ᠦᠵᠦᠮᠦᠴᠢᠨ ᠠᠶᠢᠮᠠᠭ ᠤᠨ ᠲᠡᠥᠬᠡᠨ ᠶᠡᠭᠡ ᠨᠡᠭᠦᠳᠡᠯ
ᠨᠡᠶᠢᠲᠡᠯᠡᠭᠰᠡᠨ ᠴᠠᠭ᠄
2020/1/13
ᠮᠠᠯ ᠠᠵᠤ ᠠᠬᠤᠢ ᠶᠢᠨ ᠤᠨᠴᠠᠯᠢᠭ ᠲᠤ ᠰᠠᠭᠤᠷᠢᠯᠠᠭᠰᠠᠨ ᠣᠲᠣᠷ ᠨᠡᠭᠦᠳᠡᠯ᠂ ᠮᠣᠩᠭᠤᠯᠴᠤᠳ ᠤᠨ ᠠᠮᠢᠲᠤᠷᠠᠯ ᠤᠨ ᠡᠳᠦᠷ ᠳᠤᠲᠤᠮ ᠤᠨ ᠬᠡᠯᠪᠡᠷᠢ ᠨᠢ ᠪᠣᠯᠵᠤ ᠣᠯᠠᠨ ᠵᠠᠭᠤᠨ ᠵᠢᠯ ᠦᠷᠭᠦᠯᠵᠢᠯᠡᠵᠡᠢ᠃ ᠲᠡᠥᠬᠡ ᠪᠢᠴᠢᠭ ᠲᠤ ︽ᠤᠰᠤ ᠪᠡᠯᠴᠢᠭᠡᠷ ᠢ ᠳᠠᠭᠠᠵᠤ ᠣᠲᠣᠷᠯᠠᠨ ᠨᠡᠭᠦᠮᠦᠢ︾ ᠭᠡᠵᠤ ᠲᠡᠮᠳᠡᠭᠯᠡᠨ ᠪᠠᠶᠢᠳᠠᠭ ᠨᠢ ᠤᠰᠤ ᠪᠡᠯᠴᠢᠭᠡᠷ ᠢ ᠯᠡ ᠬᠥᠭᠡᠭᠡᠯᠴᠡᠳᠦᠳᠡᠭ ᠡᠮᠬᠢ ᠵᠠᠮᠪᠠᠷᠠᠭ᠎ᠠ ᠦᠭᠡᠢ ᠪᠠᠶᠢᠳᠠᠯ ᠢ ᠬᠡᠯᠡᠭᠰᠡᠨ ᠪᠢᠰᠢ ᠬᠠᠷᠢᠨ ᠨᠡᠭᠦᠳᠡᠯ ᠮᠠᠯᠴᠢᠳ ᠤᠨ ᠵᠢᠯ ᠪᠦᠷᠢ ᠳᠤᠭᠳᠠᠭᠰᠠᠨ ᠬᠥᠷᠢᠶ᠎ᠡ ᠬᠡᠪᠴᠢᠶᠡᠨ ᠳᠡᠭᠡᠨ ᠨᠡᠭᠦᠳᠡᠯᠯᠡᠨ ᠣᠲᠣᠷᠯᠠᠵᠤ᠂ ᠬᠠᠪᠤᠷ ᠨᠠᠮᠤᠷ ᠵᠣᠨ ᠡᠪᠦᠯ ᠤᠨ ᠠᠯᠢᠨ ᠳᠤ ᠴᠦ ᠭᠡᠰᠡᠨ ᠦᠭᠡᠢ ᠮᠥᠨ ᠥᠩᠭᠡᠷᠡᠭᠰᠡᠨ ᠵᠢᠯ ᠤᠨ ᠢᠶᠠᠨ ᠠᠳᠠᠯᠢ ᠤᠯᠠᠷᠢᠯ ᠳᠤ ᠪᠠᠶᠢᠭᠰᠠᠨ ᠲᠡᠷᠡ ᠪᠡᠯᠴᠢᠭᠡᠷ ᠲᠡᠭᠡᠨ ᠨᠡᠭᠦᠨ ᠢᠷᠡᠵᠦ ᠣᠲᠣᠷᠯᠠᠳᠠᠭ ᠡᠮᠬᠢ ᠳᠢᠭᠯᠢᠮ ᠲᠠᠢ ᠨᠡᠭᠦᠳᠡᠯ ᠠᠮᠢᠲᠤᠷᠠᠯ ᠢ ᠵᠢᠭᠠᠭᠰᠠᠨ ᠪᠠᠶᠢᠪᠠᠯ ᠳᠠᠭᠠᠷᠠᠬᠤ ᠶᠤᠮ᠃ ᠮᠠᠨ ᠤ ᠶᠠᠷᠢᠯᠴᠠᠬᠤ ᠭᠡᠵᠤ ᠪᠠᠶᠢᠭ᠎ᠠ ︽ᠶᠡᠭᠡ ᠨᠡᠭᠦᠳᠡᠯ︾ ᠭᠡᠭᠴᠢ ᠨᠢ᠂ ᠳᠡᠭᠡᠷ᠎ᠡ ᠬᠡᠯᠡᠭᠰᠡᠨ ᠡᠳᠦᠷ ᠳᠤᠲᠤᠮ ᠤᠨ ᠮᠠᠯᠵᠢᠬᠤ ᠦᠢᠯᠡᠳᠪᠦᠷᠢᠯᠡᠯ ᠤᠨ ᠳᠤᠮᠳᠠᠬᠢ ᠴᠠᠭ ᠤᠯᠠᠷᠢᠯ ᠤᠨ ᠬᠠᠷᠠᠭ᠎ᠠ ᠪᠠᠷ ᠪᠡᠯᠴᠢᠭᠡᠷ ᠤᠰᠤ ᠳᠤᠬᠢᠷᠠᠭᠤᠯᠬᠤ ᠨᠡᠭᠦᠳᠡᠯ ᠪᠢᠰᠢ᠂ ᠬᠠᠷᠢᠨ ᠨᠡᠶᠢᠭᠡᠮ ᠠᠬᠤᠢ ᠶᠢᠨ ᠰᠢᠯᠲᠠᠭᠠᠨ᠂ ᠴᠠᠭ ᠲᠥᠷᠥ ᠶᠢᠨ ᠨᠥᠯᠥᠭᠡ ᠪᠠᠷ᠂ ᠠᠯᠤᠰ ᠬᠤᠯᠠ ᠤᠷᠤᠨ ᠵᠠᠢ ᠳᠤ᠂ ᠨᠡᠯᠢᠶᠡᠳ ᠣᠷᠲᠤ ᠬᠤᠭᠤᠴᠠᠭ᠎ᠠ ᠪᠠᠷ ᠨᠤᠲᠤᠭ ᠣᠰᠣᠨ ᠠᠴᠠ ᠪᠠᠨ ᠰᠠᠯᠵᠤ ᠠᠶᠢᠮᠠᠭ ᠤᠭᠰᠠᠭ᠎ᠠ  ᠪᠠᠷ ᠢᠶᠠᠨ ᠨᠡᠭᠦᠳᠡᠯᠯᠡᠭᠰᠡᠨ ᠶᠠᠪᠤᠳᠠᠯ ᠢ ᠵᠢᠭᠠᠵᠤ ᠪᠠᠶᠢᠬᠤ ᠶᠤᠮ᠃ ᠳᠤᠯᠭᠤᠷ ᠪᠢᠴᠢᠭ ᠤᠨ ᠲᠡᠮᠳᠡᠭᠯᠡᠯ ᠪᠣᠯᠣᠨ ᠮᠣᠩᠭᠤᠯᠴᠤᠳ ᠤᠨ ᠳᠤᠬᠠᠢ ᠦᠶ᠎ᠡ ᠶᠢᠨ ᠨᠡᠶᠢᠭᠡᠮ ᠤᠨ ᠤᠷᠴᠢᠨ ᠤ ᠪᠣᠳᠠᠲᠤ ᠪᠠᠶᠢᠳᠠᠯ ᠠᠴᠠ ᠦᠵᠡᠪᠡᠯ᠂ ᠦᠵᠦᠮᠦᠴᠢᠨ ᠠᠶᠢᠮᠠᠭ ᠴᠡᠷᠢᠭ ᠳᠠᠶᠢᠨ ᠤ ᠰᠢᠯᠲᠠᠭᠠᠨ ᠪᠣᠶᠤ ᠨᠡᠶᠢᠭᠡᠮ ᠠᠬᠤᠢ ᠶᠢᠨ ᠲᠡᠥᠬᠡᠨ ᠨᠥᠬᠦᠴᠡᠯ ᠠᠴᠠ ᠪᠣᠯᠵᠤ ᠭᠤᠷᠪᠠᠨ ᠣᠳᠠᠭᠠᠨ ᠤ ᠶᠡᠭᠡ ᠨᠡᠭᠦᠳᠡᠯ ᠬᠢᠭᠰᠡᠨ ᠪᠠᠶᠢᠨ᠎ᠠ᠃ ᠦᠰᠦᠭ ᠪᠢᠴᠢᠭ ᠢᠶᠠᠷ ᠲᠡᠮᠳᠡᠭᠯᠡᠭᠳᠡᠭᠰᠡᠨ ᠲᠡᠥᠬᠡ ᠮᠠᠲ᠋ᠧᠷᠢᠶᠠᠯ ᠤᠨ ᠬᠤᠮᠰᠠ ᠠᠴᠠ ᠪᠣᠯᠵᠤ᠂ ᠡᠳᠡᠭᠡᠷ ᠨᠡᠭᠦᠳᠡᠯ ᠤᠨ ᠪᠣᠳᠠᠲᠠᠢ ᠣᠷᠣᠨ ᠪᠠᠶᠢᠷᠢ᠂ ᠴᠠᠭ ᠬᠤᠭᠤᠴᠠᠭ᠎ᠠ ᠶᠢ ᠨᠠᠷᠢᠨ ᠳᠤᠲᠤᠷᠬᠠᠢ ᠤᠶᠢᠯᠠᠭᠠᠬᠤ ᠪᠣᠯᠣᠯᠴᠠᠭ᠎ᠠ ᠦᠭᠡᠢ ᠪᠣᠯᠪᠠᠴᠤ᠂ ᠦᠵᠦᠮᠦᠴᠢᠨ ᠠᠶᠢᠮᠠᠭ ᠬᠠᠭᠠᠨᠲᠤ ᠤᠯᠤᠰ ᠪᠠ ᠶᠤᠸᠠᠨ ᠤᠯᠤᠰ ᠤᠨ ᠦᠶ᠎ᠡ ᠠᠴᠠ ᠡᠬᠢᠯᠡᠨ ᠭᠤᠤᠯ ᠶᠡᠭᠡ ᠤᠯᠤᠰ ᠪᠣᠶᠤ ᠴᠠᠬᠠᠷ ᠲᠥᠪ ᠲᠥᠮᠡᠨ ᠳᠤ ᠬᠠᠷᠢᠶᠠᠯᠠᠭᠳᠠᠵᠤ ᠪᠠᠶᠢᠭᠰᠠᠨ ᠡᠨᠡ ᠬᠦ ᠲᠡᠥᠬᠡᠨ ᠪᠣᠳᠠᠲᠤ ᠶᠠᠪᠤᠳᠠᠯ ᠢᠶᠠᠷ ᠰᠦᠪᠡᠭᠴᠢ ᠪᠣᠯᠭᠠᠨ᠂ ᠮᠣᠩᠭᠤᠯ ᠤᠨ ᠬᠠᠭᠠᠨ  ᠤ ᠶᠡᠭᠡ ᠣᠷᠲᠤ ᠶᠢᠨ ᠨᠡᠭᠦᠳᠡᠯ ᠰᠢᠯᠵᠢᠯ ᠤᠨ ᠪᠠᠶᠢᠳᠠᠯ ᠲᠠᠢ ᠣᠶᠠᠯᠳᠤᠭᠤᠯᠤᠨ ᠠᠵᠢᠭᠯᠠᠪᠠᠯ᠂ ᠦᠵᠦᠮᠦᠴᠢᠨ ᠠᠶᠢᠮᠠᠭ  ᠤᠨ ᠲᠡᠥᠬᠡᠨ ᠶᠡᠭᠡ ᠨᠡᠭᠦᠳᠡᠯ ᠤᠨ ᠮᠥᠷ ᠴᠠᠷᠠᠭ᠎ᠠ ᠶᠢ ᠶᠡᠭᠡ ᠲᠥᠯᠥᠪ ᠤᠶᠢᠯᠠᠭᠠᠵᠤ ᠪᠣᠯᠣᠮᠠᠷ ᠪᠠᠶᠢᠨ᠎ᠠ᠃ ᠦᠵᠦᠮᠦᠴᠢᠨ ᠠᠶᠢᠮᠠᠭ ᠤᠨ ᠪᠦᠷᠢᠯᠳᠦᠯ ᠪᠣᠯᠣᠨ ᠲᠡᠭᠦᠨ ᠤ ᠡᠵᠡᠮᠲᠡᠭᠰᠡᠨ ᠨᠣᠲᠤᠭ ᠪᠡᠯᠴᠢᠭᠡᠷ ᠤᠨ ᠳᠤᠬᠠᠢ ᠦᠪᠡᠷ  ᠤᠨ ᠦᠵᠡᠯᠲᠡ ᠪᠠᠨ ︽ᠦᠵᠦᠮᠦᠴᠢᠨ ᠠᠶᠢᠮᠠᠭ ᠤᠨ ᠲᠡᠥᠬᠡᠨ ᠰᠤᠷᠪᠤᠯᠵᠢ ᠶᠢᠨ ᠳᠤᠬᠠᠢ ᠰᠢᠨ᠎ᠡ ᠬᠠᠶᠢᠯᠲᠠ︾ ᠪᠣᠯᠣᠨ ︽ᠦᠵᠦᠮᠦᠴᠢᠨ ᠠᠶᠢᠮᠠᠭ ᠤᠨ ᠣᠪᠣᠭ ᠶᠠᠰᠤᠨ ᠤ ᠪᠦᠷᠢᠯᠳᠦᠯ ᠠᠴᠠ ᠲᠡᠭᠦᠨ ᠤ ᠲᠡᠥᠬᠡᠨ ᠰᠣᠷᠪᠣᠯᠵᠢ ᠶᠢ ᠰᠢᠨᠵᠢᠯᠡᠬᠦ  ᠨᠢ︾ ᠭᠡᠰᠡᠨ ᠬᠤᠶᠠᠷ ᠦᠭᠦᠯᠡᠯ ᠳᠡᠭᠡᠨ ᠨᠡᠯᠢᠶᠡᠳ ᠳᠤᠲᠤᠷᠬᠠᠢ ᠰᠢᠭ᠋ ᠳᠤᠷᠠᠳᠴᠤ ᠥᠩᠭᠡᠷᠡᠭᠰᠡᠨ ᠶᠤᠮ᠃ ᠡᠳᠡᠭᠡᠷ ᠦᠭᠦᠯᠡᠯ ᠳᠡᠭᠡᠨ ᠦᠵᠦᠮᠦᠴᠢᠨ ᠠᠶᠢᠮᠠᠭ ᠢ ᠠᠯᠲᠠᠢ ᠬᠠᠩᠭᠠᠢ ᠶᠢᠨ ᠦᠵᠦᠮ ᠤᠨ ᠠᠭᠤᠯᠠᠨ ᠠᠴᠠ ᠨᠡᠭᠦᠵᠦ ᠢᠷᠡᠭᠰᠡᠨ ᠪᠢᠰᠢ ᠭᠡᠵᠤ ᠦᠵᠡᠭᠰᠡᠨ ᠪᠣᠯᠬᠤᠷ᠂ ᠦᠵᠦᠮᠦᠴᠢᠨ ᠠᠶᠢᠮᠠᠭ ᠠᠯᠲᠠᠢ ᠨᠢᠷᠤᠭᠤ᠂ ᠬᠠᠩᠭᠠᠢ ᠠᠭᠤᠯᠠ ᠵᠡᠷᠭᠡ ᠭᠤᠪᠢ  ᠶᠢᠨ ᠠᠷᠤ ᠶᠢᠨ ᠭᠠᠵᠠᠷ ᠣᠷᠣᠨ ᠢᠶᠠᠷ ᠬᠢᠭᠰᠡᠨ ᠨᠡᠭᠦᠳᠡᠯ ᠤᠨ ᠳᠤᠬᠠᠢ ᠲᠥᠭᠦᠮᠬᠡᠨ ᠴᠦ ᠭᠡᠰᠡᠨ ᠶᠠᠷᠢᠬᠤ ᠴᠢᠬᠤᠯᠠ  ᠲᠠᠢ ᠪᠣᠯᠵᠠᠢ᠃ ᠤᠮᠠᠷᠠᠲᠤ ᠶᠤᠸᠠᠨ ᠤᠯᠤᠰ ᠤᠨ ᠤᠷᠤᠭ᠎ᠠ ᠪᠣᠰᠬᠤᠭ᠎ᠠ ᠣᠨ ᠵᠢᠯ᠂ ᠳᠠᠶᠢᠨ ᠳᠠᠵᠢᠨ ᠣᠯᠠᠨ ᠲᠠᠢ ᠨᠡᠶᠢᠭᠡᠮ ᠤᠨ ᠤᠷᠴᠢᠨ ᠨᠢ᠂ ᠤᠳᠠᠭᠠᠨ ᠵᠢᠯ ᠳᠤᠷᠰᠢ ᠡᠪᠦᠭᠡ ᠳᠠᠭᠡᠳᠦᠰ ᠤᠨ ᠢᠶᠠᠨ ᠥᠮᠴᠢ ᠬᠤᠪᠢᠨ ᠨᠤᠲᠤᠭ ᠲᠤ ᠣᠷᠣᠩᠨᠠᠨ ᠠᠮᠢᠲᠤᠷᠠᠵᠤ ᠢᠷᠡᠭᠰᠡᠨ ᠦᠵᠦᠮᠦᠴᠢᠨ ᠠᠶᠢᠮᠠᠭ ᠤᠨ ᠠᠷᠠᠳ ᠢᠷᠭᠡᠳ ᠢ ᠨᠤᠲᠤᠭ ᠤᠰᠤᠨ ᠠᠴᠠ ᠪᠠᠨ ᠬᠤᠯᠠ ᠰᠠᠯᠵᠤ᠂ ᠤᠷᠲᠤ ᠬᠤᠭᠤᠴᠠᠭ᠎ᠠ ᠪᠠᠷ ᠨᠡᠭᠦᠳᠡᠯ ᠬᠢᠬᠦ ᠳᠤ ᠬᠥᠷᠥᠭᠦᠯᠵᠡᠢ᠃ ᠦᠵᠦᠮᠦᠴᠢᠨᠴᠦᠳ ᠤᠨ ᠠᠯᠤᠰ ᠬᠤᠯᠠ ᠶᠢᠨ ᠶᠡᠭᠡ ᠨᠡᠭᠦᠳᠡᠯ ᠨᠢ᠂ ᠨᠡᠭᠦᠳᠡᠯᠴᠢᠨ ᠮᠠᠯᠴᠢᠨ ᠦᠨᠳᠦᠰᠦᠲᠡᠨ ᠤ ᠠᠮᠢᠲᠤᠷᠠᠯ ᠤᠨ ᠲᠥᠭᠡᠮᠡᠯ ᠵᠢᠮ᠎ᠡ ᠶᠤᠰᠤ ᠪᠣᠯᠬᠤ ᠡᠪᠡᠰᠦᠨ ᠤ ᠰᠣᠷᠭᠤᠭ ᠤᠰᠤᠨ ᠤ ᠲᠤᠩᠭᠠᠯᠠᠭ ᠢ ᠡᠷᠢᠵᠦ ᠶᠠᠪᠤᠭᠰᠠᠨ ᠶᠠᠪᠤᠳᠠᠯ ᠪᠢᠰᠢ ᠪᠠᠶᠢᠵᠤ᠂ ᠲᠡᠭᠦᠨ ᠤ ᠵᠠᠷᠢᠮ ᠨᠡᠭᠦᠳᠡᠯ ᠨᠢ ᠬᠠᠭᠠᠨ ᠤ ᠶᠡᠭᠡ ᠤᠷᠲᠤ ᠶᠢᠨ ᠰᠢᠯᠵᠢᠯᠲᠡ ᠶᠢ ᠳᠠᠭᠠᠭᠰᠠᠨ︔ ᠵᠠᠷᠢᠮ ᠨᠡᠭᠦᠳᠡᠯ ᠨᠢ ᠴᠡᠷᠢᠭ ᠳᠠᠶᠢᠨ ᠤ ᠬᠥᠯ ᠠᠴᠠ ᠵᠠᠶᠢᠳᠠᠭᠤ ᠬᠠᠷᠢᠴᠠᠩᠭᠤᠢ ᠪᠠᠷ ᠳᠠᠶᠢᠪᠤᠩ ᠳᠤᠭᠳᠠᠭᠤᠨ ᠪᠠᠶᠢᠬᠤ ᠭᠠᠵᠠᠷ ᠨᠤᠲᠤᠭ ᠢ ᠡᠷᠢᠭ᠍ᠰᠡᠨ︔ ᠵᠠᠷᠢᠮ ᠨᠡᠭᠦᠳᠡᠯ ᠨᠢ ᠲᠥᠷᠥ ᠵᠠᠰᠠᠭ ᠤᠨ ᠳᠤᠭᠳᠠᠭᠠᠯ ᠢᠶᠠᠷ ᠬᠢᠮᠤᠷᠠᠯ ᠲᠡᠮᠡᠴᠡᠯᠳᠦᠭᠡᠨ ᠡᠭᠦᠰᠬᠦ ᠠᠴᠠ ᠵᠠᠶᠢᠯᠠᠰᠬᠢᠭ᠍ᠰᠡᠨ ᠵᠡᠷᠭᠡ ᠡᠯ᠎ᠡ ᠵᠥᠢᠯ ᠤᠨ ᠤᠳᠬ᠎ᠠ ᠠᠭᠤᠯᠭ᠎ᠠ ᠪᠦᠬᠦᠢ ᠲᠡᠥᠬᠡᠨ ᠶᠡᠭᠡ ᠨᠡᠭᠦᠳᠡᠯ ᠤᠳ ᠪᠠᠶᠢᠭᠰᠠᠨ ᠶᠤᠮ᠃ ᠨᠤᠲᠤᠭ ᠤᠰᠤᠨ ᠤ ᠵᠠᠷᠢᠮ ᠮᠣᠩᠭᠤᠯᠴᠢ ᠨᠠᠷ ᠮᠠᠨᠢ᠂ ᠦᠵᠦᠮᠦᠴᠢᠨ ᠤ ᠤᠤᠭᠠᠯ ᠨᠤᠲᠤᠭ ᠢ ᠠᠯᠲᠠᠢ ᠨᠢᠷᠤᠭᠤ ᠶᠢᠨ ᠦᠵᠦᠮ  ᠤᠨ ᠠᠭᠤᠯᠠᠨ ᠳᠤ ᠪᠠᠶᠢᠭᠰᠠᠨ ᠭᠡᠵᠤ ᠦᠵᠡᠭᠡᠳ᠂ ᠦᠵᠦᠮᠦᠴᠢᠨ ᠤ ᠲᠡᠥᠬᠡᠨ ᠳᠡᠭᠡᠷ᠎ᠡ ᠠᠷᠪᠠᠨ ᠳᠠᠪᠤᠳᠤᠭᠠᠷ ᠵᠠᠭᠤᠨ  ᠤ ᠨᠠᠶᠠᠭᠠᠳ ᠣᠨ ᠤ ᠪᠠᠲᠤᠮᠥ᠋ᠩᠭᠡ ᠳᠠᠶᠠᠨ ᠬᠠᠭᠠᠨ ᠤ ᠦᠶ᠎ᠡ ᠠᠴᠠ ᠡᠬᠢᠯᠡᠵᠦ᠂ ᠬᠡᠳᠦᠨ ᠤᠳᠠᠭᠠᠨ ᠤ ᠶᠡᠭᠡ ᠨᠡᠭᠦᠳᠡᠯ ᠬᠢᠭᠰᠡᠨ ᠭᠡᠬᠦ ᠮᠡᠳᠦᠴᠢᠯᠡᠨ ᠡᠷᠳᠡᠮ ᠰᠢᠨᠵᠢᠯᠡᠭᠡᠨ ᠤ ᠰᠣᠳᠣᠯᠣᠯ ᠬᠢᠭᠰᠡᠨ ᠪᠠᠶᠢᠳᠠᠭ ᠪᠠ ᠡᠳᠡᠭᠡᠷ ᠶᠡᠭᠡ ᠨᠡᠭᠦᠳᠡᠯ ᠤᠨ ᠡᠬᠢ ᠶᠢ ᠲᠡᠳᠡᠨᠡᠷ ᠤᠨ ᠡᠬᠡ ᠨᠤᠲᠤᠭ ᠦᠵᠦᠮ ᠤᠨ ᠠᠭᠤᠯᠠᠨ ᠠᠴᠠ ᠡᠬᠢᠯᠡᠭᠰᠡᠨ ᠭᠡᠳᠡᠭ᠃ ᠨᠤᠲᠤᠭ ᠤᠰᠤᠨ ᠤ ᠤᠭ ᠰᠣᠷᠪᠣᠯᠵᠢ ᠶᠢᠨ ᠲᠠᠯ᠎ᠠ ᠪᠠᠷ ᠬᠢ ᠦᠵᠡᠯᠲᠡ ᠲᠠᠨᠢᠯᠲᠠ ᠠᠳᠠᠯᠢ ᠦᠭᠡᠢ ᠶᠢᠨ ᠤᠯᠠᠮ ᠠᠴᠠ ᠶᠡᠭᠡ ᠨᠡᠭᠦᠳᠡᠯ ᠡᠭᠦᠰᠴᠦ ᠡᠬᠢᠯᠡᠭᠰᠡᠨ ᠭᠠᠵᠠᠷ ᠣᠷᠣᠨ ᠤ ᠵᠢᠭᠠᠯᠲᠠ ᠳᠤ ᠮᠢᠨᠤ ᠦᠵᠡᠯᠲᠡ ᠡᠳᠡᠭᠡᠷ ᠲᠠᠢ ᠠᠳᠠᠯᠢ ᠦᠭᠡᠢ ᠪᠠᠶᠢᠬᠤ ᠨᠢ ᠶᠠᠷᠢᠶᠠᠨ ᠦᠭᠡᠢ ᠶᠤᠮ᠃ ᠮᠢᠨᠤ ᠦᠵᠡᠬᠦ ᠪᠠᠷ᠂ ᠦᠵᠦᠮᠦᠴᠢᠨ ᠠᠶᠢᠮᠠᠭ ᠤᠨ ᠠᠩᠬᠠᠳᠠᠭᠴᠢ ᠶᠡᠭᠡ ᠨᠡᠭᠦᠳᠡᠯ ᠨᠢ ᠠᠷᠪᠠᠨ ᠳᠠᠪᠤᠳᠤᠭᠠᠷ ᠵᠠᠭᠤᠨ ᠤ ᠨᠠᠶᠠᠭᠠᠳ ᠣᠨ ᠤ ᠪᠠᠲᠤᠮᠥ᠋ᠩᠭᠡ ᠳᠠᠶᠠᠨ ᠬᠠᠭᠠᠨ ᠤ ᠦᠶ᠎ᠡ ᠳᠤ ᠪᠢᠰᠢ ᠬᠠᠷᠢᠨ ᠡᠭᠦᠨ ᠠᠴᠠ ᠵᠠᠭᠤ ᠢᠯᠡᠭᠦᠦ ᠵᠢᠯ ᠤᠨ ᠡᠮᠦᠨ᠎ᠡ ᠣᠮᠠᠷᠠᠲᠤ ᠶᠤᠸᠠᠨ ᠣᠯᠣᠰ ᠤᠨ ᠠᠶᠤᠰᠢᠷᠢᠳᠠᠷ᠎ᠠ ᠬᠠᠭᠠᠨ ᠤ ᠦᠶ᠎ᠡ ᠳᠤ᠂ ᠠᠯᠲᠠᠢ ᠬᠠᠩᠭᠠᠢ ᠶᠢᠨ ᠦᠵᠦᠮ ᠤᠨ ᠠᠭᠤᠯᠠᠨ ᠠᠴᠠ ᠡᠬᠢᠯᠡᠵᠦ ᠨᠡᠭᠦᠭᠰᠡᠨ ᠪᠢᠰᠢ ᠬᠠᠷᠢᠨ ᠣᠳᠣ ᠶᠢᠨ ᠦᠵᠦᠮᠦᠴᠢᠨ ᠤ ᠲᠠᠯ᠎ᠠ ᠨᠤᠲᠤᠭ ᠠᠴᠠ ᠡᠬᠢᠯᠡᠵᠦ ᠨᠡᠭᠦᠭᠰᠡᠨ ᠶᠡᠭᠡ ᠨᠡᠭᠦᠳᠡᠯ ᠪᠣᠯᠣᠨ᠎ᠠ᠃ ᠳᠤᠤᠷ᠎ᠠ ᠦᠵᠦᠮᠦᠴᠢᠨ ᠤ ᠲᠡᠥᠬᠡᠨ ᠳᠤ ᠪᠣᠯᠣᠭᠰᠠᠨ ᠭᠤᠷᠪᠠᠨ ᠣᠳᠠᠭᠠᠨ ᠤ ᠶᠡᠭᠡ ᠨᠡᠭᠦᠳᠡᠯ ᠢᠶᠠᠷ ᠭᠤᠤᠯ ᠰᠢᠵᠢᠮ ᠪᠣᠯᠭᠠᠨ ᠦᠪᠡᠷ ᠤᠨ ᠦᠵᠡᠯᠲᠡ ᠪᠠᠨ ᠲᠥᠭᠦᠮᠬᠡᠨ ᠶᠠᠷᠢᠶ᠎ᠠ᠃ ᠨᠢᠭᠡ᠂ ᠶᠡᠭᠡ ᠮᠣᠩᠭᠤᠯ ᠬᠠᠭᠠᠨᠲᠤ ᠤᠯᠤᠰ ᠪᠠ ᠶᠤᠸᠠᠨ ᠤᠯᠤᠰ ᠤᠨ ᠦᠶ᠎ᠡ ᠶᠢᠨ ᠦᠵᠦᠮᠦᠴᠢᠨ ᠠᠶᠢᠮᠠᠭ ᠤᠨ ᠨᠡᠭᠦᠳᠡᠯ ᠠᠮᠢᠲᠤᠷᠠᠯ ︵1200 ᠣᠨ ᠤ ᠤᠷᠢᠳ ᠬᠤᠵᠢᠳ ᠠᠴᠠ 1370 ᠣᠨ ᠪᠣᠯᠳᠠᠯᠠᠬᠢ ᠬᠤᠭᠤᠴᠠᠭᠠᠨ ᠳᠤ︶ ᠶᠡᠭᠡ ᠮᠣᠩᠭᠤᠯ ᠬᠠᠭᠠᠨᠲᠤ ᠤᠯᠤᠰ ᠪᠣᠯᠣᠨ ᠶᠤᠸᠠᠨ ᠤᠯᠤᠰ ᠤᠨ ᠦᠶ᠎ᠡ ᠶᠢᠨ ᠲᠡᠥᠬᠡᠨ ᠠᠬᠤᠢ ᠪᠠᠶᠢᠳᠠᠯ ᠪᠣᠯᠣᠨ ᠲᠡᠭᠦᠨ ᠤ ᠪᠡᠯᠴᠢᠭᠡᠷ ᠨᠤᠲᠤᠭ᠂ ᠮᠠᠯᠵᠢᠬᠤ ᠦᠢᠯᠡᠳᠪᠦᠷᠢᠯᠡᠯ ᠢ ᠡᠵᠡᠩᠨᠡᠨ ᠬᠠᠮᠢᠶᠠᠷᠴᠤ ᠪᠠᠶᠢᠭᠰᠠᠨ ᠪᠠᠶᠢᠳᠠᠯ ᠠᠴᠠ ᠡᠭᠦᠰᠴᠦ᠂ ᠦᠵᠦᠮᠦᠴᠢᠨ ᠠᠶᠢᠮᠠᠭ ᠣᠨ ᠳᠤᠭᠠᠯᠠᠯ ᠤᠨ 1200 ᠣᠨ ᠤ ᠣᠷᠢᠳ ᠬᠤᠵᠢᠳ ᠠᠶᠢᠮᠠᠭ ᠪᠣᠯᠣᠨ ᠪᠦᠷᠢᠯᠳᠦᠭᠰᠡᠨ ᠠᠴᠠ ᠪᠠᠨ ᠡᠬᠢᠯᠡᠭᠡᠳ 1370 ᠣᠨ ᠪᠣᠯᠲᠠᠯᠠᠬᠢ 170 ᠭᠠᠷᠤᠢ ᠵᠢᠯ ᠤᠨ ᠳᠤᠲᠤᠷ᠎ᠠ ᠶᠡᠭᠡ ᠨᠡᠭᠦᠳᠡᠯ ᠬᠢᠭᠰᠡᠨ ᠪᠠᠶᠢᠳᠠᠯ ᠢᠯᠡᠷᠡᠭᠰᠡᠨ ᠦᠭᠡᠢ ᠭᠡᠵᠤ ᠦᠵᠡᠨ᠎ᠡ᠃ ᠡᠨᠡ ᠬᠤᠭᠤᠴᠠᠭᠠᠨ ᠳᠤ ᠮᠣᠩᠭᠤᠯᠴᠤᠳ ᠤᠨ ᠨᠣᠲᠤᠭ ᠳᠡᠪᠢᠰᠭᠡᠷ ᠦᠷᠭᠡᠳᠭᠡᠬᠦ ᠴᠡᠷᠢᠭ ᠳᠠᠶᠢᠨ ᠤ ᠠᠵᠢᠯᠯᠠᠭ᠎ᠠ ᠨᠢ ᠴᠥᠮ ᠬᠠᠭᠠᠨᠲᠤ ᠤᠯᠤᠰ ᠤᠨ ᠨᠣᠲᠤᠭ ᠲᠡᠪᠢᠰᠭᠡᠷ ᠠᠴᠠ ᠭᠠᠳᠠᠨ᠎ᠠ ᠶᠠᠪᠤᠭᠳᠠᠵᠤ᠂ ᠬᠠᠭᠠᠨᠲᠤ ᠤᠯᠤᠰ ᠤᠨ ᠵᠠᠭᠠᠭ ᠭᠡᠴᠡ ᠶᠢᠨ ᠳᠤᠲᠤᠷ᠎ᠠ ᠳᠠᠶᠢᠨ ᠳᠠᠵᠢᠨ ᠦᠭᠡᠢ ᠨᠠᠮ ᠳᠤᠭᠳᠠᠭᠤᠨ᠂ ᠮᠠᠯ ᠰᠦᠷᠦᠭ ᠦᠨᠢᠷ ᠦᠰᠬᠦ ᠪᠠᠶᠢᠳᠠᠯ ᠲᠠᠢ᠂ ᠮᠠᠯᠴᠢᠨ ᠠᠶᠢᠯ ᠤᠨ ᠠᠮᠢᠲᠤᠷᠠᠯ ᠰᠢᠨᠡᠳᠬᠦ ᠲᠥᠯᠥᠪ ᠲᠠᠢ ᠪᠣᠯᠣᠭᠰᠠᠨ ᠪᠠᠶᠢᠨ᠎ᠠ᠃ ᠡᠶᠢᠮᠦ ᠪᠣᠯᠬᠤᠷ᠂ ᠴᠢᠩᠭᠢᠰ ᠬᠠᠭᠠᠨ ᠤ ᠰᠣᠶᠤᠷᠬᠠᠯ ᠢᠶᠠᠷ ᠦᠵᠦᠮᠦᠴᠢᠨ ᠲᠠᠯ᠎ᠠ ᠨᠤᠲᠤᠭ ᠤᠨ ᠡᠵᠡᠨ ᠨᠢ ᠪᠣᠯᠤᠭ᠎ᠠ ᠦᠵᠦᠮᠦᠴᠢᠨᠴᠦᠳ ᠡᠨᠡ ᠬᠤᠭᠤᠴᠠᠭᠠᠨ ᠳᠤ ᠮᠠᠯ ᠰᠦᠷᠦᠭ  ᠤᠨ ᠢᠶᠠᠨ ᠲᠥᠷᠪᠡᠨ ᠤᠯᠠᠷᠢᠯ ᠤᠨ ᠪᠡᠯᠴᠢᠭᠡᠷ ᠨᠣᠲᠤᠭ ᠢ ᠳᠤᠬᠢᠷᠠᠭᠤᠯᠬᠤ ᠠᠴᠠ ᠭᠠᠳᠠᠨ᠎ᠠ ᠠᠯᠤᠰ ᠬᠤᠯᠠ ᠦᠷᠦᠭᠡᠯ ᠨᠤᠲᠤᠭ ᠲᠤ ᠨᠡᠭᠦᠳᠡᠯ ᠬᠢᠬᠦ ᠬᠡᠷᠡᠭᠴᠡᠭᠡ ᠭᠡᠵᠤ ᠲᠡᠳᠡᠨ ᠳᠤ ᠪᠠᠶᠢᠭᠰᠠᠨ ᠦᠭᠡᠢ ᠶᠤᠮ᠃ ᠲᠥᠷᠪᠡᠨ ᠤᠯᠠᠷᠢᠯ ᠤᠨ ᠪᠡᠯᠴᠢᠭᠡᠷ ᠨᠤᠲᠤᠭ ᠢ ᠳᠤᠬᠢᠷᠠᠭᠤᠯᠬᠤ ᠳᠤ᠂ ᠪᠣᠰᠣᠳ ᠤᠨ ᠨᠣᠲᠤᠭ ᠲᠤ ᠨᠡᠭᠦᠬᠦ ᠪᠠᠭᠤᠬᠤ  ᠶᠢ ᠬᠠᠭᠠᠨᠲᠤ ᠭᠦᠷᠦᠨ ᠤ ᠬᠠᠤᠯᠢ ᠳᠤᠭᠲᠠᠭᠠᠯ ᠴᠢᠩᠭ᠎ᠠ ᠴᠠᠭᠠᠵᠠᠯᠠᠵᠤ ᠪᠠᠶᠢᠭᠰᠠᠨ ᠪᠦᠭᠡᠳ ᠠᠯᠢ ᠤᠯᠠᠷᠢᠯ ᠳᠤ ᠶᠠᠮᠠᠷ ᠨᠣᠲᠤᠭ ᠲᠤ ᠪᠠᠭᠤᠬᠤ ᠭᠡᠳᠡᠭ ᠢ ᠮᠢᠩᠭᠠᠲᠤ ᠶᠢᠨ ᠨᠣᠶᠠᠳ᠂ ᠵᠠᠭᠤᠲᠤ ᠶᠢᠨ ᠨᠣᠶᠠᠳ ᠪᠣᠶᠤ ᠠᠷᠪᠠᠲᠤ ᠶᠢᠨ ᠨᠣᠶᠠᠳ ᠳᠤᠭᠲᠠᠭᠠᠵᠤ ᠦᠭᠳᠡᠭ ᠪᠠᠶᠢᠵᠠᠢ᠃ ᠮᠠᠨ ᠳᠤ ᠣᠯᠳᠠᠭᠰᠠᠨ ᠲᠡᠥᠬᠡᠨ ᠮᠠᠲ᠋ᠧᠷᠢᠶᠠᠯ ᠨᠤᠭᠤᠳ ᠲᠤ᠂ ︽ᠠᠷᠪᠠᠲᠤ᠂ ᠵᠠᠭᠤᠲᠤ᠂ ᠮᠢᠩᠭᠠᠲᠤ ᠶᠢᠨ ᠲᠥᠷᠢᠮ ᠢ ᠬᠡᠷᠡᠭᠵᠢᠭᠦᠯᠳᠦᠭᠡᠢ᠃ ᠶᠠᠮᠠᠷ ᠨᠢᠭᠡᠨ ᠬᠥᠮᠦᠨ ᠭᠡᠳ ᠡᠷᠬᠡᠦ᠋ᠭᠡᠢ ᠠᠯᠢ ᠨᠢᠭᠡᠨ ᠠᠷᠪᠠᠲᠤ᠂ ᠵᠠᠭᠤᠲᠤ ᠪᠠ ᠮᠢᠩᠭᠠᠲᠤ ᠳᠤ ᠬᠠᠮᠢᠶᠠᠷᠤᠭᠳᠠᠮᠤᠢ᠃ ᠦᠪᠡᠷ ᠤᠨ ᠲᠠᠪᠠ ᠪᠠᠷ ᠢᠶᠠᠨ ᠡᠷᠦᠬᠡ ᠰᠢᠯᠵᠢᠭᠦᠯᠵᠦ ᠪᠣᠯᠬᠤ ᠦᠭᠡᠢ᠂ ᠦᠭᠡᠷ᠎ᠡ ᠨᠤᠲᠤᠭ ᠲᠤ ᠨᠡᠭᠦᠨ ᠰᠢᠯᠵᠢᠵᠦ ᠨᠡᠩ ᠴᠦ ᠥᠯᠥ ᠪᠣᠯᠣᠮᠣᠢ᠃ ᠡᠨᠡ ᠬᠠᠤᠯᠢ ᠶᠢ ᠡᠪᠳᠡᠵᠦ ᠂ ᠬᠠᠤᠯᠢ ᠪᠠᠷ ᠳᠤᠭᠲᠠᠭᠠᠭᠰᠠᠨ ᠭᠠᠵᠠᠷ ᠨᠤᠲᠤᠭ ᠠᠴᠠ ᠵᠠᠶᠢᠯᠠᠨ ᠶᠠᠪᠤᠪᠠᠰᠤ᠂ ᠳᠠᠭᠤᠳᠠᠨ ᠠᠪᠴᠢᠷᠠᠵᠤ ᠲᠣᠯᠣᠭᠠᠢ ᠣᠨᠠᠬᠤ ᠶᠠᠯ᠎ᠠ ᠣᠨᠣᠭᠠᠨ᠎ᠠ᠃ ᠨᠡᠭᠦᠵᠦ ᠵᠠᠶᠢᠯᠠᠬᠤ ᠳᠤ ᠬᠠᠮᠵᠢᠭᠰᠠᠳ ᠢ ᠮᠥᠨ ᠠᠭᠤᠴᠢᠯᠠᠬᠤᠨ ᠦᠭᠡᠢ᠂ ᠮᠥᠨ ᠳᠤᠭᠳᠠᠭᠰᠠᠨ ᠬᠠᠤᠯᠢ ᠪᠠᠷ ᠵᠠᠯᠬᠠᠭᠠᠨ ᠰᠢᠳᠬᠡᠰᠦᠬᠡᠢ︾ ﹇1﹈︔ ︽ᠲᠠᠲ᠋ᠠᠷ ︵ᠮᠣᠩᠭᠤᠯᠴᠤᠳ ᠢ ᠵᠢᠭᠠᠵᠤ ᠪᠣᠢ︶  ᠤᠳ ᠤᠨ ᠬᠠᠭᠠᠨ ᠨᠢ ᠠᠷᠠᠳ ᠢᠷᠭᠡᠳ ᠲᠡᠭᠡᠨ ᠠᠶᠢᠬᠤᠪᠲᠤᠷ ᠶᠡᠭᠡ ᠡᠷᠬᠡ ᠮᠡᠳᠡᠯ ᠲᠠᠢ ᠪᠠᠶᠢᠳᠠᠭ ᠶᠤᠮ᠃ ᠬᠡᠨ ᠬᠥᠮᠥᠨ ᠪᠣᠯᠪᠠᠴᠤ᠂ ᠬᠠᠭᠠᠨ ᠤ ᠵᠠᠷᠯᠢᠭ ᠦᠭᠡᠢ ᠪᠠᠷ ᠶᠠᠮᠠᠷ ᠴᠦ ᠭᠠᠵᠠᠷ ᠣᠷᠣᠨ ᠳᠤ ᠠᠶᠤᠵᠤ ᠰᠠᠭᠤᠬᠤ ᠦᠭᠡᠢ᠃ ᠤᠳᠤᠷᠢᠳᠤᠭᠴᠢᠳ ︵ᠠᠳᠡ ᠬᠥᠪᠡᠭᠦᠳ ᠪᠣᠶᠤ ᠲᠥᠮᠡᠲᠦ ᠶᠢᠨ ᠨᠣᠶᠠᠳ ᠢ ᠵᠢᠭᠠᠵᠤ ᠪᠣᠢ︶ ᠤᠨ ᠰᠠᠭᠤᠬᠤ ᠭᠠᠵᠠᠷ ᠢ ᠬᠠᠭᠠᠨ ᠦᠪᠡᠷ ᠤᠨ ᠪᠡᠶ᠎ᠡ ᠪᠠᠷ ᠵᠢᠭᠠᠵᠤ ᠳᠤᠭᠲᠠᠭᠠᠨ᠎ᠠ᠃ ᠤᠳᠤᠷᠢᠳᠤᠭᠴᠢᠳ ᠨᠢ ᠮᠢᠩᠭᠠᠨ ᠤ ᠨᠣᠶᠠᠨ ᠳᠤ᠂ ᠮᠢᠩᠭᠠᠨ ᠤ ᠨᠣᠶᠠᠨ ᠨᠢ ᠵᠠᠭᠤᠨ ᠤ ᠨᠣᠶᠠᠨ ᠳᠤ᠂ ᠵᠠᠭᠤᠨ ᠤ ᠨᠣᠶᠠᠨ ᠨᠢ ᠠᠷᠪᠠᠨ ᠤ ᠨᠣᠶᠠᠨ ᠳᠤ ᠳᠤᠰ ᠳᠤᠰ ᠵᠢᠭᠠᠪᠤᠷᠢᠯᠠᠨ᠎ᠠ︾ ﹇2﹈ ᠭᠡᠬᠦ ᠮᠡᠳᠦ ᠶᠢᠨ ᠲᠡᠮᠳᠡᠭᠯᠡᠯ ᠬᠠᠷᠠᠭᠳᠠᠳᠠᠭ᠃ ᠡᠳᠡᠭᠡᠷ ᠲᠡᠮᠳᠡᠭᠯᠡᠯ ᠠᠴᠠ᠂ ᠮᠣᠩᠭᠤᠯ ᠬᠠᠭᠠᠨᠲᠤ ᠤᠯᠤᠰ ᠪᠠ ᠶᠤᠸᠠᠨ ᠤᠯᠤᠰ ᠤᠨ ᠦᠶ᠎ᠡ ᠳᠤ ᠨᠤᠲᠤᠭ ᠪᠡᠯᠴᠢᠭᠡᠷ ᠤᠨ ᠬᠠᠮᠢᠶᠠᠷᠤᠯᠲᠠ ᠮᠠᠰᠢ ᠴᠢᠩᠭ᠎ᠠ ᠪᠠᠶᠢᠯ᠎ᠠ ᠭᠡᠳᠡᠭ ᠢ ᠤᠶᠢᠯᠠᠭᠠᠵᠤ ᠪᠣᠯᠬᠤ ᠶᠤᠮ᠃ ᠡᠶᠢᠮᠦᠷᠬᠦ ᠪᠠᠶᠢᠳᠠᠯ ᠳᠤ ᠲᠥᠷᠪᠡᠨ ᠤᠯᠠᠷᠢᠯ ᠤᠨ ᠮᠠᠯ ᠮᠠᠯᠵᠢᠯᠭ᠎ᠠ  ᠶᠢᠨ ᠱᠠᠭᠠᠷᠳᠠᠯᠭ᠎ᠠ ᠳᠤ ᠵᠣᠬᠢᠴᠠᠭᠤᠯᠤᠭᠰᠠᠨ ᠦᠵᠦᠮᠦᠴᠢᠨᠴᠦᠳ ᠤᠨ ᠣᠲᠣᠷ ᠨᠡᠭᠦᠳᠡᠯ ᠭᠠᠵᠠᠷ ᠨᠤᠲᠤᠭ ᠤᠨ ᠢᠶᠠᠨ ᠵᠠᠭᠠᠭ ᠭᠡᠴᠡ ᠶᠢᠨ ᠳᠤᠲᠤᠷ᠎ᠠ ᠯᠠ ᠪᠠᠶᠢᠬᠤ ᠤᠴᠢᠷ ᠲᠠᠢ ᠶᠤᠮ᠃ ᠡᠨᠡ ᠦᠶ᠎ᠡ᠂ ᠦᠵᠦᠮᠦᠴᠢᠨ ᠠᠶᠢᠮᠠᠭ ᠤᠨ ᠨᠣᠶᠠᠳ ᠪᠠ ᠳᠡᠭᠡᠲᠦ ᠳᠠᠪᠬᠤᠷᠭᠠᠲᠠᠨ ᠲᠥᠷᠥ ᠶᠢᠨ ᠠᠯᠪᠠ ᠭᠦᠢᠴᠡᠳᠭᠡᠬᠦ ᠪᠣᠶᠤ ᠬᠤᠶᠠᠭ ᠴᠡᠷᠢᠭ ᠨᠢ ᠴᠡᠷᠢᠭ ᠳᠠᠶᠢᠨ  ᠤ ᠴᠢᠬᠤᠯᠠᠴᠢᠯᠠᠭ᠎ᠠ ᠪᠠᠷ ᠭᠠᠳᠠᠭᠰᠢ ᠮᠣᠷᠳᠠᠬᠤ ᠶᠠᠪᠤᠳᠠᠯ ᠵᠥᠩᠳᠡᠭᠡᠨ ᠪᠠᠶᠢᠳᠠᠭ ᠪᠣᠯᠪᠠᠴᠤ᠂ ᠲᠡᠳᠡᠨᠡᠷ ᠤᠨ ᠠᠷᠤ ᠭᠡᠷ ᠠᠪᠤ ᠡᠵᠢ ᠠᠬ᠎ᠠ ᠳᠡᠭᠦᠦ ᠰᠠᠳᠤᠨ ᠨᠢ ᠦᠵᠦᠮᠦᠴᠢᠨ ᠲᠠᠯ᠎ᠠ ᠨᠤᠲᠤᠭ ᠲᠠᠭᠠᠨ ᠣᠷᠣᠩᠨᠠᠨ ᠠᠮᠢᠲᠤᠷᠠᠭᠰᠠᠨ ᠬᠡᠪ  ᠲᠡᠭᠡᠨ ᠪᠠᠶᠢᠳᠠᠭ ᠶᠤᠮ᠃ ᠦᠵᠦᠮᠦᠴᠢᠨᠴᠦᠳ ᠤᠨ 170 ᠭᠠᠷᠤᠢ ᠵᠢᠯ ᠦᠷᠭᠦᠯᠵᠢᠯᠡᠭᠰᠡᠨ ᠡᠮᠬᠢ ᠳᠢᠭᠯᠢᠮ ᠲᠠᠢ᠂ ᠡᠩᠬᠡ ᠲᠥᠪᠰᠢᠨ ᠠᠮᠢᠲᠤᠷᠠᠯ ᠤᠨ ᠪᠠᠶᠢᠳᠠᠯ ᠠᠷᠪᠠᠨ ᠲᠥᠷᠪᠡᠳᠦᠭᠡᠷ ᠵᠠᠭᠤᠨ ᠤ ᠲᠠᠯᠠᠭᠠᠳ ᠣᠨ ᠤ ᠦᠶᠡᠰ᠂ ᠶᠤᠸᠠᠨ ᠤᠯᠤᠰ ᠳᠤᠮᠳᠠᠲᠤ ᠣᠷᠣᠨ ᠢ ᠠᠯᠳᠠᠵᠤ᠂ ᠡᠭᠦᠨ ᠤ ᠵᠠᠯᠭᠠᠯᠳᠤᠭᠠᠪᠠᠷ ᠳᠡᠭᠡᠲᠦ ᠨᠡᠶᠢᠰᠯᠡᠯ ᠡᠪᠳᠡᠭᠳᠡᠵᠦ᠂ ᠮᠢᠩ ᠤᠯᠤᠰ  ᠤᠨ ᠴᠡᠷᠢᠭ ᠮᠣᠩᠭᠤᠯ ᠣᠷᠣᠨ ᠳᠤ ᠣᠳᠠᠭ᠎ᠠ ᠳᠠᠷᠠᠭ᠎ᠠ ᠪᠠᠷ ᠲᠥᠷᠢᠵᠦ ᠣᠷᠣᠵᠤ ᠢᠷᠡᠭᠰᠡᠨ ᠦᠶ᠎ᠡ ᠳᠤ ᠮᠠᠰᠢ ᠶᠡᠭᠡ ᠬᠤᠪᠢᠷᠠᠯᠲᠠ ᠭᠠᠷᠴᠠᠢ᠃ ᠬᠤᠶᠠᠷ᠂ ᠣᠮᠠᠷᠠᠲᠤ ᠶᠤᠸᠠᠨ ᠤᠯᠤᠰ ᠤᠨ ᠡᠬᠢᠨ ᠤ ᠦᠶ᠎ᠡ ᠶᠢᠨ ᠦᠵᠦᠮᠦᠴᠢᠨ ᠠᠶᠢᠮᠠᠭ ᠤᠨ ᠠᠩᠬᠠᠳᠠᠭᠴᠢ ᠶᠡᠭᠡ ᠨᠡᠭᠦᠳᠡᠯ ︵1370 ᠣᠨ — — 1480 ᠣᠨ ᠤ ᠪᠠᠷᠤᠭ︔ 110 ᠭᠠᠷᠤᠢ ᠵᠢᠯ ᠤᠨ ᠨᠡᠭᠦᠳᠡᠯ︶ ᠶᠤᠸᠠᠨ ᠤᠯᠤᠰ ᠤᠨ ᠰᠡᠭᠦᠯᠴᠢ ᠶᠢᠨ ᠦᠶ᠎ᠡ ᠪᠠᠷ᠂ ᠡᠷᠲᠡ ᠳᠡᠭᠡᠲᠦ ᠶᠢᠨ ᠦᠶ᠎ᠡ ᠠᠴᠠ ᠪᠠᠨ ᠬᠢᠩᠭᠠᠨ ᠨᠢᠷᠤᠭᠤᠨ ᠤ ᠦᠯᠭᠡ ᠪᠠᠷ ᠨᠤᠲᠤᠭ ᠲᠠᠢ ᠦᠵᠦᠮᠦᠴᠢᠨ ᠤᠲᠤᠭ ︵ᠠᠶᠢᠮᠠᠭ︶ ᠤᠨ ᠬᠢᠨ ᠴᠠᠬᠠᠷ ᠲᠥᠮᠡᠨ ᠤ ᠵᠠᠬᠢᠷᠭᠠᠨ ᠳᠤ ᠬᠠᠷᠢᠶᠠᠯᠠᠭᠳᠠᠵᠤ᠂ ᠴᠡᠷᠢᠭ ᠬᠤᠶᠠᠭ ᠨᠢ ᠲᠠᠶᠢᠲᠤ ᠨᠡᠶᠢᠰᠯᠡᠯ ᠳᠤ ᠶᠡᠭᠡ ᠬᠠᠭᠠᠨ ᠤ ᠳᠡᠷᠭᠡᠳᠡᠭᠦᠷ ᠠᠯᠪᠠ ᠬᠠᠭᠠᠵᠤ ᠪᠠᠶᠢᠭᠰᠠᠨ ᠶᠤᠮ᠃ 1368 ᠣᠨ ᠳᠤ᠂ ᠲᠤᠭᠤᠨᠲᠡᠮᠦᠷ ᠬᠠᠭᠠᠨ ᠮᠢᠩ ᠤᠯᠤᠰ ᠲᠤ ᠴᠡᠷᠢᠭ ᠢᠯᠠᠭᠳᠠᠵᠤ ᠲᠠᠶᠢᠲᠤ ᠠᠴᠠ ᠤᠬᠤᠷᠢᠵᠤ᠂ ᠲᠡᠭᠡᠲᠦ ᠨᠡᠶᠢᠰᠯᠡᠯ ᠱᠠᠩᠲᠤ ᠳᠤ ᠬᠥᠷᠴᠦ᠂ ᠲᠡᠳᠦᠢ ᠯᠡ ᠤᠳᠠᠯ ᠦᠭᠡᠢ ᠳᠠᠬᠢᠨ ᠢᠩᠴᠠᠩ ᠹᠦ᠋ ︵ᠪᠠᠰᠠ ᠪᠠᠷᠰ ᠬᠤᠲᠠ ᠭᠡᠳᠡᠭ᠂ ᠣᠲᠣ ᠶᠢᠨ ᠬᠡᠰᠢᠭᠲᠡᠨ ᠬᠤᠰᠢᠭᠤᠨ ᠤ ᠳᠠᠯᠠᠢ ᠨᠠᠭᠤᠷ ᠤᠨ ᠤᠷᠴᠢᠮ︶ ᠳᠤ ᠤᠬᠤᠷᠢᠨ ᠤᠴᠢᠵᠤ ᠲᠡᠨᠳᠡ ᠨᠡᠶᠢᠰᠯᠡᠵᠡᠢ᠃ ᠡᠭᠦᠨ ᠤ ᠳᠠᠷᠠᠭ᠎ᠠ ᠪᠠᠷ᠂ ᠲᠤᠭᠤᠨᠲᠡᠮᠦᠷ ᠬᠠᠭᠠᠨ 1370 ᠣᠨ ᠪᠣᠯᠲᠠᠯᠠᠬᠢ ᠬᠤᠶᠠᠷ ᠵᠢᠯ ᠢᠯᠡᠭᠦᠦ ᠶᠢᠨ ᠬᠤᠭᠤᠴᠠᠭᠠᠨ ᠳᠤ ᠲᠠᠶᠢᠲᠤ ᠨᠡᠶᠢᠰᠯᠡᠯ ᠢᠶᠠᠨ ᠪᠣᠴᠠᠭᠠᠨ ᠠᠪᠬᠤ ᠡᠭᠦᠨ ᠤ ᠣᠯᠠᠮ ᠠᠴᠠ ᠳᠤᠮᠳᠠᠲᠤ ᠣᠷᠣᠨ ᠳᠠᠬᠢ ᠨᠣᠶᠠᠷᠬᠠᠯ ᠢᠶᠠᠨ ᠳᠠᠬᠢᠨ ᠰᠡᠷᠭᠦᠭᠡᠬᠦ ᠴᠡᠷᠢᠭ ᠳᠠᠶᠢᠨ ᠤ ᠣᠷᠣᠯᠳᠤᠯᠭ᠎ᠠ ᠶᠢ ᠭᠤᠷᠪᠠᠨᠲᠠ ᠬᠢᠭᠰᠡᠨ ᠪᠣᠯᠪᠠᠴᠤ ᠴᠥᠮ ᠢᠯᠠᠭᠳᠠᠭᠰᠠᠨ ᠤ ᠤᠴᠢᠷ᠂ ᠪᠡᠶ᠎ᠡ ᠰᠡᠳᠬᠢᠯ ᠨᠢ ᠲᠤᠩ ᠶᠡᠭᠡ ᠴᠤᠬᠢᠯᠲᠠ ᠣᠯᠵᠤ᠂ 1370 ᠣᠨ  ᠤ 4 ᠰᠠᠷ᠎ᠠ ᠶᠢᠨ 28 ᠡᠳᠦᠷ ᠢᠩᠴᠠᠩ ᠹᠦ᠋ ᠳᠤ ᠨᠠᠰᠤ ᠪᠠᠷᠠᠵᠠᠢ᠃ ᠮᠢᠩ ᠤᠯᠤᠰ ᠤᠨ ᠵᠠᠩᠵᠤᠨ ᠯᠢ ᠸᠧᠨ ᠵᠥᠩ᠂ ᠤᠬᠠᠭᠠᠨᠲᠤ ᠬᠠᠭᠠᠨ ᠲᠤᠭᠤᠨᠲᠡᠮᠦᠷ ᠨᠠᠰᠤ ᠪᠠᠷᠠᠵᠤ ᠪᠢᠯᠢᠭᠲᠦ ᠬᠠᠭᠠᠨ ᠠᠶᠤᠰᠢᠷᠢᠳᠠᠷ᠎ᠠ ᠰᠠᠶ᠋ᠢ ᠰᠠᠭᠤᠷᠢᠨ ᠳᠤ ᠰᠠᠭᠤᠵᠤ᠂ ᠤᠮᠠᠷᠠᠲᠤ ᠶᠤᠸᠠᠨ ᠤ ᠬᠢᠨ ᠤᠯᠤᠰ ᠳᠠᠶᠠᠭᠠᠷ ᠢᠶᠠᠷ ᠢᠶᠠᠨ ᠶᠡᠭᠡ ᠭᠠᠰᠢᠭᠤᠳᠠᠯ ᠳᠤ ᠡᠮᠭᠡᠨᠢᠵᠦ ᠪᠠᠶᠢᠭ᠎ᠠ ᠵᠠᠪᠰᠢᠶᠠᠨ ᠢ ᠳᠠᠯᠢᠮᠳᠠᠭᠤᠯᠤᠨ᠂ ᠶᠡᠭᠡ ᠴᠡᠷᠢᠭ ᠢᠶᠠᠷ ᠶᠠᠮᠠᠷ ᠴᠦ ᠪᠡᠯᠡᠳᠭᠡᠯ ᠦᠭᠡᠢ ᠪᠠᠶᠢᠭᠰᠠᠨ ᠰᠢᠨ᠎ᠡ ᠨᠡᠶᠢᠰᠯᠡᠯ ᠢᠩᠴᠠᠩ ᠹᠦ᠋ ᠶᠢ ᠳᠠᠭᠠᠷᠢᠨ ᠴᠤᠬᠢᠵᠠᠢ᠃ ︽ᠤᠮᠠᠷᠠᠲᠤ ᠶᠤᠸᠠᠨ ᠤ ᠲᠡᠥᠬᠡ︾ ᠳᠤ ᠡᠨᠡ ᠦᠶ᠎ᠡ ᠶᠢᠨ ᠪᠠᠶᠢᠳᠠᠯ ᠢ ᠲᠡᠮᠳᠡᠭᠯᠡᠬᠦ ᠳᠡᠭᠡᠨ᠄ ︽ᠮᠢᠩ ᠤᠯᠤᠰ ᠤᠨ ᠶᠡᠭᠡ ᠴᠡᠷᠢᠭ ᠢᠩᠴᠠᠩ ᠢ ᠭᠡᠨᠡᠳᠡᠭᠦᠯᠦᠨ ᠳᠠᠭᠠᠷᠢᠭᠰᠠᠨ ᠳᠤ᠂ ᠤᠮᠠᠷᠠᠲᠤ ᠶᠤᠸᠠᠨ ᠤ ᠰᠢᠨ᠎ᠡ ᠬᠠᠭᠠᠨ ᠠᠶᠤᠰᠢᠷᠢᠳᠠᠷ᠎ᠠ ᠪᠡᠯᠡᠳᠭᠡᠯ ᠦᠭᠡᠢ ᠵᠥᠪᠬᠡᠨ ᠤᠮᠠᠷᠠᠰᠢ ᠵᠢᠭᠤᠳᠠᠵᠤ᠂ ᠮᠢᠩ ᠤᠯᠤᠰ ᠤᠨ ᠴᠡᠷᠢᠭ ᠲᠡᠭᠦᠨ ᠤ ᠬᠥᠪᠡᠭᠦᠨ ᠮᠠᠶᠢᠳᠠᠷᠠᠪᠠᠷᠠ ᠪᠣᠯᠣᠨ ᠬᠠᠳᠤᠨ᠂ ᠲᠠᠲᠠᠪᠤᠷᠢ᠂ ᠤᠷᠲᠤᠨ ᠤ ᠬᠥᠮᠥᠰ᠂ ᠣᠯᠠᠨ ᠸᠠᠩ᠂ ᠵᠠᠩᠵᠤᠨ᠂ ᠲᠥᠰᠢᠮᠡᠳ ᠬᠡᠳᠦᠨ ᠵᠠᠭᠤᠨ ᠬᠥᠮᠥᠨ ᠪᠠ ᠴᠡᠷᠢᠭ ᠬᠤᠶᠠᠭ ᠨᠢᠭᠡ ᠲᠥᠮᠡ ᠭᠤᠷᠪᠠᠨ ᠮᠢᠩᠭ᠎ᠠ ᠭᠠᠷᠤᠢ ᠶᠢ ᠤᠯᠵᠠᠯᠠᠵᠤ᠂ ᠠᠯᠲᠠᠨ ᠲᠠᠮᠠᠭ᠎ᠠ ᠠᠷᠪᠠᠨ ᠵᠢᠷᠭᠤᠭ᠎ᠠ ᠵᠢᠴᠢ ᠡᠯᠳᠡᠪ ᠵᠥᠢᠯ ᠤᠨ ᠡᠳ᠋ ᠡᠷᠳᠡᠨᠢᠰ ᠢ ᠤᠯᠵᠠᠯᠠᠭᠰᠠᠨ ᠠᠨᠤ ᠲᠤᠭᠠᠯᠠᠪᠠᠰᠤ ᠪᠠᠷᠠᠰᠢ ᠦᠭᠡᠢ᠃ ᠮᠢᠩ ᠤᠯᠤᠰ ᠤᠨ ᠵᠠᠩᠵᠤᠨ ᠯᠢ ᠸᠧᠨ ᠵᠥᠩ ᠰᠢᠯᠢᠳᠡᠭ ᠮᠣᠷᠢᠲᠤ ᠴᠡᠷᠢᠭ ᠲᠤᠮᠢᠯᠠᠨ ᠤᠮᠠᠷᠠᠰᠢ ᠳᠤᠳᠠᠭᠠᠭᠰᠠᠨ ᠣᠮᠠᠷᠠᠲᠤ ᠶᠤᠸᠠᠨ ᠤ ᠰᠢᠨ᠎ᠡ ᠬᠠᠭᠠᠨ ᠠᠶᠤᠰᠢᠷᠢᠳᠠᠷ᠎ᠠ ᠶᠢ ᠨᠡᠬᠡᠮᠵᠢᠯᠡᠵᠦ ᠴᠢᠩᠵᠧᠦ ︵ᠦᠪᠦᠷ ᠮᠣᠩᠭᠤᠯ ᠤᠨ ᠤᠯᠠᠭᠠᠨᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤ᠂ ᠵᠡᠭᠦᠨ ᠬᠤᠰᠢᠭᠤᠨ ᠤ ᠭᠠᠵᠠᠷ︶ ᠬᠥᠷᠥᠭᠡᠳ ᠪᠣᠴᠠᠵᠤᠬᠤᠢ︾ ﹇3﹈ ᠭᠡᠵᠡᠢ᠃ ᠤᠮᠠᠷᠠᠲᠤ ᠶᠤᠸᠠᠨ ᠤᠯᠤᠰ ᠰᠢᠨ᠎ᠡ ᠨᠡᠶᠢᠰᠯᠡᠯ ᠢᠶᠠᠨ ᠠᠯᠳᠠᠭᠰᠠᠨ ᠪᠠ ᠭᠤᠤᠯ ᠬᠥᠴᠥᠨ ᠴᠡᠷᠢᠭ ᠬᠥᠨᠲᠦ ᠬᠤᠬᠢᠷᠠᠯ ᠳᠤ ᠤᠴᠠᠷᠠᠭᠰᠠᠨ ᠶᠠᠪᠤᠳᠠᠯ ᠨᠢ ᠲᠡᠭᠦᠨ ᠢ ᠨᠣᠶᠠᠷᠬᠠᠯ ᠤᠨ ᠲᠥᠪ ᠢᠶᠠᠨ ᠭᠤᠪᠢ ᠶᠢᠨ ᠤᠮᠠᠷᠠᠲᠤ ᠳᠤ ᠰᠢᠯᠵᠢᠭᠦᠯᠬᠦ ᠴᠢᠬᠤᠯᠠ ᠲᠠᠢ ᠪᠣᠯᠭᠠᠭᠰᠠᠨ ᠤ ᠳᠠᠭᠠᠤ ᠳᠤ᠂ ᠦᠵᠦᠮᠦᠴᠢᠨ ᠤ ᠲᠠᠯ᠎ᠠ ᠨᠤᠲᠤᠭ ᠴᠦ ᠮᠢᠩ ᠤᠯᠤᠰ ᠤᠨ ᠴᠡᠷᠢᠭ ᠤᠨ ᠰᠢᠭᠤᠳ ᠰᠦᠷᠳᠡᠭᠦᠯᠦᠯ ᠳᠤ ᠣᠴᠠᠷᠠᠵᠤ᠂ ᠦᠵᠦᠮᠦᠴᠢᠨᠴᠦᠳ ᠨᠤᠲᠤᠭ ᠤᠰᠤᠨ ᠠᠴᠠ ᠪᠠᠨ ᠰᠠᠯᠵᠤ ᠶᠡᠭᠡ ᠨᠡᠭᠦᠳᠡᠯ ᠬᠢᠬᠦ ᠦᠭᠡᠢ ᠪᠠᠶᠢᠬᠤ ᠶᠢᠨ ᠠᠷᠭ᠎ᠠ ᠦᠭᠡᠢ ᠪᠣᠯᠵᠠᠢ᠃ ᠵᠠᠭᠤ ᠢᠯᠡᠭᠦᠦ ᠵᠢᠯ ᠦᠷᠭᠦᠯᠵᠢᠯᠡᠭᠰᠡᠨ ᠦᠵᠦᠮᠦᠴᠢᠨ ᠠᠶᠢᠮᠠᠭ ᠤᠨ ᠠᠩᠬᠠᠳᠠᠭᠴᠢ ᠶᠡᠭᠡ ᠨᠡᠭᠦᠳᠡᠯ ᠡᠶᠢᠮᠦᠷᠬᠦ ᠠᠶᠤᠯ ᠳᠦᠭᠰᠢᠭᠦᠷᠢ ᠲᠠᠢ ᠪᠠᠴᠢᠮ ᠪᠠᠶᠢᠳᠠᠯ ᠤᠨ ᠳᠤᠤᠷ᠎ᠠ ᠡᠬᠢᠯᠡᠭᠰᠡᠨ ᠪᠠᠶᠢᠨ᠎ᠠ᠃ ᠦᠵᠦᠮᠦᠴᠢᠨ ᠠᠶᠢᠮᠠᠭ ᠤᠨ ᠡᠨᠡ ᠤᠳᠠᠭᠠᠨ ᠤ ᠶᠡᠭᠡ ᠨᠡᠭᠦᠳᠡᠯ ᠤᠨ ᠠᠩᠬᠠᠨ ᠤ ᠪᠠᠭᠤᠴᠠ ᠶᠢ ᠬᠡᠨᠲᠡᠢ ᠠᠭᠤᠯᠠᠨ ᠤ ᠤᠷᠴᠢᠮ ᠳᠠᠬᠢ ᠭᠠᠵᠠᠷ ᠣᠷᠣᠨ ᠪᠠᠶᠢᠯ᠎ᠠ ᠭᠡᠵᠤ ᠦᠵᠡᠨ᠎ᠡ᠃ ︽ᠤᠮᠠᠷᠠᠲᠤ ᠶᠤᠸᠠᠨ ᠤ ᠲᠡᠦᠬᠡ︾ ᠳᠤ᠄ ︽ᠶᠤᠸᠠᠨ ᠵᠤᠤᠽᠥ᠋ᠩ ᠠᠶᠤᠰᠢᠷᠢᠳᠠᠷ᠎ᠠ ᠳᠤᠳᠠᠭᠠᠵᠤ ᠤᠷᠢᠳᠠᠪᠠᠷ ᠴᠢᠩᠵᠧᠦ ᠳᠤ ᠬᠥᠷᠴᠦ᠂ ᠰᠡᠭᠦᠯᠡᠷ ᠨᠢ ᠰᠢᠯᠵᠢᠵᠦ ᠬᠠᠷᠠᠬᠤᠷᠤᠮ ︵ᠣᠳᠣ  ᠶᠢᠨ ᠮᠣᠩᠭᠤᠯ ᠤᠯᠤᠰ ᠤᠨ ᠬᠠᠷᠠᠬᠤᠷᠤᠮ︶ ᠳᠤ ᠬᠦᠷᠦᠭᠰᠡᠨ ᠪᠠᠶᠢᠨ᠎ᠠ︾ ﹇4﹈ ᠭᠡᠵᠤ ᠲᠡᠮᠳᠡᠭᠯᠡᠵᠡᠢ᠃ ᠶᠡᠭᠡ ᠬᠠᠭᠠᠨ ᠬᠠᠷᠠᠬᠤᠷᠤᠮ ᠳᠤ ᠬᠥᠷᠥᠭᠰᠡᠨ ᠪᠣᠯᠬᠤᠷ᠂ ᠲᠡᠭᠦᠨ ᠤ ᠰᠢᠭᠤᠳ ᠬᠠᠷᠢᠶᠠᠨ ᠤ ᠠᠷᠠᠳ ᠢᠷᠭᠡᠳ ᠪᠣᠯᠬᠤ ᠦᠵᠦᠮᠦᠴᠢᠨ ᠠᠶᠢᠮᠠᠭ ᠤᠨ ᠬᠢᠨ ᠬᠤᠶᠢᠨ᠎ᠠ ᠠᠴᠠ ᠨᠢ ᠳᠠᠭᠠᠵᠤ ᠬᠥᠷᠬᠦ ᠨᠢ ᠵᠥᠢ ᠶᠣᠰᠤᠨ ᠤ ᠶᠠᠪᠤᠳᠠᠯ ᠪᠣᠯᠣᠨ᠎ᠠ᠃ ︽ᠤᠮᠠᠷᠠᠲᠤ ᠶᠤᠸᠠᠨ ᠤ ᠲᠡᠦᠬᠡ︾ ᠳᠤ ᠪᠠᠰᠠ ᠲᠡᠮᠳᠡᠭᠯᠡᠬᠦ ᠳᠡᠭᠡᠨ᠄ ︽ᠤᠮᠠᠷᠠᠲᠤ ᠶᠤᠸᠠᠨ ᠤᠯᠤᠰ ᠤᠨ ᠬᠤᠶᠠᠳᠤᠭᠠᠷ ᠦᠶ᠎ᠡ ᠶᠢᠨ ᠬᠠᠭᠠᠨ ᠠᠶᠤᠰᠢᠷᠢᠳᠠᠷ᠎ᠠ ᠰᠠᠭᠤᠷᠢᠨ ᠳᠤ ᠰᠠᠭᠤᠭᠰᠠᠨ ᠤ ᠪᠠᠨ ᠳᠠᠷᠠᠭ᠎ᠠ᠂ ᠶᠤᠸᠠᠨ ᠤᠯᠤᠰ ᠤᠨ ᠲᠥᠷᠥ  ᠶᠢ ᠳᠠᠬᠢᠵᠤ ᠰᠡᠷᠭᠦᠭᠡᠬᠦ ᠶᠡᠭᠡ ᠦᠢᠯᠡᠰ ᠢ ᠪᠡᠶᠡᠯᠡᠭᠦᠯᠬᠦ ᠪᠠᠷ ᠤᠷᠤᠯᠳᠤᠵᠠᠢ᠃ ᠲᠡᠷᠡ ᠪᠠᠷ ᠡᠩ ᠲᠡᠷᠢᠭᠦᠨ ᠳᠤ ᠬᠠᠭᠠᠨ ᠤᠷᠲᠤᠨ ᠤ ᠪᠠᠶᠢᠭᠤᠯᠤᠮᠵᠢ ᠳᠤ ᠴᠡᠭᠴᠡᠯᠡᠯᠲᠡ ᠬᠢᠬᠦ ᠶᠢᠨ ᠳᠠᠭᠠᠤ ᠳᠤ ᠡᠷᠳᠡᠮᠲᠡᠨ ᠮᠡᠷᠭᠡᠳ ᠢ ᠦᠷᠭᠡᠨ ᠢᠶᠠᠷ ᠡᠯᠰᠡᠵᠦ᠂ ᠬᠥᠬᠡᠲᠡᠮᠦᠷ᠂ ᠬᠠᠯᠵᠠᠨ ᠵᠡᠷᠭᠡ ᠡᠷᠳᠡᠮ ᠴᠢᠳᠠᠪᠤᠷᠢ ᠪᠦᠬᠦᠢ ᠵᠠᠩᠵᠤᠨ ᠨᠠᠷ ᠢ ᠳᠡᠷᠭᠡᠲᠡ ᠪᠠᠨ ᠴᠤᠭᠯᠠᠭᠤᠯᠤᠨ᠂ ᠴᠢᠬᠤᠯᠠ ᠳᠤᠰᠢᠶᠠᠯ ᠢ ᠡᠭᠦᠷᠭᠡᠯᠡᠭᠦᠯᠵᠡᠢ᠃ ᠶᠡᠭᠡ ᠮᠣᠩᠭᠤᠯ ᠬᠠᠭᠠᠨᠲᠤ ᠤᠯᠤᠰ ᠤᠨ ᠦᠶ᠎ᠡ ᠶᠢᠨ ᠨᠡᠶᠢᠰᠯᠡᠯ ᠬᠤᠲᠠ ᠬᠠᠷᠠᠬᠤᠷᠤᠮ ᠢᠶᠠᠷ ᠰᠠᠭᠤᠷᠢᠨ ᠭᠠᠵᠠᠷ ᠪᠣᠯᠭᠠᠨ᠂ ᠤᠯᠤᠰ ᠲᠥᠷᠥ ᠶᠢᠨ ᠲᠥᠪ ᠢᠶᠠᠨ ᠬᠠᠷᠠᠬᠤᠷᠤᠮ ᠠᠴᠠ ᠬᠥᠪᠲᠦ ︵ᠣᠳᠣ ᠶᠢᠨ ᠮᠣᠩᠭᠤᠯ ᠤᠯᠤᠰ ᠤᠨ ᠪᠠᠷᠠᠭᠤᠨ ᠬᠡᠰᠡᠭ ᠲᠤ ᠪᠣᠢ︶ ᠳᠤ ᠰᠢᠯᠵᠢᠭᠦᠯᠵᠦ᠂ ᠠᠯᠲᠠᠨ ᠠᠭᠤᠯᠠᠨ ︵ᠠᠯᠲᠠᠢ ᠠᠭᠤᠯᠠ︶ ᠳᠤ ᠣᠷᠲᠣᠨ ᠪᠠᠭᠤᠵᠤ᠂ ᠪᠦᠬᠦᠶᠢᠯᠡ ᠮᠣᠩᠭᠤᠯ ᠢ ᠨᠤᠶᠠᠷᠬᠠᠬᠤ ᠭᠤᠤᠯ ᠲᠥᠪ ᠢ ᠪᠦᠷᠢᠯᠳᠦᠭᠦᠯᠵᠡᠢ︾ ﹇5﹈ ᠭᠡᠰᠡᠨ ᠪᠠᠶᠢᠨ᠎ᠠ᠃ ᠡᠨᠡ ᠲᠡᠮᠳᠡᠭᠯᠡᠯ ᠢ ᠦᠨᠳᠦᠰᠦᠯᠡᠭᠡᠳ ᠦᠵᠦᠮᠦᠴᠢᠨ ᠠᠶᠢᠮᠠᠭ ᠤᠨ ᠬᠢᠨ ᠢ ᠬᠡᠨᠲᠡᠢ ᠠᠭᠤᠯᠠ ᠤᠷᠴᠢᠮ ᠲᠡᠳᠦᠢ ᠯᠡ ᠤᠳᠠᠯ ᠦᠭᠡᠢ ᠪᠠᠷ ᠪᠠᠷᠠᠭᠤᠨᠰᠢᠯᠠᠵᠤ ᠠᠯᠲᠠᠢ ᠨᠢᠷᠤᠭᠤᠨ ᠳᠤ ᠨᠡᠭᠦᠳᠡᠯᠯᠡᠵᠦ ᠤᠴᠢᠯ᠎ᠠ ᠭᠡᠵᠤ ᠦᠵᠡᠵᠦ ᠪᠣᠯᠣᠨ᠎ᠠ᠃ ᠠᠶᠤᠰᠢᠷᠢᠳᠠᠷ᠎ᠠ ᠬᠠᠭᠠᠨ ᠠᠴᠠ ᠳᠠᠷᠠᠭ᠎ᠠ᠂ ᠣᠰᠬᠠᠯ ᠬᠠᠭᠠᠨ ᠲᠡᠭᠦᠰᠲᠡᠮᠦᠷ ᠤᠨ ᠶᠡᠭᠡ ᠤᠷᠲᠤ ᠬᠥᠯᠥᠨ ᠪᠦᠢᠷ ᠤᠷᠴᠢᠮ ᠪᠠᠶᠢᠭᠰᠠᠨ ﹇6﹈ ᠠᠴᠠ ᠵᠢᠱᠢᠪᠡᠯ᠂ ᠦᠵᠦᠮᠦᠴᠢᠨ ᠠᠶᠢᠮᠠᠭ ᠤᠨ ᠬᠢᠨ ᠡᠨᠡ ᠣᠳᠠᠭᠠᠨ ᠤ ᠶᠡᠭᠡ ᠨᠡᠭᠦᠳᠡᠯ ᠤᠨ ᠡᠬᠢᠨ ᠬᠤᠭᠤᠴᠠᠭᠠᠨ ᠳᠤ ᠠᠯᠢ ᠨᠢᠭᠡᠨ ᠭᠠᠵᠠᠷ ᠣᠷᠤᠨ ᠳᠤ ᠲᠡᠳᠦᠢ ᠤᠳᠠᠭᠠᠨ ᠰᠠᠭᠤᠯ ᠦᠭᠡᠢ  ᠪᠠᠷ ᠠᠯᠲᠠᠢ ᠨᠢᠷᠤᠭᠤ᠂ ᠬᠠᠩᠭᠠᠢ ᠠᠭᠤᠯᠠᠨ ᠠᠴᠠ ᠬᠥᠯᠥᠨ ᠨᠠᠭᠤᠷ᠂ ᠪᠦᠢᠷ ᠨᠠᠭᠤᠷ ᠬᠥᠷᠲᠡᠯᠡᠬᠢ ᠦᠷᠭᠡᠨ ᠠᠭᠤᠳᠠᠮ ᠭᠠᠵᠠᠷ ᠣᠷᠣᠨ ᠢᠶᠠᠷ ᠬᠠᠭᠠᠨ ᠤᠷᠲᠤ ᠶᠢ ᠳᠠᠭᠠᠵᠤ ᠨᠠᠰᠢ ᠴᠠᠰᠢ ᠨᠡᠭᠦᠳᠡᠯᠯᠡᠵᠦ ᠪᠠᠶᠢᠭᠰᠠᠨ ᠪᠣᠯᠣᠯᠲᠠᠢ᠃ ᠡᠶᠢᠮᠦᠷᠬᠦ ᠪᠠᠶᠢᠳᠠᠯ ᠢ 1388 ᠣᠨ ᠳᠤ ᠲᠡᠭᠦᠰᠲᠡᠮᠦᠷ ᠬᠠᠭᠠᠨ ᠬᠤᠤᠷᠯᠠᠭᠳᠠᠵᠤ᠂ ᠠᠷᠢᠭᠪᠦ᠋ᠬᠡ ᠶᠢᠨ ᠣᠭᠰᠠᠭᠠᠨ ᠤ ᠶᠢᠰᠦᠳᠡᠷ ᠬᠠᠭᠠᠨ ᠰᠠᠭᠤᠷᠢᠨ ᠳᠤ ᠰᠠᠭᠤᠭᠰᠠᠨ ﹇7﹈ ᠤ ᠰᠡᠭᠦᠯᠡᠷ ᠬᠤᠪᠢᠷᠠᠯᠲᠠ ᠲᠠᠢ ᠪᠣᠯᠣᠯ᠎ᠠ ᠭᠡᠵᠤ ᠦᠵᠡᠨ᠎ᠡ᠃ ᠡᠨᠡ ᠦᠶ᠎ᠡ ᠠᠴᠠ ᠡᠬᠢᠯᠡᠨ ᠦᠭᠡᠲᠡᠢ ᠶᠢᠨ ᠣᠭᠰᠠᠭᠠᠨ ᠤ ᠪᠠ ᠬᠤᠪᠢᠯᠠᠢ᠂ ᠠᠷᠢᠭᠪᠦ᠋ᠬᠡ ᠶᠢᠨ ᠤᠭᠰᠠᠭᠠᠨ ᠤ ᠬᠤᠭᠤᠷᠤᠨᠳᠤᠬᠢ ᠬᠠᠭᠠᠨ ᠰᠠᠭᠤᠷᠢᠨ ᠤ ᠪᠣᠯᠢᠶᠠᠯᠳᠤᠭᠠᠨ ᠰᠢᠷᠦᠭᠦᠰᠴᠦ᠂ ᠠᠷᠪᠠᠨ ᠳᠠᠪᠤᠳᠤᠭᠠᠷ ᠵᠠᠭᠤᠨ ᠤ ᠳᠠᠯᠠᠭᠠᠳ ᠣᠨ ᠤ ᠰᠡᠭᠦᠯᠴᠢ ᠪᠣᠯᠲᠠᠯᠠᠬᠢ ᠶᠢᠷᠡ ᠰᠢᠬᠠᠮ ᠵᠢᠯ ᠤᠨ ᠬᠤᠭᠤᠴᠠᠭᠠᠨ ᠳᠤ ᠤᠷᠢᠳ ᠬᠤᠵᠢᠳ ᠠᠷᠪᠠᠨ ᠬᠠᠭᠠᠨ ᠬᠤᠣᠷᠯᠠᠭᠳᠠᠵᠤ᠂ ᠵᠠᠯᠢᠬᠠᠢ ᠳᠦᠰᠢᠮᠡᠯ ᠣᠷᠲᠤ ᠬᠤᠭᠤᠴᠠᠭ᠎ᠠ ᠪᠠᠷ ᠡᠷᠬᠡ ᠠᠳᠬᠤᠵᠤ᠂ ᠬᠠᠭᠠᠨ ᠰᠢᠷᠡᠭᠡ ᠦᠭᠡᠲᠡᠢ᠂ ᠬᠤᠪᠢᠯᠠᠢ᠂ ᠠᠷᠢᠭᠪᠦ᠋ᠬᠡ ᠶᠢᠨ ᠤᠭᠰᠠᠭ᠎ᠠ ᠪᠠ ᠴᠢᠨᠠᠭᠰᠢᠯᠠᠪᠠᠯ ᠬᠠᠰᠠᠷ ᠤᠨ ᠤᠭᠰᠠᠭᠠᠨ ᠤ ᠬᠤᠭᠤᠷᠣᠨᠲᠤ ᠠᠬᠢᠨ ᠳᠠᠬᠢᠨ ᠰᠢᠯᠵᠢᠭᠰᠡᠨ ᠶᠠᠪᠤᠳᠠᠯ ᠨᠢ ᠡᠷᠲᠡ ᠳᠡᠭᠡᠲᠦ ᠠᠴᠠ ᠪᠠᠨ ᠬᠤᠪᠢᠯᠠᠢ ᠶᠢᠨ ᠣᠭᠰᠠᠭᠠᠨ ᠤ ᠬᠠᠷᠢᠶᠠᠨ ᠳᠤ ᠬᠠᠷᠢᠶᠠᠯᠠᠭᠳᠠᠰᠠᠭᠠᠷ ᠢᠷᠡᠭᠰᠡᠨ ᠦᠵᠦᠮᠦᠴᠢᠨ ᠠᠶᠢᠮᠠᠭ ᠤᠨ ᠬᠢᠨ ᠢ ᠬᠠᠭᠠᠨ ᠤᠷᠲᠤ ᠶᠢ ᠳᠠᠭᠠᠵᠤ ᠨᠡᠭᠦᠳᠡᠯᠯᠡᠬᠦ ᠪᠣᠯᠣᠯᠴᠠᠭ᠎ᠠ ᠪᠠᠷ ᠲᠣᠩ ᠪᠠᠭ᠎ᠠ ᠪᠣᠯᠭᠠᠵᠠᠢ᠃ ᠡᠶᠢᠮᠦ ᠠᠴᠠ᠂ ᠲᠡᠭᠦᠰᠲᠡᠮᠦᠷ ᠬᠠᠭᠠᠨ ᠠᠴᠠ ᠳᠠᠷᠠᠭ᠎ᠠ ᠮᠠᠨᠳᠤᠬᠠᠢ ᠰᠡᠴᠡᠨ ᠬᠠᠲᠤᠨ ᠲᠥᠷᠥ ᠠᠳᠬᠤᠬᠤ ᠪᠣᠯᠲᠠᠯᠠᠬᠢ ᠬᠤᠭᠤᠴᠠᠭᠠᠨ ᠳᠤ᠂ ᠦᠵᠦᠮᠦᠴᠢᠨ ᠠᠶᠢᠮᠠᠭ ᠨᠢ ᠬᠠᠷᠢᠴᠠᠩᠭᠤᠢ  ᠪᠠᠷ ᠪᠡᠶ᠎ᠡ ᠪᠠᠨ ᠳᠠᠭᠠᠭᠠᠵᠤ᠂ ᠭᠤᠪᠢ ᠶᠢᠨ ᠠᠷᠤ ᠶᠢᠨ ᠦᠷᠭᠡᠨ ᠠᠭᠤᠳᠠᠮ ᠭᠠᠵᠠᠷ ᠣᠷᠣᠨ ᠢᠶᠠᠷ ᠨᠡᠭᠦᠳᠡᠯᠯᠡᠨ ᠮᠠᠯᠵᠢᠵᠤ ᠪᠠᠶᠢᠯ᠎ᠠ ᠭᠡᠵᠤ ᠦᠵᠡᠵᠦ ᠪᠣᠯᠣᠨ᠎ᠠ᠃ ᠭᠡᠬᠦ ᠳᠡᠭᠡᠨ᠂ ᠦᠵᠦᠮᠦᠴᠢᠨ ᠠᠶᠢᠮᠠᠭ ᠤᠨ ᠠᠷᠠᠳ ᠤᠨ ᠳᠤᠮᠳᠠᠬᠢ ᠤᠷᠲᠤ ᠬᠤᠭᠤᠴᠠᠭ᠎ᠠ ᠪᠠᠷ ᠤᠯᠠᠮᠵᠢᠯᠠᠭᠳᠠᠵᠤ ᠢᠷᠡᠭᠰᠡᠨ ᠳᠤᠮᠤᠭ ᠶᠠᠷᠢᠶ᠎ᠠ᠂ ᠢᠷᠥᠭᠡᠯ ᠮᠠᠭᠲᠠᠭᠠᠯ᠂ ᠲᠠᠭᠤᠤ ᠠᠶᠠᠯᠭᠤ ᠵᠡᠷᠭᠡ ᠶᠢᠨ ᠠᠭᠤᠯᠭ᠎ᠠ ᠠᠴᠠ ᠰᠢᠨᠵᠢᠯᠡᠪᠡᠯ᠂ ᠡᠳᠡᠭᠡᠷ ᠣᠨ ᠵᠢᠯ ᠤᠳ ᠤᠨ ᠶᠡᠬᠡᠩᠭᠢ ᠴᠠᠭ ᠬᠤᠭᠤᠴᠠᠭᠠᠨ ᠳᠤᠨᠢ ᠠᠯᠲᠠᠢ ᠬᠠᠩᠭᠠᠢ ᠠᠭᠤᠯᠠ᠂ ᠭᠠᠯᠪᠠ ᠱᠠᠩᠬ᠎ᠠ ᠶᠢᠨ ᠭᠤᠪᠢ ᠭᠡᠬᠦ ᠮᠡᠳᠦ ᠶᠢᠨ ᠭᠠᠵᠠᠷ ᠣᠷᠣᠨ ᠨᠤᠭᠤᠳ ᠢᠶᠠᠷ ᠨᠡᠭᠦᠳᠡᠯᠯᠡᠨ ᠮᠠᠯᠵᠢᠵᠤ ᠪᠠᠶᠢᠭᠰᠠᠨ ᠪᠣᠯᠣᠯᠲᠠᠢ᠃ ᠳᠡᠭᠡᠷ᠎ᠡ ᠳᠤᠷᠠᠳᠤᠭᠰᠠᠨ ᠳᠤᠮᠤᠭ ᠶᠠᠷᠢᠶ᠎ᠠ᠂ ᠢᠷᠥᠭᠡᠯ ᠮᠠᠭᠲᠠᠭᠠᠯ᠂ ᠳᠠᠭᠤᠤ ᠠᠶᠠᠯᠭᠤ ᠵᠡᠷᠭᠡ ᠶᠢᠨ ᠵᠠᠷᠢᠮ ᠨᠢ ᠡᠨᠡ ᠬᠤᠭᠤᠴᠠᠭᠠᠨ ᠳᠤ ᠵᠣᠬᠢᠶᠠᠭᠳᠠᠭᠰᠠᠨ ᠪᠠᠶᠢᠵᠤ ᠮᠡᠳᠡᠬᠦ ᠶᠤᠮ᠃ ᠨᠡᠶᠢᠲᠡ ᠶᠢᠨ ᠣᠨ ᠲᠤᠭᠠᠯᠠᠯ ᠤᠨ 1477 ᠣᠨ ᠳᠤ᠂ ᠤᠮᠠᠷᠠᠲᠤ ᠶᠤᠸᠠᠨ ᠤᠯᠤᠰ ᠤᠨ ᠮᠠᠨᠳᠤᠭᠤᠯ ᠬᠠᠭᠠᠨ ᠬᠤᠣᠷᠯᠠᠭᠳᠠᠭᠠᠳ ᠲᠡᠮᠡᠢ ᠤᠳᠠᠭᠰᠠᠨ ᠦᠭᠡᠢ ᠲᠡᠭᠦᠨ ᠤ ᠬᠤᠶᠠᠳᠤᠭᠠᠷ ᠬᠠᠲᠤᠨ ᠮᠠᠨᠳᠤᠬᠠᠢ ᠰᠡᠴᠡᠨ ᠶᠡᠭᠡ ᠡᠷᠬᠡ ᠠᠳᠬᠤᠵᠤ ᠪᠠᠶᠢᠭᠰᠠᠨ ᠳᠠᠶᠢᠱᠢ ᠶᠢᠨ ᠳᠤᠰᠢᠶᠠᠯ ᠳᠤ ᠬᠥᠮᠥᠨ ᠰᠣᠯᠢᠭᠳᠠᠬᠤ ᠳᠤᠬᠢᠶᠠᠯ ᠢ ᠠᠰᠢᠭᠯᠠᠨ᠂ ᠦᠪᠡᠷ ᠤᠨ ᠪᠡᠶ᠎ᠡ ᠪᠠᠷ ᠢᠶᠠᠨ ᠵᠠᠰᠠᠭ ᠲᠤ ᠤᠷᠤᠯᠴᠠᠨ ᠡᠷᠬᠡ ᠠᠳᠬᠤᠬᠤ ᠪᠠᠨ ᠨᠡᠶᠢᠲᠡᠯᠡᠭᠰᠡᠨ ᠶᠠᠪᠤᠳᠠᠯ ᠨᠢ᠂ ᠳᠠᠷᠠᠭᠠᠴᠢ ᠪᠠᠷ ᠪᠣᠯᠣᠭᠰᠠᠨ ᠲᠠᠶᠠᠨ ᠬᠠᠭᠠᠨ ᠤ ᠮᠣᠩᠭᠤᠯ ᠤᠨ ᠳᠠᠬᠢᠨ ᠮᠠᠨᠳᠤᠯᠲᠠ ᠶᠢ ᠪᠡᠶᠡᠯᠡᠭᠦᠯᠬᠦ ᠳᠤ ᠪᠠᠲᠤᠲᠠᠢ ᠰᠠᠭᠤᠷᠢ ᠶᠢ ᠲᠠᠯᠪᠢᠵᠠᠢ᠃ ᠦᠵᠦᠮᠦᠴᠢᠨ ᠠᠶᠢᠮᠠᠭ ᠪᠠᠷᠤᠭ ᠡᠨᠡ ᠦᠶ᠎ᠡ ᠪᠠᠷ ᠬᠠᠭᠠᠨ ᠤᠷᠲᠤ ᠶᠢᠨ ᠰᠢᠭᠤᠳ ᠬᠠᠮᠢᠶᠠᠷᠤᠯᠲᠠ ᠳᠤ ᠲᠠᠬᠢᠨ ᠪᠣᠴᠠᠵᠤ᠂ ᠮᠠᠨᠳᠤᠬᠠᠢ ᠰᠡᠴᠡᠨ ᠬᠠᠳᠤᠨ ᠪᠣᠯᠣᠨ ᠲᠠᠶᠠᠨ ᠬᠠᠭᠠᠨ ᠤ ᠶᠡᠭᠡ ᠦᠢᠯᠡᠰ ᠲᠤ ᠬᠥᠴᠥᠨ ᠢᠶᠠᠨ ᠡᠷᠭᠦᠭᠰᠡᠨ ᠪᠦᠭᠡᠳ ᠬᠤᠵᠢᠮ ᠤᠨ ᠦᠵᠦᠮᠦᠴᠢᠨ ᠲᠠᠯ᠎ᠠ ᠨᠤᠲᠤᠭ ᠲᠠᠭᠠᠨ ᠪᠣᠴᠠᠵᠤ ᠬᠠᠷᠢᠬᠤ ᠳᠠᠭᠠᠨ ᠤᠷᠢᠳᠠᠯ ᠨᠥᠬᠦᠴᠡᠯ ᠢ ᠪᠦᠷᠢᠯᠳᠦᠭᠦᠯᠦᠭᠰᠡᠨ ᠪᠠᠶᠢᠨ᠎ᠠ᠃ ︽ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠲᠡᠥᠬᠡ︾  ᠳᠤ᠄ ︽ᠪᠠᠲᠤᠮᠥ᠋ᠩᠭᠡ ᠬᠠᠭᠠᠨ ᠪᠣᠯᠣᠭᠰᠠᠨ ᠤ ᠳᠠᠷᠠᠭ᠎ᠠ ᠭᠤᠪᠢ ᠶᠢᠨ ᠤᠮᠠᠷ᠎ᠠ ᠬᠠᠩᠭᠠᠢ ᠠᠭᠤᠯᠠ ᠶᠢᠨ ᠵᠠᠬ᠎ᠠ ᠳᠤ ᠢᠷᠡᠵᠦ ᠨᠤᠲᠤᠭᠯᠠᠨ ᠰᠠᠭᠤᠵᠤ ᠪᠠᠶᠢᠵᠠᠢ᠃ ᠭᠡᠪᠡᠴᠦ ᠲᠡᠳᠦᠢ ᠯᠡ ᠤᠳᠠᠯ ᠦᠭᠡᠢ ᠪᠠᠲᠤᠮᠥ᠋ᠩᠭᠡ ᠳᠠᠶᠠᠨ ᠬᠠᠭᠠᠨ ᠭᠤᠪᠢ ᠢ ᠭᠠᠲᠤᠯᠤᠨ᠂ ᠣᠳᠣ ᠶᠢᠨ ᠦᠪᠦᠷ ᠮᠣᠩᠭᠤᠯ ᠤᠨ ᠴᠠᠬᠠᠷ ᠨᠣᠲᠤᠭ ᠲᠤ ᠴᠢᠭᠤᠯᠤᠯᠲᠤ ᠬᠠᠭᠠᠯᠭ᠎ᠠ ᠶᠢᠨ ᠤᠷᠴᠢᠮ ᠭᠠᠵᠠᠷ ᠰᠠᠭᠤᠵᠠᠢ᠃ 1500 ᠣᠨ ᠳᠤ ᠲᠡᠨᠳᠡ ᠠᠴᠠ ᠨᠡᠭᠦᠵᠦ ᠤᠷᠲᠤᠰ ᠲᠤ ᠲᠥᠪᠯᠡᠬᠦ ᠪᠣᠯᠵᠠᠢ︾ ﹇8 ﹈ ᠭᠡᠵᠤ ᠲᠡᠮᠳᠡᠭᠯᠡᠭᠰᠡᠨ ᠪᠠᠶᠢᠳᠠᠭ᠃ ︽ᠤᠮᠠᠷᠠᠲᠤ ᠶᠤᠸᠠᠨ ᠤ ᠲᠡᠥᠬᠡ︾ ᠳᠤ ᠪᠠᠰᠠ᠄ ︽ᠳᠠᠶᠠᠨ ᠬᠠᠭᠠᠨ ᠤ ᠶᠡᠭᠡ ᠤᠷᠲᠤ᠂ ᠴᠠᠬᠠᠷ ᠤᠨ ᠶᠡᠭᠡ ᠡᠯᠡᠰᠦᠨ ᠳᠤ᠂ ᠣᠳᠣ ᠶᠢᠨ ᠦᠪᠦᠷ ᠮᠣᠩᠭᠤᠯ ᠤᠨ ᠰᠢᠯᠢ ᠶᠢᠨ ᠭᠤᠤᠯ ᠠᠶᠢᠮᠠᠭ ᠤᠨ ᠰᠦᠨᠢᠳ ᠬᠤᠰᠢᠭᠤᠨ ᠤ ᠤᠷᠴᠢᠮ ᠪᠠᠶᠢᠯ᠎ᠠ︾ ﹇9﹈ ᠭᠡᠰᠡᠨ ᠳᠡᠮᠳᠡᠭᠯᠡᠯ ᠪᠠᠶᠢᠳᠠᠭ᠃ ᠡᠳᠡᠭᠡᠷ ᠲᠡᠮᠳᠡᠭᠯᠡᠯ ᠢ ᠦᠨᠳᠦᠰᠦᠯᠡᠪᠡᠯ᠂ 1480 ᠣᠨ ᠠᠴᠠ ᠰᠡᠭᠦᠯᠡᠷᠬᠢ᠂ ᠮᠠᠨᠳᠤᠬᠠᠢ ᠰᠡᠴᠡᠨ ᠬᠠᠲᠤᠨ ᠤ ᠶᠡᠭᠡ ᠬᠥᠴᠥᠨ ᠤ ᠲᠡᠮᠵᠢᠯᠭᠡ  ᠪᠠᠷ ᠪᠡᠶᠡᠯᠡᠭᠳᠡᠭᠰᠡᠨ ᠲᠠᠶᠠᠨ ᠬᠠᠭᠠᠨ ᠤ ᠦᠶ᠎ᠡ ᠶᠢᠨ ᠮᠣᠩᠭᠤᠯ ᠤᠨ ᠶᠡᠭᠡ ᠨᠢᠭᠡᠳᠦᠯ ᠤᠨ ᠶᠠᠪᠤᠴᠠ ᠳᠤ᠂ ᠳᠠᠶᠠᠨ ᠬᠠᠭᠠᠨ ᠤ ᠶᠡᠭᠡ ᠤᠷᠲᠤ ᠭᠤᠪᠢ ᠶᠢᠨ ᠠᠷᠤ ᠠᠴᠠ ᠭᠤᠪᠢ ᠶᠢᠨ ᠡᠮᠦᠨᠡᠬᠢ ᠴᠢᠭᠤᠯᠤᠯᠲᠤ ᠬᠠᠭᠠᠯᠭ᠎ᠠ ᠤᠷᠴᠢᠮ ᠨᠡᠭᠦᠬᠦ ᠦᠶᠡᠰ᠂ ᠦᠵᠦᠮᠦᠴᠢᠨ ᠠᠶᠢᠮᠠᠭ ᠳᠠᠶᠠᠨ ᠬᠠᠭᠠᠨ ᠤ ᠶᠡᠭᠡ ᠤᠷᠲᠤ ᠶᠢ ᠲᠠᠭᠠᠨ ᠭᠤᠪᠢ ᠶᠢᠨ ᠡᠮᠦᠨᠡᠬᠢ ᠡᠪᠦᠭᠡ ᠲᠡᠭᠡᠳᠦᠰ ᠤᠨ ᠨᠤᠲᠤᠭ ᠲᠠᠭᠠᠨ ᠪᠣᠴᠠᠵᠤ ᠢᠷᠡᠯ᠎ᠡ ᠭᠡᠵᠤ ᠦᠵᠡᠵᠦ ᠪᠣᠯᠣᠨ᠎ᠠ᠃ ᠡᠨᠡ ᠨᠢ᠂ ︽ᠮᠣᠩᠭᠤᠯ ᠨᠡᠭᠦᠳᠡᠯ ᠮᠠᠯᠵᠢᠯ ᠤᠨ ᠲᠡᠮᠳᠡᠭᠯᠡᠯ︾ ᠤᠨ ᠳᠤᠲᠤᠷᠠᠬᠢ ︽ᠲᠥᠷᠥ ᠪᠣᠯᠣᠳ ᠬᠠᠩᠭᠠᠢ ᠠᠭᠤᠯᠠᠨ ᠠᠴᠠ ᠭᠤᠪᠢ ᠶᠢᠨ ᠡᠮᠦᠨ᠎ᠡ ᠨᠡᠭᠦᠵᠦ ᠨᠤᠲᠤᠭᠯᠠᠨ ᠰᠠᠭᠤᠭᠰᠠᠨ︾ ᠭᠡᠰᠡᠨ ᠲᠡᠮᠳᠡᠭᠯᠡᠯ ᠲᠠᠢ ᠨᠡᠭᠦᠳᠡᠯ ᠬᠢᠭᠰᠡᠨ ᠬᠥᠮᠥᠨ ᠪᠠ ᠴᠠᠭ ᠬᠤᠭᠤᠴᠠᠭᠠᠨ ᠤ ᠲᠠᠯ᠎ᠠ ᠪᠠᠷ ᠨᠡᠯᠢᠶᠡᠳ ᠵᠥᠷᠢᠶ᠎ᠡ ᠲᠠᠢ ᠪᠣᠯᠪᠠᠴᠤ ᠠᠭᠤᠯᠭ᠎ᠠ ᠶᠢᠨ ᠲᠠᠯ᠎ᠠ ᠪᠠᠷ ᠨᠡᠯᠢᠶᠡᠳ ᠤᠶᠢᠷᠠᠯᠴᠠᠭ᠎ᠠ ᠶᠤᠮ᠃ ᠦᠵᠦᠮᠦᠴᠢᠨ ᠠᠶᠢᠮᠠᠭ ᠤᠨ ᠬᠤᠪᠢ ᠳᠤ ᠠᠪᠴᠤ ᠬᠡᠯᠡᠪᠡᠯ᠂ ᠲᠥᠷᠥᠪᠣᠯᠣᠳ ᠭᠤᠪᠢ ᠶᠢᠨ ᠡᠮᠦᠨ᠎ᠡ ᠨᠡᠭᠦᠬᠦ ᠦᠶ᠎ᠡ  ᠳᠤ ᠪᠢᠰᠢ᠂ ᠳᠠᠶᠠᠨ ᠬᠠᠭᠠᠨ ᠭᠤᠪᠢ ᠶᠢᠨ ᠡᠮᠦᠨ᠎ᠡ ᠨᠡᠭᠦᠬᠦ ᠦᠶ᠎ᠡ ᠳᠤ᠂ ︽ᠭᠤᠪᠢ ᠶᠢᠨ ᠡᠮᠦᠨ᠎ᠡ ᠨᠡᠭᠦᠵᠦ ᠨᠤᠲᠤᠭᠯᠠᠨ ᠰᠠᠭᠤᠭᠰᠠᠨ︾ ᠪᠢᠰᠢ ᠬᠠᠷᠢᠨ ︽ᠭᠤᠪᠢ ᠶᠢᠨ ᠡᠮᠦᠨᠡᠬᠢ ᠨᠣᠲᠤᠭ ᠲᠠᠭᠠᠨ ᠪᠣᠴᠠᠵᠤ ᠢᠷᠡᠭᠰᠡᠨ︾ ᠶᠠᠪᠤᠳᠠᠯ ᠪᠣᠯᠬᠤ ᠭᠡᠳᠡᠭ ᠢ ᠣᠨᠴᠠᠭᠠᠶᠢᠯᠠᠨ ᠠᠩᠬᠠᠷᠬᠤ ᠴᠢᠬᠤᠯᠠ ᠲᠠᠢ ᠪᠠᠶᠢᠨ᠎ᠠ᠃ ᠠᠳᠡ ︽ᠮᠣᠩᠭᠤᠯ ᠨᠡᠭᠦᠳᠡᠯ ᠮᠠᠯᠵᠢᠯ ᠤᠨ ᠲᠡᠮᠳᠡᠭᠯᠡᠯ︾ ᠳᠠᠬᠢ ︽ᠲᠥᠷᠥ ᠪᠣᠯᠣᠳ ᠬᠠᠩᠭᠠᠢ ᠠᠭᠤᠯᠠᠨ ᠠᠴᠠ ᠭᠤᠪᠢ ᠶᠢᠨ ᠡᠮᠦᠨ᠎ᠡ ᠨᠡᠭᠦᠵᠦ ᠨᠤᠲᠤᠭᠯᠠᠨ ᠰᠠᠭᠤᠭᠰᠠᠨ︾ ᠭᠡᠳᠡᠭ ᠢ ᠡᠭᠦᠨ ᠤ ᠳᠠᠷᠠᠭᠠᠬᠢ ᠴᠠᠭ ᠬᠤᠭᠤᠴᠠᠭ᠎ᠠ ᠪᠠᠷ ᠪᠣᠯᠣᠭᠰᠠᠨ ᠨᠡᠭᠦᠳᠡᠯ ᠢ ᠵᠢᠭᠠᠯ᠎ᠠ ᠭᠡᠵᠤ ᠦᠵᠡᠨ᠎ᠡ᠃ ᠵᠠᠷᠢᠮ ᠮᠣᠩᠭᠤᠯᠴᠢ ᠨᠠᠷ᠂ ᠦᠵᠦᠮᠦᠴᠢᠨ ᠠᠶᠢᠮᠠᠭ ᠢ ᠠᠯᠲᠠᠢ ᠬᠠᠩᠭᠠᠢ ᠶᠢᠨ ᠦᠵᠦᠮ ᠤᠨ ᠠᠭᠤᠯᠠᠨ ᠠᠴᠠ ᠨᠡᠭᠦᠵᠦ ᠢᠷᠡᠯ᠎ᠡ ᠭᠡᠵᠤ ᠦᠵᠡᠳᠡᠭ ᠨᠢ᠂ ᠶᠠᠭ ᠡᠨᠡᠬᠦ ᠨᠤᠲᠤᠭ ᠲᠠᠭᠠᠨ ᠪᠣᠴᠠᠵᠤ ᠢᠷᠡᠭᠰᠡᠨ ᠨᠡᠭᠦᠳᠡᠯ  ᠢ ︽ᠭᠤᠪᠢ ᠶᠢᠨ ᠠᠷᠤ ᠠᠴᠠ ᠨᠡᠭᠦᠵᠦ ᠢᠷᠡᠵᠦ ᠨᠣᠲᠤᠭᠯᠠᠨ ᠰᠠᠭᠤᠭᠰᠠᠨ︾ ᠨᠡᠭᠦᠳᠡᠯ ᠪᠣᠯᠭᠠᠵᠤ ᠤᠶᠢᠯᠠᠭᠠᠭᠰᠠᠨ ᠤ ᠪᠠᠶᠢᠵᠤ ᠮᠡᠳᠡᠬᠦ ᠶᠤᠮ᠃ ᠡᠨᠡ ᠣᠳᠠᠭ᠎ᠠ ᠶᠢᠨ ᠶᠡᠭᠡ ᠨᠡᠭᠦᠳᠡᠯ ᠨᠢ ᠴᠠᠭ ᠬᠤᠭᠤᠴᠠᠭᠠᠨ ᠤ ᠲᠠᠯ᠎ᠠ ᠪᠠᠷ ᠵᠠᠭᠤ ᠢᠯᠡᠭᠦᠦ ᠵᠢᠯ ᠦᠷᠭᠦᠯᠵᠢᠯᠡᠵᠦ᠂ ᠦᠵᠦᠮᠦᠴᠢᠨᠴᠦᠳ ᠤᠨ ᠲᠥᠷᠪᠡ ᠠᠴᠠ ᠲᠠᠪᠤᠨ ᠦᠶ᠎ᠡ ᠶᠢᠨ ᠬᠢᠨ ᠢ ᠨᠥᠯᠥᠭᠡᠯᠡᠵᠡᠢ᠃ ᠦᠵᠦᠮᠦᠴᠢᠨ ᠨᠤᠲᠤᠭ  ᠲᠠᠭᠠᠨ ᠪᠣᠴᠠᠵᠤ ᠬᠠᠷᠢᠵᠤ ᠢᠷᠡᠭᠰᠡᠨ ᠲᠡᠷᠡ ᠦᠶ᠎ᠡ ᠶᠢᠨ ᠠᠷᠠᠳ ᠢᠷᠭᠡᠳ ᠨᠢ ᠴᠥᠮ ᠭᠤᠪᠢ ᠶᠢᠨ ᠠᠷᠤ ᠶᠢᠨ ᠭᠠᠵᠠᠷ ᠣᠷᠣᠨ ᠳᠤ ᠲᠥᠷᠥᠵᠦ ᠥᠰᠴᠦ ᠬᠡᠳᠦᠨ ᠦᠶ᠎ᠡ ᠶᠢ ᠥᠩᠭᠡᠷᠡᠭᠦᠯᠦᠭᠰᠡᠨ ᠪᠣᠯᠬᠤᠷ᠂ ᠲᠡᠭᠡᠳᠦᠰ ᠤᠨ ᠨᠤᠲᠤᠭ — — ᠦᠵᠦᠮᠦᠴᠢᠨ ᠲᠠᠯ᠎ᠠ ᠨᠤᠲᠤᠭ ᠨᠢ ᠲᠡᠳᠡᠨ ᠳᠤ ᠲᠠᠨᠢᠯ ᠳᠠᠰᠤᠯ ᠪᠣᠰᠤ ᠰᠠᠨᠠᠭᠳᠠᠵᠤ᠂ ᠲᠡᠳᠡᠨ ᠤ ᠵᠠᠷᠢᠮᠴᠤᠤᠯ ᠨᠢ ᠥᠪᠡᠷ ᠤᠨ ᠲᠥᠷᠥᠵᠦ ᠦᠰᠦᠭᠰᠡᠨ ᠭᠠᠵᠠᠷ ᠤᠰᠤ ᠪᠠᠨ ᠮᠥᠷᠥᠭᠡᠳᠦᠨ ᠰᠠᠨᠠᠭᠠᠯᠵᠠᠬᠤ ᠨᠢ ᠲᠤᠩ ᠶᠡᠷᠦᠳᠡ ᠶᠢᠨ ᠬᠡᠷᠡᠭ ᠪᠠᠶᠢᠵᠤ᠂ ᠲᠡᠳᠡᠨᠡᠷ ᠤᠨ ᠳᠤᠲᠤᠷ᠎ᠠ ᠭᠤᠪᠢ ᠶᠢᠨ ᠠᠷᠤ ᠶᠢᠨ ᠲᠥᠷᠥᠵᠦ ᠦᠰᠦᠭᠰᠡᠨ ᠨᠤᠲᠤᠭ ᠤᠰᠤᠨ ᠤ ᠬᠢᠨᠢ ᠳᠤᠬᠠᠢ ᠳᠤᠮᠤᠭ ᠶᠠᠷᠢᠶ᠎ᠠ ᠨᠡᠯᠢᠶᠡᠳ ᠦᠷᠭᠡᠨ ᠬᠡᠪᠴᠢᠶ᠎ᠡ ᠪᠠᠷ ᠤᠯᠠᠮᠵᠢᠯᠠᠭᠳᠠᠨ ᠲᠠᠷᠬᠠᠬᠤ ᠨᠢ ᠵᠥᠢ ᠶᠤᠰᠤᠨ ᠤ ᠶᠠᠪᠤᠳᠠᠯ ᠶᠤᠮ᠃ ᠡᠨᠡ ᠦᠶ᠎ᠡ ᠶᠢᠨ ᠦᠵᠦᠮᠦᠴᠢᠨ ᠠᠶᠢᠮᠠᠭ ᠤᠨ ᠬᠢᠨ ᠳᠤ ᠠᠪᠴᠤ ᠬᠡᠯᠡᠪᠡᠯ᠂ ᠦᠵᠦᠮᠦᠴᠢᠨ ᠲᠠᠯ᠎ᠠ ᠨᠤᠲᠤᠭ ᠨᠢ ᠲᠡᠳᠡᠨᠡᠷ ᠤᠨ ᠳᠡᠭᠡᠳᠦᠰ ᠤᠨ ᠨᠤᠲᠤᠭ ᠮᠥᠨ ᠪᠠᠶᠢᠵᠤ᠂ ᠦᠪᠡᠷᠰᠡᠳ ᠤᠨ ᠬᠢᠨᠢ ᠲᠥᠷᠥᠵᠦ ᠦᠰᠦᠭᠰᠡᠨ ᠭᠠᠵᠠᠷ ᠤᠰᠤ ᠨᠢ ᠬᠠᠷᠢᠨ ᠭᠤᠪᠢ ᠶᠢᠨ ᠠᠷᠤ ᠶᠢᠨ ᠠᠯᠲᠠᠢ ᠨᠢᠷᠤᠭᠤ᠂ ᠬᠠᠩᠭᠠᠢ ᠠᠭᠤᠯᠠ᠂ ᠭᠠᠯᠪᠠ ᠱᠠᠩᠬ᠎ᠠ ᠶᠢᠨ ᠭᠤᠪᠢ ᠭᠡᠬᠦ ᠮᠡᠳᠦ ᠶᠢᠨ ᠭᠠᠵᠠᠷ ᠣᠷᠣᠨ ᠤ ᠠᠯᠢ ᠨᠢᠭᠡᠨ ᠨᠢ ᠮᠥᠨ ᠪᠠᠶᠢᠵᠤ ᠮᠡᠳᠡᠬᠦ ᠶᠤᠮ᠃ ᠲᠡᠳᠡᠨᠡᠷ ᠲᠤ ᠡᠪᠦᠭᠡ ᠲᠡᠭᠡᠳᠦᠰ ᠤᠨ ᠨᠤᠲᠤᠭ ᠪᠣᠯᠣᠨ ᠦᠪᠡᠷ ᠤᠨ ᠲᠥᠷᠥᠵᠦ ᠦᠰᠦᠭᠰᠡᠨ ᠭᠠᠵᠠᠷ ᠤᠰᠤ ᠨᠢ ᠢᠩᠭᠢᠵᠦ ᠯᠡ ᠠᠩᠭᠢᠳᠠ ᠠᠰᠳᠠᠭᠠᠨ ᠢᠯᠭᠠᠭ᠎ᠠ ᠲᠠᠢ ᠪᠠᠶᠢᠬᠤ ᠪᠣᠯᠵᠠᠢ᠃ ᠭᠤᠷᠪᠠ᠂ ᠣᠮᠠᠷᠠᠲᠤ ᠶᠤᠸᠠᠨ ᠤᠯᠤᠰ ᠤᠨ ᠳᠤᠮᠳᠠᠴᠢ ᠦᠶ᠎ᠡ ᠶᠢᠨ ᠦᠵᠦᠮᠦᠴᠢᠨ ᠠᠶᠢᠮᠠᠭ ᠤᠨ ᠬᠤᠶᠠᠳᠠᠭᠴᠢ ᠶᠡᠭᠡ ᠨᠡᠭᠦᠳᠡᠯ ︵1547 ᠣᠨ — 1576 ᠣᠨ ᠪᠣᠯᠣᠨ 1592 ᠣᠨ ᠤ ᠬᠤᠭᠤᠷᠤᠨᠳᠤᠬᠢ ᠠᠯᠢ ᠨᠢᠭᠡᠨ ᠴᠠᠭ ᠦᠶ᠎ᠡ︔ 30 — 50 ᠵᠢᠯ  ᠤᠨ ᠨᠡᠭᠦᠳᠡᠯ︶ ᠪᠠᠲᠤᠮᠥ᠋ᠩᠭᠡ ᠳᠠᠶᠠᠨ ᠬᠠᠭᠠᠨ ᠮᠣᠩᠭᠤᠯ ᠤᠨ ᠦᠨᠳᠦᠷᠯᠢᠭ ᠤᠨ ᠳᠠᠷᠬᠠᠢ ᠪᠣᠲᠠᠷᠬᠠᠢ ᠪᠠᠶᠢᠳᠠᠯ ᠢ ᠡᠴᠥᠰᠯᠡᠭᠦᠯᠵᠦ ᠶᠡᠭᠡ ᠨᠢᠭᠡᠳᠦᠯ ᠢ ᠳᠠᠬᠢᠨ ᠪᠡᠶᠡᠯᠡᠭᠦᠯᠦᠭᠰᠡᠨ ᠤ ᠳᠠᠷᠠᠭ᠎ᠠ᠂ ᠬᠤᠪᠢᠶᠠᠨ ᠡᠷᠭᠦᠮᠵᠢᠯᠡᠬᠦ ᠲᠥᠷᠢᠮ ᠢ ᠬᠡᠷᠡᠭᠵᠢᠭᠦᠯᠵᠦ᠂ ᠭᠤᠷᠪᠠᠳᠤᠭᠠᠷ ᠬᠥᠪᠡᠭᠦᠨ ᠪᠡᠷᠰᠪᠣᠯᠣᠳ ᠢᠶᠠᠨ ᠵᠢᠨᠤᠩ ᠪᠣᠯᠭᠠᠨ ᠪᠠᠷᠠᠭᠤᠨ ᠭᠠᠷ ᠤᠨ ᠭᠤᠷᠪᠠᠨ ᠲᠥᠮᠡᠨ ᠢ ᠵᠠᠬᠢᠷᠤᠭᠤᠯᠤᠭᠰᠠᠨ ᠪᠠᠶᠢᠨ᠎ᠠ᠃ ︽ᠳᠠᠶᠤᠨ ᠬᠠᠭᠠᠨ ᠠᠴᠠ ᠬᠤᠶᠢᠰᠢ᠂ ᠪᠠᠷᠠᠭᠤᠨ ᠭᠤᠷᠪᠠᠨ ᠲᠥᠮᠡᠨ ᠢ ᠵᠠᠬᠢᠷᠤᠭᠰᠠᠨ ᠵᠢᠨᠦᠩ ᠨᠣᠶᠠᠨ ᠨᠢ ᠨᠡᠯᠢᠶᠡᠳ ᠶᠡᠭᠡ ᠪᠡᠶ᠎ᠡ ᠪᠠᠨ ᠳᠠᠭᠠᠭᠠᠭᠰᠠᠨ ᠳᠤᠰᠠᠭᠠᠷ ᠴᠢᠨᠠᠷ ᠲᠠᠢ ᠪᠠᠶᠢᠵᠠᠢ︾ ﹇10﹈᠃ ᠪᠠᠷᠰᠪᠣᠯᠣᠳ ᠳᠤᠯᠤᠭᠠᠨ ᠬᠥᠪᠡᠭᠦᠨ ᠲᠠᠢ᠂ ᠠᠬᠠᠮᠠᠳ ᠨᠢ ᠭᠦᠨᠪᠢᠯᠢᠭ ᠮᠡᠷᠭᠡᠨ ᠵᠢᠨᠥᠩ᠂ ᠬᠤᠶᠠᠳᠤᠭᠠᠷ ᠨᠢ ᠠᠯᠲᠠᠨ ᠬᠠᠨ ᠪᠣᠯᠣᠨ᠎ᠠ᠃ ᠠᠯᠲᠠᠨ ᠬᠠᠨ ᠤ ᠠᠷᠪᠠᠨ ᠭᠤᠷᠪᠠᠨ ᠨᠠᠰᠤᠨ ᠳᠡᠭᠡᠷ᠎ᠡ ᠨᠢ᠂ ᠡᠴᠢᠭᠡ ᠪᠠᠷᠰᠪᠣᠯᠣᠳ ᠨᠢ ᠨᠠᠰᠤ ᠪᠠᠷᠠᠵᠤ᠂ ᠮᠡᠷᠭᠡᠨ ᠵᠢᠨᠥᠩ ᠠᠬ᠎ᠠ ᠯᠤᠭ᠎ᠠ ᠪᠠᠨ ︽ᠳᠤᠲᠤᠭᠠᠲᠤ ᠳᠡᠭᠦᠦ ᠨᠠᠷ ᠤᠷᠤᠭ ᠤᠳ ᠢᠶᠠᠨ ᠲᠡᠳᠬᠦᠨ ᠠᠰᠠᠷᠠᠵᠤ ᠂ ᠳᠤᠩ ᠭᠠᠳᠠᠭᠠᠲᠤ ᠳᠠᠶᠢᠰᠣᠨ ᠯᠤᠭ᠎ᠠ ᠲᠡᠮᠡᠴᠡᠯᠳᠦᠨ ᠶᠠᠪᠤᠵᠤ᠂ ᠳᠤᠲᠤᠷᠬᠠᠶ᠎ᠠ ᠶᠡᠭᠡ ᠤᠯᠤᠰ ᠢ ᠵᠢᠯᠣᠭᠤᠳᠤᠨ ᠵᠠᠯᠠᠵᠤ᠂ ᠲᠡᠥᠬᠡᠨ ᠳᠤᠷ ᠰᠠᠶᠢᠨ ᠦᠢᠯᠡᠰ ᠢ ᠡᠬᠢᠯᠡᠨ ᠶᠠᠪᠤᠵᠤᠬᠤᠢ︾ ᠭᠡᠵᠤ ︽ᠠᠯᠲᠠᠨ ᠬᠠᠨ ᠤ ᠳᠤᠭᠤᠵᠢ︾ ᠳᠤ ᠪᠢᠴᠢᠭᠳᠡᠭᠰᠡᠨ ᠪᠠᠶᠢᠳᠠᠭ ﹇11﹈᠃ ᠣᠮᠠᠷᠠᠲᠤ ᠶᠤᠸᠠᠨ ᠤᠯᠤᠰ ᠤᠨ ᠲᠠᠷᠠᠶᠢᠰᠤᠨ ᠬᠠᠭᠠᠨ ᠤ ᠦᠶ᠎ᠡ ᠪᠣᠯᠬᠤ ᠳᠤ᠂ ᠠᠯᠲᠠᠨ ᠬᠠᠨ ᠤ ᠬᠥᠴᠥᠨ ᠶᠡᠭᠡ ᠪᠠᠷ ᠨᠡᠮᠡᠭᠳᠡᠵᠦ᠂ ᠨᠤᠲᠤᠭ ᠳᠡᠪᠢᠰᠭᠡᠷ ᠢᠶᠠᠨ ᠦᠷᠭᠡᠳᠭᠡᠬᠦ ᠠᠶᠠᠨ ᠳᠠᠶᠢᠨ ᠢ ᠣᠯᠠᠨ ᠣᠳᠠᠭ᠎ᠠ ᠶᠠᠪᠤᠭᠤᠯᠤᠭᠰᠠᠨ ᠪᠦᠭᠡᠳ ᠲᠡᠭᠦᠨ ᠤ ᠪᠦᠬᠦ ᠮᠣᠩᠭᠤᠯ ᠢ ᠵᠠᠬᠢᠷᠬᠤ ᠶᠡᠭᠡ ᠰᠠᠨᠠᠭ᠎ᠠ ᠡᠪᠦᠷᠯᠡᠵᠦ ᠪᠠᠶᠢᠭ᠎ᠠ ᠪᠠᠶᠢᠳᠠᠯ ᠨᠢ ᠣᠯᠠᠮ ᠢᠯᠡ ᠳᠤᠲᠤᠷᠬᠠᠢ ᠪᠣᠯᠵᠠᠢ᠃ ᠡᠶᠢᠮᠦ ᠪᠠᠶᠢᠳᠠᠯ ᠤᠨ ᠳᠤᠤᠷ᠎ᠠ᠂ ᠪᠦᠬᠦ ᠮᠣᠩᠭᠤᠯ ᠤᠨ ᠶᠡᠭᠡ ᠬᠠᠭᠠᠨ ᠪᠣᠯᠣᠭᠰᠠᠨ ᠲᠠᠷᠠᠶᠢᠰᠤᠨ ᠭᠦᠲᠡᠩ᠂ ᠠᠯᠲᠠᠨ ᠬᠠᠨ ᠲᠠᠢ ᠵᠥᠷᠢᠴᠡᠯᠳᠦᠵᠦ ᠳᠤᠲᠤᠭᠠᠲᠤ ᠶᠢᠨ ᠬᠢᠮᠤᠷᠠᠯ ᠭᠠᠷᠬᠤ ᠠᠴᠠ ᠵᠠᠶᠢᠯᠠᠰᠬᠢᠵᠤ᠂ ᠮᠣᠩᠭᠤᠯ ᠤᠨ ᠨᠢᠭᠡᠳᠦᠮᠡᠯ ᠲᠠᠢ ᠪᠠᠶᠢᠳᠠᠯ ᠢ ᠦᠷᠭᠦᠯᠵᠢᠯᠡᠨ ᠬᠠᠮᠠᠭᠠᠯᠠᠬᠤ ᠶᠢᠨ ᠲᠥᠯᠥᠭᠡ᠂ ᠦᠪᠡᠷ ᠤᠨ ᠰᠢᠭᠤᠳ ᠬᠠᠷᠢᠶ᠎ᠠ ᠴᠠᠬᠠᠷ ᠲᠥᠮᠡᠨ ᠢᠶᠠᠨ ᠳᠠᠭᠠᠭᠤᠯᠤᠨ ᠵᠡᠭᠦᠨᠰᠢ ᠨᠡᠭᠦᠳᠡᠯᠯᠡᠬᠦ ᠪᠠᠷ ᠪᠣᠯᠵᠠᠢ ᠃ ︽ᠤᠮᠠᠷᠠᠲᠤ ᠶᠤᠸᠠᠨ ᠤ ᠲᠡᠥᠬᠡ︾ ᠳᠤ ᠡᠭᠦᠨ ᠤ ᠳᠤᠬᠠᠢ ᠲᠡᠮᠳᠡᠭᠯᠡᠬᠦ ᠳᠡᠭᠡᠨ᠄ ︽ᠳᠠᠷᠠᠶᠢᠰᠤᠨ ᠬᠠᠭᠠᠨ ᠰᠠᠭᠤᠷᠢᠨ ᠳᠤ ᠰᠠᠭᠤᠭᠠᠳ ᠳᠡᠮᠡᠢ ᠣᠳᠠᠭᠰᠠᠨ ᠦᠭᠡᠢ ᠪᠠᠷ᠂ ᠬᠠᠷᠠᠴᠢᠨ ᠤᠲᠤᠭ ᠤᠨ ᠡᠵᠡᠨ᠂ ᠠᠯᠲᠠᠨ ᠬᠠᠨ ᠤ ᠳᠡᠭᠦᠦ ᠪᠠᠶᠠᠰᠬᠠᠯ ᠤᠨ ᠬᠠᠮᠠᠭᠠᠯᠠᠯ ᠳᠤᠤᠷ᠎ᠠ᠂ ᠤᠮᠠᠷᠠᠲᠤ ᠶᠤᠸᠠᠨ ᠤ ᠨᠠᠶᠠᠳᠤᠭᠠᠷ ᠣᠨ ︵ᠨᠡᠶᠢᠲᠡ ᠶᠢᠨ ᠣᠨ ᠲᠣᠭᠠᠯᠠᠯ ᠤᠨ 1547 ᠣᠨ᠂ ᠮᠢᠩ ᠤᠯᠤᠰ ᠤᠨ ᠵᠢᠶᠠᠴᠢᠩ ᠤᠨ ᠬᠤᠷᠢᠨ ᠵᠢᠷᠭᠤᠳᠤᠭᠠᠷ ᠣᠨ︶ ᠠᠴᠠ ᠡᠬᠢᠯᠡᠨ᠂ ᠵᠡᠭᠦᠨ ᠭᠠᠷᠤᠨ ᠴᠠᠬᠠᠷ ᠲᠥᠮᠡᠨ ᠢ ᠳᠠᠭᠠᠭᠤᠯᠤᠨ ᠵᠡᠭᠦᠨᠰᠢ ᠨᠡᠭᠦᠳᠡᠯᠯᠡᠨ ᠵᠢᠢ ︵ᠲᠢᠶᠡᠨᠵᠢᠨ ᠣᠷᠣᠨ︶᠂ ᠯᠢᠶᠤᠤ ︵ᠯᠢᠶᠤᠤᠨᠢᠩ︶ ᠠᠴᠠ ᠤᠮᠠᠷᠠᠰᠢᠬᠢ ᠭᠠᠵᠠᠷ ᠣᠷᠣᠨ ᠳᠤ ᠬᠥᠷᠴᠡᠢ︾ ﹇12﹈ ᠭᠡᠰᠡᠨ ᠪᠠᠶᠢᠨ᠎ᠠ᠃ ᠦᠵᠦᠮᠦᠴᠢᠨ ᠠᠶᠢᠮᠠᠭ ᠤᠨ ᠬᠤᠶᠠᠳᠠᠬᠢ ᠶᠡᠭᠡ ᠨᠡᠭᠦᠳᠡᠯ ᠨᠢ ᠶᠠᠭ ᠡᠨᠡ ᠦᠶ᠎ᠡ ᠶᠢᠨ ᠲᠡᠥᠬᠡᠨ ᠠᠬᠤᠢ ᠪᠠᠶᠢᠳᠠᠯ ᠳᠤᠤᠷ᠎ᠠ᠂ ᠦᠨᠳᠦᠰᠦᠲᠡᠨ ᠤ ᠪᠦᠯᠬᠦᠮᠳᠡᠯ ᠤᠯᠤᠰ ᠣᠷᠣᠨ ᠤ ᠨᠢᠭᠡᠳᠦᠯ ᠢ ᠪᠠᠲᠤᠯᠠᠬᠤ ᠤᠯᠤᠰ ᠲᠥᠷᠥ ᠶᠢᠨ ᠤᠳᠬ᠎ᠠ ᠠᠭᠤᠯᠭ᠎ᠠ ᠪᠦᠬᠦᠢ ᠴᠠᠬᠠᠷ ᠲᠥᠮᠡᠨ ᠤ ᠶᠡᠭᠡ ᠨᠡᠭᠦᠳᠡᠯ ᠤᠨ ᠨᠢᠭᠡᠨ ᠬᠡᠰᠡᠭ ᠨᠢ ᠪᠣᠯᠵᠤ ᠡᠬᠢᠯᠡᠨ ᠶᠠᠪᠤᠭᠳᠠᠭᠰᠠᠨ ᠪᠠᠶᠢᠨ᠎ᠠ᠃ ᠡᠨᠡ ᠣᠳᠠᠭᠠᠨ ᠤ ᠶᠡᠭᠡ ᠨᠡᠭᠦᠳᠡᠯ ᠳᠤ᠂ ᠴᠠᠬᠠᠷ ᠲᠥᠮᠡᠨ ᠤ ᠬᠡᠰᠢᠭᠲᠡᠨ᠂ ᠬᠠᠭᠤᠴᠢᠳ᠂ ᠠᠤᠬᠠᠨ᠂ ᠨᠠᠢᠮᠠᠨ᠂ ᠰᠥᠨᠢᠳ᠂ ᠠᠯᠠᠭᠴᠤᠳ ᠵᠡᠷᠭᠡ ᠣᠲᠤᠭ ᠴᠥᠮ ᠣᠷᠣᠯᠴᠠᠭᠰᠠᠨ ᠪᠦᠭᠡᠳ ᠡᠳᠡᠭᠡᠷ ᠤᠲᠤᠭ ᠤᠨ ᠨᠡᠭᠦᠳᠡᠯᠯᠡᠨ ᠬᠥᠷᠥᠭᠰᠡᠨ ᠭᠠᠵᠠᠷ ᠣᠷᠣᠨ ᠤ ᠳᠤᠬᠠᠢ ︽ᠤᠮᠠᠷᠠᠲᠤ ᠶᠤᠸᠠᠨ ᠤ ᠲᠡᠥᠬᠡ︾ ᠳᠤ ᠨᠡᠯᠢᠶᠡᠳ ᠳᠤᠲᠤᠷᠬᠠᠢ ᠲᠡᠮᠳᠡᠭᠯᠡᠯ ᠲᠠᠢ ᠶᠤᠮ᠃ ᠭᠡᠪᠡᠴᠦ ᠦᠵᠦᠮᠦᠴᠢᠨ ᠤᠲᠤᠭ ᠤᠨ ᠳᠤᠬᠠᠢ ᠲᠡᠮᠳᠡᠭᠯᠡᠬᠦ ᠳᠡᠭᠡᠨ᠄ ︽ᠦᠵᠦᠮᠦᠴᠢᠨ ᠣᠳᠤᠭ᠂ ᠳᠠᠷᠠᠶᠢᠰᠤᠨ ᠭᠦᠲᠡᠩ ᠬᠠᠭᠠᠨ ᠤ ᠭᠤᠷᠪᠠᠳᠤᠭᠠᠷ ᠳᠡᠭᠦᠦ ᠤᠩᠭᠤᠨ ᠲᠤᠷᠠᠯ ᠤᠨ ᠬᠠᠷᠢᠶ᠎ᠠ ᠠᠶᠢᠮᠠᠭ᠃ ᠤᠩᠭᠤᠨ ᠳᠤᠷᠠᠯ ᠤᠯᠤᠰ ᠲᠥᠷᠥ ᠶᠢᠨ ᠳᠠᠪᠴᠠᠩ ᠳᠡᠭᠡᠷ᠎ᠡ ᠮᠠᠰᠢ ᠢᠲᠡᠪᠬᠢ ᠪᠠᠶᠢᠵᠤ᠂ ᠲᠥᠮᠡᠨ ᠵᠠᠰᠠᠭᠲᠤ ᠬᠠᠭᠠᠨ ᠤ ᠵᠣᠬᠢᠶᠠᠨ ᠪᠠᠶᠢᠭᠤᠯᠤᠭᠰᠠᠨ ᠠᠯᠢᠪᠠ ᠴᠡᠷᠢᠭ ᠳᠠᠶᠢᠨ ᠤ ᠠᠵᠢᠯᠯᠠᠭ᠎ᠠ ᠳᠤ ᠪᠠᠷᠤᠭ ᠬᠤᠴᠣᠷᠣᠭᠰᠠᠨ ᠦᠭᠡᠢ ᠪᠠᠷ ᠴᠥᠮ ᠣᠷᠣᠯᠴᠠᠵᠠᠢ᠃ ᠭᠡᠪᠡᠴᠦ ᠲᠡᠭᠦᠨ ᠤ ᠳᠤᠬᠠᠢ ᠦᠶ᠎ᠡ ᠳᠤ ᠨᠡᠭᠦᠳᠡᠯᠯᠡᠨ ᠮᠠᠯᠵᠢᠭᠰᠠᠨ ᠭᠠᠵᠠᠷ ᠨᠤᠲᠤᠭ ᠤᠨ ᠣᠷᠣᠨ ᠪᠠᠶᠢᠷᠢ ᠶᠢ ᠣᠳᠣᠬᠠᠨ ᠳᠠᠭᠠᠨ ᠳᠤᠲᠤᠷᠬᠠᠢ ᠳᠤᠭᠳᠠᠭᠠᠵᠤ ᠴᠢᠳᠠᠬᠤ ᠦᠭᠡᠢ ᠪᠠᠶᠢᠨ᠎ᠠ︾ ﹇13﹈ ᠭᠡᠵᠡᠢ᠃ ᠡᠶᠢᠮᠦ ᠪᠣᠯᠬᠤᠷ᠂ ᠦᠵᠦᠮᠦᠴᠢᠨ ᠠᠶᠢᠮᠠᠭ ᠡᠨᠡ ᠤᠳᠠᠭᠠᠨ ᠤ ᠶᠡᠭᠡ ᠨᠡᠭᠦᠳᠡᠯ ᠳᠡᠭᠡᠨ ᠨᠡᠭᠦᠳᠡᠯᠯᠡᠵᠦ ᠮᠠᠯᠵᠢᠭᠰᠠᠨ ᠪᠣᠳᠠᠲᠠᠢ ᠤᠷᠤᠨ ᠪᠠᠶᠢᠷᠢ ᠶᠢ ᠳᠤᠲᠤᠷᠬᠠᠢ ᠵᠢᠭᠠᠬᠤ ᠳᠤ ᠬᠥᠴᠢᠷ ᠪᠣᠯᠵᠠᠢ᠃ ᠭᠡᠪᠡᠴᠦ ᠳᠤᠰ ᠨᠣᠮ ᠳᠤ᠂ ᠴᠠᠬᠠᠷ ᠲᠥᠮᠡᠨ ᠤ ᠵᠡᠭᠦᠨᠰᠢ ᠨᠡᠭᠦᠳᠡᠯᠯᠡᠨ ᠰᠠᠭᠤᠭᠰᠠᠨ ᠭᠠᠵᠠᠷ ᠨᠤᠲᠤᠭ ᠤᠨ ᠶᠡᠷᠥᠩᠬᠡᠢ ᠬᠥᠷᠢᠶ᠎ᠡ ᠬᠡᠪᠴᠢᠶ᠎ᠡ ᠶᠢᠨ ᠳᠤᠬᠠᠢ ᠨᠡᠯᠢᠶᠡᠳ ᠳᠤᠲᠤᠷᠬᠠᠢ ᠲᠡᠮᠳᠡᠭᠯᠡᠭᠰᠡᠨ ᠶᠠᠪᠤᠳᠠᠯ ᠨᠢ᠂ ᠦᠵᠦᠮᠦᠴᠢᠨ ᠠᠶᠢᠮᠠᠭ ᠤᠨ ᠨᠡᠭᠦᠳᠡᠯᠯᠡᠨ ᠮᠠᠯᠵᠢᠭᠰᠠᠨ ᠭᠠᠵᠠᠷ ᠨᠣᠲᠤᠭ ᠢ ᠶᠡᠭᠡ ᠲᠥᠯᠥᠪ ᠤᠶᠢᠯᠠᠭᠠᠬᠤ ᠳᠤ ᠬᠠᠷᠢᠨ ᠶᠡᠬᠡᠬᠡᠨ ᠳᠤᠰᠠ ᠦᠵᠡᠭᠦᠯᠦᠭᠰᠡᠨ ᠪᠠᠶᠢᠨ᠎ᠠ᠃ ᠴᠠᠬᠠᠷ ᠲᠥᠮᠡᠨ ᠤ ᠵᠡᠭᠦᠨᠰᠢ ᠨᠡᠭᠦᠳᠡᠯᠯᠡᠨ ᠮᠠᠯᠵᠢᠭᠰᠠᠨ ᠭᠠᠵᠠᠷ ᠨᠤᠲᠤᠭ ᠤᠨ ᠬᠥᠷᠢᠶ᠎ᠡ ᠬᠡᠪᠴᠢᠶ᠎ᠡ ᠶᠢᠨ ᠳᠤᠬᠠᠢ ︽ᠤᠮᠠᠷᠠᠲᠤ ᠶᠤᠸᠠᠨ ᠤ ᠲᠡᠥᠬᠡ︾ ᠳᠤ᠄ ︽ᠯᠣᠤᠬ᠎ᠠ ᠶᠢᠨ ᠭᠤᠤᠯ ᠠᠴᠠ ᠵᠡᠭᠦᠨᠰᠢ᠂ ᠯᠢᠶᠤᠤᠾᠧ ᠭᠤᠤᠯ ᠠᠴᠠ ᠪᠠᠷᠠᠭᠤᠨᠰᠢ᠂ ᠰᠢᠷᠠᠮᠦ᠋ᠷᠡᠨ ᠤ ᠰᠠᠪᠠ ᠭᠠᠵᠠᠷ ᠪᠣᠯᠣᠨ ᠲᠡᠭᠦᠨ ᠠᠴᠠ ᠤᠮᠠᠷᠠᠰᠢᠬᠢ ᠦᠷᠭᠡᠨ ᠠᠭᠤᠳᠠᠮ ᠲᠠᠯ᠎ᠠ ᠨᠣᠲᠤᠭ ᠪᠣᠯᠣᠨ᠎ᠠ︾ ﹇14﹈ ᠭᠡᠵᠤ ᠲᠡᠮᠳᠡᠭᠯᠡᠵᠡᠢ᠃ ᠡᠨᠡᠬᠦ ᠲᠡᠮᠳᠡᠭᠯᠡᠯ ᠢ ᠦᠨᠳᠦᠰᠦᠯᠡᠵᠦ᠂ ᠦᠵᠦᠮᠦᠴᠢᠨ ᠠᠶᠢᠮᠠᠭ ᠤᠨ ᠬᠤᠶᠠᠳᠠᠬᠢ ᠤᠳᠠᠭᠠᠨ ᠤ ᠶᠡᠭᠡ ᠨᠡᠭᠦᠳᠡᠯ ᠬᠢᠭᠰᠡᠨ ᠭᠠᠵᠠᠷ ᠨᠤᠲᠤᠭ ᠢ ᠳᠡᠭᠡᠷ᠎ᠡ ᠳᠤᠷᠠᠳᠤᠭᠰᠠᠨ ᠭᠠᠵᠠᠷ ᠣᠷᠣᠨ ᠨᠤᠭᠤᠳ ᠤᠨ ᠠᠯᠢ ᠨᠢᠭᠡ ᠬᠡᠰᠡᠭ  ᠲᠤᠨᠢ ᠪᠠᠶᠢᠯ᠎ᠠ ᠭᠡᠵᠤ ᠦᠵᠡᠵᠦ ᠪᠣᠯᠬᠤ ᠶᠤᠮ᠃ ᠡᠨᠡ ᠤᠳᠠᠭ᠎ᠠ ᠶᠢᠨ ᠨᠡᠭᠦᠳᠡᠯ ᠬᠡᠳᠦᠢ ᠳᠤ ᠳᠠᠭᠤᠰᠴᠤ᠂ ᠦᠵᠦᠮᠦᠴᠢᠨᠴᠦᠳ ᠬᠡᠳᠦᠢ ᠳᠤ ᠨᠤᠲᠤᠭ ᠲᠠᠭᠠᠨ ᠪᠣᠴᠠᠵᠤ ᠢᠷᠡᠭᠰᠡᠨ ᠳᠤᠬᠠᠢ ᠲᠡᠥᠬᠡ ᠮᠠᠲ᠋ᠧᠷᠢᠶᠠᠯ ᠤᠨ ᠳᠤᠲᠤᠷᠬᠠᠢ ᠲᠡᠮᠳᠡᠭᠯᠡᠯ ᠤᠯᠳᠠᠭᠠᠳᠤᠢ ᠪᠠᠶᠢᠨ᠎ᠠ᠃ ᠳᠤᠬᠠᠢ ᠦᠶ᠎ᠡ ᠶᠢᠨ ᠨᠡᠶᠢᠭᠡᠮ ᠠᠬᠤᠢ ᠶᠢᠨ ᠤᠯᠠᠷᠢᠯ ᠬᠤᠪᠢᠷᠠᠯ ᠪᠣᠯᠣᠨ ᠬᠠᠭᠠᠨ ᠲᠥᠷᠥ ᠶᠢᠨ ᠡᠷᠬᠡ ᠡᠵᠡᠮᠲᠡᠯ ᠤᠨ ᠪᠠᠶᠢᠳᠠᠯ ᠢ ᠦᠨᠳᠦᠰᠦᠯᠡᠪᠡᠯ᠂ ᠤᠮᠠᠷᠠᠲᠤ ᠶᠤᠸᠠᠨ ᠤ ᠲᠥᠮᠡᠨ ᠵᠠᠰᠠᠭᠲᠤ ᠬᠠᠭᠠᠨ ᠤ ᠨᠣᠶᠠᠷᠬᠠᠯ ᠤᠨ ᠰᠡᠭᠦᠯᠴᠢ ᠶᠢᠨ ᠬᠤᠭᠤᠴᠠᠭᠠᠨ ᠳᠤ ᠦᠵᠦᠮᠦᠴᠢᠨ ᠠᠶᠢᠮᠠᠭ ᠤᠨ ᠬᠢᠨ ᠨᠤᠲᠤᠭ ᠲᠠᠭᠠᠨ ᠪᠣᠴᠠᠵᠤ ᠢᠷᠡᠭᠰᠡᠨ ᠪᠣᠯᠣᠯᠴᠠᠭ᠎ᠠ ᠲᠣᠩ ᠶᠡᠭᠡ ᠪᠠᠶᠢᠨ᠎ᠠ᠃ 1557 ᠣᠨ ᠳᠤ᠂ ᠤᠮᠠᠷᠠᠲᠤ ᠶᠤᠸᠠᠨ ᠤᠯᠤᠰ ᠤᠨ ᠬᠠᠭᠠᠨ ᠤ ᠶᠡᠭᠡ ᠣᠷᠤ ᠳᠤ ᠠᠷᠪᠠᠨ ᠵᠢᠯ ᠰᠠᠭᠤᠭᠰᠠᠨ ᠳᠠᠷᠡᠶᠢᠰᠤᠨ ᠭᠦᠲᠡᠩ ᠬᠠᠭᠠᠨ ᠨᠠᠰᠤ ᠪᠠᠷᠠᠵᠤ᠂ ᠲᠡᠭᠦᠨ ᠤ ᠠᠬᠠᠮᠠᠳ ᠬᠥᠪᠡᠭᠦᠨ ᠲᠥᠮᠡᠨ ᠶᠡᠭᠡ ᠤᠷᠤ ᠶᠢ ᠵᠠᠯᠭᠠᠮᠵᠢᠯᠠᠵᠤ ᠵᠠᠰᠠᠭᠲᠤ ᠬᠠᠭᠠᠨ ᠡᠷᠭᠦᠮᠵᠢᠯᠡᠭᠳᠡᠵᠡᠢ᠃ ᠲᠥᠮᠡᠨ ᠵᠠᠰᠠᠭᠲᠤ ᠬᠠᠭᠠᠨ ᠪᠣᠯ ᠳᠠᠶᠠᠨ ᠬᠠᠭᠠᠨ ᠤ ᠬᠤᠶᠢᠴᠢᠰ ᠤᠨ ᠳᠤᠲᠤᠷ᠎ᠠ ᠰᠠᠭᠤᠷᠢᠨ ᠳᠤ ᠰᠠᠭᠤᠭᠰᠠᠨ ᠴᠠᠭ ᠬᠤᠭᠤᠴᠠᠭ᠎ᠠ ᠪᠠᠷ ᠬᠠᠮᠤᠭ ᠠᠴᠠ ᠤᠷᠲᠤ᠂ ᠵᠠᠷᠯᠢᠭ ᠳᠤᠭᠳᠠᠭᠠᠯ ᠬᠠᠮᠤᠭ ᠠᠴᠠ ᠴᠢᠩᠭ᠎ᠠ ᠳᠤᠲᠤᠷᠬᠠᠢ᠂ ᠠᠮᠵᠢᠯᠲᠠ ᠪᠦᠳᠦᠭᠡᠯ ᠢᠶᠠᠷ ᠲᠣᠩ ᠶᠡᠭᠡ ᠪᠣᠯᠬᠤ ᠡᠵᠡᠨ ᠬᠠᠭᠠᠨ ᠪᠠᠶᠢᠭᠰᠠᠨ ᠶᠤᠮ᠃ ︽ᠮᠣᠩᠭᠤᠯ ᠤᠨ ᠬᠤᠷᠢᠶᠠᠩᠭᠤᠢ ᠲᠡᠥᠬᠡ︾ ᠳᠤ᠄ ︽ᠲᠥᠮᠡᠨ ᠬᠠᠭᠠᠨ ︵1558 – 1592︶ ᠤ ᠦᠶ᠎ᠡ ᠳᠤ ᠮᠣᠩᠭᠤᠯ ᠤᠨ ᠬᠠᠭᠠᠨ ᠤ ᠡᠷᠬᠡ ᠣᠯᠠᠮ ᠴᠢᠩᠭᠠᠷᠠᠭᠰᠠᠨ ᠪᠠᠶᠢᠨ᠎ᠠ᠃ ᠲᠥᠮᠡᠨ ᠬᠠᠭᠠᠨ ᠶᠠᠭᠤᠨ ᠤ ᠡᠮᠦᠨ᠎ᠡ ᠲᠡᠭᠦᠨ ᠤ ᠲᠥᠪ ᠤᠨ ᠪᠠᠶᠢᠭᠤᠯᠤᠯᠭ᠎ᠠ ᠪᠠᠨ ᠠᠩᠬᠠᠷᠤᠭᠰᠠ ᠪᠠᠶᠢᠨ᠎ᠠ᠃ ᠲᠡᠷᠡ ᠵᠡᠭᠦᠨ ᠪᠠᠷᠠᠭᠤᠨ ᠲᠥᠮᠡᠨ ᠢ ᠵᠣᠬᠢᠴᠠᠭᠤᠯᠤᠨ᠂ ᠵᠠᠰᠠᠭ ᠵᠡᠬᠢᠷᠭ᠎ᠠ ᠶᠢ ᠨᠢᠭᠡᠳᠦᠯᠲᠡᠢ ᠪᠣᠯᠭᠠᠬᠤ ᠶᠢᠨ ᠲᠥᠯᠥᠭᠡ᠂ ᠵᠡᠭᠦᠨ ᠭᠤᠷᠪᠠᠨ ᠲᠥᠮᠡᠨ ᠠᠴᠠ ᠠᠮᠤᠲᠠᠢ ᠬᠤᠩ ᠲᠠᠶᠢᠵᠢ᠂ ᠬᠠᠯᠬ᠎ᠠ ᠶᠢᠨ ᠰᠣᠪᠣᠬᠠᠢ ᠤᠶᠢᠵᠠᠩ᠂ ᠪᠠᠷᠠᠭᠤᠨ ᠭᠤᠷᠪᠠᠨ ᠲᠥᠮᠡᠨ ᠠᠴᠠ ᠤᠷᠲᠤᠰ ᠤᠨ ᠬᠤᠲᠤᠭ ᠲᠠᠢ ᠰᠡᠴᠡᠨ ᠬᠤᠩ ᠲᠠᠶᠢᠵᠢ᠂ ᠠᠰᠤᠳ ᠤᠨ ᠨᠣᠮ ᠳ᠋ᠠᠷᠠ ᠬᠤᠯᠣᠴᠢ᠂ ᠲᠥᠮᠡᠳ ᠤᠨ ᠠᠮᠤᠲᠠᠢ ᠴᠥᠷᠥᠬᠦ ᠬᠤᠩ ᠲᠠᠶᠢᠵᠢ ᠨᠠᠷ ᠢᠶᠠᠷ ᠲᠥᠪ ᠤᠨ ᠵᠠᠰᠠᠭ ᠵᠣᠬᠢᠶᠠᠨ ᠪᠠᠶᠢᠭᠤᠯᠤᠭᠤᠯᠵᠤ ᠵᠠᠰᠠᠭ ᠪᠠᠷᠢᠭᠤᠯᠵᠠᠢ᠃ ᠡᠶᠢᠮᠦ ᠠᠴᠠ ᠲᠥᠮᠡᠨ ᠵᠠᠰᠠᠭᠲᠤ ᠬᠠᠭᠠᠨ ᠬᠡᠮᠡᠨ ᠠᠯᠲᠠᠷᠰᠢᠪᠠᠢ᠃ ᠵᠢᠷᠭᠤᠭᠠᠨ ᠲᠥᠮᠡᠨ ᠢ ᠨᠢᠭᠡᠳᠬᠡᠨ ᠵᠠᠬᠢᠷᠤᠭᠰᠠᠨ  ᠠᠴᠠ ᠪᠠᠷᠠᠭᠤᠨ ᠭᠤᠷᠪᠠᠨ ᠲᠥᠮᠡᠨ ᠤ ᠬᠥᠴᠥᠷᠬᠡᠭ ᠠᠯᠲᠠᠨ ᠬᠠᠨ ᠬᠥᠷᠲᠡᠯ᠎ᠡ ᠲᠥᠮᠡᠨ ᠵᠠᠰᠠᠭᠲᠤ ᠬᠠᠭᠠᠨ ᠳᠤ ᠵᠠᠬᠢᠷᠤᠭᠳᠠᠬᠤ ᠪᠣᠯᠪᠠ︾ ﹇15﹈ ᠭᠡᠵᠤ ᠲᠡᠮᠳᠡᠭᠯᠡᠭᠰᠡᠨ ᠪᠠᠶᠢᠳᠠᠭ᠃ ᠲᠥᠮᠡᠨ ᠵᠠᠰᠠᠭᠲᠤ ᠬᠠᠭᠠᠨ᠂ ᠮᠣᠩᠭᠤᠯ ᠤᠨ ᠡᠯ᠎ᠡ ᠲᠥᠮᠡᠨ ᠤ ᠠᠬᠠᠯᠠᠭᠴᠢᠳ ᠢ ᠣᠷᠣᠯᠴᠠᠭᠤᠯᠤᠭᠰᠠᠨ ᠰᠢᠨ᠎ᠡ ᠲᠥᠪ ᠤᠨ ᠪᠠᠶᠢᠭᠤᠯᠤᠯᠭ᠎ᠠ ᠶᠢ ᠪᠠᠶᠢᠭᠤᠯᠵᠤ᠂ ᠠᠯᠲᠠᠨ ᠬᠠᠨ ᠤ ᠲᠥᠷᠥ ᠡᠵᠡᠷᠬᠡᠬᠦ ᠵᠣᠷᠢᠯᠲᠠ ᠶᠢ ᠠᠮᠵᠢᠯᠲᠠ ᠲᠠᠢ ᠬᠢᠵᠠᠭᠠᠷᠯᠠᠭᠰᠠᠨ ᠶᠠᠪᠤᠳᠠᠯ ᠨᠢ᠂ ᠴᠠᠬᠠᠷ ᠲᠥᠮᠡᠨ  ᠤ ᠵᠡᠭᠦᠨᠰᠢ ᠨᠡᠭᠦᠳᠡᠯᠯᠡᠭᠰᠡᠨ ᠨᠡᠶᠢᠭᠡᠮ ᠪᠠ ᠲᠡᠥᠬᠡ ᠶᠢᠨ ᠰᠢᠯᠲᠠᠭᠠᠨ ᠢ ᠤᠰᠠᠳᠬᠠᠵᠠᠢ᠃ ᠡᠨᠡ ᠨᠢ ᠦᠵᠦᠮᠦᠴᠢᠨ ᠵᠡᠷᠭᠡ ᠡᠯ᠎ᠡ ᠠᠶᠢᠮᠠᠭ ᠤᠨ ᠬᠢᠨ ᠳᠤ ᠨᠤᠲᠤᠭ ᠲᠠᠭᠠᠨ ᠪᠣᠴᠠᠬᠤ ᠨᠥᠬᠦᠴᠡᠯ ᠢ ᠬᠠᠩᠭᠠᠭᠰᠠᠨ ᠪᠠᠶᠢᠨ᠎ᠠ᠃ ᠲᠥᠮᠡᠨ ᠵᠠᠰᠠᠭᠲᠤ ᠬᠠᠭᠠᠨ ᠤ ᠡᠯ᠎ᠡ ᠲᠥᠮᠡᠨ ᠤ ᠠᠬᠠᠯᠠᠭᠴᠢᠳ ᠢ ᠣᠷᠣᠯᠴᠠᠭᠤᠯᠤᠭᠰᠠᠨ ᠰᠢᠨ᠎ᠡ ᠲᠥᠪ ᠤᠨ ᠪᠠᠶᠢᠭᠤᠯᠤᠯᠭ᠎ᠠ ᠶᠢ ᠪᠠᠶᠢᠭᠤᠯᠤᠭᠰᠠᠨ ᠨᠢ 1576 ᠣᠨ ᠤ ᠲᠡᠥᠬᠡ ᠶᠢᠨ ᠶᠠᠪᠤᠳᠠᠯ ᠮᠥᠨ ᠪᠣᠯᠬᠤᠷ᠂ ᠦᠵᠦᠮᠦᠴᠢᠨᠴᠦᠳ ᠤᠨ ᠨᠤᠲᠤᠭ  ᠲᠠᠭᠠᠨ ᠪᠣᠴᠠᠵᠤ ᠢᠷᠡᠭᠰᠡᠨ ᠴᠠᠭ ᠬᠤᠭᠤᠴᠠᠭ᠎ᠠ ᠶᠢ 1576 ᠣᠨ ᠠᠴᠠ ᠲᠥᠮᠡᠨ ᠵᠠᠰᠠᠭᠲᠤ ᠬᠠᠭᠠᠨ ᠤ ᠨᠠᠰᠤ ᠪᠠᠷᠠᠭᠰᠠᠨ 1592 ᠣᠨ ᠪᠣᠯᠲᠠᠯᠠᠬᠢ ᠴᠠᠭ ᠬᠤᠭᠤᠴᠠᠭᠠᠨ ᠤ ᠳᠤᠲᠤᠷ᠎ᠠ ᠪᠠᠶᠢᠯ᠎ᠠ ᠭᠡᠵᠤ ᠦᠵᠡᠨ᠎ᠡ᠃ ᠡᠨᠡ ᠮᠡᠳᠦ ᠪᠠᠷ ᠦᠵᠦᠮᠦᠴᠢᠨ ᠠᠶᠢᠮᠠᠭ ᠤᠨ ᠬᠤᠶᠠᠳᠠᠬᠢ ᠶᠡᠭᠡ ᠨᠡᠭᠦᠳᠡᠯ ᠨᠢ ᠨᠡᠶᠢᠲᠡ ᠶᠢᠨ ᠣᠨ ᠲᠣᠭᠠᠯᠠᠯ ᠤᠨ 1547 ᠣᠨ ᠳᠤ ᠡᠬᠢᠯᠡᠵᠦ᠂ 1576 ᠣᠨ — — 1592 ᠣᠨ ᠤ ᠬᠤᠭᠤᠷᠣᠨᠳᠤᠬᠢ ᠠᠯᠢ ᠨᠢᠭᠡᠨ ᠦᠶ᠎ᠡ  ᠪᠠᠷ ᠲᠡᠭᠦᠰᠴᠦ᠂ ᠦᠵᠦᠮᠦᠴᠢᠨᠴᠦᠳ ᠭᠤᠴᠢ ᠢᠯᠡᠭᠦᠦ ᠲᠠᠪᠢ ᠠᠶᠠᠳᠠᠭᠤ ᠵᠢᠯ ᠤᠨ ᠨᠡᠭᠦᠳᠡᠯ ᠬᠢᠭᠡᠳ ᠥᠯᠥᠭᠡᠢ ᠨᠤᠲᠤᠭ ᠲᠠᠭᠠᠨ ᠪᠣᠴᠠᠵᠤ ᠢᠷᠡᠭᠰᠡᠨ ᠪᠠᠶᠢᠨ᠎ᠠ᠃ ᠲᠦᠷᠪᠡ᠂ ᠣᠮᠠᠷᠠᠲᠤ ᠶᠤᠸᠠᠨ ᠤᠯᠤᠰ ᠤᠨ ᠰᠡᠭᠦᠯᠴᠢ ᠦᠶ᠎ᠡ ᠶᠢᠨ ᠦᠵᠦᠮᠦᠴᠢᠨ ᠠᠶᠢᠮᠠᠭ ᠤᠨ ᠭᠤᠷᠪᠠᠳᠠᠬᠢ ᠶᠡᠭᠡ ᠨᠡᠭᠦᠳᠡᠯ ︵1627 ᠣᠨ — — 1637 ᠣᠨ ᠤ ᠪᠠᠷᠤᠭ᠂ 10 ᠭᠠᠷᠤᠢ ᠵᠢᠯ ᠤᠨ ᠨᠡᠭᠦᠳᠡᠯ︶ ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠪᠣᠯᠬᠤ ᠳᠤ᠂ ᠵᠥᠷᠴᠢᠨ ᠤᠭᠰᠠᠭᠠᠨ ᠤ ᠨᠤᠷᠬᠠᠴᠢ ᠶᠢᠨ ᠠᠶᠢᠮᠠᠭ ᠡᠳᠦᠷ ᠢᠷᠡᠬᠦᠶ᠎ᠡ ᠬᠥᠴᠥᠷᠬᠡᠭᠵᠢᠵᠦ᠂ ᠤᠮᠠᠷᠠᠲᠤ ᠶᠤᠸᠠᠨ ᠤᠯᠤᠰ ᠪᠣᠯᠣᠨ ᠮᠢᠩ ᠤᠯᠤᠰ ᠬᠠᠷᠢᠯᠴᠠᠨ ᠡᠰᠡᠷᠭᠦᠴᠡᠯᠳᠦᠵᠦ ᠪᠠᠶᠢᠭᠰᠠᠨ ᠲᠡᠥᠬᠡ ᠶᠢᠨ ᠠᠬᠤᠢ ᠪᠠᠶᠢᠳᠠᠯ ᠳᠤ ᠶᠡᠬᠡᠬᠡᠨ ᠬᠤᠪᠢᠷᠠᠯᠲᠠ ᠭᠠᠷᠴᠤ᠂ ᠳᠤᠮᠳᠠᠲᠤ ᠤᠯᠤᠰ  ᠤᠨ ᠤᠮᠠᠷᠠᠲᠤ ᠬᠡᠰᠡᠭ ᠲᠤ ᠤᠮᠠᠷᠠᠲᠤ ᠶᠤᠸᠠᠨ ᠤᠯᠤᠰ᠂ ᠮᠢᠩ ᠤᠯᠤᠰ ᠪᠠ ᠵᠥᠷᠴᠢᠨ ᠤ ᠨᠣᠷᠬᠠᠴᠢ ᠶᠢᠨ ᠠᠶᠢᠮᠠᠭ ᠵᠡᠷᠭᠡᠴᠡᠨ ᠣᠷᠣᠰᠢᠭᠰᠠᠨ ᠪᠠᠶᠢᠳᠠᠯ ᠪᠣᠢ ᠪᠣᠯᠣᠭᠠᠳ᠂ ᠴᠠᠭ ᠤᠨ ᠪᠠᠶᠢᠳᠠᠯ ᠢ ᠨᠡᠩ ᠪᠣᠳᠤᠯᠢᠶᠠᠨ ᠲᠠᠢ ᠪᠣᠯᠭᠠᠭᠰᠠᠨ ᠪᠠᠶᠢᠨ᠎ᠠ᠃ ᠰᠢᠨ᠎ᠡ ᠪᠠᠷ ᠮᠠᠨᠳᠤᠭᠰᠠᠨ ᠵᠥᠷᠴᠢᠨ ᠤ ᠨᠤᠷᠬᠠᠴᠢ ᠶᠢᠨ ᠠᠶᠢᠮᠠᠭ ᠨᠢ ᠮᠣᠩᠭᠤᠯ ᠤᠨ ᠡᠯ᠎ᠡ ᠠᠶᠢᠮᠠᠭ ᠤᠨ  ᠬᠢᠨ ᠳᠤ᠂ ᠣᠷᠤᠭ ᠬᠤᠯᠪᠣᠬᠤ ᠪᠠ ᠴᠡᠷᠢᠭ ᠳᠠᠶᠢᠨ ᠤ ᠰᠦᠷᠳᠡᠭᠦᠯᠦᠯᠭᠡ ᠪᠠᠷ ᠬᠠᠪᠰᠤᠷᠭᠠᠭᠰᠠᠨ ᠲᠠᠲᠠᠨ ᠠᠪᠬᠤ᠂ ᠬᠠᠳᠬᠤᠨ ᠵᠠᠪᠰᠠᠷᠳᠠᠭᠤᠯᠬᠤ ᠵᠡᠷᠭᠡ ᠠᠯᠢ ᠣᠯᠠᠨ ᠵᠠᠯᠢ ᠮᠡᠭᠡ ᠪᠦᠬᠦᠢ ᠠᠷᠭ᠎ᠠ ᠪᠣᠳᠣᠯᠭ᠎ᠠ ᠶᠢ ᠠᠪᠤᠭᠰᠠᠨ ᠶᠠᠪᠤᠳᠠᠯ ᠨᠢ ᠮᠣᠩᠭᠤᠯ ᠤᠨ ᠨᠣᠶᠠᠷᠬᠠᠭᠴᠢᠳ ᠢ ᠰᠢᠨ᠎ᠡ ᠪᠡᠷᠬᠡᠳᠡᠯ ᠳᠤ ᠣᠴᠠᠷᠠᠭᠤᠯᠵᠠᠢ᠃ ᠡᠶᠢᠮᠦ ᠪᠠᠶᠢᠳᠠᠯ ᠳᠤ᠂ ᠮᠣᠩᠭᠤᠯ ᠤᠨ ᠨᠣᠶᠠᠷᠬᠠᠭᠴᠢᠳ ᠤᠨ ᠳᠤᠲᠤᠭᠠᠲᠤ ᠭᠠᠳᠠᠭᠠᠲᠤ ᠳᠤ ᠠᠪᠬᠤ ᠲᠥᠷᠥ ᠵᠠᠰᠠᠭ ᠤᠨ ᠠᠷᠭ᠎ᠠ ᠪᠣᠳᠣᠯᠭ᠎ᠠ ᠶᠢᠨ ᠵᠣᠬᠢᠰ ᠲᠠᠢ ᠪᠠᠶᠢᠬᠤ ᠡᠰᠡᠬᠦ ᠨᠢ ᠬᠠᠭᠠᠨᠲᠤ ᠲᠥᠷᠥ ᠦᠷᠭᠦᠯᠵᠢᠯᠡᠨ ᠳᠤᠭᠳᠠᠨᠢᠵᠤ ᠴᠢᠳᠠᠬᠤ ᠡᠰᠡᠬᠦ ᠳᠤ ᠬᠤᠯᠪᠣᠭᠳᠠᠬᠤ ᠲᠣᠮᠣ ᠠᠰᠠᠭᠤᠳᠠᠯ ᠪᠣᠯᠣᠭᠰᠠᠨ ᠪᠠᠶᠢᠨ᠎ᠠ᠃ ᠮᠣᠩᠭᠤᠯ ᠤᠨ ᠨᠣᠶᠠᠷᠬᠠᠭᠴᠢᠳ ᠨᠢ᠂ ᠡᠨᠡᠬᠦ ᠲᠡᠥᠬᠡᠨ ᠰᠢᠯᠭᠠᠯᠲᠠ ᠶᠢ ᠳᠠᠭᠠᠭᠠᠵᠤ ᠴᠢᠳᠠᠯ ᠦᠭᠡᠢ ᠪᠠᠷ ᠳᠤᠲᠤᠭᠠᠲᠤ ᠶᠢᠨ ᠪᠦᠯᠬᠦᠮᠳᠡᠯ ᠨᠢᠭᠲᠠᠷᠠᠯ ᠳᠤ ᠠᠰᠢᠭ ᠦᠭᠡᠢ ᠠᠷᠭ᠎ᠠ ᠪᠣᠳᠣᠯᠭ᠎ᠠ  ᠨᠤᠭᠤᠳ ᠢ ᠬᠡᠷᠡᠭᠵᠢᠭᠦᠯᠦᠭᠰᠡᠨ ᠶᠠᠪᠤᠳᠠᠯ ᠨᠢ᠂ ᠮᠣᠩᠭᠤᠯ ᠤᠨ ᠬᠠᠭᠠᠨᠲᠤ ᠲᠥᠷᠥ ᠶᠢ ᠰᠦᠢᠷᠡᠯ ᠳᠤ ᠬᠥᠷᠥᠭᠦᠯᠵᠡᠢ᠃ ᠦᠵᠦᠮᠦᠴᠢᠨ ᠠᠶᠢᠮᠠᠭ ᠤᠨ ᠭᠤᠷᠪᠠᠳᠠᠬᠢ ᠶᠡᠭᠡ ᠨᠡᠭᠦᠳᠡᠯ ᠨᠢ ᠶᠠᠭ ᠡᠶᠢᠮᠦᠷᠬᠦ ᠲᠡᠥᠬᠡᠨ ᠠᠬᠤᠢ ᠪᠠᠶᠢᠳᠠᠯ ᠤᠨ ᠳᠤᠤᠷ᠎ᠠ ᠡᠬᠢᠯᠡᠭᠰᠡᠨ ᠪᠠᠶᠢᠨ᠎ᠠ᠃ 1627 ᠣᠨ ᠳᠤ᠂ ᠤᠮᠠᠷᠠᠲᠤ ᠶᠤᠸᠠᠨ ᠤᠯᠤᠰ ᠤᠨ ᠯᠢᠭᠳᠡᠨ ᠬᠠᠭᠠᠨ᠂ ᠬᠠᠷᠠᠴᠢᠨ ᠠᠶᠢᠮᠠᠭ ᠤᠷᠲᠤ ᠬᠤᠭᠤᠴᠠᠭ᠎ᠠ ᠬᠠᠭᠠᠨ ᠵᠠᠰᠠᠭ ᠲᠤ ᠠᠯᠪᠠ ᠭᠤᠪᠴᠢᠭᠤᠷ ᠳᠤᠰᠢᠶᠠᠭᠰᠠᠨ ᠦᠭᠡᠢ ᠶᠢᠨ ᠰᠢᠯᠲᠠᠭᠠᠨ ᠢᠶᠠᠷ ᠴᠡᠷᠢᠭ ᠬᠥᠳᠡᠯᠭᠡᠵᠦ ᠬᠠᠷᠠᠴᠢᠨ ᠠᠶᠢᠮᠠᠭ ᠢ ᠳᠠᠶᠢᠯᠠᠵᠠᠢ᠃ ᠳᠠᠶᠢᠨ ᠤ ᠳ᠋ᠦᠩ ᠳᠤ᠂ ᠯᠢᠭᠳᠡᠨ ᠬᠠᠭᠠᠨ ᠬᠠᠷᠠᠴᠢᠨ᠂ ᠲᠥᠮᠡᠳ ᠤᠨ ᠬᠤᠯᠪᠣᠭᠠᠲᠤ ᠴᠡᠷᠢᠭ ᠢ ᠶᠡᠭᠡ ᠪᠠᠷ ᠢᠯᠡᠵᠤ᠂ ᠬᠠᠷᠠᠴᠢᠨ ᠠᠶᠢᠮᠠᠭ ᠢ ᠰᠦᠨᠦᠭᠡᠭᠰᠡᠨ ᠪᠣᠯᠪᠠᠴᠤ᠂ ᠲᠡᠭᠦᠨ ᠤ ᠪᠠᠷᠠᠭᠤᠨᠰᠢ ᠳᠠᠶᠢᠯᠠᠭᠰᠠᠨ ᠶᠠᠪᠤᠳᠠᠯ ᠨᠢ ᠪᠠᠷᠠᠭᠤᠨ ᠭᠠᠷᠤᠨ ᠲᠥᠮᠡᠨ ᠨᠦᠭᠦᠳ ᠢ ᠵᠠᠯᠭ᠎ᠠ ᠵᠠᠯᠭ᠎ᠠ ᠪᠠᠷ ᠵᠠᠳᠠᠷᠠᠬᠤ ᠳᠤ ᠬᠥᠷᠥᠭᠦᠯᠦᠭᠰᠡᠨ ᠢᠶᠠᠷ ᠪᠠᠷᠠᠬᠤ ᠦᠭᠡᠢ᠂ ᠦᠪᠡᠷ ᠤᠨ ᠬᠢᠨᠢ ᠬᠠᠷᠢᠶ᠎ᠠ ᠠᠶᠢᠮᠠᠭ ᠲᠤ ᠴᠦ ᠬᠠᠭᠠᠷᠠᠯ ᠡᠭᠦᠰᠬᠦ ᠬᠤᠣᠷ ᠤᠨ ᠦᠨᠳᠦᠰᠦ ᠶᠢ ᠲᠠᠷᠢᠵᠠᠢ᠃ ᠡᠭᠦᠨ ᠤ ᠳᠤᠬᠠᠢ ︽ᠤᠮᠠᠷᠠᠲᠤ ᠶᠤᠸᠠᠨ ᠤ ᠲᠡᠥᠬᠡ︾ ᠳᠤ ᠲᠡᠮᠳᠡᠭᠯᠡᠬᠦ ᠳᠡᠭᠡᠨ᠄ ︽ᠯᠢᠭᠲᠡᠨ ᠬᠠᠭᠠᠨ ᠪᠠᠷᠠᠭᠤᠨᠰᠢ ᠳᠠᠶᠢᠯᠠᠭᠰᠠᠨ ᠳᠤ᠂ ᠪᠠᠷᠠᠭᠤᠨ ᠭᠠᠷᠤᠨ ᠤᠯᠤᠰ ᠲᠥᠮᠡᠨ ᠨᠢ ᠵᠠᠯᠭᠠᠯᠳᠤᠭ᠎ᠠ ᠪᠠᠷ ᠵᠠᠳᠠᠷᠠᠨ ᠰᠠᠷᠨᠢᠵᠠᠢ᠃ ᠮᠥᠨ ᠡᠨᠡ ᠦᠶ᠎ᠡ ᠳᠤ᠂ ᠦᠪᠡᠷ ᠤᠨ ᠬᠢᠨᠢ ᠬᠠᠷᠢᠶ᠎ᠠ ᠠᠶᠢᠮᠠᠭ ᠰᠦᠨᠢᠳ ᠠᠶᠢᠮᠠᠭ᠂ ᠦᠵᠦᠮᠦᠴᠢᠨ ᠠᠶᠢᠮᠠᠭ᠂ ᠬᠠᠭᠤᠴᠢᠳ ᠠᠶᠢᠮᠠᠭ ᠪᠣᠯᠣᠨ ᠴᠢᠩᠭᠢᠰ ᠬᠠᠭᠠᠨ ᠤ ᠳᠡᠭᠦᠦ ᠪᠡᠯᠭᠦᠲᠡᠢ ᠶᠢᠨ ᠬᠤᠶᠢᠴᠢᠰ ᠤᠨ ᠠᠶᠢᠮᠠᠭ ᠪᠣᠯᠬᠤ ᠠᠪᠠᠭ᠎ᠠ᠂ ᠠᠪᠠᠭ᠋ᠠᠨᠠᠷ ᠤᠨ ᠬᠡᠰᠡᠭ ᠠᠷᠠᠳ ᠢᠷᠭᠡᠳ ᠳᠠᠶᠢᠨ ᠳᠠᠵᠢᠨ ᠠᠴᠠ ᠵᠠᠶᠢᠯᠠᠬᠤ ᠶᠢᠨ ᠲᠥᠯᠥᠭᠡ᠂ ᠤᠮᠠᠷᠠᠰᠢ ᠬᠠᠯᠬ᠎ᠠ ᠶᠢᠨ ᠬᠢᠯᠢ ᠳᠤ ᠣᠷᠣᠵᠤ᠂ ᠬᠠᠯᠬ᠎ᠠ ᠵᠡᠭᠦᠨ ᠭᠠᠷᠤᠨ ᠤᠨ ᠰᠣᠯᠣᠢ ᠳᠠᠯᠠᠢ ᠵᠢᠨᠥᠩ ᠢ ᠳᠦᠰᠢᠪᠡ᠃ ᠰᠣᠯᠣᠢ ᠶᠢᠨ ᠠᠶᠢᠮᠠᠭ ᠨᠢᠭᠡᠨ ᠦᠶ᠎ᠡ ᠰᠦᠷ ᠬᠥᠴᠥᠨ ᠶᠡᠭᠡ ᠪᠠᠷ ᠨᠡᠮᠡᠭᠳᠡᠭᠡᠳ ᠣᠯᠠᠨ ᠤ ᠬᠥᠷᠢᠶᠡᠯᠡᠨ ᠡᠷᠭᠦᠬᠦ ᠪᠠᠷ᠂ ᠰᠣᠯᠣᠢ ᠵᠢᠨᠥᠩ ᠴᠤᠯᠠ ᠪᠠᠨ ᠰᠣᠯᠢᠵᠤ ᠬᠠᠨ ᠨᠡᠷᠡᠶᠢᠳᠦᠪᠡ︾ ﹇16﹈ ᠭᠡᠰᠡᠨ ᠪᠠᠶᠢᠨ᠎ᠠ᠃ ᠡᠨᠡᠬᠦ ᠲᠡᠮᠳᠡᠭᠯᠡᠯ ᠠᠴᠠ᠂ ᠦᠵᠦᠮᠦᠴᠢᠨ ᠠᠶᠢᠮᠠᠭ ᠤᠨ ᠭᠤᠷᠪᠠᠳᠠᠬᠢ ᠶᠡᠭᠡ ᠨᠡᠭᠦᠳᠡᠯ ᠤᠨ ᠴᠠᠭ ᠬᠤᠭᠤᠴᠠᠭ᠎ᠠ ᠪᠣᠯᠣᠨ ᠭᠤᠤᠯ ᠪᠣᠯᠬᠤ ᠰᠢᠯᠲᠠᠭᠠᠨ ᠤ ᠳᠤᠬᠠᠢ ᠨᠡᠯᠢᠶᠡᠳ ᠳᠤᠲᠤᠷᠬᠠᠢ ᠤᠶᠢᠯᠠᠭᠠᠵᠤ ᠪᠣᠯᠬᠤ ᠶᠤᠮ᠃ ᠡᠨᠡ ᠤᠳᠠᠭ᠎ᠠ ᠶᠢᠨ ᠶᠡᠭᠡ ᠨᠡᠭᠦᠳᠡᠯ ᠳᠡᠭᠡᠨ ᠦᠵᠦᠮᠦᠴᠢᠨ ᠠᠶᠢᠮᠠᠭ ᠤᠨ ᠬᠢᠨ ᠬᠡᠷᠦᠯᠦᠨ ᠭᠤᠤᠯ ᠤᠨ ᠰᠠᠪᠠ ᠭᠠᠵᠠᠷ ᠢᠶᠠᠷ ᠨᠡᠭᠦᠳᠡᠯᠯᠡᠨ ᠮᠠᠯᠵᠢᠵᠠᠢ᠃ ᠦᠵᠦᠮᠦᠴᠢᠨ᠂ ᠬᠠᠭᠤᠴᠢᠳ᠂ ᠰᠥᠨᠢᠳ ᠵᠡᠷᠭᠡ ᠠᠶᠢᠮᠠᠭ ᠤᠨ ᠬᠢᠨ ᠤᠮᠠᠷᠠᠰᠢ ᠨᠡᠭᠦᠵᠦ ᠬᠠᠯᠬ᠎ᠠ ᠶᠢᠨ ᠰᠣᠯᠣᠢ ᠬᠠᠨ ᠢ ᠳᠦᠰᠢᠭᠰᠡᠨ ᠭᠤᠤᠯ ᠰᠢᠯᠲᠠᠭᠠᠨ ᠨᠢ ᠳᠡᠭᠡᠷ᠎ᠡ ᠳᠤᠷᠠᠳᠤᠭᠰᠠᠨ ᠳᠠᠶᠢᠨ ᠳᠠᠵᠢᠨ ᠠᠴᠠ ᠵᠠᠶᠢᠯᠠᠭᠰᠠᠨ  ᠳᠤ ᠪᠠᠶᠢᠬᠤ ᠪᠣᠯᠪᠠᠴᠤ᠂ ᠡᠭᠦᠨ ᠠᠴᠠ ᠭᠠᠳᠠᠨ᠎ᠠ᠂ ᠱᠠᠰᠢᠨ ᠰᠢᠳᠦᠯᠭᠡ ᠶᠢᠨ ᠲᠠᠯ᠎ᠠ ᠪᠠᠷ ᠬᠢ ᠢᠳᠡᠭᠡᠯ ᠪᠢᠰᠢᠷᠡᠯ ᠠᠳᠠᠯᠢ ᠦᠭᠡᠢ ᠠᠴᠠ ᠪᠣᠯᠵᠤ᠂ ᠮᠣᠩᠭᠤᠯᠴᠤᠳ ᠤᠨ ᠳᠤᠲᠤᠭᠠᠲᠤ ᠳᠤ ᠢᠯᠠᠩᠭᠤᠶ᠎ᠠ ᠮᠣᠩᠭᠤᠯ ᠤᠨ ᠨᠡᠶᠢᠭᠡᠮ ᠤᠨ ᠳᠡᠭᠡᠲᠦ ᠳᠠᠪᠬᠤᠷᠭ᠎ᠠ ᠳᠤ ᠬᠠᠭᠠᠷᠠᠯ ᠡᠭᠦᠰᠦᠭᠰᠡᠨ ᠨᠥᠭᠦᠭᠡ ᠨᠢᠭᠡ ᠰᠢᠯᠲᠠᠭᠠᠨ ᠢ ᠣᠮᠳᠣᠭᠠᠶᠢᠯᠠᠵᠤ ᠪᠣᠯᠬᠤ ᠦᠭᠡᠢ ᠶᠤᠮ᠃ ᠯᠢᠭᠳᠡᠨ ᠬᠠᠭᠠᠨ ᠰᠢᠷ᠎ᠠ ᠶᠢᠨ ᠱᠠᠰᠢᠨ ᠤ ᠨᠥᠯᠥᠭᠡ ᠶᠢ ᠠᠩᠬᠠᠷᠴᠤ᠂ ᠳᠠᠯᠠᠢ ᠯᠠᠮᠠ ᠶᠢᠨ ᠮᠣᠩᠭᠤᠯ ᠣᠷᠣᠨ  ᠳᠠᠬᠢ ᠲᠥᠯᠥᠭᠡᠯᠡᠭᠴᠢ ᠮᠠᠶᠢᠳᠠᠷᠢ ᠨᠣᠮ ᠤᠨ ᠬᠠᠭᠠᠨ ᠵᠤᠨᠢ ᠴᠤᠷᠵᠢ ᠲᠡᠷᠢᠭᠦᠲᠡᠨ ᠠᠴᠠ ᠠᠪᠢᠰᠢᠭ᠌ ᠠᠪᠴᠤ᠂ ᠰᠢᠷ᠎ᠠ  ᠶᠢᠨ ᠱᠠᠰᠢᠨ ᠢ ᠰᠢᠳᠦᠵᠦ ᠪᠠᠶᠢᠭᠰᠠᠨ ᠢᠶᠠᠨ᠂ ᠱᠠᠰᠢᠨ ᠰᠣᠷᠳᠠᠬᠤᠨ ᠤ ᠲᠠᠯ᠎ᠠ ᠠᠴᠠ ᠮᠣᠩᠭᠤᠯ ᠤᠨ ᠹᠧᠤᠳᠠᠯ ᠨᠣᠶᠠᠳ  ᠢ ᠡᠪᠯᠡᠭᠦᠯᠬᠦ ᠶᠢᠨ ᠲᠥᠯᠥᠭᠡ᠂ ᠬᠤᠷᠢᠨ ᠵᠢᠷᠭᠤᠭᠠᠨ ᠨᠠᠰᠤᠨ ᠳᠡᠭᠡᠷ᠎ᠡ ᠪᠠᠨ ᠰᠠᠰᠬᠢᠶ᠎ᠠ ︵ᠤᠯᠠᠭᠠᠨ ᠮᠠᠯᠠᠭᠠᠶᠢᠲᠠᠨ︶ ᠱᠠᠷᠪᠠ ᠲᠠᠨᠵᠢᠨ ᠬᠤᠲᠤᠭᠲᠤ ᠠᠴᠠ ᠪᠠᠰᠠ ᠠᠪᠢᠰᠢᠭ᠌ ᠠᠪᠴᠤ ᠰᠢᠷ᠎ᠠ ᠤᠯᠠᠭᠠᠨ ᠤ ᠱᠠᠰᠢᠨ ᠢ ᠢᠯᠭᠠᠯ ᠦᠭᠡᠢ ᠳᠡᠯᠭᠡᠷᠡᠭᠦᠯᠬᠦ ᠪᠠᠷ ᠪᠣᠯᠵᠠᠢ᠃ ᠡᠨᠡ ᠨᠢ᠂ ᠰᠢᠷ᠎ᠠ ᠶᠢᠨ ᠱᠠᠰᠢᠨ ᠤ ᠳᠤᠷ᠎ᠠ ᠦᠭᠡᠶᠢᠴᠡᠯ ᠢ ᠬᠥᠷᠭᠡᠵᠦ᠂ ᠲᠡᠳᠡᠨᠡᠷ ᠯᠢᠭᠳᠡᠨ ᠬᠠᠭᠠᠨ ᠤ ᠦᠢᠯᠡᠰ ᠲᠤ ᠦᠴᠦᠬᠡᠨ ᠴᠦ ᠲᠡᠮᠵᠢᠯᠭᠡ ᠦᠵᠡᠭᠦᠯᠬᠦ ᠶᠢ ᠪᠣᠯᠢᠵᠠᠢ᠃ ᠡᠶᠢᠨᠬᠦ ᠯᠢᠭᠳᠡᠨ ᠬᠤᠳᠣᠭᠲᠤ ᠬᠠᠭᠠᠨ ᠭᠠᠭᠴᠠᠬᠦ ᠤᠯᠠᠭᠠᠨ ᠤ ᠱᠠᠰᠢᠨ ᠢ ᠰᠢᠳᠦᠬᠦ ᠪᠣᠯᠵᠤ᠂ ᠰᠢᠷ᠎ᠠ ᠶᠢᠨ ᠱᠠᠰᠢᠨ ᠢ ᠳᠡᠪᠴᠢᠭᠰᠡᠨ ᠪᠠᠶᠢᠨ᠎ᠠ᠃ ᠡᠭᠦᠨ ᠤ ᠳ᠋ᠦᠩ ᠳᠤ᠂ ᠰᠢᠷ᠎ᠠ ᠶᠢᠨ ᠱᠠᠰᠢᠨ ᠤ ᠬᠢᠨ ᠲᠡᠭᠦᠨ ᠢ ᠱᠠᠰᠢᠨ ᠤ ᠳᠠᠶᠢᠰᠤᠨ ᠢᠶᠠᠷ ᠦᠵᠡᠵᠦ᠂ ᠰᠢᠷ᠎ᠠ ᠶᠢᠨ ᠱᠠᠰᠢᠨ ᠢ ᠰᠢᠳᠦᠳᠡᠭ ᠮᠣᠩᠭᠤᠯ ᠤᠨ ᠳᠡᠭᠡᠲᠦ ᠳᠠᠪᠬᠤᠷᠭᠠᠲᠠᠳ ᠲᠡᠭᠦᠨ ᠠᠴᠠ ᠵᠠᠶᠢᠳᠠᠵᠤ ᠬᠥᠨᠳᠡᠶᠢᠷᠡᠬᠦ ᠪᠣᠯᠵᠠᠢ᠃ ᠡᠨᠡ ᠨᠢ ᠮᠥᠨᠴᠦ ᠰᠢᠷ᠎ᠠ ᠶᠢᠨ ᠱᠠᠰᠢᠨ ᠢ ᠰᠢᠳᠦᠳᠡᠭ ᠪᠠᠶᠢᠭᠰᠠᠨ ᠦᠵᠦᠮᠦᠴᠢᠨ᠂ ᠬᠠᠭᠤᠴᠢᠳ᠂ ᠰᠥᠨᠢᠳ ᠵᠡᠷᠭᠡ ᠠᠶᠢᠮᠠᠭ ᠤᠨ ᠳᠡᠭᠡᠲᠦ ᠳᠠᠪᠬᠤᠷᠭ᠎ᠠ ᠶᠢᠨ ᠬᠢᠨ ᠠᠶᠢᠮᠠᠭ ᠪᠦᠯᠦᠭ ᠢᠶᠠᠨ ᠳᠠᠭᠠᠭᠤᠯᠵᠤ ᠲᠡᠭᠦᠨ ᠠᠴᠠ ᠰᠠᠯᠵᠤ ᠨᠡᠭᠦᠭᠰᠡᠨ ᠤ ᠤᠴᠢᠷ ᠰᠢᠯᠲᠠᠭᠠᠨ ᠤ ᠨᠢᠭᠡ ᠨᠢ ᠪᠣᠯᠬᠤ ᠶᠤᠮ᠃ ᠠᠷᠪᠠ ᠭᠠᠷᠤᠢ ᠵᠢᠯ ᠤᠨ ᠳᠠᠷᠠᠭ᠎ᠠ᠂ ᠣᠮᠠᠷᠠᠲᠤ ᠶᠤᠸᠠᠨ ᠤᠯᠤᠰ ᠮᠥᠬᠦᠭᠰᠡᠨ ᠪᠠ ᠦᠪᠡᠷ ᠤᠨ ᠡᠪᠦᠭᠡ ᠳᠡᠭᠡᠳᠦᠰ ᠤᠨ ᠬᠤᠪᠢ ᠥᠮᠴᠢ ᠪᠣᠯᠬᠤ ᠨᠤᠲᠤᠭ ᠪᠡᠯᠴᠢᠭᠡᠷ ᠢᠶᠠᠨ ᠦᠷᠭᠦᠯᠵᠢᠯᠡᠨ ᠡᠵᠡᠮᠰᠢᠬᠦ ᠵᠡᠷᠭᠡ ᠳᠤ ᠰᠢᠯᠲᠠᠭᠠᠯᠠᠵᠤ᠂ ᠳᠤᠷᠵᠢ ᠵᠢᠨᠤᠩ ᠵᠡᠷᠭᠡ ᠦᠵᠦᠮᠦᠴᠢᠨ ᠤ ᠨᠣᠶᠠᠳ ᠳᠦᠰᠢᠮᠡᠳ ᠨᠠᠷ ᠴᠢᠩ ᠤᠯᠤᠰ ᠢ ᠳᠠᠭᠠᠭᠰᠠᠨ ᠢᠶᠠᠷ ᠨᠤᠲᠤᠭ ᠲᠠᠭᠠᠨ ᠪᠣᠴᠠᠬᠤ ᠪᠤᠯᠤᠮᠵᠢ ᠨᠥᠬᠦᠴᠡᠯ ᠲᠠᠢ ᠪᠣᠯᠣᠭᠰᠠᠨ ᠠᠴᠠ᠂ ᠦᠵᠦᠮᠦᠴᠢᠨ ᠠᠶᠢᠮᠠᠭ ᠤᠨ ᠬᠢᠨ 1637 ᠣᠨ ᠤ ᠪᠠᠷᠤᠭ ᠢᠶᠠᠷ ᠨᠣᠲᠤᠭ ᠲᠠᠭᠠᠨ ᠪᠣᠴᠠᠵᠤ ᠢᠷᠡᠭᠡᠳ ᠡᠨᠡ ᠤᠳᠠᠭᠠᠨ ᠤ ᠨᠡᠭᠦᠳᠡᠯ ᠲᠡᠭᠦᠰᠦᠭᠰᠡᠨ ᠪᠠᠶᠢᠨ᠎ᠠ᠃ ᠦᠵᠦᠮᠦᠴᠢᠨ ᠠᠶᠢᠮᠠᠭ ᠤᠨ ᠣᠯᠠᠨ ᠵᠠᠭᠤᠨ ᠵᠢᠯ ᠳᠤᠷᠰᠢᠬᠢ ᠨᠡᠭᠦᠳᠡᠯ ᠠᠮᠢᠲᠤᠷᠠᠯ ᠤᠨ ᠲᠡᠥᠬᠡ ᠶᠢ ᠠᠵᠢᠭᠯᠠᠨ ᠰᠢᠨᠵᠢᠯᠡᠪᠡᠯ᠂ ᠦᠵᠦᠮᠦᠴᠢᠨ ᠠᠶᠢᠮᠠᠭ ᠤᠨ ᠬᠢᠨ ᠪᠣᠢ ᠪᠣᠯᠣᠨ ᠪᠦᠷᠢᠯᠳᠦᠭᠰᠡᠨ 1200 ᠣᠨ ᠤ ᠤᠷᠢᠳ ᠬᠤᠵᠢᠳ ᠤᠨ ᠲᠡᠷᠡ ᠦᠶ᠎ᠡ ᠠᠴᠠ ᠪᠠᠨ 1946 ᠣᠨ ᠤ ᠠᠷᠠᠳ ᠤᠨ ᠰᠢᠨ᠎ᠡ ᠵᠠᠰᠠᠭ ᠪᠠᠶᠢᠭᠤᠯᠤᠭᠳᠠᠬᠤ ᠪᠣᠯᠲᠠᠯᠠᠬᠢ ᠳᠤᠯᠤᠭᠠᠨ ᠵᠠᠭᠤᠨ ᠲᠠᠪᠢ ᠭᠠᠷᠤᠢ ᠵᠢᠯ ᠤᠨ ᠬᠤᠭᠤᠴᠠᠭᠠᠨ  ᠳᠤ ᠣᠷᠢᠳ ᠬᠤᠵᠢᠳ ᠭᠤᠷᠪᠠᠨ ᠣᠳᠠᠭ᠎ᠠ ᠠᠳᠠᠯᠢ ᠪᠣᠰᠣ ᠨᠥᠬᠦᠴᠡᠯ ᠰᠢᠯᠲᠠᠭᠠᠨ ᠢᠶᠠᠷ᠂ ᠠᠳᠠᠯᠢ ᠪᠣᠰᠣ ᠭᠠᠵᠠᠷ ᠣᠷᠣᠨ ᠳᠤ ᠨᠡᠭᠦᠳᠡᠯᠯᠡᠨ ᠮᠠᠯᠵᠢᠵᠤ᠂ ᠨᠡᠭᠦᠳᠡᠯ ᠬᠢᠭᠰᠡᠨ ᠣᠨ ᠵᠢᠯ ᠢ ᠨᠡᠶᠢᠯᠡᠭᠦᠯᠦᠨ ᠪᠣᠳᠣᠪᠠᠯ ᠬᠤᠶᠠᠷ ᠵᠠᠭᠤ ᠠᠶᠠᠳᠠᠭᠤ ᠵᠢᠯ ᠪᠠᠶᠢᠵᠤ᠂ ᠦᠵᠦᠮᠦᠴᠢᠨ ᠠᠶᠢᠮᠠᠭ ᠤᠨ ᠪᠦᠬᠦ ᠲᠡᠥᠬᠡᠨ ᠬᠤᠭᠤᠴᠠᠭᠠᠨ ᠤ ᠭᠤᠷᠪᠠᠨ ᠤ ᠨᠢᠭᠡ ᠬᠤᠪᠢ ᠰᠢᠬᠠᠭᠤ ᠶᠢ ᠡᠵᠡᠯᠡᠵᠦ᠂ ᠨᠡᠭᠦᠳᠡᠯᠯᠡᠭᠰᠡᠨ ᠭᠠᠵᠠᠷ ᠣᠷᠣᠨ ᠨᠢ ᠭᠤᠪᠢ ᠶᠢᠨ ᠠᠷᠤ ᠪᠠ ᠡᠮᠦᠨᠡᠭᠦᠷ ᠲᠠᠷᠬᠠᠵᠤ᠂ ᠴᠠᠭ ᠬᠤᠭᠤᠴᠠᠭ᠎ᠠ ᠶᠢᠨ ᠤᠷᠲᠤ᠂ ᠣᠷᠣᠨ ᠵᠠᠢ ᠶᠢᠨ ᠦᠷᠭᠡᠨ ᠲᠡᠯᠭᠡᠷ ᠨᠢ ᠦᠨᠡᠭᠡᠷ ︽ᠶᠡᠭᠡ ᠨᠡᠭᠦᠳᠡᠯ︾ ᠬᠡᠮᠡᠭᠰᠡᠨ ᠳᠡᠭᠡᠨ ᠨᠡᠶᠢᠴᠡᠬᠦ ᠶᠤᠮ᠃ ᠦᠵᠦᠮᠦᠴᠢᠨ ᠠᠶᠢᠮᠠᠭ ᠤᠨ ᠬᠢᠨ ᠢ ᠭᠠᠳᠠᠭᠰᠢ ᠨᠡᠭᠦᠳᠡᠯᠯᠡᠭᠰᠡᠨ ᠬᠤᠭᠤᠴᠠᠭᠠᠨ ᠳᠤ᠂ ᠲᠡᠳᠡᠨ ᠤ ᠨᠤᠲᠤᠭ ᠤᠰᠤ ᠪᠣᠯᠬᠤ ᠦᠵᠦᠮᠦᠴᠢᠨ ᠲᠠᠯ᠎ᠠ ᠨᠤᠲᠤᠭ ᠨᠢ ᠤᠬᠤᠷ ᠬᠤᠭᠤᠴᠠᠭ᠎ᠠ ᠪᠠᠷ ᠡᠵᠡᠭᠦᠢ ᠤᠷᠬᠢᠭᠳᠠᠵᠤ ᠥᠩᠭᠡᠷᠡᠭᠰᠡᠨ ᠪᠣᠶᠤ ᠦᠭᠡᠷ᠎ᠡ ᠪᠣᠰᠣᠳᠴᠤᠤᠯ ᠨᠡᠭᠦᠳᠡᠯᠯᠡᠵᠦ ᠮᠠᠯᠵᠢᠭᠰᠠᠨ ᠣᠳᠠᠭ᠎ᠠ ᠴᠦ ᠪᠠᠶᠢᠳᠠᠭ᠃ ᠮᠢᠩ ᠤᠯᠤᠰ ᠪᠣᠯᠣᠨ ᠤᠮᠠᠷᠠᠲᠤ ᠶᠤᠸᠠᠨ ᠤᠯᠤᠰ ᠤᠨ ᠴᠡᠷᠢᠭ ᠳᠠᠶᠢᠨ ᠤ ᠥᠷᠢᠰᠥᠯᠳᠦᠭᠡᠨ ᠶᠠᠭ ᠢᠳᠡ ᠬᠥᠭ ᠳᠡᠭᠡᠷ᠎ᠡ ᠪᠠᠨ ᠪᠠᠶᠢᠭᠰᠠᠨ᠂ ᠦᠵᠦᠮᠦᠴᠢᠨ ᠠᠶᠢᠮᠠᠭ ᠤᠨ ᠬᠢᠨ ᠪᠢᠯᠢᠭᠲᠦ ᠬᠠᠭᠠᠨ ᠠᠶᠤᠰᠢᠷᠢᠳᠠᠷ᠎ᠠ ᠶᠢ ᠳᠠᠭᠠᠵᠤ ︵ᠨᠡᠩ ᠳᠤᠲᠤᠷᠬᠠᠢ ᠰᠢᠭ᠋ ᠬᠡᠯᠡᠪᠡᠯ ᠬᠤᠶᠢᠨ᠎ᠠ ᠠᠴᠠ ᠨᠢ︶ ᠤᠮᠠᠷᠠᠰᠢ ᠨᠡᠭᠦᠳᠡᠯᠯᠡᠭᠰᠠᠨ 1370 ᠣᠨ ᠤ ᠳᠠᠷᠠᠭᠠᠬᠢ ᠨᠢᠭᠡ ᠬᠡᠰᠡᠭ ᠴᠠᠭ ᠬᠤᠭᠤᠴᠠᠭᠠᠨ ᠳᠤ᠂ ᠦᠵᠦᠮᠦᠴᠢᠨ ᠲᠠᠯ᠎ᠠ ᠨᠤᠲᠤᠭ ᠢ ᠴᠡᠷᠢᠭ ᠳᠠᠶᠢᠨ ᠤ ᠬᠥᠯ ᠢᠶᠠᠷ ᠡᠵᠡᠭᠦᠢ ᠤᠷᠭᠢᠭᠳᠠᠭᠰᠠᠨ ᠪᠠᠶᠢᠳᠠᠯ ᠲᠠᠢ ᠪᠠᠶᠢᠭᠰᠠᠨ ᠭᠡᠵᠤ ᠦᠵᠡᠯᠲᠡᠢ᠃ ᠭᠡᠪᠡᠴᠦ ᠰᠡᠭᠦᠯᠡᠷ ᠨᠢ᠂ ᠮᠢᠩ ᠤᠯᠤᠰ ᠤᠨ ᠴᠡᠷᠢᠭ ᠴᠠᠭᠠᠨ ᠬᠡᠷᠡᠮ  ᠠᠴᠠ ᠡᠮᠦᠨᠡᠰᠢ ᠪᠣᠴᠠᠵᠤ᠂ ᠤᠮᠠᠷᠠᠲᠤ ᠶᠤᠸᠠᠨ ᠤᠯᠤᠰ ᠪᠣᠯᠣᠨ ᠮᠢᠩ ᠤᠯᠤᠰ ᠤᠨ ᠬᠠᠷᠢᠯᠴᠠᠨ ᠡᠰᠡᠷᠭᠦᠴᠡᠯᠳᠦᠭᠰᠡᠨ ᠪᠠᠶᠢᠳᠠᠯ ᠪᠠᠶᠢᠩᠭᠤ ᠶᠢᠨ ᠪᠣᠯᠵᠤ ᠳᠤᠭᠳᠠᠪᠤᠷᠢᠵᠢᠬᠤ ᠦᠶᠡᠰ᠂ ᠡᠨᠡ ᠬᠡᠰᠡᠭ ᠨᠤᠲᠤᠭ ᠳᠡᠪᠢᠰᠭᠡᠷ ᠲᠠᠬᠢᠨ ᠤᠮᠠᠷᠠᠲᠤ ᠶᠤᠸᠠᠨ ᠤᠯᠤᠰ ᠤᠨ ᠡᠷᠬᠡᠰᠢᠶᠡᠯ ᠤᠨ ᠬᠡᠪᠴᠢᠶᠡᠨ ᠳᠤ ᠣᠷᠣᠭᠰᠠᠨ ᠪᠠᠶᠢᠨ᠎ᠠ᠃ ᠡᠨᠡ ᠦᠶ᠎ᠡ ᠳᠤ᠂ ᠡᠵᠡᠨ ᠨᠢ ᠪᠣᠯᠬᠤ ᠦᠵᠦᠮᠦᠴᠢᠨ ᠠᠶᠢᠮᠠᠭ ᠤᠨ ᠬᠢᠨ ᠠᠯᠤᠰ ᠬᠤᠯᠠ ᠭᠤᠪᠢ ᠶᠢᠨ ᠠᠷᠤ ᠶᠢᠨ ᠤᠷᠤᠨ ᠳᠤ ᠨᠡᠭᠦᠳᠡᠯᠯᠡᠵᠦ ᠪᠠᠶᠢᠭᠰᠠᠨ ᠤ ᠳᠡᠭᠡᠷ᠎ᠡ ᠮᠣᠩᠭᠤᠯ ᠤᠨ ᠬᠠᠭᠠᠨ ᠤ ᠶᠡᠭᠡ ᠤᠷᠲᠤ ᠴᠦ ᠭᠤᠪᠢ ᠶᠢᠨ ᠠᠷᠤ ᠶᠢᠨ ᠭᠠᠵᠠᠷ ᠣᠷᠣᠨ ᠳᠤ ᠪᠠᠶᠢᠭᠰᠠᠨ ᠪᠣᠯᠬᠤᠷ᠂ ᠦᠵᠦᠮᠦᠴᠢᠨᠴᠦᠳ ᠲᠤ ᠤᠬᠤᠷ ᠬᠤᠭᠤᠴᠠᠭᠠᠨ ᠤ ᠳᠤᠲᠤᠷ᠎ᠠ ᠪᠣᠴᠠᠵᠤ ᠢᠷᠡᠨ ᠨᠤᠲᠤᠭ ᠤᠰᠤ ᠪᠠᠨ ᠡᠵᠡᠮᠲᠡᠬᠦ ᠨᠥᠬᠦᠴᠡᠯ ᠬᠠᠷᠢᠨ ᠪᠠᠶᠢᠭ᠎ᠠ ᠦᠭᠡᠢ᠃ ᠡᠶᠢᠮᠦ ᠤᠴᠢᠷ ᠠᠴᠠ᠂ ᠲᠡᠳᠡᠨᠡᠷ ᠢ ᠪᠣᠴᠠᠵᠤ ᠢᠷᠡᠬᠦ ᠪᠣᠯᠲᠠᠯᠠᠬᠢ ᠬᠤᠭᠤᠴᠠᠭᠠᠨ ᠳᠤ᠂ ᠮᠣᠩᠭᠤᠯ ᠤᠨ ᠪᠣᠰᠣᠳ ᠠᠶᠢᠮᠠᠭ ᠣᠭᠰᠠᠭᠠᠨ ᠤ ᠬᠢᠨ ᠡᠨᠡ ᠨᠤᠲᠤᠭ ᠢᠶᠠᠷ ᠨᠡᠭᠦᠳᠡᠯᠯᠡᠨ ᠮᠠᠯᠵᠢᠵᠤ ᠪᠠᠶᠢᠭᠰᠠᠨ ᠪᠣᠯᠣᠯᠴᠠᠭ᠎ᠠ ᠪᠦᠷᠢᠨ ᠪᠠᠶᠢᠬᠤ ᠶᠤᠮ᠃ ᠵᠢᠱᠢᠶᠡᠯᠡᠪᠡᠯ᠂ ︽ᠤᠮᠠᠷᠠᠲᠤ ᠶᠤᠸᠠᠨ ᠤ ᠲᠡᠥᠬᠡ︾ ᠳᠤ ᠄ ︽ᠪᠣᠯᠣᠢ ᠬᠠᠷᠠᠴᠢᠨ ᠠᠶᠢᠮᠠᠭ ᠢ ᠠᠬᠠᠯᠠᠵᠤ ᠪᠠᠶᠢᠬᠤ ᠦᠶ᠎ᠡ᠂ ᠳᠤᠰ ᠠᠶᠢᠮᠠᠭ ᠠᠭᠠᠵᠢᠮ ᠢᠶᠠᠷ ᠬᠥᠴᠥᠷᠬᠡᠭᠵᠢᠵᠦ᠂ ᠲᠡᠭᠦᠨ ᠤ ᠠᠶᠢᠮᠠᠭ ᠤᠨ ᠬᠢᠨ ᠭᠤᠷᠪᠠᠨ ᠲᠥᠮᠡ ᠢᠯᠡᠭᠦᠦ ᠬᠥᠮᠥᠨ ᠪᠦᠯᠢ ᠲᠠᠢ ᠪᠣᠯᠵᠤ᠂ ᠤᠲᠤ ᠶᠢᠨ ᠦᠪᠦᠷ ᠮᠣᠩᠭᠤᠯ ᠤᠨ ᠰᠢᠯᠢ ᠶᠢᠨ ᠭᠤᠤᠯ ᠠᠶᠢᠮᠠᠭ ᠤᠨ ᠲᠣᠯᠣᠨ ᠨᠠᠭᠤᠷ ᠰᠢᠶᠠᠨ᠂ ᠵᠡᠭᠦᠨ ᠪᠠᠷᠠᠭᠤᠨ ᠬᠤᠶᠠᠷ ᠦᠵᠦᠮᠦᠴᠢᠨ ᠬᠤᠰᠢᠭᠤ ᠠᠴᠠ ᠤᠯᠠᠭᠠᠨᠬᠠᠳᠠ ᠬᠤᠲᠠ ᠶᠢᠨ ᠬᠡᠰᠢᠭᠲᠡᠨ ᠤ ᠵᠢᠩᠫᠧᠩ ︵ᠪᠢᠷᠠᠭᠤ︶ ᠪᠠᠯᠭᠠᠰᠤ ᠤᠷᠴᠢᠮ ᠨᠡᠭᠦᠳᠡᠯᠯᠡᠨ ᠰᠠᠭᠤᠵᠤ ᠪᠠᠶᠢᠭᠠᠳ᠂ ᠳᠤᠲᠤᠪᠤᠬ᠎ᠠ ︵ᠵᠠᠷᠢᠮ ᠨᠣᠮ ᠳᠤ ᠳᠤᠭᠲᠤᠭᠠᠪᠤᠬ᠎ᠠ ᠭᠡᠵᠤ ᠪᠢᠴᠢᠵᠦ ᠪᠣᠢ︶ ᠬᠠᠭᠠᠨ ᠤ ᠦᠶᠡᠰ ᠬᠠᠭᠠᠨ ᠲᠥᠷᠥ ᠶᠢ ᠳᠠᠭᠠᠵᠠᠢ︾ ﹇17﹈ ᠭᠡᠵᠤ ᠲᠡᠮᠳᠡᠭᠯᠡᠭᠰᠡᠨ ᠠᠴᠠ ᠦᠵᠡᠪᠡᠯ᠂ ᠳᠤᠳᠤᠪᠤᠬ᠎ᠠ ᠬᠠᠭᠠᠨ ᠤ ᠡᠷᠬᠡ ᠠᠳᠬᠤᠵᠤ ᠪᠠᠶᠢᠭᠰᠠᠨ 1433 — — 1452 ᠣᠨ ᠤ ᠪᠠᠷᠤᠭ ᠢᠶᠠᠷ ᠦᠵᠦᠮᠦᠴᠢᠨ ᠲᠠᠯ᠎ᠠ ᠨᠤᠲᠤᠭ  ᠲᠤ ᠬᠠᠷᠠᠴᠢᠨ ᠠᠶᠢᠮᠠᠭ ᠤᠨ ᠬᠢᠨ ᠨᠡᠭᠦᠳᠡᠯᠯᠡᠨ ᠮᠠᠯᠵᠢᠵᠤ ᠪᠠᠶᠢᠭᠰᠠᠨ ᠪᠣᠯᠣᠯᠲᠠᠢ᠃ ᠡᠶᠢᠮᠦᠷᠬᠦ ᠪᠠᠶᠢᠳᠠᠯ ᠤᠬᠤᠷ ᠪᠣᠰᠣ ᠬᠤᠭᠤᠴᠠᠭ᠎ᠠ ᠦᠷᠭᠦᠯᠵᠢᠯᠡᠭᠰᠡᠨ ᠪᠠᠶᠢᠵᠤ ᠮᠡᠳᠡᠬᠦ ᠪᠣᠯᠪᠠᠴᠤ᠂ ᠡᠳᠡᠭᠡᠷ ᠦᠵᠦᠮᠦᠴᠢᠨ ᠲᠠᠯ᠎ᠠ ᠨᠤᠲᠤᠭ ᠢᠶᠠᠷ ᠨᠡᠭᠦᠳᠡᠯᠯᠡᠨ ᠮᠠᠯᠵᠢᠵᠤ ᠥᠩᠭᠡᠷᠡᠭᠰᠡᠨ ᠠᠶᠢᠮᠠᠭ ᠤᠭᠰᠠᠭᠠᠲᠠᠳ ᠤᠨ ᠠᠯᠢ ᠨᠢᠭᠡᠨ ᠨᠢ ᠴᠦ ᠡᠨᠡ ᠭᠠᠵᠠᠷ ᠨᠤᠲᠤᠭ ᠤᠨ ᠡᠵᠡᠨ ᠨᠢ ᠪᠣᠯᠴᠢᠬᠤ ᠶᠤᠰᠤ ᠤᠴᠢᠷ ᠭᠡᠵᠤ ᠲᠡᠳᠡᠨ ᠳᠤ ᠶᠠᠷᠥᠨᠢ ᠪᠠᠶᠢᠭ᠎ᠠ ᠦᠭᠡᠢ ᠶᠤᠮ᠃ ᠡᠭᠦᠨ ᠤ ᠰᠢᠯᠲᠠᠭᠠᠨ ᠨᠢ ᠭᠡᠪᠡᠯ᠂ ᠨᠢᠭᠡ ᠳᠤᠨᠢ᠂ ᠡᠨᠡ ᠬᠤᠭᠤᠴᠠᠭᠠᠨ ᠳᠤ ᠮᠣᠩᠭᠤᠯ ᠤᠨ ᠬᠠᠭᠠᠨᠲᠤ ᠲᠥᠷᠥ ᠨᠢ ᠶᠠᠮᠠᠷ ᠨᠢᠭᠡᠨ ᠬᠡᠯᠪᠡᠷᠢ ᠪᠠᠷ ᠨᠤᠲᠤᠭ ᠪᠡᠯᠴᠢᠭᠡᠷ ᠬᠤᠪᠢᠳᠠᠵᠤ ᠬᠤᠪᠢᠶᠠᠭᠰᠠᠨ ᠶᠠᠪᠤᠳᠠᠯ ᠪᠠᠶᠢᠭᠰᠠᠨ ᠦᠭᠡᠢ᠃ ᠨᠤᠲᠤᠭ ᠪᠡᠯᠴᠢᠭᠡᠷ ᠢ ᠦᠮᠴᠢᠯᠡᠨ ᠡᠵᠡᠯᠡᠬᠦ ᠳᠤ ᠡᠷᠬᠡᠪᠰᠢ ᠬᠠᠭᠠᠨ ᠲᠥᠷᠥ ᠶᠢᠨ ᠬᠤᠪᠢ ᠰᠤᠶᠤᠷᠬᠠᠯ ᠢ ᠳᠠᠮᠵᠢᠵᠤ᠂ ᠬᠠᠤᠯᠢ ᠳᠤᠭᠳᠠᠭᠠᠯ ᠢᠶᠠᠷ ᠪᠠᠲᠤᠯᠠᠭᠳᠠᠭᠰᠠᠨ ᠪᠠᠶᠢᠬᠤ ᠬᠡᠷᠡᠭᠲᠡᠢ ᠪᠠᠶᠢᠳᠠᠭ ᠨᠢ ᠮᠣᠩᠭᠤᠯᠴᠤᠳ ᠤᠨ ᠴᠢᠩᠭᠢᠰ ᠬᠠᠭᠠᠨ ᠤ ᠦᠶ᠎ᠡ ᠠᠴᠠ ᠵᠢᠷᠤᠮᠯᠠᠨ ᠢᠷᠡᠭᠰᠡᠨ ᠨᠡᠶᠢᠲᠡ ᠶᠢᠨ ᠲᠥᠷᠢᠮ ᠪᠣᠯᠬᠤ ᠶᠤᠮ︔ ᠬᠤᠶᠠᠷ ᠲᠤᠨᠢ᠂ ᠮᠣᠩᠭᠤᠯ ᠤᠨ ᠬᠠᠭᠠᠨᠲᠤ ᠲᠥᠷᠥ ᠶᠢᠨ ᠶᠡᠭᠡ ᠡᠷᠬᠡ ᠠᠯᠲᠠᠨ ᠤᠷᠤᠭᠲᠠᠨ ᠴᠢᠩᠭᠢᠰ ᠤᠨ ᠤᠭᠰᠠᠭᠠᠨ ᠤ ᠭᠠᠷ ᠲᠤ ᠪᠠᠶᠢᠵᠤ᠂ ᠦᠵᠦᠮᠦᠴᠢᠨᠴᠦᠳ ᠠᠶᠢᠮᠠᠭ ᠤᠨ ᠬᠤᠪᠢ ᠪᠠᠷ ᠤᠰᠠᠳᠤᠯ ᠦᠭᠡᠢ ᠣᠷᠣᠰᠢᠵᠤ ᠯᠠ ᠪᠠᠶᠢᠪᠠᠯ᠂ ᠶᠡᠭᠡ ᠮᠣᠩᠭᠤᠯ ᠬᠠᠭᠠᠨᠲᠤ ᠤᠯᠤᠰ ᠤᠨ ᠦᠶ᠎ᠡ ᠳᠤ᠂ ᠡᠨᠡ ᠬᠡᠰᠡᠭ ᠨᠤᠲᠤᠭ ᠳᠡᠪᠢᠰᠭᠡᠷ ᠢ ᠦᠵᠦᠮᠦᠴᠢᠨᠴᠦᠳ ᠲᠤ ᠦᠮᠴᠢ ᠬᠤᠪᠢᠨ ᠭᠠᠵᠠᠷ ᠪᠣᠯᠭᠠᠨ ᠬᠤᠪᠢᠶᠠᠭᠰᠠᠨ ᠲᠡᠥᠬᠡᠨ ᠪᠣᠳᠠᠲᠤ ᠬᠡᠷᠡᠭ ᠢ ᠬᠤᠪᠢᠷᠠᠭᠤᠯᠬᠤ ᠪᠣᠯᠣᠯᠴᠠᠭ᠎ᠠ ᠪᠣᠶᠤ ᠨᠥᠬᠦᠴᠡᠯ ᠤᠨ ᠠᠯᠢᠨ ᠨᠢ ᠴᠦ ᠪᠠᠶᠢᠬᠤ ᠦᠭᠡᠢ ᠶᠤᠮ᠃ ᠠᠯᠲᠠᠨ ᠤᠷᠤᠭᠲᠠᠨ ᠤ ᠨᠣᠶᠠᠷᠬᠠᠯ ᠤᠨ ᠨᠣᠶᠠᠷᠬᠠᠯ ᠤᠨ ᠳᠤᠤᠷᠠᠬᠢ ᠮᠣᠩᠭᠤᠯᠴᠤᠳ ᠤᠨ ᠦᠵᠡᠬᠦ ᠪᠠᠷ ᠪᠣᠯ᠂ ᠡᠨᠡ ᠨᠤᠲᠤᠭ ᠬᠡᠳᠦᠢ ᠳᠤ ᠬᠡᠨ ᠬᠡᠯᠡᠭᠰᠡᠨ ᠴᠦ ᠦᠵᠦᠮᠦᠴᠢᠨᠴᠦᠳ ᠤᠨ ᠨᠤᠲᠤᠭ ᠲᠡᠪᠢᠰᠭᠡᠷ ᠪᠣᠯᠬᠤ ᠨᠢ ᠵᠥᠢ ᠶᠣᠰᠣᠨ ᠤ ᠶᠠᠪᠤᠳᠠᠯ ᠪᠣᠯᠣᠨ᠎ᠠ᠃ ᠦᠵᠦᠮᠦᠴᠢᠨ ᠠᠶᠢᠮᠠᠭ ᠤᠨ ᠬᠢᠨ᠂ ᠬᠡᠳᠦᠢ ᠬᠤᠯᠠ ᠬᠡᠳᠦᠢ ᠤᠷᠲᠤ ᠬᠤᠭᠤᠴᠠᠭ᠎ᠠ  ᠪᠠᠷ ᠨᠡᠭᠦᠳᠡᠯ ᠬᠢᠵᠦ᠂ ᠬᠡᠳᠦᠢ ᠳᠤ ᠪᠣᠴᠠᠵᠤ ᠢᠷᠡᠯ᠎ᠡ ᠭᠡᠰᠡᠨ ᠴᠦ᠂ ᠡᠨᠡ ᠨᠤᠲᠤᠭ ᠲᠤ ᠣᠷᠣᠩᠨᠠᠨ ᠠᠮᠢᠲᠤᠷᠠᠵᠤ ᠡᠵᠡᠨ ᠪᠣᠯᠵᠤ ᠴᠢᠳᠠᠳᠠᠭ ᠤᠨ ᠤᠴᠢᠷ ᠰᠢᠯᠲᠠᠭᠠᠨ ᠨᠢ ᠡᠭᠦᠨ ᠳᠤ ᠪᠠᠶᠢᠳᠠᠭ ᠶᠤᠮ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号