ᠠᠯᠠᠱᠠ ᠮᠣᠩᠭᠤᠯᠴᠤᠳ ᠤᠨ ᠭᠠᠯ ᠲᠠᠬᠢᠬᠤ ᠶᠣᠰᠣᠨ
ᠨᠡᠶᠢᠲᠡᠯᠡᠭᠰᠡᠨ ᠴᠠᠭ᠄
2020/1/17
ᠠᠯᠠᠱᠠᠴᠤᠳ ᠪᠢᠯᠢᠭ ᠤᠨ ᠤᠯᠠᠷᠢᠯ ᠤᠨ ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ ᠤ ᠡᠳᠦᠷ ᠪᠣᠯᠣᠭᠰᠠᠭᠠᠷ ᠠᠶᠢᠯ ᠡᠷᠦᠭᠡ ᠪᠦᠬᠦᠨ ᠭᠠᠯ ᠤᠨ ᠪᠤᠷᠬᠠᠨ ᠢᠶᠠᠨ ᠲᠦᠷᠬᠦᠮᠯᠡᠭᠦᠯᠬᠦ ᠭᠡᠳ ᠦᠷᠯᠦᠭᠡ ᠠᠴᠠ ᠦᠳᠡᠰᠢ ᠪᠣᠯᠲᠠᠯ᠎ᠠ ᠶᠠᠭᠠᠷᠠᠵᠠᠭᠠᠳᠠᠭ ᠪᠢᠯᠡ᠃ ᠡᠭᠦᠨ ᠳᠤ᠂ ᠮᠣᠩᠭᠤᠯ ᠭᠡᠷ ᠤᠨ ᠢᠶᠠᠨ ᠤᠲᠤᠭ᠎ᠠ ᠲᠣᠭᠤᠰᠣ ᠶᠢ ᠰᠢᠷᠪᠢᠵᠦ ᠭᠦᠪᠢᠵᠦ᠂ ᠭᠡᠷ ᠤᠨ ᠳᠣᠲᠣᠨ᠎ᠠ ᠭᠠᠳᠠᠨᠠᠬᠢ ᠶᠢ ᠨᠡᠶᠢᠳᠡᠮ ᠴᠡᠪᠡᠷᠯᠡᠵᠦ᠂ ᠭᠠᠯ ᠤᠨ ᠬᠦᠷᠢᠶ᠎ᠡ ᠪᠠᠨ ᠰᠢᠨᠡᠳᠬᠡᠨ ᠵᠠᠰᠠᠭᠰᠠᠨ ᠬᠤᠶᠢᠨ᠎ᠠ ᠂ ᠭᠡᠷ ᠤᠨ ᠳᠣᠲᠣᠨ᠎ᠠ ᠪᠠᠨ ᠴᠣ ᠰᠢᠨ᠎ᠡ ᠢᠰᠡᠭᠡᠢ ᠳᠡᠪᠢᠰᠳᠡᠭ ᠶᠤᠮ᠃ ᠭᠠᠯ ᠤᠨ ᠲᠠᠬᠢᠯᠭᠠᠨ ᠤ ᠵᠦᠢᠯᠡᠰ — ᠬᠠᠷ᠎ᠠ ᠲᠣᠰᠣ ᠪᠠᠷ ᠰᠢᠷᠠᠭᠰᠠᠨ ᠪᠣᠭᠤᠷᠰᠤᠭ᠂ ᠴᠢᠨᠠᠭᠰᠠᠨ ᠡᠪᠴᠢᠭᠦᠦ᠂ ᠠᠷᠢᠬᠢ ᠳᠠᠷᠠᠰᠤ᠂ ᠴᠢᠨᠠᠭᠰᠠᠨ ᠴᠠᠢ᠂ ᠡᠯᠳᠡᠪ ᠦᠩᠭᠡ ᠶᠢᠨ ᠲᠣᠷᠭ᠎ᠠ ᠳᠤᠷᠳᠤᠩ ᠤᠨ ᠦᠭᠡᠳᠡᠰᠦ᠂ ᠲᠠᠪᠦᠨ ᠦᠩᠭᠡ ᠶᠢᠨ ᠲᠣᠷᠭᠠᠨ ᠤᠲᠠᠰᠤ ᠵᠡᠷᠭᠡ ᠶᠢ ᠪᠡᠯᠡᠳᠬᠡᠨ᠎ᠡ᠃ ᠬᠤᠷᠢᠨ ᠭᠤᠷᠪᠠᠨ ᠤ ᠰᠦᠨᠢ ᠶᠢᠨ ᠣᠳᠣᠨ ᠮᠡᠴᠢᠳ ᠭᠦᠢᠴᠡᠭᠰᠡᠨ ᠤ ᠳᠠᠷᠠᠭ᠎ᠠ᠂ ᠠᠶᠢᠯ ᠡᠷᠦᠬᠡ ᠪᠣᠯᠭᠠᠨ ᠳᠤ ᠭᠠᠯ ᠤᠨ ᠲᠠᠬᠢᠯᠭ᠎ᠠ ᠡᠬᠢᠯᠡᠴᠢᠬᠡᠳᠡᠭ ᠪᠢᠯᠡ᠃ ᠭᠤᠯᠣᠮᠲᠠ ᠳᠡᠭᠡᠷ᠎ᠡ ᠪᠠᠨ ᠬᠠᠮᠤᠭ ᠤᠨ ᠴᠡᠪᠡᠷ ᠬᠠᠭᠤᠷᠠᠢ ᠲᠦᠯᠡᠭᠡ ᠶᠢ ᠳᠥᠷᠪᠡᠯᠵᠢᠯᠡᠨ ᠱᠠᠲᠤᠯᠠᠵᠤ᠂ ᠭᠠᠯ ᠢᠶᠠᠨ ᠬᠥᠭᠵᠢᠭᠡᠭᠰᠡᠨ ᠤ ᠳᠠᠷᠠᠭ᠎ᠠ᠂ ᠭᠤᠯᠣᠮᠲᠠ ᠶᠢᠨ ᠵᠡᠭᠦᠨ ᠲᠠᠯ᠎ᠠ ᠪᠤᠶᠤ ᠡᠮᠦᠨ᠎ᠡ ᠲᠠᠯ᠎ᠠ ᠳᠤᠨᠢ ᠢᠰᠡᠭᠡᠢ ᠳᠡᠭᠡᠷ᠎ᠡ ᠬᠡᠪᠢᠰ ᠳᠡᠪᠢᠰᠴᠦ᠂ ᠳᠡᠭᠡᠷ᠎ᠡ ᠨᠢ ᠬᠥᠨᠳᠡᠯᠡᠨ ᠰᠢᠷᠡᠭᠡ ᠲᠠᠯᠪᠢᠵᠦ᠂ ᠰᠢᠷᠡᠭᠡᠨ ᠳᠡᠭᠡᠷ᠎ᠡ ᠪᠠᠨ ᠭᠠᠯ ᠤᠨ ᠲᠠᠬᠢᠯᠭ᠎ᠠ ᠶᠢᠨ ᠵᠦᠢᠯᠡᠰ ᠢ ᠦᠷᠦᠵᠦ ᠲᠠᠯᠪᠢᠳᠠᠭ᠃ ᠮᠣᠳᠣ ᠪᠤᠶᠤ ᠭᠠᠤᠯᠢ ᠵᠡᠰ ᠲᠠᠪᠠᠭ ᠲᠤ ᠬᠤᠨᠢ᠂ ᠢᠮᠠᠭ᠎ᠠ᠂ ᠵᠡᠭᠡᠷ᠎ᠡ ᠶᠢᠨ ᠴᠢᠨᠠᠭᠰᠠᠨ ᠡᠪᠴᠢᠭᠦᠦ ᠶᠢᠨ ᠠᠯᠢ ᠪᠠᠶᠢᠬᠤ ᠶᠢ ᠨᠢ ᠳᠡᠭᠡᠭᠰᠢ ᠬᠠᠨᠳᠤᠭᠤᠯᠤᠨ ᠲᠠᠪᠠᠭᠯᠠᠵᠤ᠂ ᠡᠪᠴᠢᠭᠦᠦ ᠶᠢᠨ ᠬᠠᠨᠴᠢᠷ ᠢ ᠨᠢ ᠨᠠᠷᠢᠨ ᠵᠦᠰᠦᠭᠡᠳ᠂ ᠡᠪᠴᠢᠭᠦᠨ ᠤ ᠪᠦᠲᠦᠷᠭᠡᠢ ᠳᠤᠨᠢ ᠡᠯᠭᠦᠨ᠎ᠡ᠃ ᠰᠡᠭᠦᠯᠡᠷ ᠨᠢ ᠲᠠᠪᠤᠨ ᠦᠩᠭᠡ ᠶᠢᠨ ᠲᠣᠷᠭᠠᠨ ᠤᠲᠠᠰᠤ ᠪᠠᠷ ᠬᠡᠳᠦᠨ ᠳᠠᠪᠬᠤᠷ ᠣᠷᠢᠶᠠᠭᠰᠠᠨ ᠤ ᠳᠠᠷᠠᠭ᠎ᠠ᠂ ᠳᠣᠲᠤᠷ᠎ᠠ  ᠨᠢ ᠲᠠᠪᠤᠨ ᠲᠠᠷᠢᠶ᠎ᠠ ᠶᠢᠨ ᠵᠦᠢᠯ᠂ ᠰᠢᠷᠠᠮᠠᠯ ᠪᠣᠭᠤᠷᠰᠤᠭ᠂ ᠰᠢᠷ᠎ᠠ ᠲᠣᠰᠤ᠂ ᠰᠢᠭᠦᠷᠡᠮᠡᠭ᠂ ᠦᠷᠦᠮ᠎ᠡ᠂ ᠵᠦᠭᠡᠬᠡᠢ᠂ ᠶᠠᠩᠭᠠᠭ᠂ ᠡᠯᠵᠢᠭᠡᠨ ᠴᠢᠬᠢ᠂ ᠴᠢᠪᠠᠭ᠎ᠠ᠂ ᠮᠦᠰᠦᠨ ᠰᠢᠬᠢᠷ᠂ ᠬᠠᠭᠤᠷᠠᠢ ᠴᠠᠢ ᠵᠡᠷᠭᠡ ᠶᠢ ᠳᠦᠭᠦᠷᠲᠡᠯ᠎ᠡ ᠣᠪᠤᠭᠠᠯᠠᠭᠰᠠᠨ ᠪᠠᠶᠢᠳᠠᠭ ᠪᠦᠭᠡᠳ ᠲᠠᠪᠤᠨ ᠦᠩᠭᠡ ᠶᠢᠨ ᠭᠬᠢᠪ ᠲᠣᠷᠭᠠᠨ ᠤ ᠦᠭᠡᠳᠡᠰᠦ ᠶᠢ ᠲᠠᠯᠪᠢᠵᠤ᠂ ᠬᠠᠮᠤᠭ ᠤᠨ ᠳᠡᠭᠡᠷ᠎ᠡ ᠨᠢ ᠲᠣᠷᠭᠠᠨ ᠬᠠᠳᠠᠭ ᠲᠠᠯᠪᠢᠭᠠᠳ ᠭᠡᠷ ᠤᠨ ᠡᠵᠡᠨ ᠬᠠᠷ᠎ᠠ ᠬᠦᠮᠦᠨ ᠠᠴᠠ ᠡᠪᠴᠢᠭᠦᠦ ᠪᠠᠨ ᠳᠡᠭᠡᠭᠰᠢ ᠡᠷᠭᠦᠵᠦ ᠭᠠᠯ ᠳᠠᠭᠠᠨ ᠡᠷᠭᠦᠨ᠎ᠡ᠃ ᠡᠨᠡ ᠦᠶ᠎ᠡ ᠳᠤ ᠭᠡᠷ ᠤᠨ ᠭᠠᠳᠠᠨ᠎ᠠ ᠴᠠᠭᠠᠰᠤᠨ ᠫᠤᠤᠵᠢᠩ ᠨᠢᠵᠢᠭᠢᠨᠡᠭᠦᠯᠵᠦ᠂ ᠭᠡᠷ ᠤᠨ ᠳᠣᠲᠣᠷ᠎ᠠ ᠭᠡᠷ ᠤᠨ ᠡᠵᠡᠨ ᠠᠴᠠ ᠳᠠᠷᠠᠭᠠᠯᠠᠨ ᠭᠠᠯ ᠳᠤ ᠠᠷᠴᠠ᠂ ᠰᠢᠬᠢᠷ᠂ ᠪᠣᠭᠤᠷᠰᠤᠭ ᠡᠷᠭᠦᠵᠦ᠂ ᠬᠦᠮᠦᠨ ᠪᠦᠬᠦᠨ ᠬᠠᠳᠠᠭ ᠪᠣᠯᠣᠨ ᠯᠣᠩᠬᠤ ᠲᠠᠢ ᠠᠷᠢᠬᠢ᠂ ᠰᠠᠪᠠ ᠲᠠᠢ ᠰᠢᠷ᠎ᠠ ᠲᠣᠰᠤ᠂ ᠰᠠᠭᠤᠯᠠᠭ᠎ᠠ ᠲᠠᠢ ᠰᠦ ᠵᠡᠷᠭᠡ ᠶᠢ ᠭᠠᠷ ᠲᠠᠭᠠᠨ ᠪᠠᠷᠢᠵᠦ ᠬᠡᠰᠢᠭ ᠪᠤᠶᠠᠨ ᠢᠶᠠᠨ ᠬᠤᠷᠤᠶᠢᠯᠠᠳᠠᠭ ᠪᠢᠯᠡ᠃ ᠭᠠᠯ ᠤᠨ ᠲᠠᠬᠢᠯᠭ᠎ᠠ ᠦᠩᠭᠡᠷᠡᠭᠰᠡᠨ ᠤ ᠳᠠᠷᠠᠭ᠎ᠠ᠂ ᠪᠦᠬᠦ ᠭᠡᠷ ᠤᠨ ᠬᠥᠭᠰᠢᠨ ᠵᠠᠯᠠᠭᠤ ᠪᠦᠭᠦᠳᠡᠭᠡᠷ ᠢᠶᠠᠨ ᠳᠦᠷᠡᠯᠵᠡᠨ ᠨᠣᠴᠣᠵᠤ ᠪᠠᠶᠢᠭ᠎ᠠ ᠲᠠᠬᠢᠯᠭᠠᠨ ᠤ ᠭᠠᠯ ᠢᠶᠠᠨ ᠲᠣᠭᠤᠷᠢᠨ ᠰᠠᠭᠤᠵᠤ᠂ ᠲᠠᠪᠠᠭ ᠳᠦᠭᠦᠷᠡᠩ ᠣᠪᠣᠭᠠᠯᠠᠭᠰᠠᠨ ᠲᠠᠬᠢᠯᠭᠠᠨ ᠤ ᠵᠦᠢᠯᠡᠰ ᠢᠶᠠᠨ ᠡᠮᠦᠨ᠎ᠡ ᠪᠠᠨ ᠲᠠᠯᠪᠢᠵᠤ᠂ ᠭᠠᠯ ᠤᠨ ᠲᠠᠬᠢᠯᠭᠠᠨ ᠤ ᠠᠭᠠᠭ ᠲᠠᠢ ᠴᠠᠢ ᠪᠠᠨ ᠤᠤᠭᠤᠵᠠᠭᠠᠳᠠᠭ ᠶᠤᠮ᠃ ᠭᠠᠯ ᠤᠨ ᠲᠠᠬᠢᠯᠭᠠᠨ ᠤ ᠵᠦᠢᠯᠡᠰ ᠢ ᠠᠮᠰᠠᠳᠠᠭ ᠤᠨ ᠤᠴᠢᠷ ᠨᠢ ᠭᠠᠯ ᠤᠨ ᠪᠤᠷᠬᠠᠨ ᠤ ᠵᠣᠭᠤᠭᠯᠠᠭᠠᠳ ᠦᠯᠡᠳᠡᠭᠰᠡᠨ ᠵᠣᠭᠤᠭ ᠢ ᠬᠦᠮᠦᠨ ᠪᠦᠬᠦᠨ ᠬᠦᠷᠲᠡᠪᠡᠯ ᠬᠡᠰᠢᠭ ᠪᠤᠶᠠᠨ ᠨᠡᠮᠡᠭᠳᠡᠨ᠎ᠡ ᠭᠡᠳᠡᠭ ᠪᠢᠯᠡ᠃ ᠲᠠᠬᠢᠯᠭᠠᠨ ᠤ ᠴᠠᠢ ᠶᠢᠨ ᠳᠠᠷᠠᠭ᠎ᠠ᠂ ᠳᠣᠣᠷ᠎ᠠ ᠦᠶ᠎ᠡ ᠠᠴᠠ ᠡᠬᠢᠯᠡᠨ ᠠᠬᠠᠰ ᠵᠠᠬᠠᠰ ᠲᠠᠭᠠᠨ ᠭᠠᠯ ᠤᠨ ᠲᠠᠬᠢᠯᠭᠠᠨ ᠤ ᠠᠷᠢᠬᠢ ᠵᠠᠰᠠᠵᠤ᠂ ᠠᠪᠤ ᠡᠵᠢ ᠨᠢ ᠬᠡᠦᠬᠡᠳ ᠰᠢᠤᠬᠠᠳ ᠲᠠᠭᠠᠨ ᠲᠠᠬᠢᠯᠭᠠᠨ ᠤ ᠰᠢᠬᠢᠷ ᠵᠢᠮᠢᠰ ᠢ ᠳᠦᠬᠡᠬᠡᠳᠡᠭ ᠪᠢᠯᠡ᠃ ᠠᠯᠠᠱᠠ ᠮᠣᠩᠭᠤᠯᠴᠣᠳ ᠭᠠᠯ ᠤᠨ ᠪᠤᠷᠬᠠᠨ ᠢ ᠰᠢᠲᠦᠵᠦ᠂ ᠭᠠᠯ ᠢᠶᠠᠨ ᠪᠣᠯᠪᠠᠰᠤᠨ ᠢᠶᠠᠷ ᠲᠠᠬᠢᠳᠠᠭ ᠶᠠᠪᠤᠳᠠᠯ ᠪᠣᠯ ᠠᠯᠢ ᠡᠷᠲᠡ ᠴᠢᠩᠬᠢᠰ ᠤᠨ ᠵᠠᠩᠰᠢᠯ ᠠᠴᠠ ᠤᠯᠠᠮᠵᠢᠯᠠᠭᠳᠠᠨ ᠢᠷᠡᠭᠰᠡᠨ ᠰᠠᠶᠢᠨ ᠰᠠᠶᠢᠬᠠᠨ ᠳᠠᠳᠬᠠᠯ ᠶᠤᠮ᠃ ᠯᠠ ᠰᠠᠷ᠎ᠠ ᠶᠢᠨ ᠬᠤᠷᠢᠨ ᠭᠤᠷᠪᠠᠨ ᠳᠤ ᠡᠨᠡ ᠮᠡᠲᠦ ᠶᠡᠭᠡ ᠪᠠᠷ ᠲᠠᠬᠢᠬᠤ ᠠᠴᠠ ᠭᠠᠳᠠᠨ᠎ᠠ᠂ ᠡᠩ ᠤᠨ ᠦᠶ᠎ᠡ ᠳᠡᠭᠡᠨ ᠴᠤ ᠭᠡᠰᠡᠨ ᠡᠳᠦᠷ ᠪᠦᠷᠢ ᠶᠢᠨ ᠦᠷᠯᠦᠭᠡ ᠦᠳᠡᠰᠢ ᠭᠠᠯ ᠳᠠᠭᠠᠨ ᠠᠷᠴᠠ ᠬᠦᠵᠢ ᠣᠩᠭᠤᠯᠭᠠᠨ ᠲᠠᠬᠢᠬᠤ ᠪᠦᠭᠡᠳ ᠤᠳᠠᠭ᠎ᠠ ᠪᠦᠷᠢ ᠶᠢᠨ ᠴᠠᠢ ᠪᠤᠳᠠᠭᠠᠨ ᠤ ᠳᠡᠭᠡᠵᠢ ᠪᠠᠨ ᠭᠠᠯ ᠳᠠᠭᠠᠨ ᠡᠷᠭᠦᠵᠦ᠂ ᠦᠷᠭᠦᠯᠵᠢᠲᠡ ᠲᠠᠬᠢᠵᠤ ᠶᠠᠪᠤᠳᠠᠭ ᠶᠤᠮ᠃ ᠢᠢᠮᠦ ᠠᠴᠠ ᠮᠣᠩᠭᠤᠯᠴᠣᠳ ᠶᠡᠷᠦ ᠠᠴᠠ ᠭᠠᠯ ᠢᠶᠠᠨ ᠤᠨᠲᠠᠷᠠᠭᠠᠬᠤ ᠶᠢ ᠶᠡᠬᠡᠲᠡ ᠰᠡᠷᠭᠡᠶᠢᠯᠡᠵᠦ᠂ ᠡᠳᠦᠷ ᠪᠦᠷᠢ ᠶᠢᠨ ᠭᠠᠯ ᠢᠶᠠᠨ ᠮᠠᠨᠠᠵᠤ ᠬᠤᠨᠤᠳᠠᠭ ᠵᠠᠩᠰᠢᠯ ᠲᠠᠢ ᠠᠴᠠ ᠭᠠᠳᠠᠨ᠎ᠠ᠂ ᠭᠠᠯ ᠳᠤ ᠪᠤᠵᠠᠷ ᠶᠠᠭᠤᠮ᠎ᠠ ᠣᠷᠤᠬᠤ ᠶᠢ ᠶᠡᠭᠡ ᠬᠢᠴᠢᠶᠡᠨ ᠪᠠᠶᠢᠩᠭᠤ ᠠᠷᠢᠭᠤᠨ ᠴᠡᠪᠡᠷ ᠪᠠᠶᠢᠯᠭᠠᠳᠠᠭ ᠪᠦᠭᠡᠳ ᠭᠠᠯ ᠭᠤᠯᠣᠮᠲᠠ ᠶᠢᠨ ᠢᠶᠠᠨ ᠭᠤᠣᠯ ᠳᠤᠮᠳᠠᠬᠢ ᠬᠡᠰᠡᠭ ᠢ ᠬᠠᠮᠢᠶ᠎ᠡ ᠨᠠᠮᠢᠶ᠎ᠠ ᠦᠭᠡᠢ ᠪᠠᠷ ᠭᠤᠲᠤᠷᠠᠵᠤ ᠬᠥᠨᠳᠡᠬᠦ ᠶᠢ ᠴᠡᠭᠡᠷᠯᠡᠳᠡᠭ ᠶᠤᠮ᠃ ᠭᠠᠯ ᠭᠤᠯᠣᠮᠲᠠ ᠪᠠᠨ ᠴᠡᠪᠡᠷ ᠪᠠᠶᠢᠯᠭᠠᠵᠤ᠂ ᠭᠠᠯ ᠪᠤᠷᠬᠠᠨ ᠢᠶᠠᠨ ᠦᠷᠭᠦᠯᠵᠢ ᠰᠠᠶᠢᠬᠠᠨ ᠲᠠᠬᠢᠵᠤ ᠪᠠᠶᠢᠭᠰᠠᠨ ᠠᠶᠢᠯ ᠦᠭᠡᠳᠡᠯᠡᠵᠦ᠂ ᠭᠠᠯ ᠭᠤᠯᠣᠮᠲᠠ ᠪᠠᠨ ᠳᠡᠮᠡᠢ ᠲᠠᠬᠢᠳᠠᠭ ᠦᠭᠡᠢ ᠠᠶᠢᠯ ᠦᠭᠡᠳᠡᠯᠡᠳᠡᠭ ᠦᠭᠡᠢ ᠭᠡᠵᠦ ᠬᠡᠯᠡᠯᠴᠡᠳᠡᠭ ᠪᠢᠯᠡ᠃ ᠯᠠ ᠰᠠᠷ᠎ᠠ ᠶᠢᠨ ᠬᠤᠷᠢᠨ ᠭᠤᠷᠪᠠᠨ ᠳᠤ ᠭᠠᠯ ᠢᠶᠠᠨ ᠲᠠᠬᠢᠵᠤ ᠪᠠᠶᠢᠬᠤ ᠨᠢ ᠡᠷᠲᠡᠨ ᠤ ᠳᠣᠮᠤᠭ ᠦᠯᠢᠭᠡᠷ ᠢᠶᠠᠷ ᠪᠣᠯ᠂ ᠭᠠᠯ ᠤᠨ ᠪᠤᠷᠬᠠᠨ ᠪᠣᠯ ᠡᠮᠡᠭᠲᠡᠢ ᠶᠤᠮ ᠭᠡᠨ᠎ᠡ᠂ ᠤᠤᠯ ᠨᠢ ᠲᠡᠭᠷᠢ ᠶᠢᠨ ᠳᠠᠭᠢᠨᠢ ᠪᠠᠶᠢᠵᠤ᠂ ᠰᠡᠭᠦᠯᠡᠷ ᠨᠢ ᠡᠨᠡ ᠶᠢᠷᠲᠢᠨᠴᠦ ᠳᠤ ᠪᠠᠭᠤᠨ ᠢᠷᠡᠵᠤ ᠰᠠᠭᠠᠲᠠᠭᠰᠠᠨ ᠭᠡᠳᠡᠭ᠃ ᠵᠢᠯ ᠳᠡᠭᠡᠨ ᠳᠣᠯᠣᠭᠠᠨ ᠡᠳᠦᠷ ᠤᠨ ᠲᠦᠷᠬᠦᠮᠯᠡᠬᠦ ᠴᠢᠯᠦᠭᠡ  ᠲᠠᠢ ᠲᠤᠯᠠ ᠬᠤᠷᠢᠨ ᠭᠤᠷᠪᠠᠨ ᠪᠣᠯᠣᠭᠰᠠᠭᠠᠷ ᠲᠥᠷᠬᠦᠮ ᠳᠡᠭᠡᠨ ᠬᠠᠷᠢᠵᠤ ᠲᠣᠰ ᠲᠤᠰ ᠠᠶᠢᠯ ᠤᠨ ᠨᠢᠭᠡ ᠵᠢᠯ ᠤᠨ ᠠᠲᠠᠯ ᠦᠢᠯᠡᠰ ᠪᠣᠯᠣᠨ ᠭᠡᠷ ᠤᠨ ᠡᠵᠡᠨ ᠤ ᠭᠠᠯ ᠤᠨ ᠪᠤᠷᠬᠠᠨ ᠢᠶᠠᠨ ᠲᠠᠬᠢᠵᠤ ᠪᠠᠶᠢᠬᠤ ᠡᠰᠡᠬᠦ ᠶᠢ ᠬᠠᠷᠢᠭᠤ ᠮᠡᠳᠡᠭᠦᠯᠦᠭᠡᠳ ᠪᠠᠰᠠ ᠳᠠᠷᠠᠭ᠎ᠠ ᠵᠢᠯ ᠤᠨ ᠡᠭᠦᠷᠭᠡ ᠶᠢ ᠠᠪᠴᠤ ᠯᠠ ᠰᠠᠷ᠎ᠠ ᠶᠢᠨ ᠭᠤᠴᠢᠨ ᠳᠤ ᠪᠤᠴᠠᠨ ᠢᠷᠡᠳᠡᠭ ᠶᠤᠮ ᠭᠡᠨ᠎ᠡ᠃ ᠢᠢᠮᠤ ᠠᠴᠠ ᠬᠤᠷᠢᠨ ᠭᠤᠷᠪᠠᠨ ᠳᠤ ᠲᠠᠬᠢᠵᠤ ᠪᠠᠶᠢᠬᠤ ᠨᠢ ᠭᠠᠯ ᠤᠨ ᠪᠤᠷᠬᠠᠨ ᠢᠶᠠᠨ ᠵᠣᠴᠢᠯᠠᠨ ᠬᠦᠨᠳᠦᠯᠡᠵᠦ ᠦᠳᠡᠨ ᠮᠣᠷᠳᠠᠭᠤᠯᠵᠤ ᠪᠠᠶᠢᠬᠤ ᠪᠠ ᠭᠤᠴᠢᠨ ᠳᠤ ᠲᠠᠬᠢᠵᠤ ᠪᠠᠶᠢᠬᠤ ᠨᠢ ᠪᠤᠴᠠᠭᠠᠳ ᠢᠷᠡᠬᠦ ᠳᠤᠨᠢ ᠤᠭᠲᠤᠵᠤ ᠪᠠᠶᠢᠬᠤ ᠶᠢ ᠬᠠᠷᠠᠭᠤᠯᠵᠤ ᠪᠠᠶᠢᠬᠤ ᠶᠤᠮ ᠭᠡᠨ᠎ᠡ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号