ᠠᠯᠠᠱᠠ ᠮᠣᠩᠭᠤᠯᠴᠤᠳ ᠤᠨ ᠮᠣᠩᠭᠤᠯ ᠭᠡᠷ ᠬᠢᠭᠡᠳ ᠭᠡᠷ ᠤᠨ ᠵᠠᠰᠠᠯ ᠤᠨ ᠶᠣᠰᠤᠨ
ᠨᠡᠶᠢᠲᠡᠯᠡᠭᠰᠡᠨ ᠴᠠᠭ᠄
2020/1/17
ᠬᠤᠱᠤᠳ ᠦᠭᠡᠯᠡᠳ ᠤᠳᠤᠮ ᠲᠠᠢ ᠠᠯᠠᠱᠠ ᠮᠣᠩᠭᠤᠯᠴᠤᠳ ᠤᠤᠯ ᠨᠢ ᠲᠠᠷᠡᠬᠠᠢ ᠪᠤᠲᠠᠷᠬᠠᠢ ᠨᠡᠭᠦᠳᠡᠯ ᠤᠨ ᠬᠡᠯᠪᠡᠷᠢ ᠪᠠᠷ ᠠᠮᠢᠳᠤᠷᠠᠵᠤ ᠢᠷᠡᠭᠰᠡᠨ ᠲᠡᠤᠬᠡ ᠶᠢᠨ ᠢᠷᠡᠯ ᠲᠠᠢ ᠤᠴᠢᠷ᠂ ᠠᠶᠢᠯ ᠡᠷᠦᠬᠡ ᠪᠦᠬᠦᠨ ᠤᠭ ᠲᠠᠭᠠᠨ ᠪᠠᠶᠢᠰᠢᠩ ᠭᠡᠷ ᠪᠠᠶᠢᠳᠠᠭ ᠦᠭᠡᠢ᠂ ᠢᠮᠠᠭᠲᠠ ᠮᠣᠩᠭᠤᠯ ᠭᠡᠷ᠂ ᠴᠡᠭᠡᠵᠢ ᠭᠡᠷ᠂ ᠪᠦᠰ ᠮᠠᠶᠢᠬᠠᠨ ᠵᠡᠷᠭᠡ ᠪᠠᠷ ᠣᠷᠣᠨ ᠰᠠᠭᠤᠴᠠ ᠪᠠᠨ ᠪᠣᠯᠭᠠᠵᠤ ᠪᠠᠶᠢᠵᠠᠢ᠃ ᠢᠢᠮᠦ ᠠᠴᠠ ᠮᠣᠩᠭᠤᠯ ᠭᠡᠷ ᠢ ᠶᠡᠭᠡ ᠪᠠᠷ ᠡᠷᠬᠢᠮᠯᠡᠨ ᠬᠦᠨᠳᠦᠳᠬᠡᠳᠡᠭ ᠶᠤᠮ᠃ ᠠᠳᠡᠬᠢ ᠮᠣᠩᠭᠤᠯ ᠭᠡᠷ ᠤᠨ ᠪᠦᠲᠦᠴᠡ ᠪᠣᠯ ᠳᠥᠷᠪᠡ᠂ ᠵᠢᠷᠭᠤᠭ᠎ᠠ᠂ ᠨᠠᠢᠮᠠ ᠲᠠᠷᠮ᠎ᠠ ︵ᠬᠠᠨ᠎ᠠ︶ ᠲᠠᠢ᠂ ᠲᠠᠷᠮ᠎ᠠ ᠪᠦᠷᠢ ᠠᠷᠪᠠᠨ ᠳᠣᠯᠤᠭᠠᠨ ᠤᠨᠢ ᠲᠠᠢ᠂ ᠤᠨᠢ ᠪᠦᠷᠢ ᠳᠡᠭᠡᠨ ᠰᠣᠯᠤᠭ ᠲᠠᠢ᠂ ᠲᠣᠲᠤᠭᠠᠨ ᠳᠡᠭᠡᠷ᠎ᠡ ᠪᠠᠨ ᠲᠠᠪᠤᠨ ᠤᠨᠢ ᠰᠠᠭᠤᠯᠭᠠᠳᠠᠭ᠃ ᠶᠡᠭᠡ ᠲᠦᠭᠦᠷᠢᠭ ᠬᠠᠷᠠᠭᠠᠴᠠ ︵ᠲᠣᠭᠤᠨᠣ︶ ᠲᠠᠢ᠂ ᠡᠷᠦᠬᠡ ᠡᠭᠦᠳᠠ᠂ ᠳᠡᠭᠡᠪᠦᠷ᠂ ᠲᠤᠭᠤᠷᠭ᠎ᠠ᠂ ᠵᠠᠪᠠᠭ᠂ ᠢᠷᠭᠡᠪᠴᠢ ᠵᠡᠷᠭᠡ ᠪᠠᠷ ᠪᠦᠷᠢᠵᠤ᠂ ᠴᠢᠭᠲᠠᠭ᠎ᠠ ᠪᠠᠨ ᠪᠠᠷᠠᠭᠤᠨ ᠵᠡᠬᠦᠨ ᠰᠤᠮᠤᠨ ᠤ ᠬᠠᠷᠢᠶᠠᠲᠤ ᠪᠠᠷ ᠢᠯᠭᠠᠵᠤ ᠵᠡᠭᠦᠨᠰᠢ ᠪᠠᠷᠠᠭᠤᠨᠰᠢ ᠬᠠᠪᠴᠢᠭᠤᠯᠳᠠᠭ᠃ ᠨᠣᠶᠠᠨ ᠪᠣᠯᠣᠨ ᠲᠠᠶᠢᠵᠢ ᠲᠠᠪᠤᠨᠠᠩ ᠤᠨ ᠭᠡᠷ ᠨᠢ ᠤᠯᠠᠭᠠᠨ ᠡᠷᠦᠭᠡ᠂ ᠤᠯᠠᠭᠠᠨ ᠵᠠᠬᠠᠪᠴᠢ᠂ ᠤᠯᠠᠭᠠᠨ ᠡᠭᠦᠳᠡ ᠲᠠᠢ ᠪᠠᠶᠢᠳᠠᠭ ᠶᠤᠮ᠃ ᠵᠠᠷᠢᠮ ᠵᠠᠬᠢᠷᠤᠭᠴᠢ ᠬᠦᠮᠦᠨ ᠪᠠᠰᠠ ᠢᠢᠮᠦ ᠭᠡᠷ ᠲᠤ ᠰᠠᠭᠤᠵᠤ ᠦᠩᠭᠡᠷᠡᠵᠡᠢ᠃ ᠮᠣᠩᠭᠤᠯ ᠭᠡᠷ ᠲᠤ ᠳᠣᠲᠣᠷ ᠭᠠᠳᠠᠷ ᠪᠦᠰᠡ᠂ ᠳᠡᠭᠡᠪᠦᠷ ᠤᠨ ᠳᠣᠪᠲᠤᠯᠭ᠎ᠠ᠂ ᠣᠭᠤᠰᠤᠷ᠂ ᠲᠠᠷᠮ᠎ᠠ ᠶᠢᠨ ᠣᠷᠢᠶᠠᠳᠠᠯ ᠵᠡᠷᠭᠡ ᠪᠠᠶᠢᠳᠠᠭ᠃ ᠸᠠᠩ ᠤᠨ ᠨᠠᠶᠢᠷ ᠳᠡᠭᠡᠷ᠎ᠡ ᠪᠠᠶᠢᠳᠠᠭ ᠪᠠᠶᠢᠪᠠᠩᠬ᠎ᠠ ᠭᠡᠳᠡᠭ ᠪᠣᠯ ᠦᠨᠳᠦᠷ ᠳᠥᠷᠪᠡᠨ ᠪᠠᠭᠠᠨ᠎ᠠ ᠲᠠᠢ᠂ ᠪᠣᠭᠤᠨᠢ ᠠᠷᠪᠠᠨ ᠵᠢᠷᠭᠤᠭᠠᠨ ᠪᠠᠭᠠᠨ᠎ᠠ ᠲᠠᠢ᠂ ᠠᠷᠪᠠᠨ ᠵᠢᠷᠭᠤᠭᠠᠨ ᠲᠠᠷᠮ᠎ᠠ ᠲᠠᠢ᠂ ᠵᠠᠭᠤᠨ ᠨᠠᠶᠠᠨ ᠤᠨᠢ ᠲᠠᠢ᠂ ᠬᠤᠶᠠᠷ ᠡᠭᠦᠳᠡ ᠲᠠᠢ᠂ ᠳᠡᠭᠡᠪᠦᠷ ᠲᠤᠭᠤᠷᠭ᠎ᠠ᠂ ᠰᠢᠯ ᠴᠣᠩᠬᠤ᠂ ᠢᠷᠭᠡᠪᠴᠢ ᠲᠤᠰ ᠪᠦᠷᠢ ᠨᠠᠢᠮᠠ ᠪᠠᠶᠢᠵᠤ᠂ ᠳᠤᠭᠤᠢ ᠣᠷᠣᠢ ᠲᠠᠢ᠂ ᠳᠥᠷᠪᠡᠯᠵᠢᠨ ᠰᠠᠭᠤᠷᠢ ᠲᠠᠢ ᠲᠣᠮᠣ ᠭᠡᠷ ᠪᠣᠯᠣᠨ᠎ᠠ᠃ ᠱᠠᠰᠢᠨ ᠢ ᠪᠠᠳᠠᠷᠠᠭᠤᠯᠤᠭᠴᠢ ᠰᠦᠮ᠎ᠡ ᠳᠤ ᠪᠠᠶᠢᠳᠠᠭ ᠳᠠᠯᠠᠢ ᠴᠠᠭᠠᠨ ᠭᠡᠬᠦ ᠭᠡᠷ ᠪᠣᠯ ᠳᠥᠷᠪᠡᠨ ᠲᠤᠯᠭᠠᠭᠤᠷ ᠲᠠᠢ᠂ ᠠᠷᠪᠠᠨ ᠲᠠᠷᠮ᠎ᠠ ᠲᠠᠢ ᠶᠤᠮ᠃ ᠪᠠᠰᠠ ᠵᠠᠷᠢᠮ ᠰᠦᠮ᠎ᠡ ᠳᠤ ᠲᠣᠮᠣᠬᠠᠨ ᠬᠡᠮᠵᠢᠶᠡᠨ ᠤ ᠭᠡᠷ ᠬᠡᠳᠤ ᠪᠠᠶᠢᠵᠡᠢ᠃ ᠡᠭᠦᠨ ᠠᠴᠠ ᠭᠠᠳᠠᠨ᠎ᠠ ᠮᠣᠩᠭᠤᠯ ᠭᠡᠷ ᠢ ᠳᠡᠭᠡᠪᠦᠷ ᠳᠡᠭᠡᠷᠡᠬᠢ ᠬᠡ ᠤᠭᠠᠯᠵᠠ᠂ ᠲᠣᠯᠪᠦ ᠡᠮᠵᠢᠶᠡᠷᠢ ᠪᠣᠯᠣᠨ ᠬᠡᠪᠢᠰ ᠡᠭᠦᠳᠡ᠂ ᠰᠢᠷᠢᠮᠡᠯ ᠡᠭᠦᠳᠡ᠂ ᠬᠠᠨᠠᠪᠴᠢ᠂ ᠬᠦᠰᠢᠭᠡ᠂ ᠬᠠᠯᠬᠠᠪᠴᠢ ᠬᠦᠰᠢᠭᠡ ᠵᠡᠷᠭᠡ ᠪᠠᠷ ᠵᠠᠰᠠᠨ ᠴᠢᠮᠡᠭᠰᠡᠨ ᠵᠦᠢᠯ ᠤᠳ ᠴᠤ ᠪᠠᠶᠢᠳᠠᠭ᠃ ᠳᠠᠷᠠᠭᠠᠯᠠᠪᠠᠯ᠂ ᠣᠲᠣᠷ ᠨᠡᠭᠦᠳᠡᠯ ᠳᠤ ᠬᠡᠷᠡᠭᠯᠡᠳᠡᠭ ᠴᠡᠭᠡᠵᠢ ᠭᠡᠷ ᠭᠡᠳᠡᠭ ᠨᠢ ᠲᠠᠷᠮ᠎ᠠ ᠦᠭᠡᠢ ᠭᠡᠷ ᠢ ᠬᠡᠯᠡᠨ᠎ᠡ᠃ ᠠᠶᠠᠨ ᠲᠡᠭᠡᠭᠡᠪᠦᠷᠢ ᠳᠤ ᠬᠡᠷᠡᠭᠯᠡᠳᠡᠭ ᠪᠠᠭ᠎ᠠ ᠶᠡᠭᠡ ᠪᠦᠰ ᠮᠠᠶᠢᠬᠠᠨ ᠨᠢ ᠣᠶᠢᠨ ᠳᠤ ᠣᠳᠣ ᠴᠤ ᠠᠷᠪᠢᠨ ᠪᠠᠶᠢᠨ᠎ᠠ᠃ᠠᠶᠠᠨ ᠲᠡᠭᠡᠭᠡᠪᠦᠷᠢ ᠳᠤ ᠬᠡᠷᠡᠭᠯᠡᠳᠡᠭ ᠪᠠᠭ᠎ᠠ ᠶᠡᠭᠡ ᠪᠦᠰ ᠮᠠᠶᠢᠬᠠᠨ ᠨᠢ ᠣᠳᠣ ᠴᠤ ᠠᠷᠪᠢᠨ ᠪᠠᠶᠢᠨ᠎ᠠ᠃ ᠮᠣᠩᠭᠤᠯ ᠭᠡᠷ ᠤᠨ ᠳᠣᠲᠣᠷᠠᠬᠢ ᠡᠳ᠋ᠯᠡᠯ ᠬᠡᠷᠡᠭᠰᠡᠯ ᠪᠣᠯᠪᠠᠰᠤ᠂ ᠭᠡᠷ ᠤᠨ ᠬᠤᠶᠢᠮᠤᠷ ᠲᠤ ᠬᠢ ᠱᠦᠭᠦᠷ ᠳᠡᠭᠡᠷ᠎ᠡ ᠪᠤᠷᠬᠠᠨ ᠤ ᠭᠦᠩᠭᠠᠷᠠᠪᠠ ᠲᠠᠯᠪᠢᠵᠤ᠂ ᠪᠠᠷᠠᠭᠤᠨ ᠲᠠᠯ᠎ᠠ ᠳᠤᠨᠢ ᠱᠦᠭᠦᠢ ᠲᠠᠢ ᠬᠤᠣᠰ ᠠᠪᠳᠠᠷ᠎ᠠ ᠲᠠᠯᠪᠢᠵᠤ᠂ ᠵᠡᠭᠦᠨ ᠬᠤᠶᠢᠮᠤᠷ ᠨᠢ ᠣᠷᠣ ᠶᠢᠨ ᠰᠢᠷᠡᠭᠡ ᠲᠠᠯᠪᠢᠭᠠᠳ ᠳᠡᠭᠡᠷ᠎ᠡ ᠨᠢ ᠣᠷᠣ ᠪᠣᠭᠴᠣ ᠬᠤᠶᠠᠷ ᠢ ᠲᠠᠯᠪᠢᠨ᠎ᠠ᠃ ᠵᠡᠭᠦᠨ ᠲᠠᠯ᠎ᠠ  ᠳᠤᠨᠢ ᠱᠦᠭᠦᠢ ᠲᠠᠢ ᠠᠪᠳᠠᠷ᠎ᠠ ᠨᠢᠭᠡ ᠬᠤᠣᠰ ᠢ ᠲᠠᠯᠪᠢᠵᠤ᠂ ᠵᠠᠯᠭᠠᠭᠠᠳ ᠦᠢᠯᠡ ᠤᠲᠠᠰᠣᠨ ᠤ ᠬᠠᠶᠢᠷᠴᠠᠭ ᠪᠠ ᠠᠶᠠᠭ᠎ᠠ ᠲᠠᠯᠪᠢᠳᠠᠭ ᠡᠷᠭᠢᠨᠡᠭ ᠢ ᠲᠠᠯᠪᠢᠭᠰᠠᠨ ᠪᠠᠶᠢᠳᠠᠭ᠃ ᠭᠡᠷ ᠳᠦᠭᠦᠷᠡᠩ ᠰᠢᠷᠢᠮᠡᠯ ᠰᠢᠷᠢᠳᠡᠭ ᠳᠡᠪᠢᠰᠴᠦ᠂ ᠬᠤᠶᠢᠲᠤ ᠲᠠᠯ᠎ᠠ ᠪᠠ ᠪᠠᠷᠠᠭᠤᠨ ᠲᠠᠯ᠎ᠠ ᠪᠠᠷ ᠨᠢ ᠬᠡᠪᠢᠰ ᠲᠠᠯᠪᠠᠭ ᠪᠤᠶᠤ ᠬᠡᠪᠢᠰ ᠳᠡᠪᠢᠰᠭᠡᠷ ᠢᠶᠠᠷ ᠦᠩᠭᠡᠯᠡᠭᠡᠳ ᠡᠮᠦᠨᠡᠭᠦᠷ ᠨᠢ ᠴᠠᠢ ᠶᠢᠨ ᠶᠠᠪᠠᠭᠠᠨ ᠰᠢᠷᠡᠭᠡ ᠳᠦᠷᠪᠡ ᠶᠢ ᠲᠠᠯᠪᠢᠭᠰᠠᠨ ᠪᠠᠶᠢᠳᠠᠭ᠃ ᠭᠤᠣᠯ ᠳᠤᠮᠳᠠ ᠨᠢ ᠰᠠᠭᠰᠠ ᠲᠤᠯᠭ᠎ᠠ ᠪᠠᠷ ᠭᠠᠯ ᠭᠤᠯᠣᠮᠲᠠ ᠪᠣᠯᠭᠠᠵᠤ ᠲᠣᠭᠤᠷᠢᠭᠤᠯᠤᠭᠠᠳ ᠳᠦᠷᠪᠡᠯᠵᠢᠨ ᠮᠣᠳᠣᠨ ᠳᠡᠪᠦᠷ᠎ᠡ ᠪᠠᠷ ᠬᠠᠰᠢᠨ᠎ᠠ᠃ ᠠᠯᠠᠱᠠ ᠮᠣᠩᠭᠤᠯᠴᠤᠳ ᠡᠪᠦᠯᠵᠢᠶᠡᠨ ᠤ ᠨᠤᠲᠤᠭ ᠢᠶᠠᠨ ᠦᠯᠡᠮᠵᠢ ᠰᠠᠶᠢᠬᠠᠨ ᠰᠢᠨᠵᠢ ᠪᠡᠯᠭᠡ ᠲᠠᠢ ᠭᠠᠵᠠᠷ ᠢ ᠰᠣᠩᠭᠤᠨ ᠰᠠᠭᠤᠷᠢᠰᠢᠵᠤ᠂ ᠪᠠᠶᠠᠨᠰᠦᠮᠪᠦᠷ ᠤᠨ ᠵᠦᠭ ᠲᠤ ᠴᠢᠭᠯᠡᠭᠦᠯᠦᠨ ᠬᠡᠢ ᠮᠣᠷᠢ ᠶᠢᠨ ᠵᠡᠯ᠎ᠡ ᠳᠠᠷᠴᠤᠭ ᠪᠣᠰᠬᠠᠵᠤ᠂ ᠳᠤᠮᠳᠠ  ᠨᠢ ᠰᠠᠩ ᠤᠨ ᠶᠠᠨᠳᠠᠷ ᠵᠣᠬᠢᠶᠠᠨ᠂ ᠦᠷᠯᠦᠭᠡ ᠪᠦᠷᠢ ᠶᠢᠨ ᠡᠷᠲᠡ ᠰᠠᠩ ᠰᠡᠷᠵᠢᠮ ᠡᠷᠭᠦᠨ ᠲᠤᠩ ᠦᠯᠢᠶᠡᠵᠦ ᠳᠠᠭᠠᠳᠬᠠᠵᠤ ᠪᠠᠶᠢᠬᠤ ᠪᠠᠨ ᠰᠡᠳᠬᠢᠯᠭᠡ ᠪᠠᠨ ᠢᠯᠡᠳᠬᠡᠳᠡᠭ ᠪᠠᠶᠢᠵᠠᠢ᠃ ᠠᠷᠢᠭᠤᠨ ᠴᠡᠪᠡᠷ ᠪᠠᠶᠢᠬᠤ ᠶᠢ ᠬᠦᠨᠳᠦᠳᠬᠡᠵᠦ ᠂ ᠲᠦᠯᠡᠭᠡ ᠲᠦᠯᠡᠰᠢ ᠪᠠᠨ ᠦᠨᠳᠦᠷ ᠰᠢᠭ ᠭᠠᠵᠠᠷ ᠲᠤ ᠲᠡᠭᠰᠢ ᠰᠠᠶᠢᠬᠠᠨ ᠣᠪᠤᠭᠠᠯᠠᠨ ᠬᠤᠷᠢᠶᠠᠵᠤ᠂ ᠤᠯᠠᠮ ᠢᠶᠠᠷ ᠰᠡᠯᠪᠢᠵᠤ ᠨᠡᠮᠡᠬᠦ ᠠᠴᠠ ᠪᠢᠰᠢ ᠳᠤᠮᠳᠠᠷᠠᠭᠤᠯᠬᠤ ᠪᠤᠶᠤ ᠨᠡᠩ ᠴᠤ ᠬᠤᠭᠤᠰᠤᠷᠠᠳᠠᠯ᠎ᠠ ᠲᠦᠯᠡᠵᠦ ᠪᠠᠷᠠᠬᠤ ᠠᠴᠠ ᠶᠡᠭᠡ ᠴᠡᠭᠡᠷᠯᠡᠳᠡᠭ ᠪᠠᠶᠢᠨ᠎ᠠ᠃ ᠤᠨᠤᠭ᠎ᠠ ᠶᠢᠨ ᠤᠶᠠᠭ᠎ᠠ ᠶᠢ ᠶᠡᠷᠦᠩᠬᠡᠢ ᠳᠡᠭᠡᠨ ᠭᠡᠷ ᠤᠨ ᠪᠠᠷᠠᠭᠤᠨ ᠡᠮᠦᠨ᠎ᠡ ᠲᠠᠯ᠎ᠠ ᠳᠤ ᠬᠤᠯᠠ ᠰᠢᠭ᠋ ᠲᠣᠬᠢᠷᠠᠭᠤᠯᠵᠤ᠂ ᠮᠠᠯ ᠤᠨ ᠬᠠᠰᠢᠶ᠎ᠠ ᠬᠤᠷᠤᠭ᠎ᠠ ᠪᠠᠨ ᠭᠡᠷ ᠠᠴᠠ ᠪᠠᠭ᠋ᠠᠨ ᠵᠠᠶᠢᠲᠠᠢ ᠰᠢᠭ᠋ ᠪᠠᠷᠢᠨ᠎ᠠ᠃ ᠬᠦᠮᠦᠨ  ᠲᠠᠢ ᠪᠠᠶᠢᠲᠠᠯ᠎ᠠ ᠭᠡᠭᠡᠨ ᠴᠠᠭᠠᠨ ᠡᠳᠦᠷ ᠡᠷᠦᠬᠡ ᠪᠠᠨ ᠪᠦᠲᠡᠭᠡᠬᠦ ᠪᠠ ᠢᠰᠡᠭᠡᠢ ᠡᠭᠦᠳᠡ ᠪᠠᠨ ᠭᠡᠷ ᠳᠡᠭᠡᠷ᠎ᠡ ᠪᠠᠨ ᠰᠤᠩᠭᠠᠵᠤ ᠰᠡᠬᠦᠬᠦ ᠶᠢ ᠴᠡᠭᠡᠷᠯᠡᠵᠦ᠂ ᠵᠢᠴᠢ ᠣᠷᠤᠵᠤ ᠭᠠᠷᠬᠤ ᠳᠠᠭᠠᠨ ᠢᠰᠡᠭᠡᠢ ᠡᠭᠦᠳᠡ ᠶᠢᠨ ᠵᠦᠪ ᠲᠠᠯ᠎ᠠ ᠶᠢ ᠰᠡᠬᠦᠬᠦ ᠠᠴᠠ ᠪᠢᠰᠢ ᠪᠤᠷᠤᠭᠤ ᠲᠠᠯ᠎ᠠ ᠶᠢᠨ ᠡᠭᠦᠳᠡ ᠶᠢ ᠰᠡᠬᠦᠵᠦ ᠪᠣᠯᠬᠤ ᠦᠭᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号