ᠠᠯᠠᠱᠠ ᠮᠣᠩᠭᠤᠯᠴᠤᠳ ᠤᠨ ᠪᠡᠶ᠎ᠡ ᠶᠢᠨ ᠵᠠᠰᠠᠯ ᠴᠢᠮᠡᠭ ᠬᠢᠭᠡᠳ ᠤᠭᠲᠤᠬᠤ ᠦᠳᠡᠬᠦ ᠶᠢᠨ ᠶᠣᠰᠣᠨ
ᠨᠡᠶᠢᠲᠡᠯᠡᠭᠰᠡᠨ ᠴᠠᠭ᠄
2020/1/17
ᠲᠦᠰᠢᠮᠡᠳ ᠬᠦᠮᠦᠨ ᠪᠠᠭ᠎ᠠ ᠶᠣᠰᠤᠯᠠᠯ ᠤᠨ ᠴᠠᠭ ᠲᠤ ᠤᠷᠲᠤ ᠳᠡᠪᠡᠯ ᠳᠡᠭᠡᠷ᠎ᠡ ᠪᠠᠨ ᠣᠬᠤᠷ ᠬᠦᠷᠮ᠎ᠡ ᠡᠮᠦᠰᠦᠨ᠎ᠡ᠃ ᠬᠠᠷᠠᠴᠤ ᠬᠦᠮᠦᠨ ᠤ ᠵᠢᠩᠰᠠ ᠵᠡᠷᠭᠡ ᠶᠢᠨ ᠢᠯᠭᠠᠭ᠎ᠠ ᠪᠠᠷ ᠨᠢ ᠪᠠᠶᠢᠷᠢ ᠰᠠᠭᠤᠷᠢ ᠶᠢ ᠨᠢ ᠦᠵᠡᠨ᠎ᠡ᠃ ᠡᠷᠡᠭᠲᠡᠢ ᠬᠦᠮᠦᠨ ᠤ ᠡᠮᠦᠰᠳᠡᠭ ᠤᠷᠲᠤ ᠬᠤᠪᠴᠠᠰᠤᠨ ᠤ ᠲᠦᠷᠦᠯ ᠳᠤ ᠤᠯᠠᠷᠢᠯ ᠤᠨ ᠣᠨᠴᠠᠯᠢᠭ ᠢ ᠳᠠᠭᠠᠵᠤ ᠳᠠᠩ ᠴᠠᠮᠴᠠ᠂ ᠳᠣᠲᠤᠷ ᠲᠠᠢ ᠯᠠᠪᠠᠰᠢᠭ᠂ ᠬᠦᠪᠦᠩ ᠲᠠᠢ ᠯᠠᠪᠠᠰᠢᠭ᠂ ᠭᠠᠳᠠᠷ ᠲᠠᠢ ᠠᠷᠠᠰᠤᠨ ᠳᠡᠪᠡᠯ᠂ ᠬᠤᠷᠠᠭᠠᠨ ᠠᠷᠠᠰᠤᠨ ᠳᠡᠪᠡᠯ ᠭᠡᠵᠤ ᠢᠯᠭᠠᠬᠤ ᠪᠦᠭᠡᠳ ᠣᠨᠣᠭᠤ ︵ᠲᠠᠰᠢᠶ᠎ᠠ︶ ᠲᠠᠢ ᠪᠠᠶᠢᠳᠠᠭ᠃ ᠶᠣᠰᠤᠨ ᠤ ᠴᠠᠭ ᠲᠤ ᠬᠠᠨᠵᠢᠶᠠᠷ ᠪᠤᠶᠤ ᠬᠦᠷᠮ᠎ᠡ ᠡᠮᠦᠰᠦᠨ᠎ᠡ᠃ ᠮᠠᠯᠠᠭᠠᠢ ᠶᠢᠨ ᠲᠦᠷᠦᠯ ᠳᠤ ᠡᠪᠦᠯ ᠤᠨ ᠮᠠᠯᠠᠭᠠᠢ᠂ ᠵᠤᠨ ᠤ ᠮᠠᠯᠠᠭᠠᠢ ᠭᠡᠵᠤ ᠪᠠᠶᠢᠳᠠᠭ᠃ ᠠᠷᠠᠰᠤᠨ ᠭᠤᠲᠤᠯ ︵ᠭᠤᠳᠤᠰ︶᠂ ᠬᠢᠯᠢᠩ ᠭᠤᠲᠤᠯ᠂ ᠪᠤᠯᠢᠭᠠᠷᠢ ᠭᠤᠲᠤᠯ ᠡᠮᠤᠰᠳᠡᠭ ᠪᠦᠭᠡᠳ ᠦᠮᠦᠳᠦ ᠶᠢᠨ ᠭᠠᠳᠠᠭᠤᠷ ᠢᠶᠠᠨ ᠡᠪᠦᠳᠦᠭᠴᠢ ᠡᠮᠦᠰᠦᠨ᠎ᠡ᠃ ᠬᠦᠬᠦᠦᠷ ᠤᠨ ᠳᠠᠯᠢᠩ᠂ ᠬᠡᠲᠡ ᠬᠢᠲᠤᠭ᠎ᠠ ︵ᠪᠡᠯᠡ ᠲᠠᠰᠢᠶ᠎ᠠ︶᠂ ᠮᠦᠩᠭᠦᠨ ᠠᠶᠠᠭ᠎ᠠ᠂ ᠮᠦᠩᠭᠦᠨ ᠴᠠᠬᠢᠭᠤᠷ ᠲᠠᠢ᠂ ᠹᠸᠢᠢᠰᠦ᠋ᠢ ᠪᠤᠶᠤ ᠬᠠᠰ ᠰᠣᠷᠤᠭᠤᠯ ᠲᠠᠢ ᠤᠷᠲᠤ ᠭᠠᠩᠰᠠ ᠶᠢ ᠵᠡᠭᠦᠳᠡᠭ᠃ ᠬᠦᠬᠦᠦᠷ ᠤᠨ ᠵᠦᠢᠯ ᠳᠤ ᠡᠷᠡᠭᠲᠡᠢ ᠡᠮᠡᠭᠲᠡᠢ ᠭᠡᠵᠤ ᠢᠯᠭᠠᠬᠤ ᠦᠭᠡᠢ ᠪᠠᠷ ᠭᠠᠷᠤᠳᠢ ᠶᠢᠨ ᠪᠦᠭᠡᠯᠵᠢᠰᠦᠨ ᠴᠢᠯᠠᠭᠤ᠂ ᠤᠰᠤᠨ ᠪᠣᠯᠤᠷ᠂ ᠬᠠᠰ᠂ ᠮᠠᠨᠤ᠂ ᠹᠸᠢᠢᠰᠦ᠋ᠢ ᠵᠡᠷᠭᠡ ᠶᠢᠨ ᠦᠨᠡᠲᠦ ᠴᠢᠯᠠᠭᠤ ᠪᠠᠶᠢᠳᠠᠭ ᠪᠦᠭᠡᠳ ᠪᠠᠳᠮᠠᠷᠠᠭ᠎ᠠ ᠪᠤᠶᠤ ᠱᠢᠷᠦᠨ ᠬᠠᠯᠢᠪᠲᠠᠢ ᠪᠠᠶᠢᠳᠠᠭ᠃ ᠭᠠᠷ ᠲᠠᠭᠠᠨ ᠮᠦᠩᠭᠦᠨ ᠪᠠᠭᠤ ᠵᠡᠭᠦᠵᠦ᠂ ᠬᠤᠷᠤᠭᠤᠨ ᠳᠠᠭᠠᠨ ᠪᠠᠰᠠ ᠠᠯᠲᠠ᠂ ᠮᠦᠩᠭᠦᠨ ᠪᠦᠯᠡᠵᠡᠭ ᠵᠡᠭᠦᠭᠰᠡᠨ ᠴᠤ ᠪᠤᠢ᠃ ᠡᠬᠡᠨᠡᠷ ᠬᠦᠮᠦᠨ ᠨᠢ ᠣᠨᠤᠭᠤ ᠦᠭᠡᠢ ᠤᠷᠲᠤ ᠬᠤᠪᠴᠠᠰᠤᠨ ᠳᠡᠭᠡᠷ᠎ᠡ ᠬᠠᠨᠵᠢᠶᠠᠷ ᠳᠠᠪᠬᠤᠷᠯᠠᠨ ᠡᠮᠦᠰᠦᠨ᠎ᠡ᠂ ᠪᠦᠰᠡ ᠪᠦᠰᠡᠯᠡᠬᠦ ᠶᠣᠰᠣ ᠦᠭᠡᠢ᠂ ᠸᠠᠩ ᠤᠨ ᠬᠠᠲᠤᠨ ᠪᠣᠯ ᠵᠢᠵᠢᠭ ᠪᠠᠳᠮᠠᠷᠠᠭ᠎ᠠ ᠶᠢ ᠬᠡᠯᠬᠢᠨ ᠤᠶᠠᠭᠰᠠᠨ ᠵᠠᠩᠭᠢᠯᠠᠭ᠎ᠠ ᠵᠢᠩᠰᠠ ᠲᠠᠢ ᠪᠠᠶᠢᠳᠠᠭ᠃ ᠡᠩ ᠤᠨ ᠬᠦᠮᠦᠨ ᠤ ᠶᠣᠰᠤᠨ ᠤ ᠮᠠᠯᠠᠭᠠᠢ ᠨᠢ ᠠᠯᠲᠠ ᠪᠤᠶᠤ ᠮᠦᠩᠭᠦᠨ ᠤᠭᠠᠯᠵᠠ ᠲᠠᠢ ᠪᠦᠭᠡᠳ ᠵᠢᠵᠢᠭ ᠱᠢᠷᠦ ᠪᠠᠷ ᠬᠡᠯᠬᠢᠭᠰᠡᠨ ᠵᠠᠩᠭᠢᠯᠠᠭ᠎ᠠ ᠵᠢᠩᠰᠠ ᠲᠠᠢ᠃ ᠡᠮᠡᠭᠲᠡᠢ ᠶᠢᠨ ᠲᠣᠯᠤᠭᠠᠢ ᠶᠢᠨ ᠵᠠᠰᠠᠯ ᠪᠣᠯᠪᠠᠰᠤ᠂ ᠦᠰᠦ ᠪᠠᠨ ᠬᠤᠶᠠᠷ ᠠᠩᠭᠢᠯᠠᠵᠤ᠂ ᠦᠪᠦᠷ ᠲᠠᠯ᠎ᠠ ᠳᠠᠭᠠᠨ ᠬᠠᠷ᠎ᠠ ᠲᠣᠷᠭ᠎ᠠ ᠪᠤᠶᠤ ᠨᠠᠷᠢᠯᠢᠭ ᠬᠢᠯᠢᠩ ᠢᠶᠠᠷ ᠭᠡᠷᠯᠡᠭᠡᠳ ᠦᠰᠦᠨ ᠤ ᠭᠡᠷ ᠤᠨ ᠳᠡᠭᠡᠳᠤ ᠠᠮᠠᠰᠠᠷ ᠢ ᠬᠤᠶᠠᠷ ᠮᠦᠬᠦᠯᠢᠭ ᠱᠢᠷᠦᠨ ᠲᠣᠪᠴᠢ ᠪᠠᠷ ᠬᠤᠯᠪᠤᠵᠤ ᠠᠯᠲᠠᠨ ᠬᠠᠳᠬᠤᠭᠤᠷ ᠢᠶᠠᠷ ᠲᠡᠪᠡᠭᠡᠴᠢᠯᠡᠭᠡᠳ ᠵᠤᠯᠠᠢ ᠳᠡᠭᠡᠷ᠎ᠡ ᠪᠠᠨ ᠠᠯᠲᠠ ᠪᠤᠶᠤ ᠮᠦᠩᠭᠦ ᠪᠠᠷ ᠳᠠᠪᠲᠠᠵᠤ ᠤᠷᠠᠯᠠᠨ ᠰᠡᠶᠢᠯᠦᠭᠰᠡᠨ ᠦᠯᠵᠡᠢ ᠤᠲᠠᠰᠤᠨ ᠡᠷᠢᠶ᠎ᠡ ᠳᠡᠭᠡᠭᠦᠷ ᠹᠸᠢᠢᠰᠦᠢ᠂ ᠪᠠᠳᠮᠠᠷᠠᠭ᠎ᠠ᠂ ᠣᠭ᠍ᠶᠤ᠂ ᠱᠢᠷᠦ ᠵᠡᠷᠭᠡ ᠶᠢᠨ ᠠᠯᠢ ᠦᠵᠡᠮᠵᠢᠲᠡᠢ ᠰᠢᠭᠢᠳᠭᠡᠭᠡᠷᠢ ᠶᠢ ᠶᠢᠰᠦ ᠰᠠᠭᠤᠯᠭᠠᠭᠰᠠᠨ ᠳᠠᠷᠤᠭᠤᠯᠭ᠎ᠠ ᠶᠢ ᠬᠠᠷ᠎ᠠ ᠱᠠ ᠳᠡᠭᠡᠷ᠎ᠡ ᠨᠠᠭᠠᠵᠤ ᠦᠰᠦ ᠪᠠᠨ ᠭᠤᠶᠣ ᠰᠠᠶᠢᠬᠠᠨ ᠳᠠᠷᠤᠭᠤᠯᠤᠭᠰᠠᠨ ᠪᠠᠶᠢᠳᠠᠭ᠃ ᠦᠰᠦᠨ ᠤ ᠭᠡᠷ ᠤᠨ ᠳᠣᠣᠷᠠᠲᠤ ᠠᠮᠠᠰᠠᠷ ᠢ ᠬᠡ ᠲᠠᠢ ᠲᠤᠤᠰᠠ ᠪᠤᠶᠤ ᠬᠤᠷᠬᠢ᠂ ᠵᠢᠩᠭᠢᠪ ᠮᠡᠲᠤ ᠶᠢᠨ ᠡᠳ᠋ ᠢᠶᠠᠷ ᠡᠮᠵᠢᠶᠡᠷᠢᠯᠡᠳᠡᠭ᠃ ᠬᠤᠶᠠᠷ ᠴᠢᠬᠢᠨ ᠳᠡᠭᠡᠨ ᠰᠦᠢᠬᠡ ᠪᠤᠶᠤ ᠵᠢᠵᠢᠭ ᠡᠭᠡᠮᠦᠭ ᠵᠡᠭᠦᠵᠦ᠂ ᠠᠯᠲᠠᠨ ᠰᠦᠢᠬᠡ ᠪᠣᠯ ᠲᠤᠰ ᠪᠦᠷᠢ ᠲᠠᠪᠤᠨ ᠠᠯᠲᠠᠨ ᠰᠤᠪᠤᠳ ᠨᠢᠭᠤᠷ ᠲᠠᠢ᠂ ᠮᠦᠩᠭᠦᠨ ᠰᠦᠢᠬᠡ ᠪᠣᠯ ᠱᠢᠷᠦ ᠪᠤᠶᠤ ᠣᠭ᠍ᠶᠤ ᠵᠢᠴᠢ ᠡᠯᠳᠡᠪ ᠦᠩᠭᠡ ᠶᠢᠨ ᠱᠠᠭᠠᠵᠠᠩ ᠰᠢᠷᠠᠭᠰᠠᠨ ᠨᠢᠭᠤᠷ ᠲᠠᠢ ᠪᠠᠶᠢᠳᠠᠭ᠃ᠡᠮᠡᠭᠲᠡᠢ ᠬᠦᠮᠦᠨ ᠤ ᠶᠣᠰᠤᠨ ᠤ ᠮᠠᠯᠠᠭᠠᠢ ᠪᠣᠯ ᠵᠣᠣᠪᠠᠩ ᠬᠡᠯᠪᠡᠷᠢ ᠲᠠᠢ᠂ ᠬᠠᠷ᠎ᠠ ᠲᠣᠷᠭᠠᠨ ᠬᠦᠷᠢᠶ᠎ᠡ ᠲᠠᠢ᠂ ᠤᠯᠠᠭᠠᠨ ᠲᠣᠷᠭᠠᠨ ᠣᠷᠤᠢ ᠲᠠᠢ᠂ ᠳᠡᠭᠡᠷ᠎ᠡ ᠪᠠᠨ ᠠᠯᠲᠠ ᠮᠦᠩᠭᠦᠨ ᠤᠭᠠᠯᠵᠠ ᠲᠠᠢ᠂ ᠤᠶᠠᠮᠠᠯ ᠱᠢᠷᠦᠨ ᠵᠢᠩᠰᠠ ᠲᠠᠢ᠂ ᠠᠷᠤ ᠲᠠᠯ᠎ᠠ ᠳᠠᠭᠠᠨ ᠤᠯᠠᠭᠠᠨ ᠮᠢᠨᠳᠠᠰᠦᠨ ᠵᠠᠯᠠᠭ᠎ᠠ ᠰᠠᠪᠰᠠᠭᠤᠯᠵᠤ ᠪᠠᠶᠢᠳᠠᠭ᠃ ᠡᠪᠦᠯ ᠤᠨ ᠮᠠᠯᠠᠭᠠᠢ ᠪᠣᠯ ᠠᠷᠤ ᠲᠠᠯ᠎ᠠ ᠨᠢ ᠰᠡᠲᠡᠷᠭᠡᠢ ᠪᠦᠭᠡᠳ ᠬᠠᠯᠢᠭᠤ ᠪᠤᠯᠠᠭ᠎ᠠ ᠶᠢᠨ ᠠᠷᠠᠰᠤᠨ ᠬᠦᠷᠢᠶ᠎ᠡ ᠲᠠᠢ᠂ ᠡᠯᠳᠡᠪ ᠵᠦᠢᠯ ᠤᠨ ᠬᠡ ᠤᠭᠠᠯᠵᠠ ᠶᠢ ᠲᠠᠭᠠᠷᠠᠭᠤᠯᠵᠤ᠂ ᠵᠠᠩᠭᠢᠯᠠᠭ᠎ᠠ ᠱᠢᠷᠦᠨ ᠵᠢᠩᠰᠠ ᠬᠠᠳᠠᠵᠤ᠂ ᠠᠯᠲᠠ ᠮᠦᠩᠭᠦᠨ ᠤᠲᠠᠰᠤ ᠳᠠᠷᠤᠭᠤᠯᠤᠨ ᠲᠣᠷᠭᠠᠨ ᠤᠲᠠᠰᠤ ᠪᠠᠷ ᠴᠡᠴᠡᠭ ᠬᠠᠳᠬᠤᠵᠤ ᠤᠷᠠᠯᠠᠭᠰᠠᠨ ᠤᠯᠠᠭᠠᠨ᠂ ᠨᠣᠭᠤᠭᠠᠨ᠂ ᠰᠢᠷ᠎ᠠ ᠭᠤᠷᠪᠠᠨ ᠳᠠᠪᠬᠤᠷ ᠬᠤᠣᠰ ᠲᠣᠷᠭᠠᠨ ᠪᠦᠴᠡ ᠶᠢ ᠰᠠᠪᠰᠠᠭᠤᠯᠤᠨ᠎ᠠ᠃  ᠬᠠᠨᠵᠢᠶᠠᠷ ᠤᠨ ᠡᠩᠭᠡᠷ ᠤᠨ ᠲᠣᠣᠷᠠᠨ ︵ᠬᠠᠷᠮᠠᠨ︶ ᠳᠠᠭᠠᠨ ᠰᠠᠴᠤᠭ ᠤᠨᠵᠢᠭᠤᠯᠤᠭᠰᠠᠨ ᠭᠤᠶᠣ ᠭᠡᠷ ᠲᠠᠢ ᠬᠦᠬᠦᠦᠷ ᠢᠶᠠᠨ ᠵᠡᠭᠦᠵᠤ᠂ ᠦᠰᠦᠨ ᠤ ᠭᠡᠷ ᠢᠶᠠᠨ ᠬᠠᠨᠵᠢᠶᠡᠷ ᠤᠨ ᠬᠤᠶᠠᠷ ᠰᠤᠭᠤ ᠪᠠᠷ ᠳᠣᠷᠤᠭᠰᠢ ᠣᠷᠤᠭᠤᠯᠤᠨ ᠳᠣᠣᠷᠠᠳᠤ ᠠᠮᠠᠰᠠᠷ ᠢ ᠨᠢ ᠢᠯᠡ ᠭᠠᠷᠭᠠᠨ᠎ᠠ᠃ ᠭᠠᠷ ᠲᠠᠭᠠᠨ ᠠᠯᠲᠠ ᠪᠤᠶᠤ ᠮᠦᠩᠭᠦᠨ ᠪᠠᠭᠤᠤ ᠵᠡᠭᠦᠵᠤ᠂ ᠬᠤᠷᠤᠭᠤᠨ ᠳᠠᠭᠠᠨ ᠪᠠᠰᠠ ᠠᠯᠲᠠ ᠪᠤᠶᠤ ᠮᠦᠩᠭᠦᠨ ᠪᠦᠯᠡᠵᠡᠭ ᠵᠡᠭᠦᠭᠰᠡᠨ ᠪᠠᠶᠢᠳᠠᠭ᠃ᠠᠯᠠᠱᠠᠴᠤᠳ ᠠᠶᠢᠯ ᠡᠷᠦᠬᠡ ᠬᠤᠭᠤᠷᠤᠨᠳᠣ ᠪᠠᠨ ᠠᠶᠢᠯᠴᠢᠯᠠᠨ ᠶᠠᠪᠤᠯᠴᠠᠬᠤ ᠳᠠᠭᠠᠨ ᠡᠷᠬᠢᠮᠰᠦᠭ ᠵᠣᠴᠢᠨᠰᠠᠭ ᠢᠶᠠᠷ ᠤᠭᠲᠤᠵᠤ ᠠᠭᠤᠯᠵᠠᠬᠤ ᠪᠠ ᠬᠠᠯᠠᠭᠤᠮᠰᠤᠭ ᠳᠣᠲᠤᠨᠤᠰᠤᠭ ᠢᠶᠠᠷ ᠦᠳᠡᠨ ᠮᠣᠷᠳᠠᠭᠤᠯᠳᠠᠭ ᠶᠣᠰᠤ ᠲᠠᠢ ᠶᠤᠮ᠃ ᠦᠩᠭᠡᠷᠡᠭᠰᠡᠨ ᠳᠤ ᠪᠣᠯ ᠬᠦᠭᠰᠢᠨ ᠵᠠᠯᠠᠭᠤ ᠡᠷᠡᠭᠲᠡᠢ ᠡᠮᠡᠭᠲᠡᠢ ᠴᠦᠮ ᠢᠶᠠᠷ ᠬᠦᠬᠦᠦᠷ ᠲᠠᠢ ᠪᠠᠶᠢᠵᠤ᠂ ᠠᠮᠤᠷ ᠮᠡᠨᠳᠦ  ᠪᠠᠨ ᠮᠡᠳᠡᠯᠴᠡᠬᠦ ᠶᠣᠰᠤᠨ ᠢ ᠲᠤᠶᠢᠯ ᠤᠨ ᠡᠷᠬᠢᠮ ᠪᠣᠯᠭᠠᠳᠠᠭ᠃ ᠠᠮᠤᠷ ᠮᠡᠨᠳᠦ ᠠᠰᠠᠭᠤᠯᠴᠠᠬᠤ ᠦᠭᠡᠢ᠂ ᠬᠦᠬᠦᠦᠷ ᠲᠠᠮᠡᠬᠢ ᠨᠡᠷᠡᠬᠦ ᠦᠭᠡᠢ ᠪᠣᠯ ᠬᠡᠨ ᠦᠬᠦᠭᠡᠳ ᠬᠠᠷ᠎ᠠ ᠪᠣᠷᠤ ᠲᠠᠢ ᠪᠣᠯᠵᠤ ᠮᠡᠨᠳᠦ ᠪᠠᠨ ᠬᠤᠷᠢᠶᠠᠭᠰᠠᠨ ᠶᠤᠮ ᠤᠤ︖ ᠭᠡᠵᠤ ᠠᠰᠠᠭᠤᠭᠳᠠᠳᠠᠭ ᠪᠢᠯᠡ᠃ ᠠᠯᠪᠠᠨ ᠤ ᠲᠦᠰᠢᠮᠡᠯ ᠪᠣᠯᠤᠨ ᠬᠦᠭᠰᠢᠨ ᠨᠠᠰᠤᠲᠠᠢ᠂ ᠠᠬ᠎ᠠ ᠶᠡᠬᠡᠰ ᠬᠦᠮᠦᠨ ᠠᠶᠢᠯ ᠳᠤ ᠢᠷᠡᠪᠡᠯ ᠬᠦᠭᠰᠢᠨ ᠵᠠᠯᠠᠭᠤ ᠡᠷᠡᠭᠲᠡᠢ ᠡᠮᠡᠭᠲᠡᠢ ᠪᠦᠬᠦᠨ ᠢᠶᠠᠷ ᠢᠶᠠᠨ ᠶᠣᠰᠤᠨ ᠤ ᠬᠤᠪᠴᠠᠰᠤ ᠮᠠᠯᠠᠭᠠᠢ ᠪᠠᠨ ᠡᠮᠦᠰᠴᠦ ᠤᠶᠠᠭᠠᠨ ᠳᠡᠭᠡᠷ᠎ᠡ ᠲᠣᠰᠴᠤ ᠣᠴᠢᠭᠠᠳ ᠤᠭᠲᠤᠨ ᠮᠡᠨᠳᠦᠴᠢᠯᠡᠭᠡᠳ ᠤᠨᠤᠭ᠎ᠠ ᠬᠦᠯᠦᠭ ᠢ ᠨᠢ ᠠᠪᠴᠤ ᠤᠶᠠᠨ᠎ᠠ᠃ ᠵᠣᠴᠢᠨ ᠬᠦᠮᠦᠨ ᠠᠶᠢᠯ ᠳᠤ ᠣᠳᠬᠤ ᠳᠠᠭᠠᠨ ᠭᠡᠷ ᠤᠨ ᠡᠭᠦᠳᠡ ᠪᠠᠷ ᠨᠢ ᠬᠦᠨᠳᠡᠯᠡᠨ ᠭᠠᠷᠬᠤ ᠶᠣᠰᠤ ᠦᠭᠡᠢ᠂ ᠤᠶᠠᠭᠠᠨ ᠳᠡᠭᠡᠷ᠎ᠡ ᠪᠠᠭᠤᠭᠠᠳ ᠭᠠᠳᠠᠭᠠᠯᠠᠵᠤ ᠪᠣᠯᠬᠤ ᠦᠭᠡᠢ᠂ ᠭᠡᠷ ᠤᠨ ᠡᠭᠦᠳᠡᠨ ᠳᠤᠨᠢ ᠬᠦᠷᠴᠦ ᠢᠷᠡᠭᠡᠳ ᠭᠡᠷ ᠤᠨ ᠡᠵᠡᠨ ᠨᠢ ᠵᠣᠴᠢᠨ ᠢᠶᠠᠨ ᠤᠷᠢᠳ ᠢᠶᠠᠷ ᠳᠣᠲᠤᠭᠰᠢ ᠤᠷᠢᠵᠤ ᠣᠷᠤᠭᠤᠯᠤᠭᠰᠠᠨ ᠤ ᠬᠤᠶᠢᠨ᠎ᠠ ᠦᠪᠡᠷᠰᠡᠳ ᠢᠶᠠᠨ ᠣᠷᠤᠵᠠᠭᠠᠨ᠎ᠠ᠃ ᠵᠣᠴᠢᠨ ᠭᠠᠯ ᠤᠨ ᠵᠠᠬ᠎ᠠ ᠪᠠᠷ ᠵᠡᠷᠭᠡ ᠲᠤᠰᠢᠶᠠᠯ ᠶᠡᠭᠡ ᠪᠠᠭ᠎ᠠ ᠶᠢᠨ ᠬᠦᠨᠳᠦᠳᠬᠡᠯ ᠢᠶᠠᠷ ᠳᠠᠷᠠᠭᠠᠯᠠᠨ ᠰᠠᠭᠤᠭᠰᠠᠨ ᠤ  ᠬᠦᠬᠦᠦᠷ ᠭᠠᠷᠭᠠᠨ ᠮᠡᠨᠳᠦᠴᠢᠯᠡᠵᠦ᠂ ᠪᠡᠯᠭᠡ ᠲᠠᠢ ᠦᠭᠡᠰ ᠢᠶᠠᠷ ᠰᠡᠳᠭᠢᠯ ᠰᠠᠨᠠᠭ᠎ᠠ ᠪᠠᠨ ᠮᠡᠳᠡᠯᠴᠡᠵᠤ ᠡᠬᠢᠯᠡᠳᠡᠭ᠃ ᠬᠠᠷᠢᠯᠴᠠᠨ ᠲᠠᠮᠠᠬᠢᠯᠠᠬᠤ ᠳᠠᠭᠠᠨ ᠪᠡᠶ᠎ᠡ ᠠᠴᠠ ᠪᠠᠨ ᠠᠬ᠎ᠠ ᠪᠤᠶᠤ ᠵᠡᠷᠭᠡ ᠲᠤᠰᠢᠶᠠᠯ ᠢᠶᠠᠷ ᠦᠨᠳᠦᠷ ᠬᠦᠮᠦᠨ ᠢ ᠡᠷᠬᠡᠪᠰᠢ ᠰᠠᠭᠤᠯᠭᠠᠵᠤ ᠪᠠᠶᠢᠭᠠᠳ ᠲᠠᠮᠠᠬᠢᠯᠠᠨ᠎ᠠ᠃ ᠠᠯᠠᠱᠠ ᠶᠢᠨ ᠭᠤᠴᠢᠨ ᠨᠠᠰᠤ ᠳᠠᠪᠠᠭᠰᠠᠨ ᠬᠦᠮᠦᠨ ᠢ  ︽ᠴᠢ︾ ᠭᠡᠬᠦ ᠪᠤᠶᠤ ᠨᠡᠷ᠎ᠡ ᠪᠠᠷ ᠨᠢ ᠳᠠᠭᠤᠳᠠᠳᠠᠭ ᠦᠭᠡᠢ᠂ ᠬᠠᠷᠢᠨ ︽ᠲᠠ ︾ ᠭᠡᠬᠦ ᠪᠤᠶᠤ ᠡᠷᠡᠭᠲᠡᠢ ᠪᠣᠯ ᠮᠠᠨᠢᠭ᠎ᠠ ᠳ᠋ᠠᠨᠢᠭ᠎ᠠ᠂ ᠡᠮᠡᠭᠲᠡᠢ ᠪᠣᠯ ᠵᠢᠡᠵᠢᠭᠡ᠂ ᠮᠢᠡᠵᠢᠭᠡ ᠭᠡᠬᠦ ᠮᠡᠲᠦ ᠶᠢᠨ ᠠᠪᠤᠭᠠᠶᠢᠯᠠᠭ᠎ᠠ ᠳᠠᠭᠤᠳᠠᠯᠭ᠎ᠠ ᠪᠠᠷ ᠨᠡᠷᠡᠰᠢᠭᠰᠡᠨ ᠪᠠᠶᠢᠳᠠᠭ᠃ ᠨᠡᠨ ᠶᠣᠰᠤ ᠪᠠᠷ ᠬᠠᠷᠢᠯᠴᠠᠨ ᠡᠶᠡᠯᠳᠡᠭ ᠨᠠᠶᠢᠷᠰᠠᠭ ᠢᠶᠠᠷ ᠶᠠᠷᠢᠯᠴᠠᠬᠤ ᠶᠢᠨ ᠳᠠᠭᠠᠤ ᠭᠡᠷ ᠤᠨ ᠡᠵᠡᠨ ᠤ ᠬᠢᠨ ᠴᠠᠢ ᠪᠠᠨ ᠵᠠᠰᠠᠵᠤ ᠰᠠᠭᠠᠯᠢ ᠶᠢᠨ ᠳᠡᠭᠡᠵᠢ ᠪᠠᠷ ᠦᠩᠭᠡᠯᠡᠭᠰᠡᠨ ᠲᠠᠪᠠᠭ ᠲᠠᠢ ᠪᠣᠭᠤᠷᠰᠤᠭ ᠢᠶᠠᠨ ᠰᠢᠷᠡᠭᠡᠨ ᠳᠡᠭᠡᠷ᠎ᠡ ᠲᠠᠯᠪᠢᠭᠠᠳ ᠳᠠᠶᠠᠭᠠᠷ ᠴᠠᠢ ᠪᠣᠭᠤᠷᠰᠤᠭ ᠵᠣᠭᠤᠭᠯᠠᠵᠤ ᠠᠶᠢᠯᠠᠳ︕ ᠭᠡᠵᠦ ᠬᠤᠶᠠᠷ ᠭᠠᠷ ᠢᠶᠠᠨ ᠳᠡᠯᠭᠡᠨ ᠶᠣᠰᠤᠯᠠᠨ᠎ᠠ᠃ ᠴᠠᠢ ᠶᠢᠨ ᠳᠡᠪᠦᠷ᠎ᠡ ᠪᠣᠯᠤᠨ ᠰᠢᠨᠠᠭ᠎ᠠ ᠪᠠᠨ ᠵᠣᠴᠢᠨ ᠳᠤ ᠭᠠᠷᠳᠠᠭᠤᠯᠬᠤ ᠶᠣᠰᠤ ᠦᠭᠡᠢ᠂ ᠵᠣᠴᠢᠨ ᠴᠠᠢ ᠪᠠᠨ ᠤᠤᠭᠤᠵᠤ ᠪᠠᠷᠠᠭᠠᠳ ᠢᠷᠡᠭᠰᠡᠨ ᠤᠴᠢᠷ ᠢᠶᠠᠨ ᠬᠡᠯᠡᠯᠴᠡᠵᠤ ᠪᠠᠷᠠᠭᠰᠠᠨ ᠤ ᠳᠠᠷᠠᠭ᠎ᠠ ᠣᠳᠣ ᠴᠢᠯᠦᠭᠡ ᠠᠶᠢᠯᠠᠳᠬᠠᠶ᠎ᠠ ᠭᠡᠬᠦᠯᠡᠷ ᠠᠶᠢᠯ ᠤᠨ ᠬᠦᠮᠦᠰ᠄ ᠬᠤᠨᠣᠵᠤ ᠦᠨᠵᠢᠵᠦ ᠲᠠᠪᠠ ᠪᠠᠷ ᠢᠶᠠᠨ ᠰᠠᠭᠠᠲᠠᠵᠤ ᠪᠠᠶᠢᠭᠠᠳ ᠮᠣᠷᠢᠯᠠ᠂ ᠲᠤᠩ ᠶᠠᠭᠠᠷᠠᠤ ᠪᠣᠯ ᠳᠠᠬᠢᠵᠤ ᠬᠤᠭᠤᠯᠠ ᠤᠮᠳᠠ ᠵᠣᠭᠤᠭᠯᠠᠭᠠᠳ ᠮᠣᠷᠢᠯᠠ ᠭᠡᠨ᠎ᠡ᠃ ᠵᠣᠴᠢᠨ ᠬᠦᠮᠦᠨ ᠤᠶᠠᠭᠠᠨ ᠳᠡᠭᠡᠷ᠎ᠡ ᠬᠦᠷᠬᠦᠯ᠎ᠡ ᠤᠨᠤᠭ᠎ᠠ ᠲᠠᠶᠢᠯᠵᠤ ᠭᠠᠷᠳᠠᠭᠤᠯᠤᠨ ᠦᠭᠬᠦ ᠳᠤ ᠵᠣᠴᠢᠨ᠄ ᠲᠠ ᠨᠠᠷ ᠰᠠᠶᠢᠨ ᠰᠠᠭᠠᠲᠠᠵᠤ ᠪᠠᠶᠢᠭᠠᠷᠠᠢ ᠭᠡᠨ᠎ᠡ᠃ ᠠᠶᠢᠯ ᠤᠨ ᠬᠢᠨ᠄ ᠳᠠᠬᠢᠵᠤ ᠮᠣᠷᠢᠯᠠᠵᠤ ᠰᠠᠭᠠᠲᠠᠭᠠᠷᠠᠢ ᠭᠡᠵᠤ ᠬᠡᠯᠡᠬᠦᠯ᠎ᠡ ᠵᠣᠴᠢᠨ ᠨᠡᠯᠢᠶᠡᠳ ᠬᠤᠯᠠᠳᠠᠰᠬᠢᠵᠤ ᠣᠴᠢᠭᠠᠳ ᠤᠨᠤᠭ᠎ᠠ ᠪᠠᠨ ᠮᠣᠷᠳᠠᠨ ᠣᠳᠣᠨ᠎ᠠ᠃ ᠠᠶᠢᠯ ᠤᠨ ᠤᠶᠠᠭᠠᠨ ᠳᠡᠭᠡᠷ᠎ᠡ ᠠᠴᠠ ᠮᠣᠷᠳᠠᠬᠤ ᠶᠣᠰᠤ ᠦᠭᠡᠢ ᠶᠤᠮ᠃ ᠬᠢᠴᠢᠶᠡᠳᠡᠭ ᠵᠦᠢᠯ ᠨᠢ ᠡᠮᠡᠭᠲᠡᠢ ᠬᠦᠮᠦᠨ ᠪᠣᠯ ᠡᠭᠡᠮᠦᠭ ᠳᠠᠷᠤᠭᠤᠯᠭ᠎ᠠ ᠪᠠᠨ  ᠦᠷᠭᠦᠯᠵᠢ ᠵᠡᠭᠦᠵᠦ ᠬᠠᠨᠵᠢᠶᠠᠷ ᠢᠶᠠᠨ ᠡᠮᠦᠰᠴᠦ ᠪᠠᠶᠢᠬᠤ ᠬᠡᠷᠡᠭᠲᠡᠢ᠂ ᠵᠣᠴᠢᠳ ᠤᠨ ᠳᠡᠷᠭᠡᠳᠡ ᠬᠠᠷ᠎ᠠ ᠲᠣᠯᠤᠭᠠᠢ ᠲᠠᠢ ᠪᠠᠶᠢᠵᠤ ᠪᠣᠯᠬᠤ ᠦᠭᠡᠢ᠃ ᠵᠣᠴᠢᠨ ᠪᠣᠯᠤᠭᠰᠠᠨ ᠡᠮᠡᠭᠲᠡᠢ ᠬᠦᠮᠦᠨ ᠪᠦᠰᠡ ᠪᠦᠰᠡᠯᠡᠭᠡᠳ ᠠᠶᠢᠯ ᠳᠤ ᠣᠷᠣᠵᠤ ᠪᠣᠯᠬᠤ ᠦᠭᠡᠢ᠃ ᠭᠡᠶᠢᠴᠢᠨ ᠢᠷᠡᠵᠤ ᠪᠠᠶᠢᠬᠤ ᠳᠤ ᠡᠮᠦᠨ᠎ᠡ ᠠᠴᠠ ᠨᠢ ᠬᠤᠭ ᠢᠶᠠᠨ ᠬᠠᠶᠠᠵᠤ ᠤᠰᠤ ᠰᠠᠴᠤᠵᠤ ᠪᠣᠯᠬᠤ ᠦᠭᠡᠢ᠂ ᠭᠡᠶᠢᠴᠢᠨ ᠶᠠᠪᠤᠭᠰᠠᠨ ᠤ ᠬᠤᠶᠢᠨ᠎ᠠ ᠳᠠᠯᠳᠠ ᠣᠷᠤᠭ᠎ᠠ ᠦᠭᠡᠢ ᠪᠠᠶᠢᠲᠠᠯ᠎ᠠ ᠢᠰᠡᠭᠡᠢ ᠰᠢᠷᠢᠳᠡᠭ  ᠭᠦᠪᠢᠬᠦ ᠶᠢ ᠴᠡᠭᠡᠷᠯᠡᠳᠡᠭ᠃ ᠪᠠᠰᠠ ᠨᠢᠭᠡ ᠠᠩᠬᠠᠷᠬᠤ ᠨᠢ ᠭᠡᠶᠢᠴᠢ ᠬᠦᠮᠦᠨ ᠠᠶᠢᠯ ᠤᠨ ᠬᠦᠮᠦᠨ ᠲᠣᠰᠴᠤ ᠭᠠᠷᠴᠤ ᠢᠷᠡᠬᠦ ᠦᠭᠡᠢ ᠪᠠᠶᠢᠳᠠᠯ ᠳᠣᠣᠷ᠎ᠠ ᠡᠷᠬᠡᠪᠰᠢ ᠬᠠᠨᠢᠶᠠᠵᠤ ᠬᠠᠬᠢᠷᠴᠦ ᠴᠢᠮᠡᠭᠡ ᠦᠭᠴᠦ ᠭᠡᠷ ᠲᠤ ᠣᠷᠤᠬᠤ ᠬᠡᠷᠡᠭᠲᠡᠢ᠃ ᠪᠠᠷᠢᠭᠰᠠᠨ ᠲᠠᠰᠢᠭᠤᠷ ᠢᠶᠠᠨ ᠪᠡᠶ᠎ᠡ ᠳᠡᠭᠡᠨ ᠠᠪᠴᠤ ᠣᠷᠤᠵᠤ ᠪᠣᠯᠬᠤ ᠦᠭᠡᠢ᠂ ᠬᠠᠷᠢᠨ ᠭᠡᠷ ᠤᠨ ᠭᠠᠳᠠᠨ᠎ᠠ ᠲᠠᠯᠪᠢᠭᠠᠳ ᠣᠷᠤᠢ ᠬᠡᠷᠡᠭᠲᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号