| | ᠰᠢᠨᠵᠢᠶᠠᠩ ᠤᠨ ᠮᠤᠩᠭᠤᠯᠴᠤᠳ ᠪᠤᠯ ᠮᠠᠨ ᠤ ᠤᠯᠤᠰ ᠤᠨ ᠮᠤᠩᠭᠤᠯᠴᠤᠳ ᠤᠨ ᠨᠢᠭᠡ ᠰᠠᠯᠠᠭ᠎ᠠ᠂ ᠮᠥᠨ ᠴᠦ | ᠴᠢᠬᠤᠯᠠ ᠨᠢᠭᠡ ᠪᠦᠷᠢᠯᠳᠦᠭᠦᠨ ᠭᠡᠰᠡᠭ ᠶᠤᠮ᠃ ᠲᠡᠤᠭᠡᠨ ᠪᠢᠴᠢᠭ ᠤᠨ ᠲᠡᠮᠳᠡᠭᠯᠡᠯ ᠢ ᠦᠨᠳᠤᠰᠤᠯᠡᠪᠡᠯ᠂ ᠰᠢᠨᠵᠢᠶᠠᠩ | ᠮᠤᠩᠭᠤᠯᠴᠤᠳ ᠤᠨ ᠲᠡᠭᠡᠳᠤᠰ ᠤᠨ ᠲᠤᠬᠠᠢ 12 ᠳ᠋ᠤᠭᠠᠷ ᠵᠠᠭᠤᠨ ᠠᠴᠠ ᠡᠮᠦᠨ᠎ᠡ ︿︿ᠤᠢ ᠶᠢᠨ ᠢᠷᠭᠡᠳ﹀﹀ | ᠭᠡᠰᠡᠨ ᠲᠡᠮᠳᠡᠭᠯᠠᠯ ᠲᠠᠢ ᠪᠠᠶᠢᠳᠠᠭ᠃ ᠭᠡᠴᠢᠨᠡᠨ ᠵᠠᠭᠤᠨ ᠵᠢᠯ ᠤᠨ ᠲᠡᠤᠭᠡ ᠶᠢᠨ ᠤᠯᠠᠷᠢᠯ ᠬᠤᠪᠢᠷᠠᠯ ᠢᠶᠠᠷ ᠲᠠᠮᠵᠢᠨ | ᠰᠢᠨᠵᠢᠶᠠᠩ ᠮᠤᠩᠭᠤᠯᠴᠤᠳ ᠰᠠᠶ᠋ᠢ ᠤᠳᠤᠭᠢ ᠪᠠᠶᠢᠳᠠᠯ ᠲᠠᠢ ᠪᠤᠯᠵᠤ ᠪᠦᠷᠢᠯᠳᠤᠨ ᠲᠤᠭᠳᠠᠨᠢᠵᠠᠢ᠃ ᠰᠢᠨᠵᠢᠶᠠᠩ | ᠮᠤᠩᠭᠤᠯᠴᠤᠳ ᠢ ᠭᠦᠮᠦᠰ ᠶᠡᠷᠦᠩᠭᠡᠢ ᠳᠤᠨᠢ ︿︿ᠲᠦᠷᠪᠡᠨ ᠦᠢᠷᠠᠳ﹀﹀ ᠪᠤᠶᠤ ︿︿ᠦᠢᠷᠠᠳ ᠮᠤᠩᠭᠤᠯᠴᠤᠳ﹀﹀ | ᠭᠡᠵᠤ ᠭᠡᠯᠡᠳᠡᠭ᠃ ᠡᠷᠳᠡᠮᠳᠡᠨ ᠲᠤᠰᠬᠠᠢ ᠮᠡᠷᠭᠡᠵᠢᠯᠳᠡᠳ ᠤᠨ ᠰᠤᠳᠤᠯᠤᠭᠰᠡᠨ ᠢᠶᠠᠷ ︿︿ᠦᠢᠷᠠᠳ﹀﹀ ᠭᠡᠳᠡᠭ | ᠦᠭᠡ ︿︿ᠤᠢ ᠶᠢᠨ ᠢᠷᠭᠡᠳ﹀﹀ ᠭᠡᠰᠡᠨ ᠦᠭᠡᠨ ᠠᠴᠠ ᠢᠷᠡᠯᠲᠡᠢ᠃ | ᠰᠢᠨᠵᠢᠶᠠᠩ ᠤᠨ ᠮᠤᠩᠭᠤᠯᠴᠤᠳ ᠤᠨ ᠲᠡᠤᠭᠡ ᠶᠢ ᠶᠠᠷᠢᠪᠠᠯ᠂ ᠴᠢᠩ ᠤᠨ ᠲᠦᠷᠦ ᠯᠦᠭᠡ 150 ᠭᠠᠷᠦᠢ ᠵᠢᠯ | ᠡᠰᠡᠷᠭᠦᠴᠡᠯᠳᠤᠨ ᠲᠤᠭᠳᠠᠨᠢᠭᠰᠠᠨ ᠠᠯᠳᠠᠷ ᠴᠤᠤ ᠲᠠᠢ ᠵᠡᠭᠦᠠᠭᠠᠷ ︵ᠵᠡᠭᠦᠨ ᠭᠠᠷ︶ ᠬᠠᠭᠠᠨᠳᠤ ᠤᠯᠤᠰ ᠢ ᠲᠤᠷᠠᠳᠤᠯᠳᠠᠢ | ᠪᠦᠭᠡᠳ 1771 ᠤᠨ ᠳᠤ ᠬᠭᠠᠨᠳᠤ ᠤᠷᠤᠰ ᠤᠨ ᠲᠠᠷᠤᠯᠠᠯ ᠢ ᠡᠰᠡᠷᠡᠭᠦᠴᠡᠵᠤ᠂ ᠵᠡᠪᠰᠡᠭᠳᠤ ᠲᠡᠮᠡᠴᠡᠯ ᠶᠠᠪᠤᠭᠤᠯᠤᠨ᠂ | ᠢᠵᠢᠯ ᠮᠦᠷᠡᠨ ᠤ ᠭᠦᠪᠡᠭᠡᠨ ᠠᠴᠠ ᠡᠭᠡ ᠤᠯᠤᠰ ᠲᠠᠭᠠᠨ ᠪᠤᠴᠠᠨ ᠢᠷᠡᠭᠰᠡᠨ ᠲᠤᠷᠭᠤᠳᠴᠤᠳ ᠪᠠ 1762 ᠪᠠ | 1763 ᠤᠨ ᠤ ᠦᠶ᠎ᠡ ᠪᠠᠷ ᠭᠢᠯᠢ ᠭᠢᠵᠠᠭᠠᠷ ᠢ ᠬᠠᠮᠠᠭᠠᠯᠠᠬᠤ ᠪᠠᠷ ᠰᠢᠨᠵᠢᠶᠠᠩ ᠳᠤ ᠲᠤᠮᠢᠯᠠᠭᠳᠠᠭᠰᠠᠨ ᠴᠠᠬᠠᠷᠴᠤᠳ | ᠤᠨ ᠵᠢᠷ ᠤᠨ ᠪᠤᠰᠤ ᠦᠩᠭᠡᠷᠡᠯᠳᠡ ᠶᠢ ᠴᠦ ᠲᠡᠮᠳᠡᠭᠯᠡᠭᠦᠰᠢᠲᠠᠢ ᠶᠤᠮ᠃ | 2000 ᠤᠨ ᠤ ᠪᠦᠷᠢᠳᠭᠡᠯ ᠳᠤ᠂ ᠰᠢᠨᠵᠢᠶᠠᠩ ᠳᠤ ᠮᠤᠩᠭᠤᠯ ᠦᠨᠳᠦᠰᠦᠳᠡᠨ 15.59 ᠲᠦᠮᠡᠨ ᠭᠦᠮᠦᠨ | ᠪᠠᠶᠢᠨ᠎ᠠ᠃ ᠰᠢᠨᠵᠢᠶᠠᠩ ᠳᠤ ᠤᠳᠤ ᠪᠠᠶᠠᠠᠭᠤᠤᠯ᠂ ᠪᠤᠷᠤᠳᠠᠯ᠎ᠠ ᠭᠡᠭᠦ ᠬᠤᠶᠠᠷ ᠮᠤᠩᠭᠤᠯ ᠦᠪᠡᠷᠳᠡᠭᠡᠨ ᠵᠠᠰᠠᠬᠤ ᠵᠧᠤ | ᠲᠠᠢ᠂ ᠬᠤᠪᠤᠭᠰᠠᠶᠢᠷ ᠮᠤᠩᠭᠤᠯ ᠦᠪᠡᠷᠳᠡᠭᠡᠨ ᠵᠠᠰᠠᠬᠤ ᠰᠢᠶᠡᠨ ᠭᠡᠭᠦ ᠨᠢᠭᠡ ᠦᠪᠡᠷᠳᠡᠭᠡᠨ ᠵᠠᠰᠠᠬᠤ ᠰᠢᠶᠡᠨ ᠲᠠᠢ | ᠪᠦᠭᠡᠳ 10 ᠦᠨᠳᠦᠰᠦᠳᠡᠨ ᠤ ᠰᠢᠶᠠᠩ ᠲᠠᠢ᠃ ᠰᠢᠨᠵᠢᠶᠠᠩ ᠤᠨ ᠮᠤᠩᠭᠤᠯᠴᠤᠳ ᠤᠳᠤ ᠭᠤᠤᠯᠳᠠᠭᠤ ᠦᠷᠦᠮᠴᠢ | ᠬᠤᠳᠠ᠂ ᠪᠠᠶᠠᠠᠭᠤᠤᠯ᠂ ᠪᠤᠷᠤᠳᠠᠯ᠎ᠠ ᠬᠤᠶᠠᠷ ᠦᠪᠡᠷᠳᠡᠭᠡᠨ ᠵᠡᠰᠡᠬᠤ ᠵᠧᠤ᠂ ᠲᠠᠷᠪᠠᠭᠠᠲᠠᠢ ᠠᠶᠢᠮᠠᠭ᠂ ᠢᠯᠢ ᠵᠧᠤ᠂ | ᠠᠯᠲᠠᠢ ᠠᠶᠢᠮᠠᠭ ᠵᠡᠷᠭᠡ ᠭᠠᠵᠠᠷ ᠢᠶᠠᠷ ᠲᠠᠷᠬᠠᠨ ᠰᠠᠭᠤᠷᠢᠰᠢᠵᠤ ᠪᠠᠶᠢᠨ᠎ᠠ᠃ | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |