ᠶᠦᠨᠨᠠᠨ ᠳᠠᠬᠢ ᠮᠤᠩᠭᠤᠯᠴᠤᠳ
ᠨᠡᠶᠢᠲᠡᠯᠡᠭᠰᠡᠨ ᠴᠠᠭ᠄
2020/1/13
ᠤᠯᠠᠨ ᠤ ᠮᠡᠳᠡᠭᠡᠵᠢ ᠪᠠᠷ᠂ ᠶᠦᠨᠨᠡᠨ ᠮᠤᠵᠢ ᠶᠢᠨ ᠲᠦᠩ ᠬᠠᠢ ᠰᠢᠶᠠᠨ ᠳᠤ ︽ᠰᠢᠨ᠎ᠠ ᠮᠤᠩᠭᠤᠯ ᠪᠠᠷᠢᠭᠠᠳᠠ︾ ᠪᠠᠶᠢᠳᠠᠭ ᠪᠦᠭᠡᠳ ᠪᠠᠷᠤᠭ 5000 ᠰᠢᠬᠠᠮ ᠮᠤᠩᠭᠤᠯᠴᠤᠳ ᠠᠳᠡ ᠠᠵᠤ ᠲᠦᠷᠤᠨ ᠠᠮᠢᠳᠤᠷᠠᠵᠦ᠂ 700 ᠵᠢᠯ ᠤᠨ ᠳᠡᠦᠭᠡ ᠶᠢ ᠡᠯᠡᠭᠡᠵᠡᠢ᠃ ᠶᠦᠨᠨᠠᠨ ᠮᠤᠩᠭᠤᠯᠴᠤᠳ ᠭᠤᠶᠤᠯᠡᠵᠦ ᠴᠢᠮᠡᠭᠦ ᠳᠡᠭᠡᠨ ᠭᠦᠭᠡ ᠪᠤᠶᠤ ᠬᠠᠷ᠎ᠠ ᠦᠩᠭᠡ ᠶᠢ ᠬᠠᠮᠤᠭ ᠠᠴᠠ ᠡᠷᠭᠢᠮᠯᠡᠳᠡᠭ᠃ ᠳᠠᠪᠢ ᠵᠢᠷᠠᠭᠠᠳ ᠵᠢᠯ ᠤᠨ ᠡᠮᠦᠨ᠎ᠠ ᠡᠮᠦᠰᠴᠤ ᠪᠠᠶᠢᠭᠰᠠᠨ ᠪᠦᠰᠡᠳᠡᠶᠢᠴᠤᠳ ᠤᠨ ᠤᠷᠳᠤ ᠳᠡᠪᠡᠯ ᠪᠠ ᠤᠬᠤᠷ ᠭᠦᠷᠮ᠎ᠠ ᠨᠢ ᠦᠪᠤᠷ ᠮᠤᠩᠭᠤᠯ ᠤᠨ ᠬᠢ ᠲᠠᠢ ᠨᠡᠯᠢᠶᠡᠳ ᠠᠳᠠᠯᠢᠪᠳᠤᠷ ᠶᠤᠮ᠃ ᠪᠦᠰᠡᠭᠦ᠋ᠢᠴᠤᠳ ᠤᠨ ᠬᠢ ᠨᠢ ᠬᠠᠷᠢᠨ ᠨᠡᠯᠢᠶᠡᠳ ᠦᠪᠡᠷᠮᠢᠴᠡ ᠤᠨᠴᠠᠯᠢᠭ ᠲᠠᠢ ᠪᠠᠶᠢᠯ᠎ᠠ᠃ ᠵᠦᠪᠭᠡᠨ ᠳᠡᠭᠡᠳᠤ ᠪᠠᠶ᠎ᠠ ᠳᠤ ᠡᠮᠦᠰᠭᠦ ᠲᠦᠭᠦᠷ ᠬᠤᠪᠴᠠᠰᠤ ᠪᠠᠷ ᠠᠪᠴᠤ ᠭᠡᠯᠡᠭᠰᠡᠨ ᠴᠤ ᠤᠷᠳᠤ ᠤᠬᠤᠷ ᠭᠤᠷᠪᠠᠨ ᠵᠠᠬ᠎ᠠ ᠪᠠᠷ ᠪᠦᠷᠢᠯᠳᠦᠭᠰᠡᠨ ᠪᠠᠶᠢᠳᠠᠭ᠃ ᠬᠠᠮᠤᠭ ᠤᠨ ᠳᠤᠳᠤᠭᠤᠷ ᠨᠢ ᠪᠠᠷᠢᠭᠤ ᠴᠠᠮᠴᠠ᠂ ᠤᠷᠳᠤ ᠬᠠᠨᠴᠤᠢ ᠳᠡᠭᠡᠷ᠎ᠠ ᠨᠢ ᠳᠤᠭᠤᠷᠠᠢ ᠬᠤᠸᠠᠷ ᠲᠠᠢ᠂ ᠡᠭᠦᠨ ᠤ ᠭᠠᠳᠠᠭᠤᠷ ᠨᠢ ᠤᠷᠳᠤ ᠪᠠᠷ ᠢᠶᠠᠨ ᠳᠠᠭᠢᠯᠵᠠᠭᠤᠷ ᠭᠦᠷᠭᠦ ᠳᠠᠪᠬᠤᠷ ᠬᠤᠪᠴᠠᠰᠤ ᠪᠤᠢ ᠪᠦᠭᠡᠳ ᠬᠠᠨᠴᠤᠢ ᠨᠢ ᠠᠭᠤᠵᠢᠮ ᠮᠦᠷᠳᠡᠭᠡᠨ ᠤᠬᠤᠷ ᠰᠢᠭ᠋᠃ ᠬᠠᠮᠤᠭ ᠤᠨ ᠭᠠᠳᠠᠭᠤᠷ ᠨᠢ ᠦᠨᠳᠦᠷ ᠬᠠᠨᠵᠢᠶᠠᠷ ᠡᠮᠦᠰᠳᠡᠭ ᠪᠦᠭᠡᠳ ᠡᠩᠭᠡᠷ ᠳᠠᠭᠠᠤ ᠨᠢ ᠨᠢᠭᠡ ᠮᠦᠷ ᠳᠤᠭᠤᠢ ᠳᠤᠮᠤ ᠮᠦᠩᠭᠦᠨ ᠳᠤᠪᠴᠢ ᠬᠠᠳᠠᠭᠰᠠᠨ ᠪᠠᠶᠢᠳᠠᠭ᠃ ᠭᠠᠳᠠᠷ ᠳᠠᠯ᠎ᠠ ᠳᠤ ᠴᠤᠬᠤᠢᠢᠭᠰᠠᠨ ᠬᠤᠪᠴᠠᠰᠤᠨ ᠤ ᠵᠠᠭᠠᠮ᠎ᠠ ᠪᠤᠶᠤ ᠬᠤᠷᠮᠦ᠋ᠢᠪᠴᠢ ᠵᠢᠴᠢ ᠬᠠᠨᠴᠤᠢ ᠶᠢᠨ ᠭᠦᠪᠦᠭᠡᠨ ᠳᠤᠨᠢ ᠴᠦᠮ ᠦᠩᠭᠡ ᠶᠢᠨ ᠰᠠᠶᠢᠬᠠᠨ ᠭᠡ ᠤᠭᠠᠯᠵᠠ ᠬᠠᠳᠬᠤᠭᠰᠠᠨ ᠪᠤᠶᠤ ᠬᠤᠸᠠᠷ ᠢᠶᠠᠷ ᠡᠮᠵᠢᠶᠠᠷᠢᠯᠡᠭᠰᠡᠨ ᠪᠠᠶᠢᠳᠠᠭ᠃ ᠭᠡᠷ ᠪᠠᠶᠢᠰᠢᠩ᠂ ᠤᠷᠤᠨ ᠰᠠᠭᠤᠴᠠ ᠨᠢ ᠭᠤᠤᠯᠳᠠᠭᠤ ᠰᠢᠪᠠᠷ᠂ ᠳᠤᠭᠤᠰᠬ᠎ᠠ᠂ ᠮᠤᠳᠤ ᠵᠠᠷᠭᠡ ᠪᠠᠷ ᠪᠦᠷᠢᠯᠳᠤᠵᠦ᠂ ᠭᠡᠯᠪᠡᠷᠢ ᠮᠠᠶ᠋ᠢᠭ ᠤᠨ ᠳᠠᠯ᠎ᠠ ᠪᠠᠷ ᠭᠤᠷᠪᠠᠨ ᠳᠠᠯ᠎ᠠ ᠠᠴᠠ ᠨᠢ ᠤᠭᠳᠤᠴᠠᠭᠤᠯᠤᠭᠰᠠᠨ ᠳᠤᠭᠤᠰᠬᠠᠨ ᠭᠡᠷ ᠪᠤᠶᠤ ᠴᠢᠨᠠᠭᠰᠢᠯᠠᠪᠠᠯ ᠠᠰᠠᠷ ᠳᠠᠭᠳᠤ ᠴᠤ ᠪᠤᠢ᠃ ᠡᠩ ᠳᠡᠭᠡᠨ ᠨᠢᠭᠡ ᠮᠦᠷ ᠭᠡᠳᠤᠨ ᠳᠠᠰᠤᠯᠭ᠎ᠠ ᠰᠢᠪᠠᠷ ᠪᠠᠶᠢᠰᠢᠩ ᠪᠠᠶᠢᠳᠠᠭ ᠶᠤᠮ᠃ ᠤᠷᠤᠭ ᠤᠨ ᠶᠤᠰᠤᠨ ᠳᠤ ᠭᠡᠳᠦᠢ ᠨᠢᠭᠡ ᠡᠷ᠎ᠠ ᠡᠮ᠎ᠠ ᠶᠢᠨ ᠲᠦᠷᠢᠮ ᠶᠤᠰᠤ ᠲᠠᠢ ᠪᠤᠯᠪᠠᠴᠤ ᠡᠴᠢᠭᠡ ᠡᠭᠡ ᠨᠢ ᠡᠵᠡᠨ ᠮᠡᠳᠡᠭᠦ ᠴᠢᠩᠭ᠎ᠠ ᠶᠤᠰᠤᠨ ᠪᠤᠢ᠃ ᠶᠠᠭᠤ ᠭᠡᠪᠡᠯ ᠭᠡᠦᠭᠡᠨ ᠦᠷ᠎ᠠ ᠨᠢ ᠳᠤᠯᠤᠭ᠎ᠠ ᠨᠠᠢᠮᠠᠨ ᠨᠠᠰᠤ ᠭᠦᠷᠤᠮᠡᠭᠴᠠ ᠭᠦᠮᠦᠨ ᠳᠤ ᠵᠢᠭᠠᠵᠦ ᠤᠷᠤᠭ ᠳᠤᠭᠳᠠᠨ᠂ 18 — 19 ᠨᠠᠰᠤ ᠭᠦᠷᠦᠮᠡᠭᠴᠡ ᠬᠤᠷᠢᠮᠯᠠᠭᠤᠯᠴᠢᠬᠠᠳᠠᠭ᠃ ᠬᠤᠷᠢᠮᠯᠠᠬᠤ ᠦᠶ᠎ᠠ ᠳᠤ ᠶᠡᠭᠡᠪᠡᠷ ᠵᠤᠴᠢᠨ ᠵᠠᠯᠠᠵᠦ᠂ ᠨᠠᠶᠢᠷᠯᠠᠨ ᠴᠡᠩᠭᠡᠯᠳᠤᠳᠡᠭ ᠪᠦᠭᠡᠳ ᠡᠭᠦᠨ ᠢᠶᠠᠨ ᠪᠠᠰᠠ ᠶᠠᠭ ᠰᠠᠶᠢᠬᠠᠨ ᠨᠠᠮᠤᠷ ᠤᠨ ᠬᠤᠷᠢᠶᠠᠯᠳᠠ ᠶᠢᠨ ᠳᠠᠷᠠᠭ᠎ᠠ ᠳᠤᠭᠢᠷᠠᠭᠤᠯᠳᠠᠭ᠃ ᠶᠦᠨᠨᠠᠨ ᠮᠤᠩᠭᠤᠯᠴᠤᠳ ᠴᠠᠭᠠᠨ ᠰᠠᠷ᠎ᠠ᠂ ᠨᠡᠭᠡᠭᠡᠭᠰᠡᠨ ᠬᠠᠩᠰᠢ᠂ ᠳᠠᠪᠤᠨ ᠰᠠᠷ᠎ᠠ ᠶᠢᠨ ᠰᠢᠨ᠎ᠠ ᠶᠢᠨ ᠳᠠᠪᠤᠨ᠂ ᠨᠠᠢᠮᠠᠨ ᠰᠠᠷ᠎ᠠ ᠶᠢᠨ ᠠᠷᠪᠠᠨ ᠳᠠᠪᠤᠨ ᠵᠠᠷᠭᠡ ᠪᠠᠶᠠᠷ ᠳᠤᠷᠠᠰᠬᠠᠯ ᠤᠨ ᠡᠳᠦᠷ ᠢ ᠦᠩᠭᠡᠷᠡᠭᠦᠯᠳᠡᠭ ᠪᠦᠭᠡᠳ ᠤᠯᠠᠮᠵᠢᠯᠠᠨ ᠳᠡᠯᠭᠡᠷᠡᠭᠰᠡᠨ ᠵᠢᠷᠭᠤᠭᠠᠨ ᠰᠠᠷ᠎ᠠ ᠶᠢᠨ ᠬᠤᠷᠢᠨ ᠲᠦᠷᠪᠡᠨ ᠳᠤ ᠪᠤᠯᠬᠤ ︽ᠭᠠᠯ ᠪᠠᠮᠪᠠᠷ ᠤᠨ ᠪᠠᠶᠠᠷ︾ ᠢᠶᠠᠨ ᠴᠤ ᠳᠤᠷᠠᠰᠬᠠᠳᠠᠭ᠃ ᠡᠨᠡ ᠡᠳᠦᠷ ᠪᠤᠯᠬᠤ ᠪᠦᠷᠢ ᠳᠡᠳᠡ ᠳᠠᠷᠢᠶᠠᠨ ᠦᠵᠦᠭᠦᠷ ᠲᠤ ᠤᠴᠢᠵᠦ᠂ ︽ᠰᠢᠷᠤᠢ ᠡᠭᠡ︾ ᠪᠠᠨ ᠳᠠᠭᠢᠵᠦ᠂ ᠪᠠᠭᠠᠴᠤᠳ ᠨᠢ ᠳᠠᠪᠤᠨ ᠦᠩᠭᠡ ᠶᠢᠨ ᠤᠳᠠᠰᠤ ᠵᠠᠩᠭᠢᠳᠴᠤ᠂ ᠵᠠᠯᠠᠭᠤᠴᠤᠳ ᠨᠢ ᠰᠦᠨᠢ ᠲᠦᠯᠢ ᠪᠠᠷ ᠭᠠᠯ ᠪᠠᠮᠪᠠᠷ ᠡᠷᠭᠦᠯᠴᠡᠨ ᠪᠦᠵᠢᠭᠯᠡᠵᠡᠭᠡᠵᠦ᠂ ᠡᠭᠦᠪᠡᠷ ᠡᠪᠡᠳᠴᠢᠨ ᠳᠠᠬᠤᠯ᠂ ᠭᠠᠢ ᠪᠠᠷᠴᠢᠳ ᠢ ᠭᠦᠭᠡᠭᠡᠵᠦ ᠠᠷᠢᠯᠭᠠᠬᠤ ᠪᠠᠯᠭᠡ ᠳᠠᠮᠪᠠᠷᠢᠯ ᠪᠤᠯᠭᠠᠳᠠᠭ ᠠᠵᠢ᠃ ᠱᠠᠰᠢᠨ ᠰᠢᠳᠦᠯᠭᠡ ᠨᠢ ᠨᠡᠩ ᠴᠤ ᠨᠠᠷᠢᠨ ᠪᠤᠳᠤᠯᠢᠶᠠᠨᠳᠠᠢ ᠪᠠᠶᠢᠳᠠᠭ᠃ ᠤᠳᠤ ᠪᠠᠶᠢᠬᠤ ᠭᠡᠳᠤᠨ ᠳᠤᠰᠬᠤᠨ ᠤ ᠠᠯᠢ ᠨᠢᠭᠡᠨ ᠰᠦᠮ᠎ᠠ ᠭᠡᠶᠢᠳ ᠲᠤᠨᠢ ᠴᠤ ᠴᠦᠮ ︽ᠪᠤᠭᠳᠠ ᠪᠤᠷᠬᠠᠨ︾᠂ ︽ᠬᠤᠮᠰᠢᠮ ᠪᠤᠳᠢᠰᠠᠳ᠋ᠸ᠎ᠠ︾᠂ ︽ᠡᠳ᠋ ᠤᠨ ᠡᠵᠡᠨ︾᠂ ︽ᠭᠡᠷ ᠤᠨ ᠡᠵᠡᠨ︾᠂ ︽ᠯᠤᠤᠰ ᠤᠨ ᠬᠠᠭᠠᠨ︾᠂ ︽ᠠᠭᠤᠯᠠ ᠶᠢᠨ ᠰᠠᠭᠢᠭᠤᠯᠰᠤ︾᠂ ︽ᠭᠠᠵᠠᠷ ᠤᠰᠤᠨ ᠤ ᠨᠠᠪᠳᠠᠭ ᠰᠠᠪᠳᠠᠭ︾ ᠵᠡᠷᠭᠡ ᠳᠡᠭᠢᠯᠭ᠎ᠠ ᠰᠢᠳᠦᠯᠭᠡ ᠶᠢᠨ ᠵᠦᠢᠯ ᠲᠠᠢ ᠪᠠᠶᠢᠵᠦ᠂ ᠭᠡᠷ ᠲᠡᠭᠡᠨ ᠭᠠᠯ ᠤᠨ ᠪᠤᠷᠬᠠᠨ᠂ ᠳᠡᠭᠷᠢ ᠭᠠᠵᠠᠷ ᠤᠨ ᠡᠵᠡᠳ᠂ ᠡᠪᠦᠭᠡ ᠳᠡᠭᠡᠳᠤᠰ ᠤᠨ ᠤᠩᠭᠤᠨ ᠫᠠᠶᠢᠰᠠ ᠵᠠᠷᠭᠡ ᠶᠢ ᠳᠠᠭᠢᠵᠦ ᠪᠠᠶᠢᠳᠠᠭ᠃ ᠳᠡᠭᠢᠪᠠᠯ ᠤᠪᠤᠭ ᠤᠭᠰᠠᠭ᠎ᠠ ᠪᠠᠷ ᠢᠶᠠᠨ ᠳᠤᠰᠪᠤᠷᠢ ᠴᠦᠮ ᠳᠡᠭᠡᠳᠤᠰ ᠤᠨ ᠢᠶᠠᠨ ᠰᠦᠮ᠎ᠠ ᠲᠠᠢ ᠪᠦᠭᠡᠳ ᠭᠡᠳᠦᠨ ᠪᠦᠭᠡ᠂ ᠢᠳᠤᠭᠠᠨ ᠲᠠᠢ ᠪᠠᠶᠢᠳᠠᠭ᠃ ᠤᠯᠠᠩᠭᠢ ᠰᠦᠮ᠎ᠠ ᠭᠡᠶᠢᠳ ᠨᠢ ᠴᠦᠮ ᠳᠤᠰᠬᠠᠢ ᠦᠭᠯᠢᠭᠡ ᠶᠢᠨ ᠳᠠᠷᠢᠶ᠎ᠠ ᠲᠠᠢ ᠪᠦᠭᠡᠳ ᠶᠡᠭᠡ ᠰᠢᠭ ᠰᠦᠮ᠎ᠠ ᠨᠢ ᠳᠤᠭᠳᠠᠭᠰᠠᠨ ᠬᠤᠭᠤᠴᠠᠭ᠎ᠠ ᠲᠠᠢ ᠪᠠᠷ ᠬᠤᠷᠠᠯ ᠬᠤᠷᠠᠳᠠᠭ᠃ ᠡᠭᠦᠨ ᠳᠤ 2 ᠰᠠᠷ᠎ᠠ  ᠶᠢᠨ 19 ᠳᠤ ᠪᠤᠯᠬᠤ ᠬᠤᠮᠰᠢᠮ ᠪᠤᠳᠢᠰᠠᠳ᠋ᠸ᠎ᠠ ᠶᠢᠨ ᠳᠠᠭᠢᠯᠭ᠎ᠠ ᠨᠢ ᠭᠡᠪᠴᠢᠶ᠎ᠠ ᠪᠠᠷ ᠶᠡᠭᠡ᠂ ᠳᠤᠰᠬᠠᠢ ᠵᠤᠭᠢᠶᠠᠨ ᠪᠠᠶᠢᠭᠤᠯᠤᠯᠳᠠ ᠳᠡᠭᠢᠯᠭ᠎ᠠ ᠶᠢ ᠪᠠᠯᠡᠳᠭᠡᠵᠦ᠂ ᠳᠠᠶᠠᠭᠠᠷ ᠤᠯᠠᠨ ᠴᠤᠭᠯᠠᠨ ᠨᠠᠶᠢᠷ ᠨᠠᠭᠠᠳᠤᠮ ᠪᠤᠯᠳᠠᠭ ᠪᠦᠭᠡᠳ ᠤᠢᠢᠷ᠎ᠠ ᠤᠷᠴᠢᠮ ᠤᠨ ᠳᠠᠭᠤᠴᠢᠨ ᠪᠦᠵᠢᠭᠴᠢᠨ ᠢ ᠤᠷᠢᠵᠦ᠂ ᠴᠠᠮ ᠳᠤᠭᠯᠠᠯᠳᠠ ᠵᠠᠷᠭᠡ ᠶᠢ ᠭᠠᠷᠭᠠᠳᠠᠭ ᠪᠠᠶᠢᠨ᠎ᠠ᠃ ᠶᠦᠨᠨᠠᠨ ᠮᠤᠩᠭᠤᠯᠴᠤᠳ ᠤᠨ ᠳᠠᠭᠤᠤ ᠪᠦᠵᠢᠭ ᠤᠨ ᠠᠪᠢᠶᠠᠰ ᠴᠢᠳᠠᠪᠤᠷᠢ ᠤᠯᠠᠮᠵᠢᠯᠠᠯᠳᠤ ᠮᠤᠩᠭᠤᠯᠴᠤᠳ ᠤᠨ ᠬᠢ  ᠠᠴᠠ ᠳᠤᠤᠷ᠎ᠠ ᠦᠭᠡᠢ ᠪᠢᠯᠡ᠃ ᠳᠡᠳᠡᠨ ᠤ ᠤᠯᠠᠮᠵᠢᠯᠠᠯᠳᠤ ᠭᠦᠭᠵᠢᠮ ᠨᠢ ᠯᠤᠤ ᠶᠢᠨ ᠳᠤᠯᠤᠭᠠᠢᠢᠳᠤ ᠲᠦᠷᠪᠡᠨ ᠤᠳᠠᠰᠤᠳᠤ ᠬᠤᠭᠤᠷ ᠪᠤᠯᠤᠨ᠎ᠠ᠃ ︽ᠪᠠᠶᠠᠷ ᠤᠨ ᠪᠦᠵᠢᠭ︾ ᠭᠡᠳᠡᠭ ᠨᠢ ᠮᠠᠨᠠᠶᠢᠭᠢᠨ ᠤ ᠠᠨᠳᠠᠢ ᠪᠦᠵᠢᠭ ᠰᠢᠭ ᠨᠠᠶᠢᠳᠡᠮ ᠳᠡᠯᠭᠡᠷᠡᠭᠰᠡᠨ ᠭᠤᠶᠢᠳᠠ ᠰᠠᠶᠢᠬᠠᠨ ᠪᠦᠵᠢᠭ ᠶᠤᠮ᠃ ᠡᠷᠡᠭᠳᠡᠢ ᠵᠠᠯᠠᠭᠤᠴᠤᠳ ᠨᠢ ᠭᠦᠭᠵᠢᠮ ᠢᠶᠠᠨ ᠳᠠᠯᠠᠳᠤᠨ ᠳᠠᠭᠤᠯᠠᠵᠦ ᠡᠮᠦᠨ᠎ᠠ ᠨᠢ ᠳᠠᠭᠠᠭᠤᠯᠬᠤ ᠳᠤ ᠡᠮᠡᠭᠳᠡᠶᠢᠴᠤᠳ ᠨᠢ ᠠᠷᠤ ᠠᠴᠠ ᠨᠢ ᠬᠤᠶᠠᠷ ᠮᠦᠷᠯᠡᠨ ᠳᠠᠭᠠᠵᠦ᠂ ᠬᠠᠶᠠ ᠬᠠᠷᠢᠯᠴᠠᠨ ᠰᠦᠯᠵᠢᠯᠳᠤᠨ᠂ ᠬᠠᠶᠠ ᠴᠠᠭᠠᠷᠢᠭᠯᠠᠨ ᠦᠰᠦᠷᠴᠤ᠂ ᠭᠦᠯ ᠢᠶᠠᠨ ᠳᠠᠪᠰᠠᠨ ᠭᠠᠷ ᠢᠶᠠᠨ ᠠᠯᠠᠭᠠᠳᠠᠵᠦ᠂ ᠳᠠᠭᠤᠯᠠᠬᠤ ᠶᠢᠨ ᠳᠠᠭᠠᠤ ᠪᠦᠵᠢᠭᠯᠡᠨ ᠳᠤᠩ ᠦᠵᠡᠮᠦᠷᠢ ᠲᠠᠢ ᠪᠠᠶᠢᠳᠠᠭ᠃ ᠡᠳᠡᠨ ᠤ ᠭᠦᠭᠰᠢᠨ ᠵᠠᠯᠠᠭᠤ ᠦᠭᠡᠢ ᠡᠩ ᠤᠨ ᠮᠤᠩᠭᠤᠯ ᠳᠠᠭᠤᠤ ᠶᠢ ᠴᠦᠮ ᠳᠠᠭᠤᠯᠠᠵᠦ ᠴᠢᠳᠠᠳᠠᠭ ᠪᠦᠭᠡᠳ ᠵᠠᠷᠢᠮ ᠳᠠᠭᠤᠤ ᠶᠢᠨ ᠠᠶᠠᠯᠭᠤ ᠨᠢ ᠦᠪᠤᠷ ᠮᠤᠩᠭᠤᠯ ᠤᠨ ᠡᠷᠳᠡᠨ ᠤ ᠠᠶᠠᠯᠭᠤ ᠲᠠᠢ ᠶᠡᠭᠡ ᠲᠦᠰᠦᠭᠡᠳᠡᠢ ᠪᠠᠶᠢᠳᠠᠭ᠃ ᠳᠠᠭᠤᠤ ᠶᠢᠨ ᠦᠭᠡ ᠨᠢ ᠭᠦᠭᠡᠷᠦᠭᠦᠨ ᠴᠤᠪᠤᠭᠤᠯᠢᠭ᠂ ᠰᠠᠶᠢᠨ ᠳᠠᠭᠤᠴᠢᠨ ᠨᠢ ᠡᠭᠢᠯᠡᠭᠦᠯᠪᠡᠯ ᠡᠷᠡᠭᠳᠡᠢ ᠡᠮᠡᠭᠳᠡᠢ ᠡᠯᠭᠦᠯᠴᠡᠨ ᠳᠠᠭᠤᠯᠠᠵᠦ᠂ ᠭᠦᠭ ᠠᠶ᠎ᠠ᠂ ᠭᠦᠭᠵᠢᠮ ᠡᠭᠡᠰᠢᠭ ᠨᠢ ᠴᠤ ᠳᠤᠩ ᠰᠤᠨᠤᠰᠪᠤᠷᠢ ᠲᠠᠢ ᠪᠠᠶᠢᠳᠠᠭ ᠪᠢᠯᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号