| ᠶᠡᠭᠡ ᠮᠤᠩᠭᠤᠯ ᠤᠯᠤᠰ ᠤᠨ ᠨᠠᠢᠮᠠᠳᠤᠭᠠᠷ ᠦᠶ᠎ᠡ ᠶᠢᠨ ᠶᠡᠭᠡ ᠬᠠᠭᠠᠨ᠂ ᠶᠤᠸᠠᠨ ᠤᠯᠤᠰ ᠤᠨ ᠳᠦᠷᠪᠡᠳᠦᠭᠡᠷ ᠦᠶ᠎ᠡ | ᠶᠢᠨ ᠶᠡᠭᠡ ᠬᠠᠭᠠᠨ᠂ ᠮᠤᠩᠭᠤᠯ ᠦᠨᠳᠦᠰᠦᠲᠡᠨ᠂ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠂ | ᠤᠯᠤᠰ ᠲᠦᠷᠦᠴᠢ᠂ ᠬᠢᠲᠡᠳ ᠤᠷᠠᠨ ᠪᠢᠴᠢᠯᠭᠡᠲᠡᠨ᠃ ᠰᠡᠴᠡᠨ ᠬᠠᠭᠠᠨ ᠤ ᠬᠤᠶᠠᠳᠤᠭᠠᠷ ᠬᠦᠪᠡᠭᠦᠨ ᠴᠢᠩᠬᠢᠮ ᠳᠠᠶᠠ | ᠬᠦᠪᠡᠭᠦᠨ ᠤ ᠬᠤᠶᠠᠳᠤᠭᠠᠷ ᠬᠦᠪᠡᠭᠦᠨ ᠳᠠᠷᠮᠠᠪᠠᠯᠡ ︵ᠨᠡᠭᠡᠮᠵᠢ ᠠᠯᠳᠠᠷ ᠨᠢ ᠪᠤᠭᠲᠠ ᠠᠯᠳᠠᠷᠰᠢᠭᠤᠯᠤᠨ ᠳᠡᠬᠢᠮᠳᠠᠭᠤ | ᠦᠷᠨᠢᠭᠦᠯᠦᠭᠴᠢ ᠬᠠᠭᠠᠨ᠂ ᠰᠦᠮ᠎ᠡ ᠶᠢᠨ ᠠᠯᠳᠠᠷ ᠨᠢ ᠡᠶᠡᠪᠡᠷᠲᠤ ᠬᠠᠭᠠᠨ︶ ᠶᠢᠨ ᠬᠤᠶᠠᠳᠤᠭᠠᠷ ᠬᠦᠪᠡᠭᠦᠨ᠂ ᠡᠭᠡ ᠨᠢ | ᠬᠤᠩᠬᠢᠷᠠᠳ ᠤᠪᠤᠭᠲᠤ ᠰᠤᠯᠡ ᠬᠠᠲᠤᠨ ᠳ᠋ᠠᠵᠢ ︵ᠬᠦᠯᠦᠭ ᠬᠠᠭᠠᠨ ᠤ ᠦᠶ᠎ᠡ ᠶᠢᠨ ᠡᠷᠭᠦᠮᠵᠢ ᠠᠯᠳᠠᠷ ᠨᠢ ᠪᠤᠭᠲᠠ | ᠮᠠᠨᠳᠤᠭᠤᠯᠤᠭᠴᠢ ᠳᠡᠭᠡᠲᠤ ᠬᠠᠲᠤᠨ᠂ ᠭᠡᠭᠡᠨ ᠬᠠᠭᠠᠨ ᠤ ᠦᠶ᠎ᠡ ᠳᠤ ᠳᠠᠬᠢᠨ ᠡᠷᠭᠦᠮᠵᠢᠯᠡᠵᠤ ᠪᠤᠭᠲᠠ ᠮᠠᠨᠳᠤᠭᠤᠯᠤᠭᠴᠢ | ᠡᠯᠦᠨᠴᠡ ᠳᠡᠭᠡᠲᠤ ᠬᠠᠲᠤᠨ ᠬᠡᠪᠡ︶᠃ ᠴᠡᠭᠡᠷᠯᠡᠭᠦᠢ ᠨᠡᠷ᠎ᠡ ᠨᠢ ᠠᠶᠤᠷᠪᠠᠷᠪᠠᠳᠠ᠂ ᠡᠷᠭᠦᠮᠵᠢ ᠠᠯᠳᠠᠷ ᠨᠢ ᠪᠤᠶᠠᠨᠲᠤ | ᠬᠠᠭᠠᠨ᠂ ᠨᠡᠭᠡᠮᠵᠢ ᠠᠯᠳᠠᠷ ᠨᠢ ᠪᠤᠭᠲᠡ ᠡᠷᠳᠡᠮᠲᠤ ᠪᠢᠰᠢᠷᠡᠯᠲᠤ ᠳᠠᠬᠢᠮᠳᠠᠭᠤ ᠬᠠᠭᠠᠨ᠂ ᠰᠦᠮ᠎ᠡ ᠶᠢᠨ ᠠᠯᠳᠠᠷ ᠨᠢ | ᠡᠨᠡᠷᠢᠯᠲᠤ ᠬᠠᠭᠠᠨ᠃ ᠪᠠᠭ᠎ᠠ ᠨᠠᠰᠤᠨ ᠳᠤ ᠬᠢᠲᠡᠳ ᠡᠷᠲᠡᠮᠲᠡᠨ ᠯᠢ ᠮᠧᠩ ᠢ ᠪᠠᠭᠰᠢ ᠪᠠᠷᠢᠪᠠ᠃ 1307 ᠤᠨ ᠳᠤ | ᠨᠢᠭᠤᠴᠡ ᠴᠢᠮᠡᠭᠡ ᠤᠯᠵᠤ ᠵᠠᠪᠳᠤᠨ ᠲᠦᠷᠦ ᠶᠢᠨ ᠬᠤᠪᠢᠰᠦᠯ ᠭᠠᠷᠭᠠᠨ ᠡᠰᠢ ᠬᠠᠲᠤᠨ ᠪᠤᠯᠤᠭᠠᠨ ᠢ ᠳᠠᠷᠤᠩᠭᠤᠶᠢᠯᠠᠵᠤ | ᠠᠬ᠎ᠠ ᠬᠠᠶᠢᠱᠠᠨ ᠢ ᠬᠠᠭᠠᠨ ᠤᠷᠤᠨ ᠳᠤ ᠰᠠᠭᠤᠯᠭᠠᠵᠤ ᠦᠪᠡᠷᠲᠡᠭᠡᠨ ᠳᠠᠶᠠ ᠬᠦᠪᠡᠭᠦᠨ ᠳᠡᠭᠦᠦ ᠡᠷᠭᠦᠮᠵᠢᠯᠡᠭᠳᠡᠪᠡ᠃ | ᠬᠦᠯᠦᠭ ᠬᠠᠭᠠᠨ ᠡᠪᠡᠳᠴᠢᠨ ᠢᠶᠠᠷ ᠲᠩᠷᠢ ᠪᠤᠯᠤᠭᠰᠡᠨ ᠳᠤ ︽ᠠᠬ᠎ᠠ ᠳᠡᠭᠦᠦ ᠠᠪᠠᠭ᠎ᠠ ᠠᠴᠢ ᠦᠶ᠎ᠡ ᠤᠯᠠᠷᠢᠨ | ᠡᠭᠡᠯᠵᠢᠯᠡᠵᠤ ᠬᠠᠭᠠᠨ ᠤᠷᠤ ᠵᠠᠯᠭᠠᠮᠵᠢᠯᠡᠶᠡ︾ ᠭᠡᠰᠡᠨ ᠠᠮᠠᠯᠳᠤᠯ ᠢᠶᠠᠷ 1311 ᠤᠨ ᠳᠤ ᠬᠠᠭᠠᠨ ᠰᠠᠭᠤᠷᠢᠨ ᠢ | ᠵᠠᠯᠭᠠᠮᠵᠢᠯᠠᠵᠤ᠂ 1312 ᠤᠨ ᠳᠤ ᠤᠨ ᠤ ᠴᠤᠯᠡ ᠪᠠᠨ ᠲᠩᠷᠢᠯᠢᠭ ᠰᠤᠶᠤᠷᠬᠠᠯᠲᠤ ᠤᠨ ᠭᠡᠪᠡ᠃ ᠪᠤᠶᠠᠨᠲᠤ | ᠬᠠᠭᠠᠨ ᠵᠠᠰᠠᠭ ᠲᠦᠷᠦ ᠳᠤ ᠪᠠᠨ ᠦᠭᠡᠷᠡᠴᠢᠯᠡᠯᠲᠡ ᠬᠢᠵᠤ ᠬᠦᠯᠦᠭ ᠬᠠᠭᠠᠨ ᠤ ᠦᠶ᠎ᠡ ᠶᠢᠨ ᠪᠠᠷᠢᠯᠭ᠎ᠠ ᠶᠢᠨ ᠠᠵᠢᠯ | ᠤᠳ ᠢ ᠵᠤᠭᠰᠤᠭᠠᠵᠤ ᠳᠡᠭᠡᠲᠤ ᠪᠢᠴᠢᠭ ᠤᠨ ᠮᠤᠵᠢ ᠶᠢ ᠬᠠᠰᠤᠨ ᠵᠠᠰᠠᠭ ᠢ ᠴᠤᠮᠬᠠᠳᠬᠠᠨ ᠰᠡᠴᠡᠨ ᠬᠠᠭᠠᠨ ᠤ ᠲᠦᠷᠦ | ᠳᠤ ᠨᠡᠷ᠎ᠡ ᠲᠠᠢ ᠲᠦᠷᠦ ᠲᠠᠢ ᠪᠠᠶᠢᠭᠰᠡᠨ ᠪᠢᠴᠢᠭ ᠤᠨ ᠲᠦᠰᠢᠮᠡᠳ ᠢ ᠨᠡᠶᠢᠰᠯᠡᠯ ᠬᠤᠲᠠ ᠳᠤ ᠠᠪᠴᠢᠷᠠᠨ ᠵᠠᠰᠠᠭ ᠤᠨ | ᠬᠡᠷᠡᠭ ᠢ ᠵᠦᠪᠳᠡᠵᠠᠢ᠃ 1314 ᠤᠨ ᠳᠤ ᠤᠨ ᠤ ᠴᠤᠯᠡ ᠪᠠᠨ ᠦᠭᠡᠷᠡᠴᠢᠯᠡᠵᠤ ᠦᠨᠢᠳᠡ ᠢᠪᠡᠭᠡᠯᠲᠤ ᠤᠨ ᠭᠡᠵᠡᠢ | ᠃ ᠪᠢᠴᠢᠭ ᠤᠨ ᠰᠤᠷᠭᠠᠯᠲᠡᠨ ᠢ ᠬᠦᠨᠳᠦᠳᠭᠡᠵᠤ ᠮᠧᠩᠽᠢ ᠶᠢ ︽ᠽᠸᠤ ᠤᠯᠤᠰ ᠤᠨ ᠳᠡᠰᠯᠡᠭᠴᠢ ᠪᠤᠭᠲᠡ︾ ᠬᠡᠮᠡᠨ | ᠨᠡᠭᠡᠮᠵᠢᠯᠡᠨ ᠡᠷᠭᠦᠮᠵᠢᠯᠡᠵᠤ᠂ ᠰᠢᠯᠭᠠᠯᠲᠡ ᠶᠢᠨ ᠳᠦᠷᠢᠮ ᠢ ᠬᠡᠷᠡᠭᠵᠢᠭᠦᠯᠵᠤ ᠪᠢᠴᠢᠭ ᠤᠨ ᠬᠦᠮᠦᠰ ᠢ ᠡᠯᠰᠡᠨ ᠬᠡᠷᠡᠭᠯᠡᠪᠡ | ᠃ ᠬᠠᠤᠯᠢ ᠵᠠᠷᠯᠠᠯ ᠢ ᠡᠬᠢᠯᠡᠨ ᠨᠠᠶᠢᠷᠠᠭᠤᠯᠤᠨ ᠲᠤᠭᠤᠷᠪᠢᠭᠤᠯᠵᠤ ᠬᠠᠤᠯᠢ ᠳᠦᠷᠢᠮ ᠢ ᠨᠢᠭᠡᠳᠭᠡᠬᠦ ᠠᠵᠢᠯ ᠬᠢᠪᠠ᠃ | ᠶᠡᠭᠡ ᠵᠠᠩᠵᠤᠨ ᠴᠤᠩᠬᠤᠷ ᠢ ᠲᠤᠮᠢᠯᠠᠨ ᠴᠠᠭᠠᠲᠠᠢ ᠬᠠᠨᠲᠤ ᠤᠯᠤᠰ ᠲᠠᠢ ᠪᠠᠶᠢᠯᠳᠤᠭᠤᠯᠵᠤ ᠤᠯᠠᠨᠲᠡ ᠳᠡᠶᠢᠯᠦᠭᠡᠳ | ᠪᠠᠷᠠᠭᠤᠨ ᠬᠤᠶᠢᠲᠤ ᠤᠷᠤᠨ ᠤ ᠠᠮᠤᠷ ᠲᠤᠭᠲᠠᠭᠤᠨ ᠪᠤᠯᠭᠠᠪᠠ᠃ ᠬᠦᠯᠦᠭ ᠬᠠᠭᠠᠨ ᠨᠤᠶᠠᠷᠬᠠᠯ ᠤᠨ ᠰᠡᠭᠦᠯᠴᠢ ᠦᠶ᠎ᠡ | ᠳᠤ ᠪᠠᠨ ᠬᠦᠯᠦᠭ ᠬᠠᠭᠠᠨ ᠯᠤᠭ᠎ᠠ ᠶᠢᠨ ᠠᠮᠠᠯᠳᠤᠯ ᠢᠶᠠᠨ ᠦᠲᠡᠭᠡᠷᠴᠤ ᠬᠦᠪᠡᠭᠦᠨ ᠰᠢᠳᠢᠪᠠᠯᠡ ᠪᠠᠨ ᠳᠠᠶᠠ ᠬᠦᠪᠡᠭᠦᠨ | ᠡᠷᠭᠦᠮᠵᠢᠯᠡᠪᠡ᠃ ᠪᠤᠶᠠᠨᠲᠤ ᠬᠠᠭᠠᠨ 1320 ᠤᠨ ᠳᠤ ᠡᠪᠡᠳᠴᠢᠨ ᠢᠶᠠᠷ ᠲᠩᠷᠢ ᠪᠤᠯᠪᠠ᠃ ᠬᠠᠰ ᠢᠵᠠᠭᠤᠷ ᠢ | ᠬᠦᠷᠦᠯᠬᠦ ᠳᠤ ᠤᠷᠤᠰᠢᠭᠤᠯᠪᠠ᠃ | ᠪᠤᠶᠠᠨᠲᠤ ᠬᠠᠭᠠᠨ ᠤ ᠭᠤᠤᠯ ᠦᠢᠯᠡ ᠪᠠ ᠨᠦᠯᠦᠭᠡ᠄ | ⒈ ᠵᠠᠰᠠᠭ ᠢ ᠴᠤᠮᠬᠠᠳᠬᠠᠨ ᠴᠡᠭᠴᠡᠯᠡᠵᠤ ᠠᠵᠤ ᠠᠬᠤᠢ ᠪᠠᠨ ᠬᠦᠭᠵᠢᠭᠦᠯᠬᠦ ᠠᠷᠭ᠎ᠠ ᠬᠡᠮᠵᠢᠶ᠎ᠡ ᠠᠪᠴᠤ ᠤᠯᠤᠰ ᠢᠶᠠᠨ | ᠬᠦᠭᠵᠢᠭᠦᠯᠵᠠᠢ᠃ | ⒉ ᠬᠠᠭᠠᠨ ᠰᠠᠭᠤᠭᠰᠡᠨ ᠲᠡᠷᠡ ᠵᠢᠯ ᠠᠴᠠ ᠡᠬᠢᠯᠡᠨ ᠬᠠᠤᠯᠢ ᠳᠦᠷᠢᠮ ᠢ ᠡᠮᠬᠢᠳᠭᠡᠨ ᠨᠢᠭᠡᠳᠭᠡᠬᠦ ᠠᠵᠢᠯ ᠢ ᠬᠢᠵᠤ᠂ | 1316 ᠤᠨ ᠳᠤ ᠶᠤᠸᠠᠨ ᠤᠯᠤᠰ ᠤᠨ ᠬᠠᠤᠯᠢ ᠴᠠᠭᠠᠵᠡ ᠶᠢᠨ ᠲᠡᠦᠭᠡᠨ ᠳᠡᠭᠡᠷᠡᠬᠢ ᠬᠦᠰᠢᠶ᠎ᠡ ᠲᠤᠷᠠᠰᠬᠠᠯ ᠤᠨ | ᠴᠢᠨᠠᠷ ᠲᠠᠢ ᠬᠤᠶᠠᠷ ᠪᠦᠲᠦᠭᠡᠯ ᠤᠨ ᠨᠢᠭᠡ ᠪᠤᠯᠬᠤ ︽ᠶᠡᠭᠡ ᠶᠤᠸᠠᠨ ᠤᠯᠤᠰ ᠤᠨ ᠨᠡᠪᠲᠡᠷᠭᠡᠢ ᠵᠠᠰᠠᠭ︾ ᠢ | ᠨᠠᠶᠢᠷᠠᠭᠤᠯᠤᠭᠤᠯᠵᠤ ᠳᠠᠭᠤᠰᠬᠠᠪᠠ᠃ | ⒊ ᠪᠢᠴᠢᠭ ᠤᠨ ᠰᠤᠷᠭᠠᠯ ᠢᠶᠠᠷ ᠤᠯᠤᠰ ᠵᠠᠰᠠᠬᠤ ᠪᠤᠳᠤᠯᠭ᠎ᠠ ᠶᠢ ᠬᠡᠷᠡᠭᠵᠢᠭᠦᠯᠵᠤ ᠰᠢᠯᠭᠠᠯᠲᠡ ᠶᠢᠨ ᠳᠦᠷᠢᠮ ᠢ | ᠰᠡᠷᠭᠦᠭᠡᠨ ᠬᠡᠷᠡᠭᠵᠢᠭᠦᠯᠵᠤ ᠪᠢᠴᠢᠭ ᠤᠨ ᠡᠷᠲᠡᠮᠲᠡᠨ ᠢ ᠡᠯᠰᠡᠪᠡ᠃ | ⒋ ︽ᠵᠧᠨ ᠭᠤᠸᠠᠨ ᠤ ᠴᠢᠬᠤᠯᠡ ᠵᠠᠰᠠᠭ︾᠂ ︽ᠵᠠᠰᠠᠭ ᠲᠤ ᠲᠤᠰᠠᠯᠠᠬᠤ ᠨᠡᠪᠲᠡᠭᠡᠢ ᠲᠤᠯᠢ︾ ᠵᠡᠷᠭᠡ ᠮᠠᠰᠢ | ᠠᠷᠪᠢᠨ ᠬᠢᠲᠡᠳ ᠰᠤᠩᠭᠤᠳᠠᠭ ᠵᠣᠬᠢᠶᠠᠯ ᠢ ᠮᠤᠩᠭᠤᠯᠴᠢᠯᠠᠭᠤᠯᠵᠠᠢ᠃ | ⒌ ︽ᠲᠠᠬᠢᠮᠳᠠᠭᠤ ᠨᠤᠮ︾᠂ ︽ᠴᠦᠨ ᠴᠢᠦ ᠪᠢᠴᠢᠭ︾ ᠵᠡᠷᠭᠡ ᠨᠡᠯᠢᠶᠡᠳ ᠤᠯᠠᠨ ᠬᠢᠲᠡᠳ ᠰᠤᠩᠭᠤᠳᠠᠭ | ᠵᠣᠬᠢᠶᠠᠯ ᠤᠳ ᠢ ᠳᠠᠬᠢᠨ ᠬᠡᠪᠯᠡᠭᠦᠯᠵᠤ᠂ ︽ᠢᠯᠠᠮᠡ ᠲᠠᠷᠢᠶᠠᠯᠠᠩ ᠤᠨ ᠴᠢᠬᠤᠯᠡ ᠡᠮᠬᠢᠳᠭᠡᠯ︾ ᠵᠡᠷᠭᠡ ᠨᠤᠮ ᠢ | ᠨᠠᠶᠢᠷᠠᠭᠤᠯᠤᠭᠤᠯᠤᠨ ᠬᠡᠪᠯᠡᠭᠦᠯᠵᠤ ᠲᠠᠷᠬᠠᠭᠠᠵᠠᠢ᠃ |