ᠠᠯᠠᠱᠠ ᠶᠢᠨ ᠠᠯᠪᠠᠲᠤ ᠪᠣᠯᠣᠨ ᠱᠠᠪᠢᠨᠠᠷ ᠄ ᠹᠧᠣᠳᠠᠯ ᠪᠠᠶᠢᠭᠤᠯᠤᠯ ᠤᠨ ᠦᠶ᠎ᠡ
ᠨᠡᠶᠢᠲᠡᠯᠡᠭᠰᠡᠨ ᠴᠠᠭ᠄
2019/9/3
ᠠᠯᠪᠠᠲᠤ ᠪᠣᠯᠣᠨ ᠱᠠᠪᠢᠨᠠᠷ ᠡᠷᠦᠬᠡ ᠶᠢᠨ ᠢᠷᠡᠯ ᠤᠨ ᠲᠤᠬᠠᠢ ᠭᠡᠪᠡᠯ᠂ ᠤᠤᠯ ᠨᠢ ᠨᠤᠲᠤᠭ ᠤᠨ ᠬᠥᠮᠥᠨ 30% ᠠᠴᠠ ᠳᠠᠪᠠᠭ᠋ᠤ ᠦᠭᠡᠢ ᠪᠣᠯᠬᠤᠷ 70% ᠨᠢ ᠬᠠᠷᠢ ᠭᠠᠵᠠᠷ ᠠᠴᠠ ᠠᠯᠠᠱᠠ ᠳᠤ ᠢᠷᠡᠵᠤ ᠪᠠᠭᠲᠠᠵᠤ ᠣᠷᠣᠭᠰᠠᠨ ᠬᠥᠮᠥᠰ ᠪᠣᠯᠣᠨ᠎ᠠ᠃ ᠭᠠᠳᠠᠨ᠎ᠠ ᠣᠷᠣᠨ ᠠᠴᠠ ᠲᠣᠰ ᠬᠤᠰᠢᠭᠤᠨ ᠳᠤ ᠨᠡᠭᠦᠳᠡᠯᠯᠡᠨ ᠢᠷᠡᠭᠡᠳ ᠡᠷᠦᠬᠡ ᠠᠮᠠ ᠶᠢᠨ ᠳᠠᠩᠰᠠ ᠳᠤ ᠣᠷᠣᠭᠠᠳᠤᠢ ᠮᠣᠩᠭᠤᠯᠴᠤᠳ ᠢ ᠴᠥᠮ ︽ᠴᠠᠭᠠᠴᠢᠨ︾ ᠭᠡᠵᠤ ᠬᠡᠯᠡᠳᠡᠭ᠃ ᠪᠤᠰᠤᠳ ᠦᠨᠳᠦᠰᠦᠲᠡᠨ ᠤ ᠬᠥᠮᠥᠨ ᠬᠤᠰᠢᠭᠤᠨ ᠤ ᠠᠷᠠᠳ ᠪᠣᠯᠬᠤ ᠪᠠᠷ ᠭᠤᠶᠤᠴᠢᠯᠠᠪᠠᠯ᠂ ᠤᠷᠢᠳ ᠢᠶᠠᠷ ᠡᠷᠭᠦᠯᠲᠡ ᠭᠠᠷᠭᠠᠵᠤ᠂ ᠠᠯᠢ ᠨᠢᠭᠡᠨ ᠰᠤᠮᠤᠨ ᠤ ᠶᠠᠮᠠᠷ ᠨᠢᠭᠡᠨ ᠲᠠᠨᠢᠯ ᠬᠥᠮᠥᠨ ᠤ ᠬᠠᠭᠤᠷᠠᠢ ᠠᠬ᠎ᠠ ᠳᠡᠭᠦᠦ ᠪᠤᠶᠤ ᠭᠡᠷ ᠪᠦᠯᠢ ᠶᠢᠨ ᠬᠢᠨ ᠢᠶᠠᠷ ᠪᠠᠭᠲᠠᠵᠤ᠂ ᠣᠪᠣᠭ ᠢᠶᠠᠨ ᠦᠭᠡᠷᠡᠴᠢᠯᠡᠵᠤ᠂ ᠦᠨᠳᠦᠰᠦᠲᠡᠨ ᠢᠶᠠᠨ ᠬᠤᠪᠢᠷᠠᠭᠤᠯᠵᠤ ︽ᠰᠢᠷ᠎ᠠ ᠳᠠᠩᠰᠠ︾ ᠳᠤ ᠣᠷᠣᠵᠤ᠂ ᠬᠤᠰᠢᠭᠤᠨ ᠤ ᠬᠠᠷᠢᠶᠠᠲᠤ ᠪᠣᠯᠣᠭᠠᠳ ᠪᠣᠳᠠ ᠶᠢᠨ ᠠᠯᠪᠠ ᠪᠠᠷᠢᠳᠠᠭ᠃ ᠬᠢᠲᠠᠳ ᠦᠨᠳᠦᠰᠦᠲᠡᠨ ᠣᠯᠠᠩᠬᠢ ᠳᠠᠭᠠᠨ ᠭᠠᠵᠠᠷ ᠲᠠᠷᠢᠶ᠎ᠠ ᠳᠦᠷᠢᠶᠡᠰᠦᠯᠠᠨ ᠠᠪᠴᠤ ᠲᠦᠷᠢᠯᠭᠡ ᠲᠤᠰᠢᠶᠠᠨ ᠠᠮᠢᠳᠤᠷᠠᠳᠠᠭ᠃ ᠬᠡᠷᠪᠡ ᠮᠠᠯ ᠮᠠᠯᠵᠢᠬᠤ ᠪᠣᠯ ᠨᠤᠲᠤᠭ ᠪᠡᠯᠴᠢᠭᠡᠷ ᠵᠢᠷᠤᠭᠯᠠᠨ ᠠᠪᠴᠤ ᠨᠤᠲᠤᠭ ᠪᠡᠯᠴᠢᠭᠡᠷ ᠤᠨ ᠭᠠᠶᠢᠯᠢ ᠲᠤᠰᠢᠶᠠᠳᠠᠭ ᠪᠣᠯᠬᠤᠷ ᠵᠢᠯ ᠢᠶᠠᠷ ᠪᠣᠳᠣᠵᠤ ᠲᠡᠮᠡᠭᠡ ᠠᠳᠤᠭᠤ ᠨᠢᠭᠡᠪᠦᠷᠢ ᠠᠴᠠ 30~40 ᠮᠦᠩᠭᠦ᠂ ᠬᠤᠨᠢ ᠢᠮᠠᠭ᠎ᠠ ᠨᠢᠭᠡᠪᠦᠷᠢ ᠠᠴᠠ 10 ᠮᠦᠩᠭᠦ ᠪᠠᠷ ᠨᠤᠭᠤᠯᠵᠤ ᠬᠠᠭᠠᠰ ᠵᠢᠯ ᠳᠤ ᠨᠢᠭᠡ ᠤᠳᠠᠭ᠎ᠠ ᠲᠤᠰᠢᠶᠠᠨ᠎ᠠ᠃ ᠠᠯᠪᠠᠲᠤ ᠱᠠᠪᠢᠨᠠᠷ ᠢᠷᠭᠡᠰ ᠤᠨ ᠬᠠᠮᠢᠶᠠᠷᠤᠯᠲᠠ ᠶᠢᠨ ᠲᠠᠯ᠎ᠠ ᠪᠠᠷ᠂ ᠴᠢᠩ ᠣᠯᠣᠰ ᠤᠨ ᠳᠦᠷᠢᠮ ᠢ ᠳᠠᠭᠠᠭᠤᠯᠵᠤ᠂ ᠰᠤᠮᠤᠨ ᠳᠤ ᠪᠠᠭᠲᠠᠭᠠᠵᠤ᠂ ᠰᠤᠮᠤᠨ ᠤ ᠵᠠᠩᠭᠢ ᠠᠴᠠ ᠵᠠᠬᠢᠷᠤᠨ᠂ ᠠᠷᠠᠳ ᠪᠤᠶᠤ ᠬᠤᠶᠠᠭ ᠢᠶᠠᠷ ᠬᠠᠮᠢᠶᠠᠷᠤᠨ᠎ᠠ᠃ ᠸᠠᠩ ᠤᠨ ᠣᠷᠳᠣᠨ ᠳᠠᠬᠢ ᠶᠢ ︽ᠫᠠᠢ ᠳ᠋ᠠ ᠨᠢ ᠳ᠋ᠠ︾ ᠬᠠᠮᠢᠶᠠᠷᠴᠤ᠂ ᠭᠦᠩ ᠤᠨ ᠣᠷᠳᠣᠨ ᠳᠠᠬᠢ ᠶᠢ ᠮᠥᠨ ᠠᠳᠠᠯᠢ ᠪᠠᠷ ︽ᠫᠠᠢ ᠳ᠋ᠠ ᠨᠢ ᠳ᠋ᠠ︾ ᠭᠠᠷᠭᠠᠵᠤ᠂ ᠵᠠᠯᠠᠨ ᠤ ᠵᠠᠩᠭᠢ ᠲᠣᠰ ᠪᠦᠷᠢ ᠨᠢᠭᠡ ᠬᠥᠮᠥᠨ ᠢᠶᠠᠷ ᠬᠠᠮᠢᠶᠠᠷᠤᠭᠤᠯᠤᠨ᠎ᠠ᠃ ᠭᠡᠭᠡᠨ᠂ ᠯᠠᠮᠠᠲᠠᠨ᠂ ᠱᠠᠪᠢᠨᠠᠷ ᠡᠷᠦᠬᠡ ᠳᠤ᠂ ︽ᠠᠷᠪᠠᠨ ᠡᠷᠦᠬᠡ︾ ᠶᠢᠨ ᠵᠣᠬᠢᠶᠠᠨ ᠪᠠᠶᠢᠭᠤᠯᠤᠯᠲᠠ ᠪᠠᠷ ᠳᠠᠷᠤᠭ᠎ᠠ ᠪᠣᠯᠣᠨ ᠪᠣᠱᠣᠭᠤ ᠲᠣᠰ ᠪᠦᠷᠢ ᠨᠢᠭᠡ ᠬᠥᠮᠥᠨ ᠢᠶᠠᠷ ᠵᠠᠬᠢᠷᠤᠭᠤᠯᠤᠨ᠎ᠠ᠃ ᠲᠡᠦᠬᠡᠨ ᠲᠡᠮᠳᠡᠭᠯᠡᠯ ᠳᠤ᠂ ᠪᠠᠷᠠᠭᠤᠨ ᠭᠡᠭᠡᠨ ᠤ ᠱᠠᠪᠢᠨᠠᠷ ᠡᠷᠦᠬᠡ 92᠂ ᠬᠥᠮᠥᠨ ᠠᠮᠠ 386᠂ ᠯᠠᠮᠠᠲᠠᠨ ᠤ ᠱᠠᠪᠢᠨᠠᠷ ᠡᠷᠦᠬᠡ 81᠂ ᠬᠥᠮᠥᠨ ᠠᠮᠠ 291᠂ ᠳ᠋ᠣᠪᠽᠠᠩ ᠬᠤᠳᠤᠭᠲᠤ ᠶᠢᠨ ᠱᠠᠪᠢᠨᠠᠷ ᠡᠷᠣᠬᠡ 39᠂ ᠬᠥᠮᠥᠨ ᠠᠮᠠ 150᠂ ᠤᠶᠢᠽᠠᠩ ᠱᠠᠪᠷᠣᠩ ᠳᠤ 11 ᠡᠷᠣᠬᠡ᠂ ᠬᠥᠮᠥᠨ ᠠᠮᠠ 17᠂ ᠲᠢᠪᠡ ᠱᠠᠪᠷᠣᠩ ᠳᠤ 4 ᠡᠷᠦᠬᠡ᠂ ᠬᠥᠮᠥᠨ ᠠᠮᠠ 10 ᠪᠠᠶᠢᠵᠡᠢ᠃ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠲᠠᠰᠤᠭ᠂ ᠤᠷᠢᠬᠠᠨ ᠨᠠᠶᠢᠷᠠᠭᠤᠯᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号