ᠪᠡᠭᠡᠵᠢᠩ ᠳᠠᠬᠢ ᠶᠤᠸᠠᠨ ᠤᠯᠤᠰ ᠤᠨ ᠦᠶ᠎ᠠ ᠶᠢᠨ ᠦᠯᠡᠳᠡᠭᠳᠡᠯ ᠪᠠᠭᠤᠷᠢ
ᠨᠡᠶᠢᠲᠡᠯᠡᠭᠰᠡᠨ ᠴᠠᠭ᠄
2020/1/13
ᠪᠡᠭᠡᠵᠢᠩ ᠬᠤᠲᠠ ᠳᠤ ᠶᠣᠸᠠᠨ ᠣᠯᠣᠰ ᠤᠨ ᠶᠡᠭᠡ ᠳᠦᠷᠦ ᠶᠢᠨ ᠦᠯᠡᠳᠡᠭᠳᠡᠯ ᠪᠠᠭᠤᠷᠢ ᠴᠣᠬᠤᠮ ᠬᠡᠳᠦᠢ ᠦᠯᠡᠳᠡᠭᠳᠡᠵᠦ ᠪᠠᠶᠢᠬ᠋᠎ᠠ ᠪᠣᠢ︖ ᠶᠠᠮᠠᠷ ᠶᠠᠮᠠᠷ ᠦᠯᠡᠳᠡᠭᠳᠡᠯ ᠪᠠᠭᠤᠷᠢ ᠪᠠᠶᠢᠬᠤ ᠪᠣᠢ︖ ᠮᠣᠩᠭᠤᠯ ᠣᠩᠰᠢᠬᠴᠢᠳ  ᠲᠠᠭᠠᠨ ᠡᠪᠦᠭᠡ ᠳᠡᠭᠡᠳᠦᠰ ᠤᠨ ᠢᠶᠠᠨ ᠦᠯᠡᠳᠡᠭᠡᠨ ᠬᠤᠴᠣᠷᠭᠠᠭᠰᠠᠨ ᠳᠡᠣᠬᠡ ᠳᠣᠷᠠᠰᠬᠠᠯ ᠢ ᠲᠠᠨᠢᠯᠴᠠᠭᠤᠯᠣᠨ ᠣᠬᠠᠭᠤᠯᠬᠤ ᠵᠣᠷᠢᠯᠲᠠ ᠠᠴᠠ ᠦᠢᠷ᠎ᠠ ᠳᠤ ᠪᠢ ᠪᠡᠭᠡᠵᠢᠩ ᠳᠤ ᠬᠦᠷᠦᠭᠰᠡᠨ ᠵᠠᠪᠰᠢᠶᠠᠨ ᠢᠶᠠᠷ ᠶᠣᠸᠠᠨ ᠣᠯᠣᠰ ᠤᠨ ᠦᠶ᠎ᠠ ᠶᠢᠨ ᠦᠯᠡᠳᠡᠭᠳᠡᠯ ᠪᠠᠭᠤᠷᠢ ᠪᠠᠷ ᠳᠣᠭᠤᠷᠢᠨ ᠰᠣᠷᠪᠣᠯᠵᠢᠯᠠᠭᠰᠠᠨ ᠪᠠᠶᠢᠨ᠋᠎ᠠ᠃ ᠲᠠᠶᠢᠳᠣ ᠬᠤᠲᠠ ᠶᠢᠨ ᠬᠠᠭᠤᠴᠢᠳ᠂ ᠪᠸᠢ ᠬᠠᠢ ᠴᠡᠴᠡᠷᠯᠢᠭ ᠲᠠᠬᠢ ᠳᠣᠭᠤᠷᠢᠭ ᠬᠤᠲᠠ ᠪᠠ ᠴᠢᠶᠦᠩ ᠬᠤᠸᠠ ᠳ᠋ᠣᠣ ᠠᠷᠠᠯ᠂ ᠪᠡᠭᠡᠵᠢᠩ ᠤᠨ ᠭᠠᠶᠢᠬᠠᠮᠰᠢᠭᠳᠣ ᠰᠦᠮ᠎ᠠ ︵ᠣᠳᠣ ᠶᠢᠨ ᠴᠠᠭᠠᠨ ᠰᠣᠪᠣᠷᠭᠠᠳᠣ ᠰᠦᠮ᠎ᠠ ᠬᠢᠭᠡᠳ ᠲᠡᠭᠦᠨ ᠪ᠊ ᠳᠣᠳᠣᠷᠠᠬᠢ ᠴᠠᠭᠠᠨ ᠰᠣᠪᠣᠷᠬ᠋᠎ᠠ︶ ᠵᠡᠷᠭᠡ ᠶᠢ ᠠᠳᠡ ᠲᠠᠨᠢᠯᠴᠠᠭᠤᠯᠣᠨ᠋᠎ᠠ᠃ ᠲᠠᠶᠢᠳᠣ ᠬᠤᠲᠠ ᠶᠢᠨ ᠬᠠᠭᠤᠴᠢᠳ᠄ ᠶᠣᠸᠠᠨ ᠣᠯᠣᠰ ᠤᠨ ᠲᠡᠶᠢᠳᠣ ᠬᠤᠲᠠ ᠶᠢ ᡁᠢ ᠶᠣᠸᠠᠨ ᠪ᠊ ᠲᠦᠷᠪᠡᠨ ᠣᠨ ︵ᠨᠡᠶᠢᠳᠡ ᠶᠢᠨ ᠣᠨ ᠳᠣᠭᠠᠯᠠᠯ ᠤᠨ 1267 ᠣᠨ︶ ᠪ᠊ ᠴᠠᠭᠠᠨ ᠰᠠᠷ᠎ᠠ ᠠᠴᠠ ᠡᠬᠢᠯᠡᠨ ᠪᠠᠶᠢᠭᠤᠯᠵᠦ᠂ ᡁᠢ ᠶᠣᠸᠠᠨ ᠪ᠊ ᠠᠷᠪᠠᠨ ᠭᠤᠷᠪᠠᠨ ᠣᠨ ︵ᠨᠡᠶᠢᠳᠡ ᠶᠢᠨ ᠣᠨ ᠳᠣᠭᠠᠯᠠᠯ ᠤᠨ 1276 ᠣᠨ︶ ᠳᠤ ᠦᠨᠳᠦᠰᠦᠨ ᠳᠡᠭᠡᠨ ᠪᠠᠶᠢᠭᠤᠯᠵᠦ ᠲᠠᠭᠤᠰᠬᠠᠪᠠ᠃ ᠲᠠᠶᠢᠳᠣ ᠬᠤᠲᠠ ᠶᠢᠨ ᠡᠷᠬᠢᠨ ᠳᠣᠭᠤᠷᠢᠨ ᠨᠢ 60 ᠭᠠᠵᠠᠷ᠂ ᠬᠤᠲᠠ ᠶᠢᠨ ᠡᠭᠦᠲᠡ 11 ᠪᠠᠶᠢᠵᠦ᠂ ᠪᠦᠬᠦ ᠬᠤᠲᠠ ᠨᠢ ᠰᠢᠷᠦᠢ ᠶᠢᠨ ᠪᠦᠳᠦᠴᠡ ᠲᠠᠢ ᠪᠠᠷᠢᠯᠬ᠋᠎ᠠ ᠶᠣᠮ᠃ ᠲᠠᠶᠢᠳᠣ ᠬᠤᠲᠠ ᠶᠢᠨ ᠵᠡᠬᠦᠨ ᠪᠠᠷᠠᠭᠤᠨ ᠬᠡᠷᠡᠮ ᠤᠨ ᠪᠠᠶᠢᠷᠢᠰᠢᠯ ᠨᠢ ᠣᠳᠣ ᠶᠢᠨ ᠪᠡᠭᠡᠵᠢᠩ ᠬᠤᠲᠠ ᠶᠢᠨ ᠬᠤᠶᠠᠳᠣᠭᠠᠷ ᠳᠣᠭᠤᠷᠢᠯ ᠵᠠᠮ ᠤᠨ ᠳᠣᠳᠣᠷ᠎ᠠ ᠪᠠᠭᠲᠠᠵᠦ᠂ ᠬᠤᠶᠢᠳᠣ ᠬᠡᠰᠡᠭ ᠨᠢ ᠣᠳᠣ ᠶᠢᠨ ᠪᠡᠭᠡᠵᠢᠩ ᠤᠨ ᠳ᠋ᠧ ᠸᠠᠢ᠂ ᠠᠨ ᠸᠠᠢ ᠶᠢᠨ ᠰᠢᠷᠦ᠋ᠢᠳᠣ ᠬᠤᠲᠠ ᠶᠢᠨ ᠴᠡᠴᠡᠷᠯᠢᠭ ᠤᠨ ᠱᠣᠭᠤᠮ ᠢᠶᠠᠷ ᠣᠷᠣᠰᠢᠵᠦ᠂ ᠡᠮᠦᠨᠡᠳᠦ ᠬᠡᠰᠡᠭ ᠨᠢ ᠣᠳᠣ ᠶᠢᠨ ᠴᠠᠩ ᠠᠨ ᠵᠡᠭᠡᠯᠢ  ᠠᠴᠠ ᠡᠮᠦᠨᠡᠭᠦᠷᠬᠡᠨ ᠰᠢᠭ ᠭᠠᠵᠠᠷ ᠪᠣᠯᠬᠤ ᠶᠣᠮ᠃ ᠲᠡᠣᠬᠡᠨ ᠲᠡᠮᠳᠡᠭᠯᠡᠯ ᠢ ᠦᠨᠳᠦᠰᠦᠯᠡᠪᠡᠯ᠂ ᠡᠮᠦᠨ᠎ᠡ ᠬᠡᠰᠡᠭ ᠢ ᠠᠰ ᠰᠢᠯᠣᠭᠤᠳᠬᠠᠨ ᠡᠰᠡ ᠪᠠᠶᠢᠭᠤᠯᠣᠬᠰᠠᠨ ᠪ᠊ ᠰᠢᠯᠲᠠᠭᠠᠨ ᠨᠢ ᠱᠣᠸᠠᠩ ᠲᠠ ᠰᠧ ᠶᠢᠨ ᠳᠣᠳᠣᠷ᠎ᠠ ᠬᠠᠢ ᠶᠦᠨ ᠬᠤᠸᠠᠷᠠᠭ ᠬᠢᠭᠡᠳ ᠲᠡᠭᠦᠨ ᠪ᠊ ᠱᠠᠪᠢ ᠺᠧ ᠠᠨ ᠬᠤᠸᠠᠷᠠᠭ ᠤᠨ ᠬᠤᠣᠰ ᠰᠣᠪᠣᠷᠬ᠋᠎ᠠ ᠪᠠᠶᠢᠳᠠᠭ ᠠᠴᠠ ᠪᠣᠯᠵᠦ ᠭᠡᠨ᠋᠎ᠠ᠃ ᠬᠤᠪᠢᠯᠠᠢ ᠬᠠᠭᠠᠨ ᠠᠴᠠ ᠵᠠᠷᠯᠢᠭ ᠪᠠᠭᠤᠯᠭᠠᠨ᠂ ᠰᠣᠪᠣᠷᠬ᠋᠎ᠠ ᠶᠢ ᠳᠣᠭᠤᠷᠢᠭᠰᠠᠨ ᠭᠤᠴᠢᠨ ᠠᠯᠬᠤᠮ ᠳᠤ ᠬᠤᠲᠠ ᠪᠠᠶᠢᠭᠤᠯᠣᠬᠰᠠᠨ ᠪᠠᠶᠢᠨ᠋᠎ᠠ᠃ ᠶᠣᠸᠠᠨ ᠣᠯᠣᠰ ᠤᠨ ᠲᠠᠶᠢᠳᠣ ᠬᠤᠲᠠ ᠶᠢᠨ ᠵᠡᠭᠦᠨ᠂ ᠪᠠᠷᠠᠭᠤᠨ᠂ ᠡᠮᠦᠨ᠋᠎ᠠ ᠭᠤᠷᠪᠠᠨ ᠲᠠᠯ᠎ᠠ ᠳᠤᠨᠢ ᠳᠣᠰ ᠪᠦᠷᠢ ᠭᠤᠷᠪᠠᠨ ᠡᠭᠦᠲᠡ ᠲᠠᠢ᠂ ᠬᠤᠶᠢᠳᠣ ᠲᠠᠯ᠎ᠠ ᠳᠤᠨᠢ ᠬᠤᠶᠠᠷ ᠡᠭᠦᠳᠡ ᠪᠣᠢ᠃ ᠵᠡᠭᠦᠨ ᠲᠠᠯ᠎ᠠ ᠶᠢᠨ ᠡᠭᠦᠳᠡ ᠶᠢ ᠬᠤᠶᠢᠨ᠋᠎ᠠ ᠠᠴᠠ ᠡᠮᠦᠨᠡᠰᠢ ᠲᠣᠷᠠᠳᠪᠡᠯ᠂ ᠭᠤᠸᠠᠩ ᠰᠢ ᠮᠧᠨ ︵ᠣᠳᠣ ᠶᠢᠨ ᠾᠧ ᠫᠢᠩ ᠯᠢ ᠶᠢᠨ ᠵᠡᠭᠦᠨ︶᠂ ᠰᠦᠩ ᠷᠧᠨ ᠮᠧᠨ ︵ᠣᠳᠣ ᠶᠢᠨ ᠳ᠋ᠦᠩ ᡁᠢ ᠮᠧᠨ︶᠂ ᠴᠢ ᠪᠸᠢ ᠮᠧᠨ ︵ᠣᠳᠣ ᠶᠢᠨ ᠴᠣᠣ ᠶᠠᠩ ᠮᠧᠨ︶ ᠪᠣᠯᠣᠨ᠎ᠠ᠃ ᠡᠮᠦᠨ᠎ᠠ ᠲᠠᠯ᠎ᠠ ᠶᠢᠨ ᠭᠤᠷᠪᠠᠨ ᠡᠭᠦᠳᠡ ᠶᠢ ᠵᠡᠭᠦᠨ ᠠᠴᠠ ᠪᠠᠷᠠᠭᠤᠨᠰᠢ ᠳᠣᠷᠠᠳᠪᠡᠯ᠂ ᠸᠧᠨ ᠮᠢᠩ ᠮᠧᠨ᠂ ᠯᠢ ᠵᠧᠩ ᠮᠧᠨ᠂ ᠱᠦᠨ ᠴᠧᠩ ᠮᠧᠨ ᠪᠣᠢ᠃ ᠪᠠᠷᠠᠭᠤᠨ ᠲᠠᠯ᠎ᠠ ᠶᠢᠨ ᠭᠤᠷᠪᠠᠨ ᠡᠭᠦᠳᠡ ᠶᠢ ᠬᠤᠶᠢᠨ᠎ᠠ  ᠠᠴᠠ ᠡᠮᠦᠨᠡᠰᠢ ᠳᠣᠷᠠᠳᠪᠡᠯ᠂ ᠰᠦ᠋ ᠴᠢᠩ ᠮᠧᠨ ︵ᠣᠳᠣ ᠶᠢᠨ ᠰᠢᠣᠸᠧ ᠶᠣᠸᠠᠨ ᠡᠮᠦᠨ᠎ᠡ ᠵᠠᠮ ᠤᠨ ᠪᠠᠷᠠᠭᠤᠨ ᠬᠡᠰᠡᠭ︶᠂ ᠾᠧ ᠢ ᠮᠧᠨ ︵ᠣᠳᠣ ᠶᠢᠨ ᠰᠢ ᡁᠢ ᠮᠧᠨ︶᠂ ᠫᠢᠩ ᠽᠧ ᠮᠧᠨ ︵ᠣᠳᠣ ᠶᠢᠨ ᠫᠦ᠋ ᠴᠧᠩ ᠮᠧᠨ︶ ᠪᠣᠯᠣᠨ᠎ᠠ᠃ ᠬᠤᠶᠢᠳᠣ ᠲᠠᠯ᠎ᠠ ᠳᠤᠨᠢ ᠵᠢᠶᠠᠨ ᠳ᠋ᠧ ᠮᠧᠨ ᠪᠣᠯᠣᠨ ᠠᠨ ᠵᠧᠨ ᠮᠧᠨ ᠪᠣᠢ᠃ ᠪᠸᠢ ᠬᠠᠢ ᠴᠡᠴᠡᠷᠯᠢᠭ ᠲᠠᠬᠢ ᠳᠣᠭᠤᠷᠢᠭ ᠬᠤᠲᠠ ᠪᠠ ᠴᠢᠶᠦᠩ ᠬᠤᠸᠠ ᠳ᠋ᠣᠣ ᠠᠷᠠᠯ᠄ ᠪᠡᠭᠡᠵᠢᠩ ᠬᠤᠲᠠ ᠶᠢᠨ ᠳᠦᠪ ᠭᠠᠵᠠᠷ ᠪᠣᠯᠬᠤ ᠬᠠᠭᠠᠨ ᠪ᠊ ᠣᠷᠳᠣᠨ ᠪ᠊ ᠪᠠᠷᠠᠭᠤᠨ ᠲᠠᠯ᠎ᠠ ᠪᠠᠷ ᠨᠢᠭᠡᠨ ᠬᠡᠰᠡᠭ ᠣᠰᠣ ᠲᠠᠢ ᠭᠠᠵᠠᠷ ᠪᠠᠶᠢᠨ᠎ᠠ᠃ ᠠᠳᠡᠬᠢ ᠶᠢ ᠰᠢ ᠶᠣᠸᠠᠨ ᠭᠡᠳᠡᠭ ᠪᠦᠭᠡᠳ ᠪᠠᠰᠠ ᠲᠠᠢ ᠶᠦᠸᠧ ᡂᠢ ᠭᠡᠵᠦ ᠬᠡᠯᠡᠳᠡᠭ᠃ ᠲᠠᠢ ᠶᠦᠸᠧ ᡂᠢ ᠶᠢ ᠪᠸᠢ ᠬᠠᠢ᠂ ᠵᠦᠩ ᠬᠠᠢ᠂ ᠨᠠᠨ ᠬᠠᠢ ᠭᠡᠵᠦ ᠭᠤᠷᠪᠠ ᠬᠤᠪᠢᠶᠠᠳᠠᠬ᠃ ᠡᠭᠦᠨ ᠪ᠊ ᠳᠣᠳᠣᠷ᠎ᠠ ᠪᠸᠢ ᠬᠠᠢ ᠨᠢ ᠬᠠᠮᠤᠭ ᠠᠴᠠ ᠨᠡᠷᠡᠲᠠᠢ ᠪᠦᠭᠡᠳ ᠠᠳᠡᠬᠢ ᠨᠢ 1000 ᠭᠠᠷᠣᠢ ᠵᠢᠯ ᠤᠨ ᠡᠮᠦᠨ᠎ᠡ᠂ ᠬᠠᠭᠠᠨ ᠣᠭᠰᠠᠭᠠᠳᠡᠨ ᠪ᠊ ᠳᠣᠮᠣᠬᠠᠨ ᠴᠡᠴᠡᠭᠳᠣ ᠬᠦᠷᠢᠶᠡᠯᠡᠩ ᠪᠠᠶᠢᠬᠰᠠᠨ ᠲᠣᠯᠠ ᠪᠡᠭᠡᠵᠢᠩ ᠬᠤᠳᠠ ᠶᠢᠨ ᠬᠠᠮᠤᠬ ᠰᠠᠶᠢᠬᠠᠨ ᠦᠵᠡᠮᠵᠢ ᠲᠠᠢ ᠭᠠᠵᠠᠷ ᠪᠢᠯᠡ᠃ ᠪᠸᠢ ᠬᠠᠢ ᠴᠡᠴᠡᠷᠯᠢᠭ ᠤᠨ ᠭᠤᠣᠯ ᠪᠣᠯᠬᠤ ᠦᠵᠡᠮᠵᠢ ᠶᠢᠨ ᠭᠠᠵᠠᠷ ᠠᠴᠠ ᠳᠣᠭᠤᠷᠢᠬ ᠬᠤᠲᠠ ᠪᠣᠯᠣᠨ ᠴᠢᠶᠦᠩ ᠬᠤᠸᠠ ᠳ᠋ᠣᠣ ᠨᠢ ᠶᠣᠸᠠᠨ ᠣᠯᠣᠰ ᠤᠨ ᠦᠶ᠎ᠠ ᠳᠤ ᠪᠠᠶᠢᠭᠤᠯᠣᠭᠰᠠᠨ ᠦᠯᠡᠳᠡᠭᠳᠡᠯ ᠪᠠᠭᠤᠷᠢ ᠪᠣᠯᠣᠨ᠋᠎ᠠ᠃ ᠲᠣᠭᠤᠷᠢᠬ ᠬᠤᠲᠠ ᠨᠢ ᠪᠸᠢ ᠬᠠᠢ ᠴᠡᠴᠡᠷᠯᠢᠭ ᠤᠨ ᠡᠮᠦᠨ᠎ᠡ ᠡᠭᠦᠳᠡᠨ ᠪ᠊ ᠭᠠᠳᠠᠨᠠᠬᠢ ᠪᠠᠷᠠᠭᠤᠨ ᠲᠠᠯ᠎ᠠ ᠪᠠᠷ᠂ ᠪᠸᠢ ᠬᠠᠢ ᠪᠣᠯᠣᠨ ᠵᠦᠩ ᠨᠠᠨ ᠬᠠᠢ ᠶᠢᠨ ᠳᠣᠮᠳᠠ ᠣᠷᠣᠰᠢᠨ᠎ᠠ᠃ ᠲᠡᠷᠡ ᠨᠢ ᠳᠣᠭᠤᠰᠬ᠎ᠠ ᠪᠠᠷ ᠲᠣᠭᠤᠷᠢᠬ ᠬᠡᠯᠪᠡᠷᠢ ᠲᠠᠢ ᠵᠡᠷᠭᠡᠯᠡᠵᠦ ᠭᠠᠷᠭᠠᠬᠰᠠᠨ ᠪᠠᠷᠢᠯᠬ᠋᠎ᠠ ᠶᠣᠮ᠃ ᠪᠠᠷᠢᠯᠬ᠋᠎ᠠ ᠶᠢᠨ ᠦᠨᠳᠦᠷ ᠨᠢ 4 · 6 ᠮᠧᠲᠷ᠂ ᠳᠣᠭᠤᠷᠢᠬ ᠤᠨ ᠣᠷᠳᠣ ᠨᠢ 276 ᠮᠧᠲᠷ ᠪᠠᠶᠢᠵᠦ᠂ 800 ᠭᠠᠷᠣᠢ ᠵᠢᠯ ᠤᠨ ᠲᠡᠦᠬᠡ ᠲᠠᠢ᠃ ᠬᠤᠪᠢᠯᠠᠢ ᠬᠠᠭᠠᠨ ᠲᠠᠶᠢᠳᠣ ᠬᠤᠲᠠ ᠶᠢ ᠪᠠᠶᠢᠭᠤᠯᠬᠤ ᠳᠠᠭᠠᠨ ᠳᠣᠭᠤᠷᠢᠬ ᠬᠤᠲᠠ ᠪᠠᠷ ᠵᠠᠭᠠᠭᠯᠠᠨ ᠵᠡᠭᠦᠨ ᠪᠠᠷᠠᠭᠤᠨ ᠭᠠᠷᠣᠨ ᠣᠷᠳᠣᠨ ᠪᠠᠶᠢᠭᠤᠯᠵᠦ᠂ ᠳᠣᠭᠤᠷᠢᠬ ᠬᠤᠲᠠ ᠠᠴᠠ ᠵᠡᠭᠦᠨᠰᠢ ᠨᠢ ᠬᠠᠭᠠᠨ ᠪ᠊ ᠣᠷᠳᠣᠨ᠂ ᠪᠠᠷᠠᠭᠤᠨᠰᠢ ᠨᠢ ᠬᠠᠭᠠᠨ ᠪ᠊ ᠬᠠᠳᠣᠨ ᠬᠢᠭᠡᠳ ᠬᠦᠪᠡᠭᠦᠳ ᠤᠨ ᠣᠷᠳᠣᠨ ᠪᠠᠶᠢᠯ᠎ᠠ᠃ ᠳᠣᠭᠤᠷᠢᠬ ᠬᠤᠲᠠ ᠳᠤ ᠬᠠᠭᠠᠨ ᠪᠣᠯᠣᠨ ᠬᠠᠳᠣᠨ ᠪ᠊ ᠣᠷᠳᠣᠨ ᠢ ᠨᠡᠪᠳᠡᠷᠡᠭᠦᠯᠬᠦ ᠮᠣᠳᠣᠨ ᠬᠦᠭᠦᠷᠭᠡ ᠪᠣᠯᠣᠨ ᠬᠠᠷᠰᠢ ᠨᠡᠮᠡᠨ ᠪᠠᠶᠢᠭᠤᠯᠵᠦ᠂ ᠪᠠᠰᠠ ᠡᠷᠬᠢᠨ ᠳᠣᠭᠤᠷᠢᠨ ᠳᠤᠨᠢ ᠴᠢᠯᠠᠭᠤᠨ ᠬᠡᠷᠡᠮ ᠴᠣᠬᠴᠠᠯᠠᠨ ᠪᠠᠬᠢᠯᠡᠭᠡᠳ᠂ ︽ᠳᠣᠭᠤᠷᠢᠬ ᠬᠤᠲᠠ︾ ᠬᠡᠮᠡᠨ ᠨᠡᠷᠡᠶᠢᠳᠪᠡ᠃ ᠪᠸᠢ ᠬᠠᠢ ᠴᠡᠴᠡᠷᠯᠢᠭ ᠤᠨ ᠴᠢᠶᠦᠩ ᠬᠤᠸᠠ ᠳ᠋ᠣᠣ ᠠᠷᠠᠯ ᠨᠢ ᠲᠠᠢ ᠶᠦᠸᠧ ᡂᠢ ᠶᠢᠨ ᠡᠮᠦᠨ᠎ᠡ ᠬᠡᠰᠡᠭ ᠲᠤ ᠪᠣᠢ᠃ ᠬᠡᠪᠴᠢᠶ᠎ᠠ ᠨᠢ 6 ᠲᠦᠮᠡ 6000 ᠲᠡᠭᠰᠢ ᠳᠦᠷᠪᠡᠯᠵᠢᠨ ᠮᠧᠲᠷ᠃ ᠯᠢᠶᠣᠣ ᠣᠯᠣᠰ ᠤᠨ ᠦᠶ᠎ᠠ ᠳᠤ ᠶᠣᠣ ᠢᠣᠢ ᠬᠡᠮᠡᠨ ᠨᠡᠷᠡᠶᠢᠳᠴᠦ ᠪᠠᠶᠢᠬᠰᠠᠨ ᠪᠦᠭᠡᠳ ᠣᠷᠳᠣᠨ ᠬᠠᠷᠰᠢ ᠪᠠᠶᠢᠭᠤᠯᠪᠠ᠃ ᠠᠯᠳᠠᠨ ᠣᠯᠣᠰ ᠤᠨ ᠦᠶ᠎ᠠ ᠠᠴᠠ ᠴᠢᠶᠦᠩ ᠬᠤᠸᠠ ᠳ᠋ᠣᠣ ᠬᠡᠮᠡᠨ ᠦᠭᠡᠷᠡᠴᠢᠯᠡᠨ ᠨᠡᠷᠡᠯᠡᠵᠦ᠂ ᠸᠠᠨ ᠨᠢᠩ ᠣᠷᠳᠣᠨ ᠪ᠊ ᠨᠢᠭᠡ ᠬᠡᠰᠡᠭ ᠪᠠᠶᠢᠵᠠᠢ᠃ ᠶᠣᠸᠠᠨ ᠣᠯᠣᠰ ᠤᠨ ᠦᠶ᠎ᠠ ᠳᠤ ᠸᠠᠨ ᠰᠦᠢ ᠱᠠᠨ ᠭᠡᠵᠦ ᠬᠡᠯᠡᠳᠡᠭ᠃ 1651 ᠣᠨ ᠳᠤ ᠴᠢᠩ ᠣᠯᠣᠰ ᠠᠭᠤᠯᠠᠨ ᠣᠷᠣᠢ ᠳᠤᠨᠢ ᠴᠠᠭᠠᠨ ᠰᠣᠪᠣᠷᠬ᠋᠎ᠠ ᠴᠣᠬᠴᠠᠯᠠᠬᠰᠠᠨ ᠠᠴᠠ᠂ ᠡᠷᠳᠡᠨ ᠳᠡᠭᠡᠨ ᠪᠠᠰᠠ ᠴᠠᠭᠠᠨ ᠰᠣᠪᠣᠷᠭᠠᠳᠣ ᠠᠭᠤᠯᠠ ᠭᠡᠵᠦ ᠬᠡᠯᠡᠳᠡᠭ᠃ ᠴᠢᠶᠦᠩ ᠬᠤᠸᠠ ᠳ᠋ᠣᠣ ᠶᠢᠨ ᠦᠩᠭᠡ ᠦᠵᠡᠮᠵᠢ ᠡᠳᠡᠭᠡᠳ ᠭᠤᠶᠣ᠂ ᠡᠮᠦᠨ᠋᠎ᠠ ᠬᠡᠰᠡᠭ ᠲᠤᠨᠢ ᠶᠦᠩ ᠠᠨ ᠰᠧ ᠪᠠᠷ ᠭᠤᠣᠯᠯᠠᠬᠰᠠᠨ ᠪᠠᠷᠢᠯᠬ᠋᠎ᠠ ᠨᠤᠭᠤᠳ ᠳᠦᠪᠯᠡᠷᠡᠵᠦ᠂ ᠵᠧᠩ ᠵᠢᠣᠸ᠋ ᠳ᠋ᠢᠶ᠋ᠠᠨ᠂ ᠹᠠ ᠯᠦᠨ ᠳ᠋ᠢᠶ᠋ᠠᠨ᠂ ᠫᠦ᠋ ᠠᠨ ᠳ᠋ᠢᠶ᠋ᠠᠨ ᠵᠡᠷᠭᠡ ᠣᠷᠳᠣ ᠬᠠᠷᠰᠢ ᠪᠠᠶᠢᠬᠤ ᠪᠦᠭᠡᠳ ᠵᠢᠭᠦᠷ ᠤᠨ ᠣᠷᠳᠣᠨ ᠬᠤᠩᠬᠢᠯ ᠵᠢᠴᠢ ᠬᠡᠩᠭᠡᠷᠭᠡᠳᠦ ᠠᠰᠠᠷ ᠴᠦ ᠪᠣᠢ᠃ ᠪᠡᠭᠡᠵᠢᠩ ᠤᠨ ᠴᠠᠭᠠᠨ ᠰᠣᠪᠣᠷᠭᠠᠳᠦ ᠰᠦᠮ᠎ᠠ᠄ ᠣᠳᠣ ᠮᠢᠶᠣᠣ ᠶᠢᠩ ᠰᠧ ᠬᠡᠮᠡᠨ ᠨᠡᠷᠡᠶᠢᠳᠦᠭᠳᠡᠵᠦ ᠪᠠᠶᠢᠬ᠋᠎ᠠ ᠴᠠᠭᠠᠨ ᠰᠣᠪᠣᠷᠭᠠᠳᠣ ᠰᠦᠮ᠎ᠠ ᠪᠣᠯ ᠪᠡᠭᠡᠵᠢᠩ ᠬᠤᠲᠠ ᠶᠢᠨ ᠪᠠᠷᠠᠭᠤᠨ ᠳᠣᠭᠤᠷᠢᠬ ᠤᠨ ᠹᠦ᠋ ᠴᠧᠩ ᠮᠧᠨ ᠪ᠊ ᠳᠣᠳᠣᠷ᠎ᠠ ᠪᠠᠶᠢᠬ᠋᠎ᠠ ᠶᠣᠮ᠃ ᠶᠣᠸᠠᠨ ᠣᠯᠣᠰ ᠤᠨ ᡁᠢ ᠶᠣᠸᠠᠨ ᠤ 8 ᠣᠨ ︵ᠨᠡᠶᠢᠳᠡ ᠶᠢᠨ ᠣᠨ ᠳᠣᠭᠠᠯᠠᠯ ᠤᠨ 1275 ᠣᠨ ︶ ᠠᠴᠠ ᠡᠬᠢᠯᠡᠨ ᠪᠠᠶᠢᠭᠤᠯᠪᠠ᠃ ᠲᠣᠬᠠᠢ ᠶᠢᠨ ᠦᠶ᠎ᠠ ᠳᠤ ᠶᠣᠸᠠᠨ ᠣᠯᠣᠰ ᠲᠤ ᠰᠠᠭᠤᠵᠦ ᠪᠠᠶᠢᠬᠰᠠᠨ ᠪᠠᠯᠪᠦ ᠶᠢᠨ ᠠᠯᠳᠠᠷᠳᠣ ᠪᠠᠷᠢᠯᠬ᠋᠎ᠠ ᠶᠢᠨ ᠮᠡᠷᠭᠡᠵᠢᠯᠳᠡᠨ ᠡ᠋ᠨᠢᠭᠡ ᠵᠢᠷᠤᠬ ᠳᠦᠯᠦᠪᠯᠡᠭᠡ ᠬᠢᠵᠦ ᠪᠠᠶᠢᠭᠤᠯᠣᠯᠲᠠ ᠳᠤ ᠣᠷᠣᠯᠴᠠᠬᠰᠠᠨ ᠭᠡᠳᠡᠭ᠂ ᠰᠣᠪᠣᠷᠬ᠋᠎ᠠ ᠶᠢᠨ ᠪᠡᠶ᠎ᠠ ᠨᠢ ᠴᠣᠯ ᠴᠠᠭᠠᠨ ᠢᠶᠠᠷ ᠦᠩᠭᠡᠯᠡᠭᠳᠡᠭᠰᠡᠨ ᠪᠣᠯᠬᠤᠷ᠂ ᠴᠠᠭᠠᠨ ᠰᠣᠪᠣᠷᠬ᠋᠎ᠠ ᠭᠡᠵᠦ ᠠᠯᠳᠠᠷᠰᠢᠪᠠ᠃ ᠰᠣᠪᠣᠷᠬ᠋᠎ᠠ ᠶᠢ ᠠᠵᠢᠬᠯᠠᠪᠡᠯ᠂ ᠴᠢᠯᠠᠭᠤ ᠳᠣᠭᠤᠰᠬᠠᠨ ᠪᠦᠳᠦᠴᠡ ᠲᠠᠢ᠂ ᠦᠨᠳᠦᠷ ᠨᠢ 50.9 ᠮᠧᠲᠷ᠂ ᠰᠠᠭᠤᠷᠢ᠂ ᠪᠡᠶ᠎ᠠ᠂ ᠱᠠᠷᠢᠯ ᠭᠡᠬᠦ ᠭᠤᠷᠪᠠᠨ ᠬᠡᠰᠡᠭ ᠢᠶᠠᠷ ᠪᠦᠷᠢᠯᠳᠣᠵᠡᠢ᠃ ᠰᠠᠭᠤᠷᠢ ᠶᠢᠨ ᠲᠠᠯᠠᠪᠠᠢ ᠨᠢ 810 ᠲᠡᠭᠰᠢ ᠳᠦᠷᠪᠡᠯᠵᠢᠨ ᠮᠧᠲᠷ᠂ ᠪᠡᠶ᠎ᠠ ᠨᠢ ᠫᠠᠭᠪᠠᠷ ᠬᠡᠯᠪᠡᠷᠢ ᠲᠠᠢ᠂ ᠱᠠᠷᠢᠯ ᠤᠨ ᠣᠷᠣᠢ ᠨᠢ ᠵᠡᠰᠡ ᠬᠢᠴᠡ ᠲᠠᠢ᠂ ᠠᠯᠲᠠ ᠪᠠᠷ ᠦᠩᠭᠡᠯᠡᠭᠰᠡᠨ ᠬᠦᠨᠲᠡᠢ ᠴᠡᠭᠡᠵᠢ ᠲᠠᠢ ᠪᠠᠬ᠋᠎ᠠ ᠬᠡᠯᠪᠡᠷᠢ ᠶᠢᠨ ᠪᠣᠷᠬᠠᠨ ᠪ᠊ ᠰᠣᠪᠣᠷᠬ᠋᠎ᠠ ᠶᠣᠮ᠃ ᠰᠣᠪᠣᠷᠬ᠋᠎ᠠ ᠶᠢᠨ ᠡᠮᠦᠨ᠋᠎ᠠ ︽ᠶᠡᠭᠡ ᠪᠣᠬᠲᠠ ᠶᠢᠨ ᠠᠮᠣᠭᠤᠯᠠᠩ ᠰᠦᠮ᠎ᠠ 大圣 寿 万 安寺︾ ᠭᠡᠵᠦ ᠪᠠᠶᠢᠬᠰᠠᠨ ᠢ ᠵᠦ ᠶᠣᠸᠠᠨ ᠵᠠᠩ ᠤᠨ ᠴᠡᠷᠢᠭ ᠭᠠᠯᠳᠠᠨ ᠰᠦᠢᠳᠭᠡᠵᠡᠢ᠃ ᠰᠡᠭᠦᠯ ᠳᠤᠨᠢ ᠲᠢᠶᠠᠨ ᠱᠦᠨ ᠪ᠊ ᠠᠩᠬᠠᠳᠣᠭᠠᠷ ᠣᠨ ︵ᠨᠡᠶᠢᠳᠡ ᠶᠢᠨ ᠣᠨ ᠲᠤᠭᠠᠯᠠᠯ ᠤᠨ 1457︶ ᠳᠤ ᠲᠠᠬᠢᠨ ᠰᠦᠮ᠎ᠠ ᠪᠠᠶᠢᠭᠤᠯᠣᠭᠠᠳ ︽ᠮᠢᠶᠣᠣ ᠶᠢᠩ ᠰᠧ 妙应寺︾ ᠬᠡᠮᠡᠨ ᠨᠡᠷᠡᠶᠢᠳᠦᠭᠰᠡᠨ ᠪᠣᠯᠪᠠᠴᠦ ︽ᠴᠠᠭᠠᠨ ᠰᠣᠪᠣᠷᠭᠠᠳᠣ ᠰᠦᠮ᠎ᠠ 白塔寺︾ ᠬᠡᠮᠡᠨ ᠠᠯᠳᠠᠷᠰᠢᠪᠠ᠃ ᠨᠤᠨᠳᠠᠭᠤᠯ᠎ᠠ  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号