ᠭᠢᠷᠢᠨ ᠤ ᠮᠣᠩᠭᠤᠯᠴᠤᠳ ᠤᠨ ᠲᠣᠶᠢᠮᠣ ᠪᠠᠶᠢᠳᠠᠯ
ᠨᠡᠶᠢᠲᠡᠯᠡᠭᠰᠡᠨ ᠴᠠᠭ᠄
2020/1/13
ᠮᠤᠩᠭᠤᠯ ᠦᠨᠳᠦᠰᠦᠲᠡᠨ ᠪᠤᠯ ᠭᠢᠷᠢᠨ ᠮᠤᠵᠢ ᠶᠢᠨ ᠤᠵᠠᠭᠤᠷ ᠰᠠᠭᠤᠭᠠᠯᠢ ᠠᠷᠠᠳ ᠶᠤᠮ᠃ ᠠᠯᠳᠠᠨ ᠤᠯᠤᠰ ᠤᠨ ᠦᠶ᠎ᠡ ᠳᠤ 1202 ᠤᠨ ᠳᠤ ᠴᠢᠩᠬᠢᠰ ᠬᠠᠭᠠᠨ ᠭᠤᠷᠯᠤᠰ ᠠᠶᠢᠮᠠᠭ ᠢ ᠨᠢᠭᠡᠳᠭᠡᠭᠰᠡᠨ ᠤ ᠳᠠᠷᠠᠭ᠎ᠠ᠂ ᠬᠠᠪᠤᠳᠦ ᠬᠠᠰᠠᠷ ᠤᠨ ᠠᠶᠢᠮᠠᠭ ᠢᠶᠠᠷ ᠨᠢ ᠰᠤᠩᠭᠠᠷᠢ ᠮᠦᠷᠡᠨ ᠪᠠ ᠨᠤᠨ ᠮᠦᠷᠡᠨ ᠤ ᠤᠷᠤᠰᠬᠠᠯ ᠳᠠᠭᠠᠤ ᠲᠠᠯ᠎ᠠ ᠭᠠᠵᠠᠷ ᠲᠤ ᠤᠴᠢᠭᠤᠯᠤᠨ ᠮᠠᠯ ᠮᠠᠯᠵᠢᠭᠤᠯᠤᠭᠰᠠᠨ ᠢᠶᠠᠷ ᠬᠠᠪᠤᠳᠦ ᠬᠠᠰᠠᠷ ᠤᠨ ᠬᠤᠶᠢᠴᠢᠰ ᠡᠨᠡ ᠨᠤᠲᠤᠭ ᠲᠤ ᠦᠶ᠎ᠡ ᠤᠯᠠᠷᠢᠨ ᠰᠠᠭᠤᠷᠢᠰᠢᠭᠰᠠᠨ ᠪᠢᠯᠡ᠃ ᠬᠢᠷᠢᠨ ᠮᠤᠵᠢ ᠶᠢᠨ ᠤᠳᠤ ᠶᠢᠨ ᠮᠤᠩᠭᠤᠯᠴᠤᠳ ᠭᠤᠤᠯᠳᠠᠭᠤ ᠭᠤᠷᠪᠠᠨ ᠢᠷᠡᠯ ᠲᠠᠢ᠄ ᠨᠢᠭᠡ ᠨᠢ ᠰᠠᠶ᠋ᠢ ᠶᠢᠨ ᠶᠠᠷᠢᠭᠰᠠᠨ 1202 ᠤᠨ ᠳᠤ ᠴᠢᠩᠬᠢᠰ ᠬᠠᠭᠠᠨ ᠭᠤᠷᠯᠤᠰ ᠢ ᠨᠢᠭᠡᠳᠭᠡᠭᠡᠳ᠂ ᠰᠤᠩᠭᠠᠷᠢ ᠨᠤᠨ ᠬᠤᠶᠠᠷ ᠮᠦᠷᠡᠨ ᠤ ᠲᠠᠯ᠎ᠠ ᠭᠠᠵᠠᠷ ᠢ ᠬᠠᠪᠤᠳᠦ ᠬᠠᠰᠠᠷ ᠲᠤ ᠦᠭᠭᠦᠭᠰᠡᠨ ᠤ ᠳᠠᠷᠠᠭ᠎ᠠ ᠠᠭᠠᠵᠢᠮ ᠢᠶᠠᠷ ᠪᠤᠢ ᠪᠤᠯᠤᠭᠰᠠᠨ ᠬᠠᠪᠤᠳᠦ ᠬᠠᠰᠠᠷ  ᠤᠨ ᠬᠤᠶᠢᠴᠢᠰ ᠪᠤᠯᠤᠨ᠎ᠠ᠃ ᠨᠦᠬᠦᠭᠡ ᠨᠢ᠂ ᠬᠢᠷᠢᠨ ᠤ ᠮᠤᠩᠭᠤᠯ 8 ᠬᠤᠰᠢᠭᠤ ᠶᠢᠨ ᠬᠤᠶᠢᠴᠢᠰ ᠡᠩᠬᠡ ᠠᠮᠤᠭᠤᠯᠠᠩ  ᠤᠨ ᠬᠤᠷᠢᠨ ᠨᠠᠢᠮᠠᠳᠤᠭᠠᠷ ᠤᠨ ︵1689 ᠤᠨ︶ ᠳᠤ ᠦᠭᠡᠯᠡᠳ ᠤᠨ ᠬᠠᠭᠠᠨ ᠭᠠᠯᠳᠠᠨ ᠬᠠᠯᠬ᠎ᠠ ᠶᠢᠨ ᠳᠤᠯᠤᠭᠠᠨ ᠠᠶᠢᠮᠠᠭ ᠢ ᠳᠠᠶᠢᠯᠠᠭᠰᠠᠨ ᠳᠤ ᠬᠠᠯᠬ᠎ᠠ ᠮᠤᠩᠭᠤᠯ ᠤᠨ ᠳᠤᠯᠤᠭᠠᠨ ᠠᠶᠢᠮᠠᠭ ᠵᠡᠭᠦᠨᠰᠢ ᠴᠢᠴᠢᠬᠠᠷ ᠤᠷᠤᠭᠤ ᠨᠡᠭᠦᠨ ᠢᠷᠡᠵᠦ ᠮᠠᠯᠵᠢᠪᠠ᠃ ᠭᠢᠷᠢᠨ ᠤ 8 ᠬᠤᠰᠢᠭᠤᠨ ᠤ ᠮᠤᠩᠭᠤᠯ ᠤᠨ ᠤᠯᠠᠩᠬᠢ ᠨᠢ ᠬᠠᠭᠤᠴᠢᠨ ᠪᠠᠷᠭᠤ ᠬᠦᠮᠦᠨ ᠪᠤᠯᠤᠨ᠎ᠠ᠃ ᠪᠠᠰᠠ ᠨᠢᠭᠡ ᠪᠦᠯᠦᠭ ᠨᠢ ᠮᠢᠩ ᠴᠢᠩ ᠭᠦᠷᠦᠨ ᠤ ᠦᠶ᠎ᠡ ᠳᠤ ᠦᠪᠦᠷ ᠮᠤᠩᠭᠤᠯ ᠤᠨ ᠲᠦᠰᠢᠶᠡᠳᠦ ᠬᠤᠰᠢᠭᠤ᠂ ᠠᠤᠬᠠᠨ ᠬᠤᠰᠢᠭᠤ᠂ ᠲᠦᠮᠡᠳ ᠬᠤᠰᠢᠭᠤ᠂ ᠲᠠᠷᠬᠠᠨ ᠬᠤᠰᠢᠭᠤ ᠪᠤᠯᠤᠨ ᠵᠠᠯᠠᠶᠢᠳ ᠬᠤᠰᠢᠭᠤ᠂ ᠯᠢᠶᠤᠤᠨᠢᠩ ᠤᠨ ᠹᠦᠶᠠᠩ᠂ ᠹᠦᠰᠢᠨ ᠵᠡᠷᠭᠡ ᠭᠠᠵᠠᠷ ᠠᠴᠠ ᠨᠡᠭᠦᠳᠡᠯᠯᠡᠵᠦ ᠢᠷᠡᠭᠰᠡᠨ ᠮᠤᠩᠭᠤᠯᠴᠤᠳ ᠪᠤᠯᠤᠨ᠎ᠠ᠃ ᠭᠢᠷᠢᠨ ᠮᠤᠵᠢ ᠳᠤ ᠤᠳᠤ 17.2 ᠲᠦᠮᠡ ᠭᠠᠷᠤᠢ ᠮᠤᠩᠭᠤᠯ ᠬᠦᠮᠦᠨ ᠪᠠᠶᠢᠵᠤ᠂ ᠪᠦᠬᠦ ᠮᠤᠵᠢ ᠶᠢᠨ ᠬᠦᠮᠦᠨ ᠠᠮᠠ  ᠶᠢᠨ 0.64% ᠢ ᠡᠵᠡᠯᠡᠵᠦ᠂ ᠭᠤᠤᠯᠳᠠᠭᠤ ᠡᠮᠦᠨᠡᠳᠦ ᠭᠤᠷᠯᠤᠰ ᠤᠨ ᠮᠤᠩᠭᠤᠯ ᠦᠨᠳᠦᠰᠦᠲᠡᠨ ᠤ ᠦᠪᠡᠷᠳᠡᠭᠡᠨ ᠵᠠᠰᠠᠬᠤ ᠰᠢᠶᠠᠨ᠂ ᠵᠧᠨ ᠯᠠᠢ ᠰᠢᠶᠠᠨ᠂ ᠲᠦᠩ ᠢᠤᠢ ᠰᠢᠶᠠᠨ᠂ ᠲᠤᠤ ᠨᠠᠨ ᠰᠢᠶᠠᠨ᠂ ᠳ᠋ᠠ ᠠᠨ ᠰᠢᠶᠠᠨ᠂ ᠱᠤᠸᠠᠩ ᠯᠢᠶᠤᠤ ᠰᠢᠶᠠᠨ ᠳᠤ ᠲᠠᠷᠬᠠᠨ ᠰᠠᠭᠤᠷᠢᠰᠢᠵᠦ᠂ ᠪᠠᠰᠠ ᠨᠢᠭᠡ ᠪᠦᠯᠦᠭ ᠨᠢ ᠪᠠᠶᠢᠴᠧᠩ ᠬᠤᠳᠠ ᠶᠢᠨ ᠲᠤᠤ ᠪᠸᠢ ᠲᠤᠭᠤᠷᠢᠭ ᠤᠨ ᠳ᠋ᠧᠱᠦ᠋ᠨ ᠮᠤᠩᠭᠤᠯ ᠦᠨᠳᠦᠰᠦᠲᠡᠨ ᠤ ᠰᠢᠶᠠᠩ ᠵᠡᠷᠭᠡ 10 ᠮᠤᠩᠭᠤᠯ ᠦᠨᠳᠦᠰᠦᠲᠡᠨ ᠤ ᠰᠢᠶᠠᠩ  ᠳᠤ ᠪᠠᠶᠢᠨ᠎ᠠ᠃ ᠪᠦᠬᠦ ᠮᠤᠵᠢ ᠳᠤ ᠮᠤᠩᠭᠤᠯ ᠬᠡᠦᠬᠡᠳ ᠤᠨ ᠴᠡᠴᠡᠷᠯᠢᠭ 1᠂ ᠪᠠᠭ᠎ᠠ ᠰᠤᠷᠭᠠᠭᠤᠯᠢ 66᠂ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ 11᠂ ᠠᠩᠬ᠎ᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ 1᠂ ᠪᠦᠷᠢᠨ ᠳᠤᠮᠳᠠᠳᠤ ᠰᠤᠷᠭᠠᠭᠤᠯᠢ 3᠂ ᠪᠠᠭᠰᠢ ᠶᠢᠨ ᠰᠤᠷᠭᠠᠭᠤᠯᠢ ᠶᠢᠨ ᠬᠤᠪᠢᠶᠠᠷᠢ ᠳᠡᠭᠡᠳᠦ ᠰᠤᠷᠭᠠᠭᠤᠯᠢ 1 ᠪᠠᠶᠢᠵᠤ᠂ ᠰᠤᠷᠭᠠᠭᠤᠯᠢ ᠳᠤ ᠪᠠᠶᠢᠭ᠎ᠠ ᠮᠤᠩᠭᠤᠯ ᠰᠤᠷᠤᠭᠴᠢ 7351᠂ ᠮᠤᠩᠭᠤᠯ ᠪᠠᠭᠰᠢ 1163 ᠪᠠᠶᠢᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号