠭᠦᠰᠦᠨ ᠪᠤᠯᠠᠭᠠᠨ ᠮᠠᠯᠠᠭᠠᠢ᠂ ᠪᠡᠭᠡᠯᠡᠢ ᠲᠤᠷᠤᠭᠤ ᠤᠷᠠᠯᠠᠨ ᠤᠶᠤᠳᠠᠭ ᠶᠤᠮ᠃ ᠡᠶᠢᠮᠦ ᠠᠴᠠ ᠪᠤᠷᠢᠶᠠᠳ ᠰᠠᠮᠠᠭᠠᠳ ᠴᠠᠭᠠᠯᠠᠭᠠᠨ ᠤᠶᠢᠷᠠᠲᠤᠬᠤ ᠪᠦᠷᠢ ᠤᠶᠤᠳᠠᠯ ᠤᠨ ᠠᠵᠢᠯ ᠠᠴᠠ ᠭᠡᠷ ᠳᠤᠲᠤᠷᠠᠬᠢ ᠲᠤᠭᠤᠭ᠎ᠠ ᠴᠢᠨᠠᠭ᠎ᠠ ᠴᠡᠪᠡᠷᠯᠡᠯᠭᠡ ᠶᠢᠨ ᠠᠵᠢᠯ ᠭᠡᠳ ᠲᠤᠩ ᠶᠠᠭᠠᠷᠠᠤ ᠪᠤᠯᠳᠠᠭ᠃ ᠬᠡᠯᠡᠪᠡᠯ᠄ ᠪᠤᠷᠢᠶᠠᠳ ᠮᠠᠯᠠᠭᠠᠢ ᠶᠢᠨ ᠲᠦᠷᠦᠯ ᠵᠦᠢᠯ ᠳᠤ᠄ ᠬᠠᠯᠢᠭᠤ᠂ ᠪᠤᠯᠠᠭ᠎ᠠ᠂ ᠰᠢᠯᠦᠭᠦᠰᠦ᠂ ᠬᠤᠷᠠᠭᠠᠨ ᠠᠷᠠᠰᠤ᠂ ᠱᠤᠪᠤᠭᠤᠷ ᠳᠡᠪᠬᠡᠷ ᠶᠠᠩᠵᠤ ᠶᠢᠨ ᠮᠠᠯᠠᠭᠠᠢ ᠪᠠᠶᠢᠳᠠᠭ᠃ ᠳᠡᠪᠡᠯ ᠭᠡᠪᠡᠯ᠄ ᠨᠡᠬᠡᠢ ᠲᠡᠪᠡᠯ᠂ ᠦᠵᠦᠭᠦᠷ ᠠᠷᠠᠰᠤᠨ ᠲᠡᠪᠡᠯ᠂ ᠬᠤᠷᠠᠭᠠᠨ ᠲᠡᠪᠡᠯ᠂ ᠾᠭ᠍ᠴᠠ᠂ ᠡᠩᠭᠡᠷ ᠲᠠᠢ᠂ ᠡᠩᠭᠡᠷ ᠦᠭᠡᠢ᠂ ᠪᠦᠰᠡᠲᠡᠶᠢᠴᠦᠳ ᠤᠨ ᠳᠡᠪᠡᠯ ᠪᠠ ᠡᠮᠡᠭᠲᠡᠶᠢᠴᠦᠳ ᠤᠨ ᠰᠠᠮᠠᠭᠠᠨ ᠳᠡᠪᠡᠯ᠂ ᠪᠠᠰᠠᠭᠠᠨ ᠳᠡᠪᠡᠯ᠂ ᠵᠢᠮᠰᠡᠭ ᠲᠠᠢ ᠳᠠᠲᠠᠭᠠᠰᠤ ᠲᠠᠢ ᠳᠡᠪᠡᠯ ᠵᠡᠷᠭᠡ ᠤᠯᠠᠨ ᠲᠦᠷᠦᠯ ᠤᠨ ᠨᠠᠷᠢᠨ ᠤᠶᠤᠳᠠᠯ ᠢ ᠪᠤᠷᠢᠶᠠᠳ ᠰᠠᠮᠠᠭᠠᠳ ᠥᠪᠡᠷ ᠲᠡᠭᠡᠨ ᠴᠠᠭᠠᠯᠠᠭᠠᠨ ᠤ ᠡᠮᠦᠨ᠎ᠡ ᠤᠷᠠᠯᠠᠨ ᠪᠦᠲᠦᠭᠡᠳᠡᠭ ᠶᠡᠭᠡ ᠠᠵᠢᠯ ᠲᠠᠢ᠃ ᠪᠤᠷᠢᠶᠠᠳ ᠢᠳᠡᠭᠡ ᠬᠤᠭᠤᠯᠠᠨ ᠳᠤ ᠴᠠᠭᠠᠨ ᠢᠳᠡᠭᠡ᠂ ᠪᠤᠤᠵᠠ᠂ ᠪᠠᠩᠰᠢ᠂ ᠪᠦᠬᠦᠯᠢ ᠮᠢᠬ᠎ᠠ ᠱᠦᠯᠦ ᠪᠡᠯᠡᠳᠬᠡᠬᠦ᠂ ᠬᠠᠭᠤᠷᠠᠯᠭ᠎ᠠ ᠶᠢᠨ ᠨᠤᠭᠤᠭ᠎ᠠ᠂ ᠪᠤᠤᠪᠤ᠂ ᠫᠢᠷᠤᠭ᠂ ᠨᠠᠭᠠᠮᠠᠯ᠂ ᠬᠠᠪᠴᠢᠮᠠᠯ᠂ ᠬᠠᠯᠠᠴᠢ ᠵᠡᠷᠭᠡ ᠤᠯᠠᠨ ᠶᠠᠩᠵᠤ ᠶᠢᠨ ᠴᠠᠭᠠᠨ ᠢᠳᠡᠭᠡ᠂ ᠬᠢᠲᠠᠳ ᠢᠳᠡᠭᠡ᠂ ᠡᠸᠦ᠋ᠷᠤᠫᠡ ᠬᠤᠭᠤᠯᠠ ᠵᠡᠷᠭᠡ ᠶᠢ ᠭᠤᠶᠤ ᠰᠠᠶᠢᠬᠠᠨ ᠦᠨᠦᠷ ᠠᠮᠲᠠ ᠲᠠᠢ ᠪᠡᠯᠡᠳᠬᠡᠵᠦ ᠪᠠᠶᠢᠳᠠᠭ ᠠᠴᠠ ᠪᠤᠷᠢᠶᠠᠳ ᠰᠠᠮᠠᠭᠠᠳ ᠤᠨ ᠠᠵᠢᠯ ᠬᠦᠨᠳᠦ ᠮᠦᠷᠲᠡᠭᠡᠨ ᠶᠠᠭᠠᠷᠠᠤ ᠪᠠᠶᠢᠳᠠᠭ᠃ ᠪᠢᠲᠡᠭᠦᠨ᠄ ᠪᠢᠲᠡᠭᠦᠨ ᠪᠤᠯ ᠡᠪᠦᠯ ᠤᠨ ᠬᠠᠮᠤᠭ ᠰᠡᠭᠦᠯᠴᠢ ᠶᠢᠨ ᠡᠳᠦᠷ᠃ ᠪᠢᠲᠡᠭᠦᠨ ᠤ ᠦᠳᠡᠰᠢ ︵ᠰᠦᠨᠢ︶ — ᠬᠠᠭᠤᠴᠢᠨ ᠵᠢᠯ ᠤᠨ ᠰᠡᠭᠦᠯᠴᠢ ᠶᠢᠨ ᠰᠦᠨᠢ ᠪᠤᠯᠬᠤᠷ ᠰᠠᠷᠠ ᠬᠠᠷᠠᠭᠳᠠᠳᠠᠭ ᠦᠭᠡᠢ᠂ ᠪᠢᠲᠡᠭᠦᠨ ᠤ ᠦᠳᠡᠰᠢ ᠪᠤᠷᠬᠠᠨ ᠳᠡᠯᠭᠡᠭᠳᠡᠳᠡᠭ᠃ ᠡᠨᠡ ᠡᠳᠦᠷ ᠠᠶᠢᠯ ᠤᠳ ᠭᠡᠷ ᠳᠤᠳᠤᠷᠠᠬᠢ ᠪᠠᠨ ᠴᠡᠪᠡᠷᠯᠡᠭᠡᠳ ᠪᠤᠷᠬᠠᠨ ᠳᠤ ᠪᠠᠨ ᠵᠤᠯᠠ ᠪᠠᠳᠠᠷᠠᠭᠠᠨ ᠰᠠᠩ ᠲᠠᠯᠪᠢᠳᠠᠭ᠃ ᠪᠤᠷᠢᠶᠠᠳ ᠮᠤᠩᠭᠤᠯᠴᠤᠳ ᠪᠢᠲᠡᠭᠦᠨ ᠳᠤ ᠪᠢᠲᠡᠭᠦᠦ ᠬᠤᠭᠤᠯᠠ ᠢᠳᠡᠬᠦ ᠶᠢ ᠬᠠᠮᠤᠭ ᠠᠴᠠ ᠡᠷᠬᠢᠮᠯᠡᠵᠦ ᠪᠤᠷᠢᠶᠠᠳ ᠪᠤᠤᠵᠠ ᠬᠢᠵᠦ ᠢᠳᠡᠳᠡᠭ᠃ ᠪᠢᠲᠡᠭᠦᠨ ᠳᠤ ᠠᠵᠢᠯ ᠢᠶᠠᠨ ᠳᠠᠭᠤᠰᠬᠠᠵᠤ ᠭᠡᠷ ᠲᠡᠭᠡᠨ ᠤᠷᠤᠭᠠᠳ ᠨᠢᠭᠤᠷ ᠭᠠᠷ ᠢᠶᠠᠨ ᠤᠬᠢᠶᠠᠭᠠᠳ ᠪᠢᠲᠡᠭᠦᠨ ᠤ ᠬᠤᠭᠤᠯᠠ ᠪᠠᠨ ᠪᠡᠯᠡᠳᠬᠡᠳᠡᠭ᠃ ᠪᠤᠷᠢᠶᠠᠳ ᠪᠤᠤᠵᠠ ᠶᠢᠨ ᠮᠢᠬ᠎ᠠ ᠶᠢ ᠬᠢᠳᠤᠭ᠎ᠠ ᠪᠠᠷ ᠬᠡᠷᠴᠢᠵᠦ᠂ ᠮᠠᠩᠭᠢᠷ ᠳᠠᠪᠤᠰᠤ ᠬᠢᠵᠦ ᠨᠠᠶᠢᠷᠠᠭᠤᠯᠤᠨ ᠪᠤᠤᠵᠠ ᠶᠢᠨ ᠲᠠᠯᠬ᠎ᠠ ᠪᠠᠨ ᠬᠤᠶᠠᠷ ᠭᠠᠷ ᠤᠨ ᠬᠤᠷᠤᠭᠤ ᠪᠠᠷ ᠢᠶᠠᠨ ᠬᠤᠩᠬᠤᠶᠢᠯᠠᠵᠤ ᠪᠠᠷᠢᠳᠠᠭ᠃ ᠡᠶᠢᠮᠦ ᠠᠴᠠ ᠪᠢᠲᠡᠭᠦᠨ ᠤ ᠪᠤᠷᠢᠶᠠᠳ ᠪᠤᠤᠵᠠ ᠠᠵᠠ ᠵᠢᠷᠭᠠᠯ ᠲᠠᠢ ᠠᠮᠲᠠᠲᠠᠢ ᠪᠠᠶᠢᠳᠠᠭ᠃ ᠪᠢᠲᠡᠭᠦᠨ ᠤ ᠪᠤᠤᠵᠠ ᠪᠠᠷᠢᠬᠤ ᠳᠠᠭᠠᠨ ᠪᠤᠤᠵᠠ ᠶᠢᠨ ᠮᠢᠬᠠᠨ ᠳᠤᠲᠤᠷ᠎ᠠ ᠨᠢᠭᠡ ᠮᠦᠩᠭᠦᠨ ᠵᠤᠭᠤᠰ ᠬᠢᠵᠦ ᠲᠡᠷ ᠪᠠᠷᠢᠳᠠᠭ᠃ ᠡᠨᠡ ᠪᠤᠤᠵᠠᠠ ᠳᠤᠲᠤᠷ᠎ᠠ ᠬᠢᠭᠰᠡᠨ ᠮᠦᠩᠭᠦᠨ ᠵᠤᠭᠤᠰ ᠢ ᠬᠡᠨ ᠤᠯᠵᠤ ᠢᠳᠡᠪᠡᠯ ᠲᠡᠷᠡ ᠬᠦᠮᠦᠨ ᠢᠷᠡᠬᠦ ᠵᠢᠯ ᠳᠡᠭᠡᠨ ᠪᠠᠶᠠᠨ ᠡᠯᠪᠡᠭ᠂ ᠤᠯᠵᠠ ᠠᠰᠢᠭ ᠦᠯᠵᠡᠢ ᠪᠡᠯᠭᠡ ᠲᠠᠢ ᠶᠠᠪᠤᠨ᠎ᠠ ᠭᠡᠳᠡᠭ᠃ ᠪᠤᠷᠢᠶᠠᠳᠴᠤᠳ ᠪᠤᠰᠤᠳ ᠦᠨᠳᠦᠰᠦᠲᠡᠨ ᠶᠠᠰᠤᠲᠠᠨ ᠲᠠᠢ ᠠᠳᠠᠯᠢᠬᠠᠨ ᠤᠤᠯ ᠳᠠᠭᠠᠨ ᠰᠦᠨᠢ ᠤᠨᠳᠠᠳᠠᠭ ᠦᠭᠡᠢ ᠵᠠᠩᠰᠢᠯ ᠲᠠᠢ᠂ ᠬᠠᠷᠢᠨ ᠠᠶᠢᠯ ᠬᠦᠷᠰᠢ ᠭᠡᠷ ᠪᠦᠯᠢ ᠪᠠᠷ ᠢᠶᠠᠨ ᠨᠠᠭᠠᠳᠤᠮ ᠲᠤᠭᠯᠠᠭᠠᠮ ᠬᠢᠵᠦ ᠦᠩᠭᠡᠷᠡᠭᠦᠯᠵᠦ᠂ ᠡᠷᠲᠡ ᠶᠢᠨ ᡀᠮᠤ ᠪᠤᠷᠬᠠᠨ ᠢᠷᠡᠬᠦ ᠶᠢ ᠬᠦᠯᠢᠶᠡᠳᠡᠭ᠂ ᠪᠢᠳᠡᠭᠦᠨ ᠤ ᠡᠳᠦᠷ ᠭᠡᠷ ᠪᠠᠷᠠᠭ᠎ᠠ ᠪᠠᠨ ᠴᠡᠪᠡᠷᠯᠡᠵᠦ ᠬᠦᠨᠵᠢᠯᠡ ᠳᠡᠪᠢᠰᠬᠡᠷ ᠢᠶᠠᠨ ᠴᠠᠰᠤᠨ ᠳᠡᠭᠡᠷ᠎ᠡ ᠭᠦᠪᠢᠵᠦ ᠰᠡᠷᠭᠦᠭᠡᠵᠦ᠂ ᠬᠦᠨᠳᠡᠢ ᠬᠦᠷᠬᠡ ᠪᠠᠨ ᠴᠡᠪᠡᠷᠯᠡᠵᠦ᠂ ᠤᠨᠢ ᠬᠠᠨ᠎ᠠ ᠪᠠᠨ ᠠᠷᠴᠢᠨ ᠴᠡᠪᠡᠷᠯᠡᠳᠡᠭ᠃ ᠪᠤᠷᠢᠶᠠᠳᠴᠤᠳ ᠪᠢᠲᠡᠭᠦᠯᠬᠦ ᠳᠡᠭᠡᠨ ᠪᠤᠷᠬᠠᠨ ᠳᠠᠭᠠᠨ ᠵᠤᠯᠠ ᠪᠠᠷᠢᠵᠤ᠂ ᠴᠠᠭᠠᠨ ᠢᠳᠡᠭᠡ᠂ ᠪᠤᠤᠵᠠ᠂ ᠴᠢᠨᠠᠭᠰᠠᠨ ᠦᠬᠡᠷ ᠤᠨ ᠡᠪᠴᠢᠭᠦᠨ ᠤ ᠪᠦᠬᠦᠭ᠂ ᠬᠤᠨᠢᠨ ᠤ ᠳᠠᠯᠤ᠂ ᠱᠠᠭᠠᠶᠢᠲᠤ ᠵᠡᠷᠭᠡ ᠬᠤᠭᠤᠯᠠᠨ ᠤ ᠳᠡᠭᠡᠵᠢ ᠶᠢ ᠪᠤᠷᠬᠠᠨ ᠳᠠᠭᠠᠨ ᠳᠠᠯᠪᠢᠳᠠᠭ᠃ ᠬᠤᠤᠰ ᠤᠶᠠᠩᠭ᠎ᠠ ᠨᠠᠭᠠᠬᠤ᠂ ᠫᠤᠤᠵᠢᠩ ᠲᠠᠯᠪᠢᠬᠤ᠂ ᠳ᠋ᠧᠩᠯᠦ ᠡᠯᠭᠦᠬᠦ ᠵᠠᠩᠰᠢᠯ ᠦᠭᠡᠢ ᠃ ᠬᠠᠷᠢᠨ ᠮᠤᠩᠭᠤᠯ ᠭᠡᠷ ᠤᠨ ᠡᠭᠦᠳᠡᠨ ᠤ ᠲᠤᠳᠤᠭᠤ ᠶᠢᠨ ᠳᠡᠭᠡᠷ᠎ᠡ ᠰᠢᠨ᠎ᠡ ᠴᠠᠭᠠᠨ ᠴᠠᠰᠤ᠂ ᠴᠠᠭᠠᠨ ᠴᠢᠯᠠᠭᠤ᠂ ᠮᠦᠰᠦ ᠲᠠᠯᠪᠢᠬᠤ ᠵᠠᠩᠰᠢᠯ ᠲᠠᠢ᠃ ᠶᠡᠭᠡ ᠪᠠᠷ ᠫᠤᠤᠵᠢᠩ ᠲᠠᠯᠪᠢᠬᠤ ᠵᠠᠩᠰᠢᠯ ᠦᠭᠡᠢ᠃ ᠨᠢᠭᠡ ᠶᠡᠭᠡ ᠵᠠᠩᠰᠢᠯ ᠭᠡᠪᠡᠯ᠄ ᠰᠦᠰᠦᠭ ᠪᠢᠰᠢᠷᠡᠯ ᠲᠠᠢ ᠵᠤᠨ ᠪᠠ ᠵᠢᠯ ᠤᠷᠤᠭᠤᠯᠵᠤ ᠪᠠᠶᠢᠭ᠎ᠠ ᠬᠦᠮᠦᠰ ᠪᠤᠶᠤ ᠬᠡᠷᠡᠭ ᠤᠴᠢᠷ ᠳᠠᠭᠠᠷᠠᠭᠰᠠᠨ ᠬᠦᠮᠦᠨ ᠵᠤᠨ ᠰᠦᠮ᠎ᠡ ᠬᠡᠶᠢᠳ ᠲᠤ ᠤᠴᠢᠵᠤ ᡀᠮᠤ ᠬᠤᠷᠠᠯ ᠳᠤ ᠰᠠᠭᠤᠵᠤ ᠪᠢᠲᠡᠭᠦᠨ ᠢ ᠦᠩᠭᠡᠷᠡᠭᠦᠯᠳᠡᠭ ᠵᠠᠩᠰᠢᠯ ᠰᠢᠨᠡᠬᠡᠨ ᠪᠤᠷᠢᠶᠠᠳ ᠲᠤ ᠤᠯᠠᠮᠵᠢᠯᠠᠭᠳᠠᠨ ᠬᠠᠳᠠᠭᠠᠯᠠᠭᠳᠠᠵᠤ ᠪᠠᠶᠢᠨ᠎ᠠ᠃ ᡀᠮᠤ ᠪᠤᠷᠬᠠᠨ ︵ᠰᠠᠬᠢᠭᠤᠯᠰᠤᠨ︶ ᠰᠢᠨ᠎ᠡ ᠶᠢᠨ ᠨᠢᠭᠡᠨ ᠤ ᠦᠷᠯᠦᠭᠡᠭᠦᠷ ᠡᠷᠲᠡ ᠦᠷ ᠴᠠᠶᠢᠵᠤ ᠡᠬᠢᠯᠡᠬᠦ ᠦᠶ᠎ᠡ ᠳᠤ ᠳᠡᠭᠡᠷ᠎ᠡ ᠠᠴᠠ ᠪᠠᠭᠤᠵᠤ ᠨᠢᠳᠤ ᠴᠠᠪᠴᠢᠬᠤ ᠵᠠᠭᠤᠷ᠎ᠠ ᠠᠯᠳᠠᠨ ᠳᠡᠯᠡᠬᠡᠢ ᠶᠢ ᠭᠤᠷᠪᠠ ᠲᠤᠭᠤᠷᠢᠵᠤ᠂ ᠤᠯᠠᠨ ᠲᠦᠮᠡᠨ ᠬᠦᠮᠦᠨ ᠵᠤᠨ ᠤ ᠠᠵᠤ ᠰᠠᠭᠤᠭ᠎ᠠ᠂ ᠡᠷᠡᠭᠦᠯ ᠡᠩᠬᠡ᠂ ᠵᠤᠨ ᠤᠯᠠᠨ ᠤ ᠰᠠᠶᠢᠨ ᠰᠠᠶᠢᠬᠠᠨ᠂ ᠪᠠᠶᠠᠨ ᠴᠢᠨᠡᠭᠡᠯᠢᠭ᠂ ᠡᠪᠡᠳᠴᠢᠨ ᠵᠤᠪᠠᠯᠠᠩ ᠦᠭᠡᠢ ᠪᠠᠶᠢᠬᠤ ᠶᠢ ᠨᠢ ᠡᠷᠭᠢᠨ ᠬᠠᠷᠠᠳᠠᠭ ᠭᠡᠮᠡᠨ ᠢᠳᠡᠭᠡᠳᠡᠭ ᠲᠤᠯᠠ ᠬᠦᠮᠦᠨ ᠵᠤᠨ ᠤᠨᠲᠠᠯ ᠦᠭᠡᠢ ᠬᠤᠨᠤᠳᠠᠭ ᠪᠤᠶᠤ ᠦᠷ ᠤᠨ ᠡᠮᠦᠨ᠎ᠡ ᡀᠮᠤ ᠪᠤᠷᠬᠠᠨ ᠤ ᠢᠷᠡᠬᠦ ᠠᠴᠠ ᠡᠮᠦᠨ᠎ᠡ ᠪᠤᠰᠳᠠᠭ ᠵᠠᠩᠰᠢᠯ ᠲᠠᠢ ᠶᠤᠮ᠃ ᡀᠮᠤ ᠪᠤᠷᠬᠠᠨ ᠵᠤᠨ ᠤᠯᠠᠨ ᠢ ᠡᠷᠭᠢᠨ ᠦᠵᠡᠬᠦ ᠪᠤᠷᠬᠠᠨ ᠤ ᠢᠷᠦᠭᠡᠯ ᠲᠠᠢ ᠲᠤᠯᠠ ᠯᠾᠮᠤ ᠪᠤᠷᠬᠠᠨ ᠤ ᠳᠡᠭᠡᠷ᠎ᠡ ᠠᠴᠠ ᠪᠠᠭᠤᠬᠤ ᠶᠢ ᠬᠦᠯᠢᠶᠡᠵᠦ ᠪᠢᠲᠡᠭᠦᠨ ᠳᠤ ᠦᠷ ᠴᠠᠶᠢᠯᠭᠠᠳᠠᠭ ᠵᠠᠩᠰᠢᠯ ᠲᠠᠢ ᠪᠠᠶᠢᠭᠰᠠᠨ ᠶᠤᠮ᠃ ᠰᠢᠨ᠎ᠡ ᠶᠢᠨ ᠨᠢᠭᠡᠨ᠂ ᠴᠠᠭᠠᠯᠠᠭᠠᠨ᠄ ᠪᠤᠷᠢᠶᠠᠳᠴᠤᠳ ᡀᠮᠤ ᠪᠤᠷᠬᠠᠨ ᠢᠷᠡᠬᠦ ᠠᠴᠠ ᠡᠮᠦᠨ᠎ᠡ ᠬᠡᠵᠦ ᠭᠡᠷ ᠪᠦᠯᠢ ᠪᠠᠷ ᠢᠶᠠᠨ ᠦᠷ ᠠᠴᠠ ᠡᠮᠦᠨ᠎ᠡ ᠡᠷᠲᠡ ᠪᠤᠰᠳᠠᠭ᠃ ᠭᠡᠷ ᠤᠨ ᠡᠵᠡᠨ ᠪᠠ ᠭᠡᠷ ᠤᠨ ᠬᠦᠮᠦᠰ ᠪᠤᠰᠤᠩᠭᠤᠲᠠ ᠪᠠᠨ ᠬᠤᠪᠴᠠᠰᠤ ᠬᠤᠨᠠᠷ ᠢᠶᠠᠨ ᠡᠮᠦᠰᠴᠦ ᠥᠪᠡᠷ ᠤᠨ ᠰᠠᠶᠢᠨ ᠵᠦᠭ ᠢ ᠵᠦᠭᠯᠡᠨ ᠶᠠᠪᠤᠵᠤ᠂ ᠪᠤᠶᠠᠨ ᠬᠡᠰᠢᠭ ᠤᠨ ᠵᠦᠭ ᠠᠴᠠ ᠪᠠᠨ ᠪᠤᠴᠠᠵᠤ ᠢᠷᠡᠳᠡᠭ᠃ ᠭᠡᠷ ᠤᠨ ᠪᠦᠰᠡᠭᠦᠢ ᠴᠠᠢ ᠪᠠᠨ ᠴᠢᠨᠠᠵᠤ ᠰᠢᠨ᠎ᠡ ᠵᠢᠯ ᠴᠠᠭᠠᠨ ᠰᠠᠷ᠎ᠠ ᠶᠢᠨ ᠴᠠᠢ ᠪᠠᠨ ᠮᠠᠯᠠᠭᠠᠢ ᠬᠤᠪᠴᠠᠰᠤ ᠪᠠᠨ ᠡᠮᠦᠰᠴᠦ ᠭᠠᠳᠠᠨ᠎ᠠ ᠭᠠᠷᠴᠤ ᠵᠦᠭ ᠤᠨ ᠰᠠᠶᠢᠨ᠂ ᠪᠤᠷᠬᠠᠨ ᠲᠩᠷᠢ ᠤᠷᠤᠨ ᠳᠡᠯᠡᠬᠡᠢ ᠤᠪᠤᠭ᠎ᠠ ᠠᠭᠤᠯᠠ ᠳᠤ ᠪᠠᠨ ᠡᠷᠭᠦᠭᠡᠳ ᠪᠤᠷᠬᠠᠨ ᠳᠤ ᠪᠠᠨ ᠴᠠᠢ ᠢᠳᠡᠭᠡ ᠡᠷᠭᠦᠳᠡᠭ᠃ ᠡᠷᠡᠭᠲᠡᠶᠢᠴᠦᠳ ᠭᠠᠳᠠᠨᠠᠬᠢ ᠠᠵᠢᠯ ᠳᠤ ᠪᠠᠨ ᠶᠠᠭᠠᠷᠠᠬᠤ ᠳᠤ᠂ ᠰᠠᠮᠠᠭᠠᠳ ︵ᠪᠦᠰᠡᠭᠦ᠋ᠢᠴᠤᠳ︶ ᠲᠤᠭᠤᠭ᠎ᠠ ᠰᠢᠨᠠᠭ᠎ᠠ ᠳᠤ ᠪᠠᠨ ᠶᠠᠭᠠᠷᠠᠵᠤ ᠦᠷᠦᠮ᠎ᠡ ᠬᠤᠳᠬᠤᠳᠠᠭ᠃ ᠦᠷᠦᠮ᠎ᠡ ᠪᠤᠯ ᠪᠤᠷᠢᠶᠠᠳᠴᠤᠳ ᠤᠨ ᠴᠠᠭᠠᠨ ᠢᠳᠡᠭᠡᠨ ᠤ ᠳᠡᠭᠡᠵᠢ᠂ ᠬᠠᠮᠤᠭ ᠤᠨ ᠬᠦᠨᠳᠦᠲᠦ ᠢᠳᠡᠭᠡᠨ ᠶᠤᠮ᠃ ᠦᠷᠦᠮ᠎ᠡ ᠳᠤ ᠰᠢᠷ᠎ᠠ ᠲᠤᠰᠤ᠂ ᠴᠠᠭᠠᠨ ᠲᠤᠰᠤ᠂ ᠴᠠᠭᠠᠨ ᠰᠢᠬᠢᠷ᠂ ᠴᠠᠭᠠᠨ ᠪᠤᠳᠠᠭ᠎ᠠ᠂ ᠦᠵᠦᠮ᠂ ᠴᠢᠪᠠᠭ᠎ᠠ᠂ ᠮᠦᠢᠯ᠂ ᠠᠭᠠᠷᠤᠤᠯ᠂ ᠪᠤᠤᠪᠤ᠂ ᠬᠢᠯᠧᠪ ᠵᠡᠷᠭᠡ ᠤᠯᠠᠨ ᠲᠦᠷᠦᠯ ᠤᠨ ᠠᠮᠲᠠᠲᠤ ᠵᠦᠢᠯ ᠤᠨ ᠶᠠᠭᠤᠮ᠎ᠠ ᠶᠢ ᠨᠡᠶᠢᠯᠡᠭᠦᠯᠦᠨ ᠬᠤᠳᠬᠤᠵᠤ ᠴᠢᠨᠠᠳᠠᠭ᠃ ᠡᠨᠡ ᠨᠢ ᠴᠠᠭᠠᠨ ᠢᠳᠡᠭᠡᠨ ᠤ ᠳᠡᠭᠡᠵᠢ ᠪᠤᠯᠳᠠᠭ᠃ ᠪᠤᠴᠠᠯᠭᠠᠵᠤ ᠬᠦᠭᠡᠷᠦᠭᠦᠯᠦᠭᠰᠡᠨ ᠰᠦᠨ ᠤ ᠦᠷᠦᠮ᠎ᠡ ᠠᠴᠠ ᠪᠤᠰᠤᠳ᠂ ᠬᠤᠳᠬᠤᠭᠰᠠᠨ ᠦᠷᠦᠮ᠎ᠡ ᠨᠢ ᠪᠤᠷᠢᠶᠠᠳᠴᠤᠳ ᠤᠨ ᠴᠠᠭᠠᠨ ᠢᠳᠡᠭᠡᠨ ᠤ ᠳᠡᠭᠡᠵᠢ ᠬᠤᠭᠤᠯᠠ ᠶᠢᠨ ᠲᠦᠷᠦᠯ ᠵᠦᠢᠯ ᠪᠤᠯᠬᠤᠷ ᠬᠤᠳᠬᠤᠭᠰᠠᠨ ᠦᠷᠦᠮ᠎ᠡ ᠪᠠᠨ ᠪᠤᠷᠬᠠᠨ ᠳᠤ ᠲᠠᠯᠪᠢᠵᠤ᠂ ᠭᠠᠳᠠᠨ᠎ᠠ ᠤᠷᠤᠨ ᠳᠡᠯᠡᠬᠡᠢ ᠳᠤ ᠡᠷᠭᠦᠳᠡᠭ᠃ ᠴᠠᠭᠠᠯᠠᠭᠠᠨ ᠤ ᠵᠤᠯᠭᠠᠯᠲᠠ ︵ᠵᠤᠯᠭᠠᠬᠤ︶᠄ ᠵᠤᠯᠭᠠᠬᠤ ᠳᠤ ᠪᠠᠨ ᠪᠤᠷᠢᠶᠠᠳ ᠤᠳ ᠵᠤᠭᠰᠤᠵᠤ ᠪᠠᠶᠢᠭᠠᠳ ᠬᠤᠶᠠᠷ ᠠᠯᠠᠭ᠎ᠠ ᠪᠠᠨ ᠳᠡᠯᠭᠡᠵᠤ ᠤᠷᠤᠭᠰᠢ ᠨᠢ ᠰᠤᠩᠭᠠᠵᠤ ᠨᠠᠰᠤ ᠪᠠᠷ ᠳᠡᠭᠦᠦ ᠬᠦᠮᠦᠨ ᠭᠠᠷ ᠤᠨ ᠠᠯᠠᠭ᠎ᠠ ᠪᠠᠨ ᠠᠬ᠎ᠠ ᠬᠦᠮᠦᠨ ᠤ ᠭᠠᠷ ᠤᠨ ᠴᠠᠷᠪᠠᠭᠤ᠂ ᠲᠤᠬᠤᠨᠠᠭ ᠠᠴᠠ ᠲᠤᠤᠭᠤᠷ ᠪᠠᠶᠢᠯᠭᠠᠳᠠᠭ᠂ ᠡᠨᠡ ᠨᠢ ᠠᠬᠠᠮᠠᠳ ᠬᠦᠮᠦᠰ ᠨᠢ ᠳᠤᠤᠷ᠎ᠠ ᠦᠶ᠎ᠡ ᠶᠢᠨ ᠬᠦᠮᠦᠨ ᠵᠤᠨ ᠢ ᠲᠤᠰᠠᠯᠠᠵᠤ ᠶᠠᠪᠤᠬᠤ ᠭᠡᠰᠡᠨ ᠤᠳᠬ᠎ᠠ ᠲᠠᠢ᠂ ᠪᠡᠶ᠎ᠡ ᠠᠴᠠ ᠲᠡᠭᠡᠭᠰᠢ ᠦᠶ᠎ᠡ ᠲᠠᠢ᠂ ᠦᠨᠳᠦᠷ ᠨᠠᠰᠤᠲᠠᠢ ᠬᠦᠮᠦᠰ ᠢ ᠰᠠᠭᠤᠯᠭᠠᠵᠤ ᠪᠠᠶᠢᠭᠠᠳ ᠰᠢᠨ᠎ᠡ ᠵᠢᠯ ᠤᠨ ᠴᠠᠭᠠᠯᠠᠭᠠᠨ ᠤ ᠵᠤᠯᠭᠠᠯᠲᠠ ᠬᠢᠳᠡᠭ᠃ ᠭᠡᠷ ᠲᠡᠭᠡᠨ ᠨᠠᠰᠤᠲᠠᠶᠢᠴᠤᠳ ᠲᠠᠢ ᠠᠶᠢᠯ᠂ ᠶᠠᠭᠤᠨ ᠤ ᠡᠮᠤᠨ᠎ᠠ᠂ ᠰᠢᠨ᠎ᠡ ᠬᠤᠪᠴᠠᠰᠤ ᠬᠤᠨᠠᠷ ᠢᠶᠠᠨ ᠡᠮᠦᠰᠦᠨ ᠨᠠᠰᠤᠲᠠᠶᠢᠴᠤᠳ ᠲᠤ ᠪᠠᠨ ᠵᠤᠯᠭᠠᠳᠠᠭ᠃ ᠨᠠᠰᠤᠲᠠᠶᠢᠴᠤᠳ ᠢᠶᠠᠨ ᠭᠡᠷ ᠤᠨ ᠪᠠᠷᠠᠭᠤᠨ ᠲᠠᠯ᠎ᠠ ᠶᠢᠨ ᠳᠡᠭᠡᠷ᠎ᠡ ᠰᠠᠭᠤᠳᠠᠯ ᠳᠤ ᠰᠠᠭᠤᠯᠭᠠᠵᠤ᠂ ᠨᠠᠰᠤᠲᠠᠢ ᠬᠦᠮᠦᠰ ᠪᠤᠶᠤ ᠳᠡᠭᠡᠳᠦ ᠦᠶ᠎ᠡ ᠲᠠᠢ ᠬᠦᠮᠦᠰ ᠲᠤ ᠠᠯᠳᠠ ᠬᠠᠳᠠᠭ ᠪᠤᠶᠤ ᠵᠠᠬ᠎ᠠ ᠪᠦᠰ᠂ ᠠᠯᠴᠢᠭᠤᠷ᠂ ᠲᠤᠷᠭ᠎ᠠ ᠳᠤᠷᠳᠤᠩ ᠪᠠᠷᠢᠨ ᠰᠢᠨ᠎ᠡ ᠵᠢᠯ ᠤᠨ ᠵᠤᠯᠭᠠᠯᠲᠠ ᠬᠢᠳᠡᠭ᠃ ᠵᠤᠯᠭᠠᠯᠲᠠ ᠬᠢᠬᠦ ᠳᠡᠭᠡᠨ ᠡᠷᠬᠡᠪᠰᠢ ᠡᠷᠡᠭᠲᠡᠢ ᠬᠦᠮᠦᠨ ᠳᠤ ᠤᠷᠢᠳᠠᠪᠠᠷ ᠵᠤᠯᠭᠠᠳᠠᠭ᠃ ᠡᠷᠡᠭᠲᠡᠢ ᠬᠦᠮᠦᠨᠨ ‏ — ᠡᠷᠡᠭᠲᠡᠢ ᠬᠦᠮᠦᠨ ᠲᠠᠢ ᠵᠤᠯᠭᠠᠬᠤ ᠳᠤ ᠪᠠᠨ ᠮᠠᠯᠠᠭᠠᠢ ᠪᠠᠨ ᠠᠪᠴᠤ ᠵᠤᠯᠭᠠᠳᠠᠭ᠃ ︵ᠬᠤᠶᠠᠭᠤᠯᠠ ᠮᠠᠯᠠᠭᠠᠢ ᠦᠭᠡᠢ ᠵᠤᠯᠭᠠᠳᠠᠭ︶ ᠡᠷᠡᠭᠲᠡᠶᠢᠴᠦᠳ — ᠡᠮᠡᠭᠲᠡᠢ ᠬᠦᠮᠦᠨ ᠲᠠᠢ ᠵᠤᠯᠭᠠᠬᠤ ᠳᠤ ᠪᠠᠨ ᠪᠦᠷ ᠯᠡ ᠮᠠᠯᠠᠭᠠᠢ ᠲᠠᠢ ᠵᠤᠯᠭᠠᠳᠠᠭ᠃ ᠨᠠᠰᠤᠲᠠᠢ ᠬᠦᠮᠦᠨ ᠳᠤ ᠵᠤᠯᠭᠠᠬᠤ ᠳᠤ ᠪᠠᠨ ᠰᠠᠭᠤᠯᠭᠠᠵᠤ᠂ ᠪᠠᠷᠠᠭᠤᠨ ᠭᠠᠷ ᠳᠡᠭᠡᠷ᠎ᠡ ᠨᠢ ᠬᠠᠳᠠᠭ ᠪᠤᠶᠤ ᠪᠦᠰ ᠪᠠᠷᠠᠭ᠎ᠠ ᠪᠠᠨ ᠲᠠᠯᠪᠢᠵᠤ ᠪᠦᠬᠦ᠋ᠢᠵᠦ ᠬᠤᠶᠠᠷ ᠠᠯᠠᠭ᠎ᠠ ᠪᠠᠨ ᠰᠤᠩᠭᠠᠨ ᠵᠤᠯᠭᠠᠳᠠᠭ᠃ ᠡᠮᠡᠭᠲᠡᠶᠢᠴᠦᠳ ᠬᠠᠷᠢᠯᠴᠠᠨ ᠵᠤᠯᠭᠠᠬᠤ ᠳᠤ ᠪᠠᠨ ᠮᠠᠯᠠᠭᠠᠢ ᠲᠠᠢ ᠵᠤᠯᠭᠠᠯᠴᠠᠳᠠᠭ᠃ ᠡᠮᠡᠭᠲᠡᠶᠢᠴᠦᠳ ᠬᠠᠳᠠᠭ ᠢᠶᠠᠷ ᠵᠤᠯᠭᠠᠳᠠᠭ ᠦᠭᠡᠢ᠃ ᠫᠤᠯᠠᠳ ︵ᠲᠤᠯᠤᠭᠠᠢ ᠶᠢᠨ ᠠᠯᠴᠢᠭᠤᠷ︶᠂ ᠲᠤᠷᠭ᠎ᠠ ᠳᠤᠷᠳᠤᠩ᠂ ᠵᠠᠬ᠎ᠠ ᠪᠦᠰ ᠢᠶᠠᠷ ᠵᠤᠯᠭᠠᠳᠠᠭ᠃ ᠬᠤᠳᠠ ᠤᠷᠤᠭ᠂ ᠦᠶ᠎ᠡ ᠬᠤᠷᠠᠭ ᠬᠦᠮᠦᠰ ᠬᠠᠷᠢᠯᠴᠠᠨ ᠵᠤᠯᠭᠠᠯᠴᠠᠪᠠᠯ ᠬᠠᠷᠢᠯᠴᠠᠨ ᠬᠠᠳᠠᠭ ᠢᠶᠠᠨ ᠰᠤᠯᠢᠯᠴᠠᠨ ᠵᠤᠯᠭᠠᠯᠴᠠᠳᠠᠭ᠃ ᠨᠠᠰᠤᠲᠠᠢ ᠬᠦᠮᠦᠨ ᠳᠤ ᠵᠤᠯᠭᠠᠬᠤ ᠳᠤ ᠪᠠᠨ ︽ᠮᠡᠨᠳᠦ ᠡ︕ ᠮᠡᠨᠳᠤ ᠠᠮᠤᠷ︕︾ ᠭᠡᠳᠡᠭ᠃ ᠦᠶ᠎ᠡ ᠬᠤᠷᠠᠭ ᠤᠨ ᠬᠦᠮᠦᠨ ᠲᠠᠢ ︽ᠮᠡᠨᠳᠦ ᠡ︕ ᠰᠠᠶᠢᠨ ᠰᠢᠨᠡᠯᠡᠵᠦ ᠪᠠᠶᠢᠨ᠎ᠠ ᠤᠤ︕︾᠂ ᠡᠮᠡᠭᠲᠡᠢ ᠬᠦᠮᠦᠨ ᠲᠠᠢ ᠵᠤᠯᠭᠠᠬᠤ ᠳᠤ ᠪᠠᠨ ︽ᠮᠡᠨᠳᠤ ᠡ︕ ᠮᠡᠨᠳᠤ ᠡ︕︾ ᠭᠡᠵᠤ ᠠᠮᠤᠷᠴᠢᠯᠠᠳᠠᠭ᠃ ᠨᠠᠰᠤᠲᠠᠢ ᠬᠦᠮᠦᠨ ᠪᠤᠶᠤ ᠳᠡᠭᠡᠳᠦ ᠦᠶ᠎ᠡ ᠲᠠᠢ ᠬᠦᠮᠦᠰ ᠴᠠᠭᠠᠯᠠᠵᠤ ᠢᠷᠡᠪᠡᠯ ᠤᠭᠳᠤᠨ ᠭᠠᠷᠴᠤ ᠮᠤᠷᠢ ᠶᠢ ᠨᠢ ᠤᠶᠠᠨ ᠂ ᠭᠡᠷ ᠲᠤ ᠮᠤᠷᠢᠯᠠᠵᠤ ᠴᠠᠭᠠᠯᠠᠭᠳᠢ ︵ᠴᠠᠭᠠᠯᠠᠭᠠᠷᠠᠢ ᠲᠠ︶ ᠭᠡᠵᠦ ᠤᠷᠢᠳᠠᠭ ᠶᠤᠰᠤ ᠵᠠᠩᠰᠢᠯ ᠲᠠᠢ ᠶᠤᠮ᠃ ᠠᠶᠢᠯ ᠳᠤ ᠤᠷᠤᠬᠤ ᠳᠤ ᠪᠠᠨ ᠡᠷᠡᠭᠲᠡᠶᠢᠴᠦᠳ ᠮᠦᠩᠭᠦᠨ ᠬᠢᠲᠤᠭ᠎ᠠ ᠪᠠᠨ ᠪᠠᠭᠤᠯᠭᠠᠨ ᠡᠷᠡᠭᠲᠡᠢ ᠬᠦᠮᠦᠨ ᠤᠷᠢᠳᠠᠪᠠᠷ ᠲᠡᠷᠢᠭᠦᠯᠡᠵᠦ ᠤᠷᠤᠨ᠎ᠠ᠃ ᠭᠡᠷ ᠲᠤ ᠤᠷᠤᠭᠠᠳ ᠡᠷᠡᠭᠲᠡᠶᠢᠴᠦᠳ ᠭᠠᠯ ᠤᠨ ᠪᠠᠷᠠᠭᠤᠨ ᠲᠠᠯ᠎ᠠ᠂ ᠨᠠᠰᠤᠲᠠᠢ ᠲᠤᠮᠤᠭᠠᠲᠠᠨ ᠦᠶ᠎ᠡ ᠪᠠᠷ ᠠᠬ᠎ᠠ ᠬᠦᠮᠦᠰ ᠲᠤ ᠪᠦᠬᠦ᠋ᠢᠨ ᠤᠷᠢᠵᠤ ᠵᠠᠯᠠᠨ ᠤᠷᠤᠭᠤᠯᠳᠠᠭ᠂ ᠴᠠᠭᠠᠯᠠᠭᠠᠴᠢᠳ ᠭᠡᠷ ᠲᠤ ᠤᠷᠤᠭᠰᠠᠨ ᠤ ᠳᠠᠷᠠᠭ᠎ᠠ ᠡᠪᠦᠭᠡᠨ ᠲᠤᠮᠤᠭ᠎ᠠ ᠲᠠᠢ ᠠᠴᠠ ᠨᠢ ᠡᠬᠢᠯᠡᠨ ᠬᠠᠳᠠᠭ ᠪᠤᠶᠤ ᠡᠳ᠋ ᠪᠠᠷᠠᠭ᠎ᠠ ᠪᠠᠷᠢᠨ ᠵᠤᠯᠭᠠᠵᠤ ᠪᠠᠶᠢᠭ᠎ᠠ ᠬᠦᠮᠦᠨ ᠤ ᠪᠠᠨ ᠪᠠᠷᠠᠭᠤᠨ ᠭᠠᠷ ᠤᠨ ᠴᠠᠷᠪᠠᠭᠤ ᠳᠡᠭᠡᠷ᠎ᠡ ᠲᠤᠬᠤᠵᠤ ᠲᠠᠯᠪᠢᠭᠠᠳ ᠪᠦᠬᠦ᠋ᠢᠰᠬᠢᠨ᠄ ︽ᠮᠡᠨᠳᠦ ᠡ︕︾᠂ ︽ᠮᠡᠨᠳᠦ ᠠᠮᠤᠷ︕︾ ᠭᠡᠵᠦ ᠵᠤᠯᠭᠠᠳᠠᠭ᠃ ᠡᠮᠡᠭᠲᠡᠶᠢᠴᠦᠳ ᠭᠠᠯ ᠤᠨ ᠵᠡᠭᠦᠨ ᠲᠠᠯ᠎ᠠ ᠪᠠᠷ ᠰᠠᠭᠤᠳᠠᠭ᠃ ᠭᠡᠷ ᠤᠨ ᠡᠵᠡᠭᠲᠡᠢ ᠠᠴᠠ ᠴᠠᠭᠠᠯᠠᠭᠠᠴᠢᠳ ᠢᠶᠠᠨ ᠤᠷᠢᠨ ᠰᠠᠭᠤᠯᠭᠠᠵᠤ᠂ ᠳᠡᠭᠡᠷ᠎ᠡ ᠠᠴᠠ ᠳᠤᠷᠤᠭᠰᠢ ᠨᠢ ᠴᠠᠢ ᠠᠶᠠᠭᠠᠯᠠᠵᠤ ᠳᠠᠪᠠᠭ ᠲᠠᠯᠪᠢᠨ᠂ ᠴᠠᠭᠠᠯᠠᠭᠠᠴᠢᠨ ᠪᠦᠬᠦᠨ ᠳᠤ ᠳᠠᠪᠠᠭ ᠳᠡᠭᠡᠷ᠎ᠡ ᠬᠤᠨᠳᠠᠭ᠎ᠠ ᠲᠠᠢ ᠠᠷᠢᠬᠢ ᠪᠠᠷᠢᠳᠠᠭ᠃ ᠠᠷᠢᠬᠢ ᠶᠢ ᠴᠠᠭᠠᠯᠠᠭᠠᠴᠢᠨ ᠲᠤᠰᠴᠤ ᠠᠪᠤᠭᠠᠳ ᠢᠳᠡᠮ ᠬᠤᠷᠤᠭᠤ ᠪᠠᠷ ᠢᠶᠠᠨ ᠭᠤᠷᠪᠠᠨᠲᠠ ᠰᠠᠴᠤᠯᠢ ᠡᠷᠭᠦᠵᠦ ᠤᠤᠭᠤᠭᠠᠳ ᠳᠠᠪᠠᠭ ᠳᠡᠭᠡᠷ᠎ᠡ ᠨᠢ ᠳᠠᠯᠪᠢᠳᠠᠭ᠃ ᠠᠷᠢᠬᠢ ᠤᠤᠭᠤᠳᠠᠭ ᠦᠭᠡᠢ ᠬᠦᠮᠦᠨ ᠪᠤᠯ ᠬᠤᠨᠳᠠᠭ᠎ᠠ ᠲᠠᠢ ᠠᠷᠢᠬᠢ ᠶᠢ ᠲᠤᠰᠴᠤ ᠢᠳᠡᠮ ᠬᠤᠷᠤᠭᠤ ᠪᠠᠷ ᠢᠶᠠᠨ ᠡᠷᠭᠦᠵᠦ ᠮᠠᠩᠨᠠᠢ ᠳᠤ ᠪᠠᠨ ᠲᠦᠷᠬᠢᠳᠡᠭ ᠶᠤᠮ᠃ ᠠᠷᠢᠬᠢ ᠪᠠᠷᠢᠭᠰᠠᠨ ᠤ ᠰᠡᠭᠦᠯᠡᠷ ᠲᠠᠪᠠᠭ ᠮᠡᠳᠡᠭᠦᠯᠳᠡᠭ᠃ ᠲᠠᠪᠠᠭ ᠮᠡᠳᠡᠭᠦᠯᠬᠦ ᠨᠢ ᠴᠠᠭᠠᠯᠠᠭᠠᠨ ᠤ ᠲᠦᠷᠦ ᠬᠤᠷᠢᠮ ᠶᠤᠰᠤ ᠳᠤ ᠬᠦᠨᠳᠦᠲᠦ ᠠᠶᠢᠯᠴᠢᠳ ᠲᠤ ᠲᠠᠪᠠᠭ ᠮᠡᠳᠡᠭᠦᠯᠳᠡᠭ ᠶᠤᠰᠤᠲᠠᠢ᠃ ᠰᠢᠨ᠎ᠡ ᠵᠢᠯ ᠴᠠᠭᠠᠯᠠᠭᠠᠨ ᠳᠤ᠂ ᠴᠠᠭᠠᠯᠠᠵᠤ ᠵᠤᠯᠭᠠᠵᠤ ᠶᠠᠪᠤᠬᠤ ᠳᠤ ᠪᠠᠨ ᠨᠠᠰᠤᠲᠠᠢ ᠬᠦᠮᠦᠨ ᠪᠤᠶᠤ ᠳᠡᠭᠡᠳᠦ ᠦᠶ᠎ᠡ ᠲᠠᠢ ᠬᠦᠮᠦᠰ ᠠᠴᠠ ᠡᠬᠢᠯᠡᠵᠦ ᠵᠤᠯᠭᠠᠳᠠᠭ᠃ ᠡᠨᠡ ᠨᠢ ᠭᠤᠤᠯ ᠤᠭ ᠢᠶᠠᠨ ᠬᠦᠨᠳᠦᠯᠡᠵᠦ᠂ ᠨᠠᠰᠤ ᠨᠡᠮᠡᠵᠦ ᠪᠠᠶᠢᠬᠤ ᠶᠠᠪᠤᠳᠠᠯ ᠪᠤᠯᠬᠤ ᠲᠤᠯᠠ ᠢᠷᠡᠭᠰᠡᠨ ᠴᠠᠭᠠᠯᠠᠭᠠᠴᠢᠨ ᠢ ᠬᠦᠨᠳᠦᠯᠡᠵᠦ ᠪᠠᠶᠢᠭ᠎ᠠ ᠤᠴᠢᠷ ᠶᠤᠮ᠃ ᠴᠠᠭᠠᠨ ᠢᠳᠡᠭᠡᠨ ᠤ ᠲᠠᠪᠠᠭ ᠲᠠᠯᠪᠢᠵᠤ ᠭᠡᠷ ᠤᠨ ᠡᠵᠡᠨ ᠪᠤᠶᠤ ᠬᠡᠦᠬᠡᠳ ᠠᠴᠠ ᠴᠠᠭᠠᠨ ᠢᠳᠡᠭᠡ ᠪᠠᠷᠢᠭᠳᠢ ︵ᠪᠠᠷᠢᠭᠠᠷᠠᠢ ᠲᠠ︶ ᠭᠡᠵᠦ ᠬᠤᠶᠠᠷ ᠠᠯᠠᠭ᠎ᠠ ᠪᠠᠨ ᠳᠡᠯᠭᠡᠵᠦ ᠨᠢᠷᠤᠭᠤ ᠪᠦᠬᠦ᠋ᠢᠨ ᠲᠠᠪᠠᠭ ᠮᠡᠳᠡᠭᠦᠯᠬᠦ ᠳᠤ ᠴᠠᠭᠠᠯᠠᠭᠠᠴᠢᠳ ᠴᠠᠭᠠᠨ ᠢᠳᠡᠭᠡ ᠠᠴᠠ ᠪᠠᠭᠠᠬᠠᠨ ᠢ ᠭᠠᠯ ᠳᠤ ᠡᠷᠭᠦᠵᠦ ᠴᠠᠭᠠᠯᠠᠭᠠᠨ ᠤ ᠴᠠᠭᠠᠨ ᠢᠳᠡᠭᠡ ᠲᠠᠪᠠᠭ ᠬᠦᠳᠡᠯᠭᠡᠵᠦ ᠳᠠᠶᠢᠯᠠᠯᠭ᠎ᠠ ᠡᠬᠢᠯᠡᠳᠡᠭ᠃ ᠪᠤᠷᠢᠶᠠᠳᠴᠤᠳ ᠴᠠᠭᠠᠯᠠᠭᠠᠨ ᠳᠤ ᠴᠠᠭᠠᠨ ᠢᠳᠡᠭᠡ ᠲᠠᠪᠠᠭ᠂ ᠦᠷᠦᠮ᠎ᠡ ︵ᠬᠤᠳᠬᠤᠭᠰᠠᠨ ᠦᠷᠦᠮ᠎ᠡ︶᠂ ᠬᠦᠢᠲᠡᠨ ᠨᠤᠭᠤᠭ᠎ᠠ᠂ ᠬᠠᠯᠠᠭᠤᠨ ᠨᠤᠭᠤᠭ᠎ᠠ ᠪᠠᠶᠢᠬᠤ ᠠᠴᠠ ᠭᠠᠳᠠᠨ᠎ᠠ ᠡᠰᠲ᠋ᠦ᠋ᠵᠢᠨ᠂ ᠱᠠᠯᠠᠳ᠋᠂ ᠬᠠᠪᠴᠢᠮᠠᠯ᠂ ᠫᠢᠷᠤᠭ ᠵᠡᠷᠭᠡ ᠡᠸᠦ᠋ᠷᠤᠫᠡ ᠬᠤᠭᠤᠯᠠ ᠶᠢ ᠰᠢᠷᠡᠭᠡ ᠳᠦᠭᠦᠷᠡᠩ ᠦᠷᠦᠵᠤ ᠴᠠᠭᠠᠯᠠᠭᠴᠢᠳ ᠢ ᠬᠦᠨᠳᠦᠯᠡᠳᠡᠭ᠃ ᠭᠡᠷ ᠤᠨ ᠡᠵᠡᠨᠲᠡᠨ ᠪᠤᠶᠤ ᠨᠠᠰᠤᠲᠠᠶᠢᠴᠤᠳ ᠴᠠᠭᠠᠯᠠᠵᠤ ᠶᠠᠪᠤᠭᠰᠠᠨ ᠬᠦᠮᠦᠨ ᠳᠤ᠂ ᠪᠢᠷᠠᠭᠤᠨ ᠪᠤᠯᠴᠢᠩ ᠲᠠᠢ᠂ ᠳᠠᠭ᠎ᠠ ᠳᠠᠯᠠᠩ ᠲᠠᠢ᠂ ᠬᠦᠪᠡᠭᠦᠳ ᠬᠦᠷᠦᠰᠦ ᠲᠠᠢ᠂ ᠮᠠᠯ ᠲᠠᠷᠭᠤᠨ ᠭᠤᠶᠤ ᠰᠠᠶᠢᠨ ᠵᠢᠯ ᠪᠤᠯᠵᠤ ᠪᠠᠶᠢᠨ᠎ᠠ᠃ ᠤᠨ ᠵᠢᠯ ᠳᠤ ᠲᠠᠨ ᠤ ᠬᠢ ᠰᠠᠶᠢᠨ ᠤᠷᠤᠵᠤ ᠪᠠᠶᠢᠨ᠎ᠠ ᠤᠤ︖ ᠭᠡᠵᠦ ᠪᠡᠯᠭᠡ ᠲᠠᠢ ᠵᠤᠭᠤᠭ ᠳᠡᠯᠭᠡᠨ᠂ ᠴᠠᠭᠠᠯᠠᠵᠤ ᠶᠠᠪᠤᠭᠰᠠᠨ ᠬᠡᠦᠬᠡᠳ ᠪᠤᠶᠤ ᠵᠠᠯᠠᠭᠤᠴᠤᠳ ᠠᠴᠠ ᠨᠠᠰᠤᠲᠠᠨ ᠲᠤᠮᠤᠭᠠᠲᠠᠳ᠂ ᠨᠠᠭᠠᠴᠤ ᠴᠢᠨᠢ ᠬᠡᠨ ᠪᠤᠢ︖ ᠶᠠᠮᠠᠷ ᠬᠠᠯᠠ ᠲᠠᠢ ᠬᠡᠨ ᠤ ᠬᠦᠪᠡᠭᠦᠨ ︵ᠪᠠᠰᠠᠭᠠᠨ︶ ᠪᠤᠢ︖ ᠭᠡᠬᠦ ᠳᠤ ᠪᠢ᠂ ᠶᠠᠮᠠᠷ ᠤᠪᠤᠭ ᠤᠨ ᠬᠡᠨ ᠤ ᠬᠦᠪᠡᠭᠦᠨ ︵ᠪᠠᠰᠠᠭᠠᠨ︶ ᠭᠡᠳ ᠳᠡᠭᠡᠭᠰᠢ 5 — 7 ᠦᠶ᠎ᠡ ᠶᠢ ᠲᠤᠭᠠᠯᠠᠵᠤ ᠬᠡᠯᠡᠳᠡᠭ᠃ ᠵᠢᠱᠢᠶᠡᠯᠡᠪᠡᠯ᠄ ᠬᠤᠸᠠᠰᠠᠢ ᠪᠠᠯᠵᠢᠨᠢᠮ᠎ᠠ ᠨᠠᠭᠠᠴᠤ ᠲᠠᠢ᠂ ᠮᠤᠳᠤᠬᠠᠨ ᠬᠠᠷᠭᠠᠨ᠎ᠠ ᠬᠠᠯᠠ ᠲᠠᠢ ᠪᠠᠲᠤᠳᠤᠷᠵᠢ ᠶᠢᠨ ᠬᠤᠶᠠᠳᠤᠭᠠᠷ ᠬᠦᠪᠡᠭᠦᠨ ᠪᠠᠲᠤ ᠶᠢᠨ ᠪᠠᠶᠠᠰᠤᠯ ᠪᠢ ᠭᠡᠳ᠂ ᠪᠠᠲᠤᠳᠤᠷᠵᠢ᠂ ᠪᠠᠰᠠᠩ ᠤᠨ᠂ ᠪᠠᠰᠠᠩ ᠪᠠᠯᠳᠠᠨ ᠤ᠂ ᠪᠠᠯᠳᠠᠨ ᠪᠠᠪᠤᠵᠢ ᠶᠢᠨ᠂ ᠪᠠᠪᠤᠵᠢ ᠪᠠᠭᠠᠲᠤᠷ ᠤᠨ᠂ ᠪᠠᠭᠠᠲᠤᠷ ᠳᠠᠯᠠᠢ ᠶᠢᠨ ᠭᠡᠵᠦ ᠬᠤᠷᠤᠭᠤ ᠳᠠᠷᠤᠨ ᠲᠤᠭᠠᠯᠠᠵᠤ ᠪᠠᠶᠢᠳᠠᠭ ᠨᠢ ᠪᠤᠷᠢᠶᠠᠳᠴᠤᠳ ᠤᠨ ᠴᠠᠭᠠᠯᠭᠠᠨ ᠤ ᠨᠢᠭᠡ ᠶᠤᠰᠤ ᠭᠤᠷᠢᠮ ᠶᠤᠮ᠃ ᠴᠠᠭᠠᠯᠠᠭᠠᠴᠢᠳ ᠲᠤ ᠴᠠᠢ ᠤᠰᠤ ᠪᠠᠷᠢᠬᠤ ᠳᠠᠭᠠᠨ ᠮᠠᠯᠠᠭᠠᠢ ᠦᠭᠡᠢ ᠪᠦᠬᠦ᠋ᠢᠵᠤ ᠬᠤᠶᠠᠷ ᠭᠠᠷ ᠢᠶᠠᠷ ᠢᠶᠠᠨ ᠴᠠᠢ ᠠᠶᠠᠭᠠᠯᠠᠵᠤ᠂ ᠴᠠᠭᠠᠯᠠᠭᠠᠴᠢᠳ ᠤᠨ ᠡᠮᠦᠨᠡᠭᠦᠷ ᠶᠠᠪᠤᠬᠤ ᠦᠭᠡᠢ᠂ ᠴᠠᠢ ᠶᠢᠨ ᠠᠶᠠᠭ᠎ᠠ ᠬᠠᠷᠠᠵᠤ ᠴᠠᠢ ᠠᠶᠠᠭᠠᠯᠠᠵᠤ᠂ ᠰᠠᠪᠬ᠎ᠠ ᠬᠠᠯᠪᠠᠭ᠎ᠠ ᠶᠢ ᠪᠦᠬᠦ᠋ᠢᠵᠤ ᠬᠤᠶᠠᠷ ᠭᠠᠷ ᠢᠶᠠᠷ ᠢᠶᠠᠨ ᠲᠠᠯᠪᠢᠳᠠᠭ᠃ ᠵᠦᠭᠡᠯᠡᠨ ᠨᠠᠮ ᠳᠠᠭᠤ ᠪᠠᠷ ᠶᠠᠷᠢᠯᠴᠠᠵᠤ ᠡᠶ᠎ᠡ ᠡᠪ ᠢ ᠠᠩᠬᠠᠷᠴᠤ᠂ ᠴᠢᠩᠭ᠎ᠠ ᠲᠤᠮᠤ ᠳᠠᠭᠤ ᠭᠠᠷᠭᠠᠵᠤ ᠶᠠᠷᠢᠯᠴᠠᠬᠤ ᠶᠢ ᠴᠡᠭᠡᠷᠯᠡᠳᠡᠭ᠃ ᠴᠠᠭᠠᠯᠠᠭᠠᠴᠢᠳ ᠴᠠᠢ ᠬᠤᠭᠤᠯᠠᠨ ᠳᠤ ᠴᠠᠳᠤᠯ᠎ᠠ ᠭᠡᠬᠦ ᠳᠤ᠂ ᠴᠠᠢ ᠪᠠᠷᠢᠭᠳᠢ ︵ᠪᠠᠷᠢᠭᠠᠷᠠᠢ ᠲᠠ︶︕ ᠢᠳᠡᠭᠡ ᠪᠠᠷᠢᠭᠠᠷᠠᠢ︕ ᠭᠡᠳᠡᠭ᠃ ᠢᠩᠬᠢᠬᠦ ᠳᠤ ᠴᠠᠭᠠᠯᠠᠭᠠᠴᠢᠨ ᠠᠶᠢᠯᠴᠢᠨ ︽ᠴᠠᠳᠪᠠ᠂ ᠪᠡᠷᠢᠢ ᠴᠠᠳᠪᠠ︾ ︽ᠲᠠᠯᠪᠢᠵᠤ ᠪᠠᠷᠢᠭᠳᠢ ︵ᠪᠠᠷᠢᠭᠠᠷᠠᠢ ᠲᠠ︶︕︾ ᠭᠡᠳᠡᠭ ᠶᠤᠰᠤ ᠵᠠᠩᠰᠢᠯ ᠲᠠᠢ ᠶᠤᠮ᠃ ᠴᠠᠭᠠᠯᠠᠵᠤ ᠶᠠᠪᠤᠭᠰᠠᠨ ᠬᠦᠮᠦᠨ ᠳᠤ ᠪᠤᠤᠵᠠ᠂ ᠪᠠᠩᠰᠢ ᠲᠠᠢ ᠱᠦᠯᠦ ᠢᠳᠡᠭᠦᠯᠵᠦ ᠭᠠᠷᠭᠠᠳᠠᠭ ᠵᠠᠩᠰᠢᠯ ᠲᠠᠢ ᠶᠤᠮ᠃ ᠪᠤᠷᠢᠶᠠᠳᠴᠤᠳ ᠴᠠᠭᠠᠯᠠᠭᠠᠴᠢᠨ ᠤ ᠮᠤᠷᠳᠠᠬᠤ ᠳᠤ᠂ ᠪᠡᠯᠡᠭ ᠪᠠᠷᠢᠬᠤ ᠶᠤᠰᠤ ᠵᠠᠩᠰᠢᠯ ᠲᠠᠢ᠂ ᠡᠨᠡ ᠨᠢ ᠴᠦ ᠤᠳᠠᠭᠠᠨ ᠨᠡᠭᠦᠳᠡᠯ ᠰᠤᠶᠤᠯ ᠤᠨ ᠲᠡᠦᠬᠡ ᠲᠠᠢ᠂ ᠪᠡᠯᠡᠭ ᠪᠠᠷᠢᠬᠤ ᠳᠤ ᠪᠠᠨ ᠬᠤᠶᠠᠷ ᠭᠠᠷ ᠤᠨ ᠠᠯᠠᠭ᠎ᠠ ᠪᠠᠨ ᠳᠡᠯᠭᠡᠵᠦ᠂ ᠴᠠᠷᠪᠠᠭᠤ ᠳᠡᠭᠡᠷ᠎ᠡ ᠪᠡᠯᠡᠭ ᠤᠨ ᠬᠠᠳᠠᠭ᠂ ᠠᠯᠴᠢᠭᠤᠷ᠂ ᠳᠡᠪᠡᠯ ᠤᠨ ᠲᠤᠷᠭ᠎ᠠ ᠳᠤᠷᠳᠤᠩ ᠪᠦᠰ᠂ ᠡᠳ᠋ ᠪᠠᠷᠠᠭ᠎ᠠ ᠵᠡᠷᠭᠡ ᠪᠡᠯᠡᠭ ᠢᠶᠠᠨ ᠪᠠᠷᠢᠳᠠᠭ᠃ ᠠᠶᠢᠯᠴᠢᠨ ᠰᠠᠭᠤᠭᠰᠠᠨ ᠬᠡᠪ ᠢᠶᠠᠷ ᠢᠶᠠᠨ ᠪᠡᠯᠡᠭ ᠢ ᠲᠤᠰᠤᠨ ᠠᠪᠴᠤ᠂ ᠪᠠᠷᠠᠭᠤᠨ ᠭᠠᠷ ᠤᠨ ᠠᠯᠠᠭ᠎ᠠ ᠪᠠᠷ ᠢᠶᠠᠨ ᠵᠡᠭᠦᠨ ᠭᠠᠷ ᠤᠨ ᠠᠯᠠᠭ᠎ᠠ ᠤᠷᠤᠭᠤ ᠪᠠᠨ ᠬᠤᠮᠢᠵᠤ ᠲᠠᠯᠪᠢᠭᠠᠳ᠂ ᠪᠠᠷᠠᠭᠤᠨ ᠭᠠᠷ ᠢᠶᠠᠨ ᠳᠡᠭᠡᠭᠰᠢ ᠡᠷᠭᠦᠨ ᠪᠠᠶᠠᠷᠯᠠᠭᠰᠠᠨ ᠰᠡᠳᠬᠢᠯ ᠢᠶᠠᠨ ᠢᠯᠡᠳᠬᠡᠳᠡᠭ᠃ ᠪᠡᠯᠡᠭ ᠠᠪᠬᠤ ᠳᠤ ᠪᠠᠨ ᠮᠠᠯᠠᠭᠠᠢ ᠡᠮᠦᠰᠳᠡᠭ ᠦᠭᠡᠢ᠂ ᠪᠤᠰᠴᠤ ᠵᠤᠭᠰᠤᠳᠠᠭ ᠦᠭᠡᠢ᠃ ᠨᠠᠰᠤᠲᠠᠢ ᠬᠦᠮᠦᠨ ᠪᠡᠯᠡᠭ ᠢ ᠠᠪᠤᠭᠠᠳ — ᠦᠷ᠎ᠡ ᠪᠠᠷ ᠦᠨᠢᠷ᠂ ᠮᠠᠯ ᠢᠶᠠᠷ ᠪᠠᠶᠠᠨ᠂ ᠬᠤᠶᠢᠮᠤᠷ ᠢᠶᠠᠷ ᠳᠦᠭᠦᠷᠡᠩ ᠬᠡᠦᠬᠡᠳ ᠲᠠᠢ᠂ ᠬᠤᠲᠠ ᠪᠠᠷ ᠳᠦᠭᠦᠷᠡᠩ ᠮᠠᠯ ᠲᠠᠢ᠂ ᠠᠪᠤ ᠡᠵᠢ ᠳᠡᠭᠡᠨ ᠠᠴᠢᠯᠠᠯ ᠲᠠᠢ ᠶᠠᠪᠤ᠂ ᠠᠬᠠᠰ ᠵᠠᠬᠠᠰ ᠢᠶᠠᠨ ᠬᠦᠨᠳᠦᠯᠡᠵᠦ ᠶᠠᠪᠤ᠂ ᠠᠳᠤᠭᠤ ᠮᠠᠯ ᠢᠶᠠᠨ ᠦᠰᠬᠡᠵᠦ ᠤᠯᠠᠨ ᠤ ᠲᠡᠷᠢᠭᠦᠨ ᠪᠤᠯᠵᠤ ᠶᠠᠪᠤᠭᠲᠤᠨ ᠭᠡᠵᠦ ᠭᠤᠶᠤ ᠰᠠᠶᠢᠨ ᠢᠷᠦᠭᠡᠯ ᠲᠠᠯᠪᠢᠳᠠᠭ ᠶᠤᠰᠤ ᠵᠠᠩᠰᠢᠯ ᠲᠠᠢ᠃ ᠴᠠᠭᠠᠯᠠᠭᠠᠴᠢᠳ ᠮᠤᠷᠳᠠᠬᠤ ᠳᠤ ᠪᠠᠨ ᠤᠷᠢᠳᠠᠪᠠᠷ ᠡᠷᠡᠭᠲᠡᠶᠢᠴᠦᠳ ︵ᠪᠦᠰᠡᠲᠡᠶᠢᠴᠦᠳ︶ ᠡᠭᠦᠳᠡᠨ ᠳᠤ ᠤᠴᠢᠵᠤ ᠮᠠᠯᠠᠭᠠᠢ ᠪᠠᠨ ᠠᠪᠴᠤ ᠬᠤᠶᠠᠷ ᠭᠠᠷ ᠤᠨ ᠠᠯᠠᠭ᠎ᠠ ᠪᠠᠨ ᠳᠡᠯᠭᠡᠨ ᠰᠤᠩᠭᠠᠵᠤ ︽ᠮᠠᠨ ᠤ ᠳᠤ ᠴᠠᠭᠠᠯᠠᠵᠤ ᠤᠴᠢᠭᠠᠷᠠᠢ︾ ᠭᠡᠵᠦ ᠨᠢᠷᠤᠭᠤ ᠪᠦᠬᠦ᠋ᠢᠯᠭᠡᠨ ᠤᠷᠢᠳᠠᠭ ᠶᠤᠰᠤ ᠵᠠᠩᠰᠢᠯ ᠲᠠᠢ᠃ ᠴᠠᠭᠠᠯᠠᠭᠠᠴᠢᠳ ᠢ ᠮᠤᠷᠳᠠᠭᠤᠯᠬᠤ ᠳᠤ ᠪᠠᠨ ᠭᠡᠷ ᠤᠨ ᠡᠵᠡᠨ ᠮᠤᠷᠢ ᠶᠢ ᠨᠢ ᠠᠪᠴᠤ ᠥᠭᠭᠦᠨ᠂ ᠮᠤᠷᠢᠨ ᠤ ᠡᠮᠡᠭᠡᠯ ᠬᠠᠵᠠᠭᠠᠷ ᠢ ᠨᠢ ᠵᠤᠬᠢᠶᠠᠭᠠᠳ ᠮᠤᠷᠳᠠᠭᠤᠯᠳᠠᠭ ᠶᠤᠮ᠃ ᠪᠤᠷᠢᠶᠠᠳᠴᠤᠳ ᠤᠨ ᠴᠠᠭᠠᠯᠠᠭᠠᠨ ᠳᠤ ᠠᠶᠢᠯᠴᠢᠯᠠᠨ ᠵᠤᠯᠭᠠᠬᠤ᠂ ᠤᠭᠲᠤᠬᠤ᠂ ᠮᠡᠨᠳᠦᠴᠢᠯᠡᠬᠦ᠂ ᠴᠠᠭᠠᠯᠠᠭᠤᠯᠬᠤ ︵ᠬᠦᠨᠳᠦᠯᠡᠬᠦ︶᠂ ᠪᠡᠯᠡᠭ ᠪᠠᠷᠢᠬᠤ᠂ ᠮᠤᠷᠳᠠᠭᠤᠯᠬᠤ ᠨᠢ ᠪᠤᠰᠤᠳ ᠮᠤᠩᠭᠤᠯᠴᠤᠳ ᠲᠠᠢ ᠠᠳᠠᠯᠢᠪᠲᠤᠷ ᠪᠤᠯᠪᠠᠴᠤ ᠥᠪᠡᠷ ᠤᠨ ᠥᠪᠡᠷᠮᠢᠴᠡ ᠤᠨᠴᠠᠯᠢᠭ ᠲᠠᠢ ᠮᠦᠷᠲᠡᠭᠡᠨ ᠴᠠᠭᠠᠯᠠᠵᠤ ᠶᠠᠪᠤᠭᠰᠠᠨ ᠬᠦᠮᠦᠨ ᠪᠦᠬᠦᠨ ᠳᠤ ᠭᠠᠷ ᠤᠨ ᠪᠡᠯᠡᠭ ᠪᠠᠷᠢᠳᠠᠭ ᠶᠤᠰᠤ ᠵᠠᠩᠰᠢᠯ ᠲᠠᠢ ᠶᠤᠮ᠃ ᠪᠤᠷᠢᠶᠠᠳᠴᠤᠳ ᠰᠢᠨ᠎ᠡ ᠶᠢᠨ ᠨᠢᠭᠡᠨ ᠳᠤ ᠭᠡᠷ ᠪᠦᠯᠢ ᠪᠠᠷ ᠢᠶᠠᠨ ᠠᠬᠠᠮᠠᠳ ᠲᠤᠮᠤᠭᠠᠲᠠᠨ᠂ ᠦᠨᠳᠦᠷ ᠨᠠᠰᠤᠲᠠᠨ ᠳᠤ ᠪᠠᠨ ᠵᠤᠯᠭᠠᠵᠤ᠂ ᠪᠠᠭᠠᠴᠤᠳ ᠬᠡᠦᠬᠡᠳ ᠤᠷᠢᠳᠠ ᠪᠠᠷ ᠴᠠᠭᠠᠯᠠᠵᠤ ᠡᠬᠢᠯᠡᠳᠡᠭ᠃ ᠤᠯᠠᠩᠬᠢ ᠳᠤ ᠪᠠᠨ ᠰᠢᠨ᠎ᠡ ᠶᠢᠨ ᠨᠢᠭᠡᠨ ᠠᠴᠠ ᠰᠢᠨ᠎ᠡ ᠶᠢᠨ ᠭᠤᠷᠪᠠᠨ ᠪᠤᠯᠲᠠᠯ᠎ᠠ ᠵᠠᠯᠠᠭᠤᠴᠤᠳ ᠪᠠᠭᠠᠴᠤᠳ ᠴᠠᠭᠠᠯᠠᠳᠠᠭ᠃ ᠰᠢᠨ᠎ᠡ ᠶᠢᠨ ᠭᠤᠷᠪᠠᠨ ᠠᠴᠠ ᠰᠢᠨ᠎ᠡ ᠶᠢᠨ ᠲᠠᠪᠤ ᠵᠢᠷᠭᠤᠭᠠᠨ ᠬᠦᠷᠲᠡᠯ᠎ᠡ ᠢᠳᠡᠷᠴᠤᠳ ᠴᠠᠭᠠᠯᠠᠳᠠᠭ᠃ ᠰᠢᠨ᠎ᠡ ᠶᠢᠨ ᠲᠠᠪᠤᠨ ᠠᠴᠠ ᠬᠤᠶᠢᠰᠢ ᠨᠠᠰᠤᠲᠠᠶᠢᠴᠤᠳ ᠴᠠᠭᠠᠯᠠᠳᠠᠭ᠃ ᠰᠢᠨ᠎ᠡ ᠵᠢᠯ ᠴᠠᠭᠠᠨ ᠰᠠᠷ᠎ᠠ ᠳᠤ ᠪᠤᠷᠢᠶᠠᠳᠴᠤᠳ ᠦᠨᠢ ᠳᠡᠭᠡᠷ᠎ᠡ ᠦᠶ᠎ᠡ ᠠᠴᠠ ᠤᠯᠠᠮᠵᠢᠯᠠᠵᠤ ᠢᠷᠡᠭᠰᠡᠨ ᠶᠤᠰᠤ ᠵᠠᠩᠰᠢᠯ ᠢᠶᠠᠨ ᠬᠦᠨᠳᠦᠳᠬᠡᠵᠦ᠂ ᠬᠡᠦᠬᠡᠳ ᠵᠠᠯᠠᠭᠤᠴᠤᠳ ᠪᠦᠷ ᠭᠤᠶᠤ ᠰᠠᠶᠢᠬᠠᠨ ᠪᠤᠷᠢᠶᠠᠳ ᠬᠤᠪᠴᠠᠰᠤ ᠵᠠᠰᠠᠯ ᠢᠶᠠᠨ ᠡᠮᠦᠰᠴᠤ᠂ ᠦᠪᠡᠷᠮᠢᠴᠡ ᠶᠤᠰᠤ ᠵᠠᠩᠰᠢᠯ ᠢᠶᠠᠷ ᠢᠶᠠᠨ ᠴᠠᠭᠠᠯᠠᠭᠠᠨ ᠤ ᠵᠤᠯᠭᠠᠯᠲᠠ ᠬᠢᠵᠦ᠂ ᠥᠪᠡᠷ ᠤᠨ ᠵᠠᠩ ᠳᠠᠳᠬᠠᠯ᠂ ᠴᠠᠭᠠᠯᠠᠭᠠᠨ ᠤ ᠶᠤᠰᠤ ᠭᠤᠷᠢᠮ ᠢᠶᠠᠨ ᠰᠠᠬᠢᠵᠤ᠂ ᠴᠠᠭᠠᠯᠠᠭᠠᠨ ᠳᠤ ᠵᠠᠯᠠᠭᠤᠴᠤᠳ ᠪᠠᠭᠠᠴᠤᠳ ᠶᠤᠬᠤᠷ ᠬᠠᠲᠠᠷᠢᠵᠤ᠂ ᠨᠡᠷᠭᠢᠯᠭᠡ ᠨᠡᠷᠭᠢᠬᠦ ︵ᠪᠦᠵᠢᠭᠯᠡᠵᠦ ᠳᠠᠭᠤᠯᠠᠬᠤ︶ ᠪᠠᠬᠢᠯᠢᠭ᠌ ᠨᠢᠭᠤᠬᠤ ᠂ ᠳᠠᠭᠠᠪᠤᠷᠢ ᠲᠠᠭᠠᠯᠴᠠᠬᠤ ︵ᠤᠨᠢᠰᠤᠭ᠎ᠠ︶᠂ ᠪᠦᠰᠡ ᠴᠤᠬᠢᠬᠤ᠂ ᠰᠠᠭᠤᠷᠢ ᠪᠤᠯᠢᠶᠠᠯᠳᠤᠬᠤ᠂ ᠴᠢᠨ᠋ᠸ᠎ᠠ ᠲᠠᠷᠪᠠᠭᠠᠴᠠᠭᠠᠬᠤ᠂ ᠱᠠᠭᠠᠢ ᠨᠠᠭᠠᠳᠬᠤ ᠵᠡᠷᠭᠡ ᠴᠠᠭᠠᠯᠠᠭᠠᠨ ᠤ ᠨᠠᠭᠠᠳᠤᠮ ᠤᠳ ᠢ ᠦᠶᠡᠲᠡᠨ ᠢᠶᠠᠷ ᠢᠶᠠᠨ ᠲᠤᠭᠯᠠᠨ ᠨᠠᠷᠭᠢᠵᠦ ᠴᠠᠭᠠᠯᠠᠭᠠᠨ ᠢ ᠦᠩᠭᠡᠷᠡᠭᠦᠯᠳᠡᠭ ᠶᠤᠰᠤ ᠵᠠᠩᠰᠢᠯ ᠲᠠᠢ᠃ ᠬᠠᠭᠤᠴᠢᠨ ᠳᠤ ᠪᠠᠨ ᠭᠠᠳᠠᠭ᠎ᠠ ᠳᠦᠳᠡᠭ ᠭᠠᠯ ᠨᠤᠴᠤᠭᠠᠵᠤ ᠬᠦᠭᠰᠢᠨ ᠵᠠᠯᠠᠭᠤ ᠬᠡᠦᠬᠡᠳ ᠦᠭᠡᠢ ᠶᠤᠬᠤᠷ᠂ ᠨᠡᠷᠭᠢᠯᠭᠡ ᠬᠢᠳᠡᠭ ᠪᠠᠶᠢᠭᠰᠠᠨ ᠶᠤᠮ᠃ ︵ᠪᠠᠬᠢᠯᠢᠭ᠌ ᠨᠢᠭᠤᠬᠤ᠂ ᠶᠤᠬᠤᠷ ᠬᠠᠲᠠᠷᠢᠬᠤ᠂ ᠨᠡᠷᠭᠢᠯᠭᠡ ᠨᠡᠷᠭᠢᠬᠦ ᠲᠤᠰᠬᠠᠢ ᠳᠠᠭᠤᠤ ᠨᠤᠭᠤᠳ ᠲᠠᠢ︶᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠡᠷᠲᠡ ᠪᠤᠷᠢᠶᠠᠳᠴᠤᠳ ᠬᠤᠲᠠ ᠬᠤᠷᠢᠶ᠎ᠠ᠂ ᠮᠠᠯ ᠤᠨᠤᠭ᠎ᠠ ᠪᠠᠨ ᠬᠦᠵᠢ ᠭᠠᠩᠭ᠎ᠠ ᠪᠠᠷ ᠤᠲᠤᠵᠤ᠂ ᠨᠠᠰᠤ ᠪᠠᠷᠠᠭᠰᠠᠨ ᠬᠦᠮᠦᠨ ᠳᠡᠭᠡᠨ ᠳᠤᠶᠠᠩ ᠰᠢᠲᠠᠭᠠᠵᠤ ᠠᠶᠢᠯᠠᠳᠬᠠᠯ ᠬᠢᠳᠡᠭ᠃ ᠪᠢᠲᠡᠭᠦᠨ ᠰᠢᠨ᠎ᠡ ᠠᠴᠠ ᠡᠬᠢᠯᠡᠨ ᠬᠤᠲᠠᠴᠢ ᠨᠤᠬᠠᠢ ᠳᠤ ᠪᠠᠨ ᠰᠠᠶᠢᠨ ᠢᠳᠡᠭᠡ ᠢᠳᠡᠭᠦᠯᠵᠦ ᠰᠢᠨ᠎ᠡ ᠴᠠᠭᠠᠨ ᠰᠠᠷ᠎ᠠ ᠶᠢ ᠦᠩᠭᠡᠷᠡᠭᠦᠯᠳᠡᠭ᠃ ᠪᠢᠳᠡᠭᠦᠨ ᠳᠤ ᡀᠮᠤ ᠪᠤᠷᠬᠠᠨ ᠢ ᠲᠠᠬᠢᠬᠤ ᠰᠢᠨ᠎ᠡ ᠶᠢᠨ ᠬᠤᠶᠠᠷ ᠤᠨ ᠰᠠᠷ᠎ᠠ ᠶᠢ ᠰᠢᠨᠵᠢᠬᠦ᠂ ᠰᠢᠨ᠎ᠡ ᠶᠢᠨ ᠲᠠᠪᠤᠨ ᠳᠤ ᠡᠳ᠋ ᠤᠨ ᠡᠵᠡᠨ ᠪᠠᠶᠠᠨ ᠨᠠᠮᠰᠠᠷᠠᠢ ᠪᠤᠷᠬᠠᠨ ᠳᠤ ᠴᠠᠭᠠᠨ ᠢᠳᠡᠭᠡ ᠰᠦ ᠡᠷᠭᠦᠬᠦ ᠠᠶᠢᠯᠠᠳᠬᠠᠯ ᠬᠢᠳᠡᠭ᠃ ᠴᠠᠭᠠᠨ ᠰᠠᠷ᠎ᠠ ᠶᠢᠨ ᠠᠷᠪᠠᠨ ᠲᠠᠪᠤᠨ ᠳᠤ ᠰᠦᠮ᠎ᠡ ᠬᠡᠶᠢᠳ ᠤᠨ ᠬᠤᠷᠠᠯ ᠳᠤ ᠤᠴᠢᠵᠤ ᠮᠦᠷᠭᠦᠯ ᠪᠤᠶᠠᠨ ᠬᠢᠵᠦ ᠢᠷᠡᠬᠦ ᠰᠢᠨ᠎ᠡ ᠵᠢᠯ ᠤᠨ ᠰᠠᠶᠢᠨ ᠰᠠᠶᠢᠬᠠᠨ ᠤ ᠠᠶᠢᠯᠠᠳᠬᠠᠯ ᠬᠢᠳᠡᠭ᠃ ᠪᠤᠷᠢᠶᠠᠳᠴᠤᠳ ᠴᠠᠭᠠᠨ ᠰᠠᠷ᠎ᠠ ᠶᠢᠨ ᠬᠤᠭᠤᠴᠠᠭᠠᠨ ᠳᠤ ᠥᠪᠡᠷ ᠤᠨ ᠶᠤᠰᠤ ᠭᠤᠷᠢᠮ ᠲᠠᠢ ᠵᠤᠯᠭᠠᠯᠴᠠᠵᠤ᠂ ᠬᠤᠸᠠᠷ ᠫᠤᠤᠵᠢᠩ ᠲᠠᠯᠪᠢᠬᠤ ᠦᠭᠡᠢ᠂ ᠶᠡᠭᠡ ᠪᠠᠷ ᠰᠢᠷᠡᠭᠡ ᠵᠠᠰᠠᠵᠤ ᠬᠤᠭᠤᠯᠠ ᠢᠳᠡᠭᠡ ᠢᠳᠡᠬᠦ ᠶᠤᠰᠤ ᠵᠠᠩ ᠦᠭᠡᠢ᠂ ᠬᠠᠷᠢᠨ ᠴᠠᠭᠠᠨ ᠰᠠᠷ᠎ᠠ ᠶᠢᠨ ᠰᠢᠨ᠎ᠡ ᠶᠢᠨ ᠠᠷᠪᠠᠨ ᠲᠠᠪᠤᠨ ᠳᠤ ᠠᠭᠲᠠ ᠶᠢᠨ ᠰᠠᠶᠢᠨ ᠬᠦᠯᠦᠭ ᠮᠤᠷᠢ᠂ ᠴᠡᠷᠭᠡ ᠳᠤ ᠤᠶᠠᠬᠤ ᠵᠠᠩᠰᠢᠯ ᠲᠠᠢ᠃ ᠤᠳᠤ ᠴᠠᠭ ᠦᠶ᠎ᠡ ᠶᠢᠨ ᠬᠦᠭᠵᠢᠯᠲᠡ ᠶᠢ ᠳᠠᠭᠠᠵᠤ ᠴᠠᠭᠠᠨ ᠰᠠᠷ᠎ᠠ ᠳᠤ ᠭᠠᠷ ᠪᠠᠷᠢᠵᠤ ᠰᠠᠶᠢᠨ ᠢᠶᠠᠨ ᠠᠰᠠᠭᠤᠯᠴᠠᠵᠤ᠂ ᠡᠸᠦ᠋ᠷᠤᠫᠡ ᠶᠢᠨ ᠵᠠᠩᠰᠢᠯ ᠳᠠᠳᠬᠠᠯ ᠪᠠ ᠳᠡᠯᠡᠬᠡᠶᠢᠵᠢᠬᠦ ᠶᠢ ᠳᠠᠭᠠᠯᠳᠤᠨ ᠭᠠᠷ ᠪᠠᠷᠢᠵᠤ ᠲᠡᠪᠡᠷᠢᠯᠳᠤᠨ ᠦᠨᠦᠰᠦᠯᠳᠦᠵᠦ ᠴᠠᠭᠠᠨ ᠰᠠᠷ᠎ᠠ ᠶᠢᠨ ᠮᠡᠨᠳᠦ ᠮᠡᠨᠳᠦᠴᠢᠯᠡᠬᠦ ᠶᠤᠰᠤ ᠵᠠᠩ ᠵᠠᠩᠰᠢᠯ ᠴᠦ ᠪᠤᠢ ᠪᠤᠯᠵᠤ ᠪᠠᠶᠢᠨ᠎ᠠ᠃ ᠡᠶᠢᠮᠦ ᠠᠴᠠ ᠡᠷᠲᠡᠨ ᠤ ᠶᠤᠰᠤ ᠵᠠᠩᠰᠢᠯ ᠢ ᠪᠠᠷᠢᠮᠲᠠᠯᠠᠵᠤ᠂ ᠠᠬ᠎ᠠ ᠨᠠᠰᠤᠲᠠᠢ ᠵᠤᠨ ᠢ ᠰᠠᠭᠤᠯᠭᠠᠵᠤ ᠠᠬ᠎ᠠ ᠬᠦᠮᠦᠨ ᠳᠤ ᠵᠤᠯᠭᠠᠬᠤ ᠳᠤ ᠪᠠᠨ ᠬᠤᠶᠠᠷ ᠭᠠᠷ ᠢ ᠨᠢ ᠳᠦᠩᠭᠡᠨ ᠪᠠᠷᠢᠵᠤ ᠮᠡᠨᠳᠦᠴᠢᠯᠡᠳᠡᠭ ᠶᠤᠰᠤ ᠲᠠᠢ᠂ ᠳᠤᠤᠷ᠎ᠠ ᠦᠶ᠎ᠡ ᠶᠢᠨ ᠬᠡᠦᠬᠡᠳ ᠤᠳ ᠳᠡᠭᠡᠳᠦ ᠦᠶ᠎ᠡ ᠶᠢᠨ ᠬᠦᠭᠰᠢᠨ ᠨᠠᠰᠤᠲᠠᠶᠢᠴᠦᠳ ᠲᠤ ᠵᠤᠯᠭᠠᠬᠤ ᠳᠤ ᠪᠠᠨ ᠨᠢᠭᠤᠷ ᠲᠤᠨᠢ ᠥᠪᠡᠷ ᠤᠨ ᠬᠠᠴᠠᠷ ᠢᠶᠠᠨ ᠥᠭᠴᠦ ᠦᠨᠦᠰᠦᠭᠦᠯᠬᠦ ᠶᠤᠰᠤ ᠲᠠᠢ᠃ ᠨᠠᠰᠤᠲᠠᠨ ᠤ ᠢᠷᠦᠭᠡᠯ ᠢ ᠬᠦᠷᠲᠡᠵᠦ᠂ ᠬᠠᠭᠤᠴᠢᠨ ᠤ ᠵᠤᠴᠢᠨᠰᠠᠭ ᠶᠤᠰᠤ ᠵᠠᠩᠰᠢᠯ ᠢ ᠬᠦᠨᠳᠦᠳᠬᠡᠨ ᠴᠠᠭᠠᠯᠠᠳᠠᠭ ᠲᠤᠯᠠ ᠡᠪᠦᠭᠡᠳ ᠨᠠᠰᠤᠲᠠᠨ ᠨᠢ ᠬᠡᠦᠬᠡᠳ ᠵᠠᠯᠠᠭᠤᠴᠤᠳ ᠲᠤ ᠪᠠᠨ ᠶᠤᠰᠤ ᠵᠠᠩᠰᠢᠯ ᠢᠶᠠᠨ ᠵᠢᠭᠠᠨ ᠥᠭᠴᠦ ᠂ ᠬᠠᠭᠤᠴᠢᠨ ᠤ ᠶᠤᠰᠤ ᠵᠠᠩᠰᠢᠯ ᠢ ᠲᠦᠢᠯ ᠢᠶᠠᠷ ᠬᠦᠨᠳᠦᠳᠬᠡᠳᠡᠭ᠃ ᠪᠤᠷᠢᠶᠠᠳᠴᠤᠳ ᠴᠠᠭᠠᠨ ᠰᠠᠷ᠎ᠠ ᠳᠤ ᠰᠢᠨ᠎ᠡ ᠬᠠᠳᠠᠮ ᠳᠤ ᠤᠴᠢᠭᠰᠠᠨ ᠪᠠᠰᠠᠭᠠᠨ ᠳᠤ ᠪᠠᠨ ︽ᠬᠡᠰᠢᠭ ᠥᠭᠬᠦ︾ ᠶᠤᠰᠤ ᠵᠠᠩ ᠵᠠᠩᠰᠢᠯ ᠲᠠᠢ᠂ ᠪᠠᠰᠠᠭᠠᠨ ᠳᠤ ᠬᠡᠰᠢᠭ ᠥᠭᠬᠦ ᠨᠢ ᠤᠷᠲᠤ ᠤᠳᠠᠭᠠᠨ ᠲᠡᠦᠬᠡ ᠲᠠᠢ ᠤᠯᠠᠮᠵᠢᠯᠠᠭᠳᠠᠭᠰᠠᠭᠠᠷ ᠢᠷᠡᠭᠰᠡᠨ ᠡᠷᠲᠡᠨ ᠤ ᠵᠠᠩ ᠳᠠᠳᠬᠠᠯ ᠪᠤᠯᠤᠨ᠎ᠠ᠃ ᠪᠤᠷᠢᠶᠠᠳ ᠶᠠᠰᠤᠲᠠᠨ ᠠᠯᠢ ᠡᠷᠲᠡ ᠠᠴᠠ ᠪᠠᠰᠠᠭ᠎ᠠ ᠪᠠᠨ ᠬᠤᠯᠠ ᠭᠠᠵᠠᠷ ᠤᠨ ᠬᠠᠳᠠᠮ ᠳᠤ ᠥᠭᠳᠡᠭ ᠪᠠᠶᠢᠭᠰᠠᠨ᠃ ᠢᠩᠬᠢᠭᠡᠳ ᠬᠠᠳᠠᠮ ᠳᠤ ᠤᠴᠢᠭᠰᠠᠨ ᠪᠠᠰᠠᠭᠠᠨ ᠴᠠᠭᠠᠯᠠᠭᠠᠨ ᠤ ᠦᠶ᠎ᠡ ᠳᠤ ᠡᠷ᠎ᠡ ᠨᠦᠬᠦᠷ ︵ᠡᠷᠡᠭᠲᠡᠢ︶ ᠲᠠᠢ ᠪᠠᠨ ᠭᠤᠶᠤ ᠰᠠᠶᠢᠬᠠᠨ ᠬᠤᠪᠴᠠᠰᠤ ᠪᠠᠨ ᠡᠮᠦᠰᠴᠤ ᠮᠤᠷᠢ ᠲᠠᠢ ᠬᠤᠯᠠ ᠠᠴᠠ ᠲᠦᠷᠬᠦᠮ ᠳᠡᠭᠡᠨ ᠠᠶᠢᠯᠴᠢᠯᠠᠵᠤ ᠢᠷᠡᠳᠡᠭ ᠪᠠᠶᠢᠪᠠ᠃ ᠬᠠᠳᠠᠮ ᠳᠤ ᠤᠴᠢᠭᠰᠠᠨ ᠪᠠᠰᠠᠭᠠᠨ ᠠᠪᠤ ᠡᠵᠢ ᠤᠶᠢᠷ᠎ᠠ ᠲᠦᠷᠦᠯ ᠰᠠᠲᠤᠨ ᠤ ᠳᠤ ᠪᠠᠨ ᠳᠦᠷᠬᠦᠮᠴᠢᠯᠡᠵᠦ ᠵᠤᠯᠭᠠᠬᠤ ᠳᠤ ᠨᠢ ᠪᠠᠰᠠᠭᠠᠨ ᠤ ᠲᠦᠷᠬᠦᠮ ᠤᠳ ︵ᠠᠪᠤ ᠡᠵᠢ᠂ ᠠᠪᠠᠭ᠎ᠠ ᠨᠠᠭᠠᠴᠤ ᠨᠠᠷ︶ ᠪᠠᠰᠠᠭᠠᠨ ᠳᠤ ᠪᠠᠨ ᠬᠡᠰᠢᠭ ᠪᠠ ᠢᠨᠵᠢ ᠥᠭᠳᠡᠭ ᠪᠠᠶᠢᠪᠠ᠃ ᠬᠡᠰᠢᠭ ᠭᠡᠳᠡᠭ ᠨᠢ ᠠᠮᠲᠠᠲᠤ ᠢᠳᠡᠭᠡᠨ ᠤ ᠲᠦᠷᠦᠯ ᠵᠦᠢᠯ᠂ ᠡᠭᠦᠨ ᠳᠤ ᠪᠠᠭ᠎ᠠ ᠴᠢᠨᠠᠵᠤ ᠪᠤᠷᠤᠯᠠᠭᠤᠯᠤᠭᠰᠠᠨ ᠦᠬᠡᠷ ᠬᠤᠨᠢᠨ ᠤ ᠤᠭᠤᠴᠠ ᠂ ᠡᠪᠴᠢᠭᠦᠦ᠂ ᠱᠠᠭᠠᠶᠢᠲᠤ᠂ ᠠᠳᠬᠤᠭᠠᠯ᠂ ᠵᠢᠷᠦᠬᠡᠨ ᠲᠤᠯᠲᠤ ᠵᠡᠷᠭᠡ ᠦᠬᠡᠷ ᠬᠤᠨᠢᠨ ᠤ ᠰᠠᠶᠢᠨ ᠶᠠᠰᠤ ᠲᠠᠢ ᠮᠢᠬ᠎ᠠ᠂ ᠪᠤᠤᠪᠤ ᠪᠤᠭᠤᠷᠰᠤᠭ᠂ ᠬᠢᠯᠧᠪ᠂ ᠫᠢᠷᠤᠭ᠂ ᠦᠷᠦᠮ᠎ᠡ᠂ ᠰᠢᠬᠢᠷ᠂ ᠠᠷᠢᠬᠢ᠂ ᠵᠢᠮᠢᠰ ᠵᠡᠷᠭᠡ ᠤᠯᠠᠭᠠᠨ ᠴᠠᠭᠠᠨ ᠢᠳᠡᠭᠡ ᠶᠢ ︽ᠬᠡᠰᠢᠭ︾ ᠪᠤᠯᠭᠠᠨ ᠪᠠᠰᠠᠭᠠᠨ ᠳᠤ ᠪᠠᠨ ᠥᠭᠳᠡᠭ᠃ ᠬᠡᠰᠢᠭ ᠥᠭᠬᠦ ᠮᠢᠬ᠎ᠠ ᠪᠠᠨ ᠭᠠᠳᠠᠨ᠎ᠠ ᠲᠠᠯ᠎ᠠ ᠠᠴᠠ ᠨᠢ ᠪᠤᠷᠤᠯᠠᠭᠤᠯᠵᠤ ᠤᠷᠬᠢᠳᠠᠭ᠃ ᠳᠦᠷᠬᠦᠮᠴᠢᠯᠡᠭᠰᠡᠨ ᠪᠠᠰᠠᠭᠠᠨ ᠬᠠᠳᠠᠮ ᠳᠤ ᠪᠠᠨ ᠠᠶᠢᠯᠴᠢᠯᠠᠵᠤ᠂ ᠬᠡᠰᠢᠭ ᠪᠦᠯᠢᠭᠦᠷ ᠲᠠᠢ ᠪᠤᠯᠬᠤ ᠳᠤᠨᠢ ᠳᠦᠷᠬᠦᠮ ᠤᠨ ᠲᠠᠯ᠎ᠠ ᠶᠢᠨ ᠬᠢᠳ ︽ᠰᠠᠶᠢᠨ ᠡᠳᠦᠷ︾ ᠢ ᠰᠤᠩᠭᠤᠵᠤ᠂ ᠠᠪᠤ ᠡᠵᠢ᠂ ᠠᠪᠠᠭ᠎ᠠ ᠨᠠᠭᠠᠴᠤ ᠨᠠᠷ ᠠᠴᠠ ᠪᠠᠰᠠᠭ᠎ᠠ ᠪᠠᠨ ︽ᠬᠡᠰᠢᠭ︾ ᠲᠠᠢ ᠨᠢ ᠬᠠᠳᠠᠮ ᠳᠤᠨᠢ ᠮᠤᠷᠢᠨ ᠲᠡᠷᠭᠡ ᠴᠢᠷᠭ᠎ᠠ ᠲᠠᠢ ᠬᠡᠰᠢᠭ ᠬᠦᠷᠭᠡᠬᠦ ᠶᠤᠰᠤ ᠪᠤᠯᠳᠠᠭ᠃ ᠢᠨᠵᠢ ᠭᠡᠳᠡᠭ ᠨᠢ ᠪᠠᠰᠠᠭᠠᠨ ᠳᠤ ᠥᠭᠭᠦᠭᠰᠡᠨ ᠮᠠᠯ — ᠵᠤᠨ ᠨᠠᠮᠤᠷ᠂ ᠮᠠᠯ ᠲᠠᠷᠭᠤᠯᠠᠭᠰᠠᠨ ᠦᠶ᠎ᠡ ᠳᠤ ᠪᠠᠰᠠᠭᠠᠨ ᠢᠨᠵᠢ ᠮᠠᠯ ᠢᠶᠠᠨ ᠠᠪᠠᠴᠢᠳᠠᠭ᠃ ᠬᠡᠰᠢᠭ ᠬᠦᠷᠭᠡᠬᠦ ᠳᠡᠭᠡᠨ ᠪᠤᠷᠢᠶᠠᠳᠴᠤᠳ ᠴᠠᠭᠠᠯᠠᠭᠠᠨ ᠤ ᠭᠤᠶᠤ ᠰᠠᠶᠢᠬᠠᠨ ᠬᠤᠪᠴᠠᠰᠤ ᠪᠠᠨ ᠡᠮᠦᠰᠴᠦ ᠪᠠᠰᠠᠭᠠᠨ ᠤ ᠲᠠᠯ᠎ᠠ ᠶᠢᠨ ᠭᠤᠤᠯ ᠪᠤᠯᠬᠤ ᠲᠦᠷᠦᠯ ᠰᠠᠲᠤᠨ 5 — 7 ᠬᠦᠮᠦᠨ ᠬᠡᠰᠢᠭ ᠬᠦᠷᠭᠡᠵᠦ ᠤᠴᠢᠳᠠᠭ ᠪᠢᠯᠡ᠃ ᠬᠦᠷᠭᠡᠨ ᠲᠠᠯ᠎ᠠ ᠶᠢᠨ ᠬᠦᠮᠦᠰ ᠬᠡᠰᠢᠭ ᠬᠦᠷᠭᠡᠭᠴᠢᠳ ᠤᠨ ᠮᠤᠷᠢ ᠶᠢ ᠲᠤᠰᠤᠨ ᠠᠪᠴᠤ ᠤᠭᠲᠤᠨ ᠮᠡᠨᠳᠤᠴᠢᠯᠡᠵᠦ᠂ ᠵᠤᠯᠭᠠᠭᠠᠳ ᠭᠡᠷ ᠲᠤ ᠤᠷᠢᠵᠤ ᠴᠠᠭᠠᠯᠠᠭᠠᠨ ᠤ ᠶᠠᠩᠵᠤ ᠪᠠᠷ ᠰᠢᠷᠡᠭᠡ ᠵᠠᠰᠠᠵᠤ ᠢᠳᠡᠭᠡ ᠬᠤᠭᠤᠯᠠ ᠳᠡᠯᠭᠡᠨ᠂ ᠪᠡᠷᠢ ᠶᠢᠨ ᠬᠡᠰᠢᠭ ᠢᠷᠡᠭᠰᠡᠨ ᠤ ᠤᠭᠲᠤᠯᠭ᠎ᠠ ᠪᠤᠯᠳᠠᠭ᠃ ᠪᠡᠷᠢ ᠶᠢᠨ ᠬᠠᠳᠠᠮ ᠤᠨ ᠲᠠᠯ᠎ᠠ ᠲᠤᠰᠬᠠᠢ ᠠᠶᠠᠭᠠᠴᠢᠨ ᠲᠠᠢ ᠬᠦᠨᠳᠦᠯᠡᠵᠦ ᠪᠠᠶᠢᠬᠤ ᠳᠤ᠂ ᠬᠡᠰᠢᠭ ᠬᠦᠷᠭᠡᠭᠴᠢᠳ ᠴᠠᠢ ᠤᠤᠭᠤᠵᠤ ᠪᠠᠷᠠᠭᠠᠳ᠂ ᠠᠪᠴᠢᠷᠠᠭᠰᠠᠨ ᠬᠡᠰᠢᠭ — ᠴᠠᠭᠠᠨ ᠢᠳᠡᠭᠡ᠂ ᠪᠤᠤᠪᠤ ᠪᠤᠭᠤᠷᠰᠤᠭ᠂ ᠦᠷᠦᠮ᠎ᠡ ᠪᠠᠨ ᠳᠠᠪᠠᠭᠯᠠᠨ ᠲᠠᠯᠪᠢᠵᠤ᠂ ᠠᠪᠴᠢᠷᠠᠭᠰᠠᠨ ᠦᠬᠡᠷ ᠬᠤᠨᠢᠨ ᠤ ᠤᠭᠤᠴᠠ ᠡᠪᠴᠢᠭᠦᠦ ᠵᠡᠷᠭᠡ ᠮᠢᠬ᠎ᠠ ᠪᠠᠨ ᠲᠤᠰᠬᠠᠢ ᠴᠢᠨᠠᠵᠤ᠂ ᠬᠦᠷᠭᠡᠨ ᠤ ᠲᠠᠯ᠎ᠠ ᠶᠢᠨ ᠬᠤᠳᠠ ᠬᠤᠳᠠᠭᠠᠢ ᠨᠠᠷ ᠲᠤ ᠪᠠᠨ ᠲᠠᠯᠪᠢᠵᠤ ᠬᠡᠰᠢᠭ ᠪᠠᠷᠢᠭᠳᠢ ︵ᠪᠠᠷᠢᠭᠠᠷᠠᠢ ᠲᠠ︶︕ ᠭᠡᠵᠦ ᠲᠠᠪᠠᠭ ᠮᠡᠳᠡᠭᠦᠯᠬᠦ ᠳᠤ ᠬᠦᠷᠭᠡᠨ ᠤ ᠲᠠᠯ᠎ᠠ ᠶᠢᠨ ᠠᠬᠠᠮᠠᠳ ᠪᠤᠶᠤ ᠠᠪᠠᠭ᠎ᠠ ᠨᠠᠭᠠᠴᠤ ᠶᠢᠨ ᠲᠠᠯ᠎ᠠ ᠶᠢᠨ ᠲᠤᠮᠤᠭᠠᠲᠠᠨ ᠠᠴᠠ ᠬᠡᠰᠢᠭ ᠢ ᠡᠷᠭᠦᠵᠦ᠂ ᠪᠡᠷᠢ ᠶᠢᠨ ᠠᠪᠴᠢᠷᠠᠭᠰᠠᠨ ᠬᠡᠰᠢᠭ ᠢᠳᠡᠬᠦ ᠶᠤᠰᠤᠯᠠᠯ ᠪᠤᠯᠳᠠᠭ᠃ ᠬᠡᠰᠢᠭ ᠬᠦᠷᠭᠡᠵᠦ ᠢᠷᠡᠭᠰᠡᠨ ᠬᠦᠮᠦᠰ ᠤᠯᠠᠩᠬᠢ ᠳᠤ ᠪᠠᠨ ᠵᠠᠮ ᠬᠤᠯᠠ ᠤᠷᠤᠢ ᠪᠠᠭᠤᠳᠠᠭ ᠲᠤᠯᠠ ᠬᠡᠰᠢᠭ ᠤᠨ ᠳᠡᠭᠡᠵᠢ ᠶᠢ ᠭᠠᠯ ᠳᠤ ᠡᠷᠭᠦᠳᠡᠭ ᠪᠠᠶᠢᠭᠰᠠᠨ ᠶᠤᠮ᠃ ︽ᠤᠷᠤᠭᠰᠠᠨ ᠪᠤᠷᠤᠭ᠎ᠠ ᠴᠡᠯᠮᠡᠵᠦ᠂ ᠪᠠᠭᠤᠭᠰᠠᠨ ᠤᠷᠤᠭ ᠤᠳ ᠮᠤᠷᠳᠠᠳᠠᠭ︾ ᠪᠤᠯᠬᠤᠷ ᠬᠡᠰᠢᠭ ᠬᠦᠷᠭᠡᠭᠴᠢᠳ ᠢᠳᠡᠵᠦ ᠤᠤᠭᠤᠵᠤ ᠪᠠᠷᠠᠭᠠᠳ ᠤᠳᠠᠯ ᠦᠭᠡᠢ ᠮᠤᠷᠳᠠᠳᠠᠭ ᠶᠤᠰᠤ ᠵᠠᠩᠰᠢᠯ ᠲᠠᠢ᠃ ᠬᠡᠰᠢᠭ ᠲᠠᠢ ᠢᠷᠡᠭᠰᠡᠨ ᠪᠡᠷᠢ᠂ ᠬᠦᠷᠰᠢ ᠵᠡᠷᠭᠡᠯᠡᠳᠡᠭᠡ ᠠᠶᠢᠯ ᠵᠤᠨ᠂ ᠲᠦᠷᠦᠯ ᠰᠠᠲᠤᠨ᠂ ᠦᠶᠡᠲᠡᠨ ᠨᠦᠬᠦᠳ ᠢᠶᠠᠨ ᠵᠠᠯᠠᠵᠤ ᠬᠡᠰᠢᠭ ᠢᠳᠡᠭᠦᠯᠬᠦ ᠶᠤᠰᠤ ᠬᠢᠳᠡᠭ᠃ ᠨᠠᠰᠤᠲᠠᠨ ᠲᠤᠮᠤᠭᠠᠲᠠᠳ ᠢ ᠲᠡᠷᠭᠡ ᠴᠢᠷᠭ᠎ᠠ ᠪᠠᠷ ᠲᠤᠰᠬᠠᠢ ᠤᠷᠢᠵᠤ ᠬᠡᠰᠢᠭ ᠢᠳᠡᠭᠦᠯᠬᠦ ᠶᠤᠰᠤ ᠶᠢ ᠭᠦᠢᠴᠡᠳᠬᠡᠳᠡᠭ᠃ ᠬᠠᠷᠠᠮᠰᠠᠯᠲᠠᠢ ᠨᠢ ᠬᠤᠳᠠᠴᠢᠯᠠᠬᠤ ᠨᠡᠶᠢᠭᠡᠮ ᠢ ᠳᠠᠭᠠᠵᠤ ᠬᠡᠰᠢᠭ ᠬᠦᠷᠭᠡᠬᠦ ᠶᠤᠰᠤ᠂ ᠮᠠᠰᠢᠨ ᠳᠤ ᠰᠠᠭᠤᠵᠤ᠂ ᠬᠡᠰᠢᠭ ᠢᠳᠡᠬᠦ ᠶᠤᠰᠤ ᠬᠤᠭᠤᠯᠠᠨ ᠭᠡᠷ ᠲᠤ ᠰᠢᠯᠵᠢᠵᠦ᠂ ᠨᠠᠶᠢᠷ ᠪᠤᠯᠵᠤ ᠪᠠᠶᠢᠪᠠᠴᠤ ᠶᠡᠷᠦᠩᠬᠡᠢ ᠳᠡᠭᠡᠨ ︽ᠬᠡᠰᠢᠭ ᠬᠦᠷᠭᠡᠬᠦ︾ ᠶᠤᠰᠤ ᠤᠯᠠᠮᠵᠢᠯᠠᠭᠳᠠᠭᠰᠠᠭᠠᠷ ᠢᠷᠡᠪᠡ᠃ ᠪᠠᠰᠠ ᠪᠤᠷᠢᠶᠠᠳ ᠮᠤᠩᠭᠤᠯᠴᠤᠳ ᠨᠡᠭᠦᠳᠡᠯᠴᠢᠨ ᠦᠨᠳᠦᠰᠦᠲᠡᠨ ᠲᠤᠯᠠ ᠴᠠᠭᠠᠯᠭᠠᠨ ᠤ ᠡᠮᠦᠨ᠎ᠡ ᠨᠡᠭᠦᠳᠡᠯ ᠶᠠᠪᠤᠭᠰᠠᠳ ᠪᠠᠭᠤᠴᠠ ᠤᠷᠢᠯᠠᠬᠤ ᠶᠤᠰᠤ ᠲᠠᠢ ᠪᠠᠶᠢᠭᠰᠠᠨ ᠭᠡᠪᠡᠴᠦ ᠤᠳᠤ ᠬᠤᠲᠠᠴᠢᠯᠠᠭᠰᠠᠨ ᠲᠤᠯᠠ ᠬᠠᠭᠤᠴᠢᠨ ᠵᠠᠩ ᠳᠠᠳᠬᠠᠯ ᠤᠷᠬᠢᠭᠳᠠᠪᠠ᠃
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号