ᠠᠶᠢᠷᠠᠭ ᠤᠨ ᠢᠷᠦᠬᠡᠯ
ᠨᠡᠶᠢᠲᠡᠯᠡᠭᠰᠡᠨ ᠴᠠᠭ᠄
2020/10/19
ᠠᠯᠳᠠᠢ ᠬᠠᠨᠭ᠍ᠭᠠᠢ ᠰᠢᠬ ᠠᠪᠤ ᠶᠢᠨ ᠢᠶᠠᠨ ᠲᠡᠷᠬᠡᠳᠡ ᠠᠯᠳᠠᠨ ᠲᠡᠯᠡᠬᠡᠢ ᠰᠢᠭ ᠡᠵᠢ ᠶᠢᠨ ᠢᠶᠠᠨ ᠲᠡᠷᠬᠡᠳᠠ ᠲᠤᠯᠢ ᠦᠡᠭᠬᠡ ᠲᠠᠢ ᠤᠬᠳᠠᠷᠭᠤᠢ ᠠᠴᠠ ᠲᠤᠰᠤ ᠦᠡᠭᠬᠡᠳᠤ ᠲᠡᠯᠡᠬᠡᠢ ᠲᠡᠭᠡᠷ᠎ᠠ ᠤᠨᠠᠬᠰᠠᠨ ᠬᠤᠷ᠎ᠠ ᠶᠢᠨ ᠮᠢᠨᠢ ᠴᠢᠬᠢᠭ ᠤᠶᠠᠬᠰᠠᠨ ᠰᠦᠢᠬᠰᠠᠨ ᠬᠡᠬᠦᠦ ᠶᠢᠨ ᠮᠢᠨᠢ ᠰᠢᠮ᠎ᠠ ᠤᠷᠠᠯᠠᠨ ᠡᠰᠬᠡᠭᠰᠡᠨ ᠬᠦᠬᠦᠤᠷ ᠲᠤ ᠮᠢᠨᠢ ᠤᠳᠤᠮᠳᠤ ᠰᠠᠶᠢᠬᠠᠨ ᠠᠶᠢᠷᠠᠭ ᠢᠶᠠᠨ ᠢᠰᠬᠡᠵᠦ ᠠᠭᠠᠷᠤ ᠽᠠᠨᠳᠠᠨ ᠬᠤᠯᠤ ᠳᠤᠨᠢ ᠠᠮᠠᠰᠠᠷ ᠲᠦᠬᠦᠷᠠᠩ ᠪᠢᠯᠬᠠᠭᠤᠯᠵᠦ ᠠᠷᠪᠠᠨ ᠰᠠᠯᠠᠭ᠎ᠠ ᠮᠤᠳᠤᠷ ᠲᠤᠨᠢ ᠡᠷᠬᠦᠨ ᠲᠡᠪᠰᠢᠬᠦᠯᠵᠦ ᠪᠠᠷᠢᠬᠤ ᠶᠢᠨ ᠤᠴᠢᠷ ᠲᠦᠷᠦ ᠳᠡᠭᠡᠨ ᠨᠡᠷ᠎ᠠ ᠲᠠᠢ ᠲᠦᠮᠡᠨ ᠳᠡᠭᠡᠨ ᠠᠯᠳᠠᠷ ᠲᠠᠢ ᠮᠤᠩᠭᠤᠯ ᠠᠶᠢᠯ ᠮᠢᠨᠢ ᠬᠤᠨᠳᠠᠨ ᠴᠠᠭᠠᠨ ᠬᠤᠨᠢ ᠪᠠᠷ ᠬᠤᠳᠠ ᠪᠠᠨ ᠲᠦᠬᠦᠷᠬᠡᠵᠦ ᠬᠤᠯᠠ ᠪᠠᠷᠠᠭᠠᠨ ᠠᠳᠤᠭᠤ ᠪᠠᠷ ᠲᠠᠯ᠎ᠠ ᠪᠠᠨ ᠲᠦᠬᠦᠷᠬᠡᠵᠦ ᠬᠠᠷᠪᠤᠵᠦ ᠬᠦᠷᠬᠦ ᠦᠬᠡᠢ ᠵᠠᠯ᠎ᠠ ᠲᠠᠢ ᠬᠠᠳᠠᠷᠢᠵᠦ ᠬᠦᠷᠬᠦ ᠦᠬᠡᠢ ᠪᠡᠯᠴᠢᠬᠡᠷ ᠲᠠᠢ ᠦᠷ᠎ᠠ ᠬᠡᠤᠬᠡᠳ ᠢᠶᠠᠷ ᠦᠨᠢᠷ ᠭᠡᠭᠳᠡᠵᠦ ᠦᠷᠢᠶ᠎ᠠ ᠲᠠᠭ᠎ᠠ ᠪᠠᠷ ᠪᠠᠶᠠᠨ ᠬᠡᠭᠳᠡᠵᠦ ᠲᠦᠷᠦ ᠤᠯᠤᠰ ᠲᠠᠭᠠᠨ ᠲᠦᠪᠰᠢᠨ ᠬᠡᠭᠳᠡᠵᠦ ᠲᠦᠮᠡᠨ ᠤᠯᠠᠨ ᠳᠠᠭᠠᠨ ᠲᠤᠮᠤᠭ᠎ᠠ ᠲᠠᠢ ᠭᠡᠭᠳᠡᠵᠦ ᠡᠪᠤᠯ ᠪᠦᠷᠢ ᠦᠡᠭᠨᠡᠵᠦ ᠵᠤᠨ ᠪᠦᠷᠢ ᠰᠦᠡᠭᠨᠡᠵᠦ ᠪᠠᠳᠠᠷᠠᠨ ᠲᠡᠯᠬᠡᠷᠡᠵᠦ ᠶᠠᠪᠤᠬᠤ ᠶᠢᠨ ᠪᠠᠳᠤ ᠰᠠᠶᠢᠬᠠᠨ ᠢᠷᠦᠬᠡᠯ ᠢ ᠲᠠᠪᠰᠢᠬᠦᠯᠦᠶ᠎ᠠ︕ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号