ᠭᠦᠭᠡᠨᠡᠭᠤᠷ ᠮᠤᠵᠢ ᠶᠢᠨ ᠮᠤᠩᠭᠤᠯ ᠦᠨᠳᠦᠰᠦᠳᠡᠨ ᠤ ᠲᠦᠢᠮᠦ ᠪᠠᠶᠢᠳᠠᠯ
ᠨᠡᠶᠢᠲᠡᠯᠡᠭᠰᠡᠨ ᠴᠠᠭ᠄
2020/1/13
ᠠᠳᠡᠭᠢ ᠮᠤᠩᠭᠤᠯᠴᠤᠳ ᠤᠨ ᠤᠯᠠᠩᠭᠢ ᠨᠢ ᠺᠦᠨᠯᠦ᠋ᠨ ᠠᠭᠤᠯᠠ ᠨᠢᠷᠤᠭᠤ ᠶᠢᠨ ᠬᠤᠭᠤᠷᠤᠨᠳᠤᠭᠢ ᠪᠡᠯᠴᠢᠭᠡᠷ ᠭᠠᠵᠠᠷ᠂ ᠴᠠᠶᠢᠳᠠᠮ ᠤᠨ ᠬᠤᠳᠤᠭᠤᠷ ᠪᠤᠶᠤ ᠲᠡᠭᠦᠨ ᠤ ᠲᠤᠭᠤᠷᠢᠨ᠂ ᠭᠦᠭᠡᠨᠡᠭᠤᠷ ᠤᠨ ᠲᠤᠭᠤᠷᠢᠨ ᠪᠤᠶᠤ ᠪᠤᠰᠤᠳ ᠭᠠᠩ ᠬᠠᠭᠤᠷᠠᠢ ᠨᠤᠳᠤᠭ ᠪᠡᠯᠴᠢᠭᠡᠷ᠂ ᠵᠤᠰᠠᠯᠠᠩ ᠨᠠᠮᠦᠷᠵᠢᠶᠠᠨ ᠤ ᠪᠡᠯᠴᠢᠭᠡᠷ᠂ ᠡᠪᠤᠯᠵᠢᠶ᠎ᠡ ᠬᠠᠪᠤᠷᠵᠢᠶ᠎ᠡ ᠶᠢᠨ ᠪᠡᠯᠴᠢᠭᠡᠷ ᠢᠶᠠᠷ ᠤᠳᠤᠷᠯᠠᠨ ᠮᠠᠯᠵᠢᠬᠤ ᠪᠤᠶᠤ ᠰᠠᠭᠤᠷᠢᠰᠢᠨ᠂ ᠰᠦᠷᠦᠭ ᠬᠤᠪᠢᠶᠠᠬᠤ ᠪᠤᠶᠤ ᠰᠦᠷᠦᠭ ᠨᠡᠶᠢᠯᠡᠭᠦᠯᠦᠨ ᠮᠠᠯ ᠮᠠᠯᠵᠢᠨ ᠠᠵᠤ ᠲᠦᠷᠦᠵᠤ ᠪᠤᠢ᠃ ᠭᠤᠤᠯ ᠮᠦᠷᠡᠨ ᠢ ᠲᠠᠭᠠᠭᠰᠠᠨ ᠮᠤᠩᠭᠤᠯᠴᠤᠳ ᠨᠢ ᠪᠠᠰᠠ ᠲᠠᠷᠢᠶᠠᠯᠠᠵᠤ ᠪᠠᠶᠢᠬᠤ ᠴᠦ ᠪᠤᠢ᠃ ᠤᠳᠤ ᠠᠳᠡ ᠭᠦᠮᠦᠨ ᠠᠮᠠ ᠶᠢᠰᠤᠨ ᠲᠦᠮᠡ ᠶᠢ ᠲᠠᠪᠠᠵᠤ᠂ ᠡᠨᠡ ᠨᠢ ᠭᠤᠤᠯᠳᠠᠭᠤ ᠬᠠᠶᠢᠰᠢ ᠶᠢᠨ ᠮᠤᠩᠭᠤᠯ ᠲᠦᠪᠡᠳ ᠦᠨᠳᠤᠰᠦᠳᠡᠨ ᠤ ᠦᠪᠡᠷᠳᠡᠭᠡᠨ ᠵᠠᠰᠠᠬᠤ ᠵᠧᠤ᠂ ᠾᠧᠨᠠᠨ ᠮᠤᠩᠭᠤᠯ ᠦᠨᠳᠤᠰᠤᠳᠡᠨ ᠤ ᠦᠪᠡᠷᠳᠡᠭᠡᠨ ᠵᠠᠰᠠᠬᠤ ᠰᠢᠶᠡᠨ᠂ ᠰᠠᠯᠠᠩ ᠬᠤᠳᠠ ᠵᠡᠷᠭᠡ ᠳᠤ ᠲᠠᠷᠬᠠᠵᠤ ᠪᠠᠶᠢᠬᠤ ᠪᠦᠭᠡᠳ ᠮᠤᠩᠭᠤᠯ ᠦᠭᠡ ᠭᠡᠯᠡ ᠦᠰᠦᠭ ᠪᠢᠴᠢᠭ  ᠢᠶᠠᠨ ᠭᠡᠷᠡᠭᠯᠡᠵᠤ ᠪᠠᠶᠢᠭ᠎ᠠ ᠮᠤᠩᠭᠤᠯᠴᠤᠳ ᠨᠢ ᠲᠦᠩᠭᠡᠵᠢ 3 ᠲᠦᠮᠡ ᠳᠤ ᠭᠦᠷᠴᠤ᠂ ᠡᠨᠡ ᠨᠢ ᠬᠠᠶᠢᠰᠢ ᠶᠢᠨ ᠮᠤᠩᠭᠤᠯᠴᠤᠳ ᠢᠶᠠᠷ ᠭᠤᠤᠯᠯᠠᠭᠤᠯᠵᠤ ᠪᠠᠶᠢᠬᠤ ᠶᠤᠮ᠃ ᠾᠧᠨᠠᠨ ᠰᠢᠶᠡᠨ ᠤ 3 ᠲᠦᠮᠡ ᠭᠠᠷᠤᠢ ᠮᠤᠩᠭᠤᠯᠴᠤᠳ ᠤᠨ ᠵᠠᠩ ᠦᠢᠯᠡ ᠨᠢ ᠮᠤᠩᠭᠤᠯ ᠪᠤᠯᠬᠤ ᠠᠴᠠ ᠪᠢᠰᠢ᠂ ᠦᠭᠡ ᠭᠡᠯᠡ ᠦᠰᠦᠭ ᠪᠢᠴᠢᠭ ᠨᠢ ᠦᠨᠳᠦᠰᠦᠨ ᠳᠡᠭᠡᠨ ᠲᠦᠪᠡᠳᠴᠢᠯᠡᠭᠰᠡᠨ ᠪᠠᠶᠢᠳᠠᠭ᠃ ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ᠂ ᠤᠳᠤ ᠮᠤᠩᠭᠤᠯ ᠢᠶᠠᠷ ᠭᠢᠴᠢᠶᠡᠯᠯᠡᠵᠤ ᠪᠠᠶᠢᠭ᠎ᠠ ᠦᠨᠳᠤᠰᠦᠳᠡᠨ ᠤ ᠲᠤᠮᠳᠠᠳᠤ ᠰᠤᠷᠭᠠᠭᠤᠯᠢ 5᠂ ᠪᠠᠭ᠎ᠠ ᠰᠤᠷᠭᠠᠭᠤᠯᠢ 21 ᠪᠠᠶᠢᠵᠤ᠂ ᠭᠦᠭᠡᠨᠡᠭᠤᠷ ᠤᠨ ᠦᠨᠳᠦᠰᠦᠳᠡᠨ ᠤ ᠲᠡᠭᠡᠳᠤ ᠰᠤᠷᠭᠠᠭᠤᠯᠢ ᠳᠠᠭᠠᠨ ᠮᠤᠩᠭᠤᠯ ᠰᠤᠳᠤᠯᠤᠯ ᠤᠨ ᠰᠠᠯᠪᠤᠷᠢ ᠲᠠᠢ ᠪᠠᠶᠢᠳᠠᠭ᠃ ᠡᠯ᠎ᠡ ᠰᠢᠶᠡᠨ ᠳᠤ ᠪᠠᠨ ᠮᠤᠩᠭᠤᠯ ᠲᠦᠪᠡᠳ ᠡᠮᠨᠡᠯᠭᠡ ᠶᠢᠨ ᠬᠤᠷᠢᠶ᠎ᠡ ᠲᠠᠢ ᠪᠦᠭᠡᠳ ︿︿ᠭᠦᠭᠡᠨᠠᠭᠤᠷ ᠤᠨ ᠮᠤᠩᠭᠤᠯ ᠭᠡᠯᠡ ᠪᠢᠴᠢᠭ﹀﹀ ᠰᠡᠳᠭᠦᠯ᠂ ︿︿ᠴᠠᠶᠢᠳᠠᠮ ᠤᠨ ᠰᠤᠨᠢᠨ﹀﹀ ︵ᠮᠤᠩᠭᠤᠯ ᠭᠡᠪᠯᠡᠯ︶ ︿︿ᠴᠡᠴᠡᠭᠳᠤ ᠴᠠᠶᠢᠳᠠᠮ﹀﹀ ︵ᠮᠤᠩᠭᠤᠯ ᠤᠷᠠᠨ ᠵᠤᠭᠢᠶᠠᠯ ᠤᠨ ᠰᠡᠳᠭᠦᠯ︶ ᠬᠠᠶᠢᠰᠢ ᠶᠢᠨ ᠠᠷᠠᠳ ᠤᠨ ᠷᠠᠳᠠᠤ᠋ ᠨᠡᠪᠳᠡᠷᠡᠭᠦᠯᠭᠡ ᠶᠢᠨ ᠬᠤᠷᠢᠶ᠎ᠠ ︵ᠮᠤᠩᠭᠤᠯ ᠨᠠᠪᠳᠡᠷᠡᠭᠦᠯᠭᠡ ᠲᠠᠢ︶ ᠬᠠᠶᠢᠰᠢ ᠶᠢᠨ ᠺᠢᠨᠤ᠋ ᠲᠧᠯᠸᠢᠰ ᠮᠤᠩᠭᠤᠯᠴᠢᠯᠠᠭ᠎ᠠ ᠶᠢᠨ ᠭᠠᠵᠠᠷ ᠪᠠᠶᠢᠳᠠᠭ᠃ 2000 ᠤᠨ ᠪᠤᠯᠳᠠᠯ᠎ᠠ ᠲᠡᠳ᠋ ᠳᠢᠩᠭᠢᠮ  ᠤᠨ ᠲᠡᠰ ᠠᠴᠠ ᠲᠡᠭᠡᠭᠰᠢᠭᠢ ᠲᠦᠷᠦ ᠶᠢᠨ ᠵᠢᠳᠭᠦᠯᠳᠡᠨ 35 ᠭᠦᠮᠦᠨ ᠲᠡᠳ᠋ ᠫᠷᠤᠹᠧᠰᠰᠤᠷ ᠠᠴᠠ ᠲᠡᠭᠡᠭᠰᠢᠭᠢ ᠡᠷᠳᠡᠮᠳᠡᠨ ᠮᠡᠷᠭᠡᠵᠢᠯᠳᠡᠨ 43 ᠪᠤᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号