| ᠠᠯᠠᠱᠠ ᠳᠤ ︽ᠬᠤᠳᠤᠭᠲᠤ︾ ᠴᠣᠯᠠᠲᠠᠨ ᠭᠤᠷᠪᠠ ᠪᠠᠶᠢᠵᠡᠢ᠃ ᠲᠤᠬᠠᠶᠢᠯᠠᠪᠠᠯ ᠱᠠᠰᠢᠨ ᠢ ᠪᠠᠳᠠᠷᠠᠭᠤᠯᠤᠭᠴᠢ | ᠰᠦᠮ᠎ᠡ ᠶᠢᠨ ᠳ᠋ᠠᠭᠪᠤ ᠬᠤᠳᠤᠭᠲᠤ — ᠪᠠᠷᠠᠭᠤᠨ ᠭᠡᠭᠡᠨ ︵ᠵᠢᠷᠭᠤᠳᠤᠭᠠᠷ ᠳᠦᠷᠢ ᠶᠢᠨ ᠳᠠᠯᠠᠢ ᠯᠠᠮᠠ | ᠼᠠᠩᠶᠠᠩᠵᠠᠮᠼᠤ ᠶᠢᠨ ᠵᠠᠯᠭᠠᠮᠵᠢ︶ ᠪᠣᠯᠣᠨ ᠯᠠᠮᠠᠲᠠᠨ ︵ᠳ᠋ᠧᠰᠠᠷᠢᠤᠨ ᠤᠨ ᠬᠤᠪᠢᠯᠤᠭᠰᠠᠨ ᠳᠦᠷᠢ︶ ᠵᠢᠴᠢ ᠪᠤᠶᠠᠨ ᠢ | ᠦᠨᠳᠦᠰᠦᠯᠡᠭᠴᠢ ᠰᠦᠮ᠎ᠡ ᠶᠢᠨ ᠳ᠋ᠤᠪᠽᠠᠩ ᠬᠤᠳᠤᠭᠲᠤ — ᠵᠡᠭᠦᠨ ᠭᠡᠭᠡᠨ ᠨᠠᠷ ᠪᠣᠯᠣᠨ᠎ᠠ᠃ ᠲᠡᠭᠦᠨ ᠠᠴᠠ ᠭᠠᠳᠠᠨ᠎ᠠ | ᠂ ᠡᠩ ᠤᠨ ᠬᠤᠪᠢᠯᠭᠠᠨᠲᠠᠨ ᠪᠠᠭᠰᠢ᠂ ᠭᠡᠭᠡᠨ᠂ ᠱᠠᠪᠷᠤᠩ ᠨᠠᠶᠢᠲᠡ 17 ᠪᠠᠶᠢᠵᠤ᠂ ᠲᠣᠰ ᠲᠣᠰ ᠳᠦᠷᠢ | ᠵᠠᠯᠭᠠᠮᠵᠢᠯᠠᠭᠰᠠᠭᠠᠷ ᠢᠷᠡᠵᠡᠢ᠃ ᠬᠤᠳᠤᠭᠲᠤ ᠭᠡᠳᠡᠭ ᠨᠢ ᠲᠦᠷᠤ ᠶᠢᠨ ᠡᠷᠭᠦᠮᠵᠢᠯᠡᠭᠰᠡᠨ ᠴᠣᠯᠠ ᠪᠣᠯᠬᠤᠷ ᠢᠵᠠᠭᠤᠷᠲᠠᠨ | ᠪᠤᠶᠤ ᠡᠭᠡᠯ ᠠᠷᠠᠳ ᠤᠨ ᠭᠠᠷᠤᠯ ᠤᠨ ᠢᠯᠭᠠᠭ᠎ᠠ ᠦᠭᠡᠢ ᠪᠥᠭᠡᠳ ᠴᠥᠮ ᠯᠠᠮᠠ ᠶᠢᠨ ᠳᠡᠭᠡᠳᠦ ᠳᠠᠪᠬᠤᠷᠭ᠎ᠠ ᠶᠢᠨ ᠬᠢᠨ | ᠪᠣᠯᠬᠤ ᠲᠤᠯᠠ᠂ ᠲᠦᠷᠤ ᠶᠢᠨ ᠬᠡᠷᠡᠭ ᠲᠤ ᠣᠷᠣᠯᠴᠠᠨ ᠲᠤᠰᠢᠶᠠᠯ ᠡᠷᠬᠢᠯᠡᠬᠦ ᠡᠷᠬᠡ ᠲᠠᠢ ᠪᠠᠶᠢᠳᠠᠭ᠃ |