ᠪᠠᠶᠢᠯᠳᠣᠭᠠᠨᠳᠣ ᠣᠯᠣᠰ᠂ ᠴᠢᠨ ᠣᠯᠣᠰ ᠤᠨ ᠦᠶ᠎ᠡ ᠶᠢᠨ ᠾᠦᠩᠨᠦ ᠤᠣᠬ᠊
ᠨᠡᠶᠢᠲᠡᠯᠡᠭᠰᠡᠨ ᠴᠠᠭ᠄
2020/10/19
ᠪᠠᠶᠢᠯᠳᠣᠭᠠᠨᠳᠣ ᠣᠯᠣᠰ ᠤᠨ ᠦᠶ᠎ᠡ᠄ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 318 ᠣᠨ ᠳᠤ ᠾᠦᠩᠨᠦ ᠨᠠᠷ ᠬᠠᠨ᠂ ᠵᠣᠤ᠂ ᠸᠧᠢ᠂ ᠶᠠᠨ᠂ ᠴᠢ ᠵᠡᠷᠭᠡ ᠲᠠᠪᠣᠨ ᠣᠯᠣᠰ ᠲᠠᠢ ᠬᠠᠮᠳᠣᠷᠠᠨ᠂ ᠴᠢᠨ ᠣᠯᠣᠰ ᠢ ᠲᠣᠪᠳᠣᠯᠣᠨ ᠢᠯᠠᠭᠳᠠᠭᠳᠠᠭᠰᠠᠨ ᠲᠡᠮᠳᠡᠭᠯᠡᠯ ᠲᠠᠢ᠃ ᠵᠣᠤ ᠣᠯᠣᠰ ᠤᠨ ᠰᠢᠶᠣᠤ ᠴᠧᠩ ᠸᠠᠩ ︵ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 265 ᠣᠨ — ᠡᠮᠦᠨ᠎ᠡ 245 ᠣᠨ ᠪᠣᠯᠳᠠᠯ᠎ᠠ ᠰᠠᠭᠤᠷᠢᠨ ᠳᠤ ᠰᠠᠭᠤᠵᠣ ᠪᠠᠶᠢᠵᠠᠢ︶ ᠤᠨ ᠦᠶ᠎ᠡ ᠳᠤ ᠲᠡᠭᠦᠨ ᠤ ᠵᠠᠩᠵᠣᠨ ᠯᠢ ᠮᠦ᠋᠂ ᠳ᠋ᠠᠢ ᠭᠠᠵᠠᠷ ᠤᠨ ᠶᠠᠨ ᠮᠧᠨ ᠳᠤ ᠾᠦᠩᠨᠦ ᠶᠢᠨ ᠴᠡᠷᠢᠭ ᠢ ᠰᠡᠷᠭᠡᠶᠢᠯᠡᠨ ᠰᠠᠭᠤᠵᠣ ᠪᠠᠶᠢᠭᠠᠳ᠂ ᠾᠦᠩᠨᠦ ᠶᠢᠨ ᠴᠠᠨ ᠢᠥᠢ ᠶᠢᠨ ᠴᠡᠷᠢᠭ ᠢ ᠡᠪᠳᠡᠵᠦ ᠪᠠᠶᠢᠭᠰᠠᠨ ᠲᠡᠣᠬᠡᠨ ᠮᠡᠳᠡᠭᠡ ᠪᠣᠢ᠃ ᠴᠢᠨ ᠣᠯᠣᠰ ᠤᠨ ᠦᠶ᠎ᠡ ᠳᠤ᠄ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 215 ᠣᠨ ᠳᠤ ᠴᠢᠨ ᠣᠯᠣᠰ ᠤᠨ ᠴᠢᠨ ᠱᠢ ᠬᠤᠸᠠᠩ ᠵᠠᠩᠵᠣᠨ ᠮᠧᠩ ᠲᠢᠶᠠᠨ ᠢᠶᠠᠨ ᠲᠣᠮᠢᠯᠠᠨ ᠾᠦᠩᠨᠦ ᠶᠢ ᠲᠣᠪᠳᠣᠯᠣᠭᠤᠯᠵᠣ᠂ ᠭᠤᠣᠯ ᠤᠨ ᠡᠮᠦᠨᠡᠬᠢ ᠣᠷᠣᠨ ︵ᠣᠳᠣᠬᠢ ᠣᠷᠳᠣᠰ ᠣᠷᠣᠨ︶ ᠢ ᠡᠵᠡᠯᠡᠵᠦ᠂ ᠾᠦᠩᠨᠦ ᠨᠡᠷ ᠢ ᠬᠦᠭᠡᠭᠡᠨ ᠶᠠᠪᠣᠭᠤᠯᠵᠣ᠂ ᠣᠮᠠᠷᠠᠳᠣ ᠶᠢᠨ ᠨᠡᠭᠦᠳᠡᠯᠴᠢᠨ ᠦᠨᠳᠦᠦᠰᠦᠳᠡᠨ ᠠᠴᠠ ᠰᠡᠷᠭᠡᠶᠢᠯᠡᠬᠦ ᠶᠢᠨ ᠲᠦᠯᠦᠭᠡ ᠴᠠᠭᠠᠨ ᠬᠡᠷᠡᠮ ᠢ ᠪᠠᠶᠢᠭᠤᠯᠣᠭᠰᠠᠨ ᠲᠡᠣᠬᠡ ᠲᠠᠢ ᠪᠠᠶᠢᠵᠠᠢ᠃ ᠲᠦᠮᠡᠨ ᠴᠢᠨ ᠢᠥᠢ᠂ ᠴᠢᠨ ᠱᠢ ᠬᠤᠸᠠᠩ ᠪᠠ ᠲᠡᠬᠦᠨ ᠤ ᠵᠠᠩᠵᠣᠨ ᠮᠧᠩ ᠲᠢᠶᠠᠨ ᠠᠮᠢᠳᠣ ᠰᠡᠷᠡᠭᠦᠨ ᠪᠠᠶᠢᠭ᠎ᠠ ᠦᠶᠡᠰ ᠲᠤ ᠲᠣᠮᠳᠠᠳᠣ ᠣᠯᠣᠰ ᠵᠦᠭ ᠲᠣᠪᠳᠣᠯᠵᠣ ᠴᠢᠳᠠᠬᠤ ᠦᠭᠡᠢ ᠪᠠᠶᠢᠪᠠ᠃ ᠲᠡᠳᠡ ᠬᠤᠶᠠᠭᠤᠯᠠ ᠶᠢ ᠦᠬᠦᠭᠰᠡᠨ  ᠤ ᠲᠠᠷᠠᠭ᠎ᠠ᠂ ᠲᠠᠷᠣᠢ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ 210 ᠣᠨ ᠳᠤ᠂ ᠾᠦᠩᠨᠦ ᠨᠡᠷ ᠲᠠᠬᠢᠨ ᠬᠠᠳᠣᠨ ᠭᠤᠣᠯ ᠢ ᠡᠮᠦᠨᠡᠰᠢ ᠭᠠᠳᠣᠯᠣᠨ ᠭᠤᠣᠯ ᠤᠨ ᠡᠮᠦᠨᠡᠬᠢ ᠨᠣᠳᠤᠭ ᠢᠶᠠᠨ ᠪᠣᠴᠠᠭᠠᠨ ᠠᠪᠴᠠᠢ᠃ ᠲᠡᠷᠡᠬᠦ ᠦᠶᠡᠰ  ᠲᠤ ᠲᠦᠮᠡᠨ ᠴᠢᠨ ᠢᠥᠢ᠂ ᠬᠦᠪᠡᠬᠦᠨ ᠮᠣᠳᠣᠨ ︵ᠪᠣᠭᠳᠠ︶ ᠢᠶᠠᠨ ᠲᠡᠭᠦᠨ ᠤ ᠪᠠᠷᠠᠭᠤᠨ ᠲᠠᠯ᠎ᠠ ᠳᠤ ᠪᠠᠶᠢᠭ᠎ᠠ ᠭᠦᠴᠦᠷᠭᠡᠭ ᠣᠯᠣᠰ ᠷᠸᠥᠽᠢ ᠳᠤ ᠲᠠᠨᠵᠢ ᠪᠠᠷ ᠬᠦᠷᠭᠡᠨ ᠦᠭᠴᠡᠢ᠃ ᠭᠡᠪᠡᠴᠦ ᠲᠦᠮᠡᠨ ᠴᠠᠨ ᠢᠥᠢ ᠮᠣᠳᠣᠨ ᠤ ᠷᠸᠥᠽᠢ ᠳᠤ ᠪᠠᠶᠢᠭ᠎ᠠ ᠦᠶ᠎ᠡ ᠳᠤ ᠴᠡᠷᠢᠭ ᠲᠠᠶᠢᠴᠢᠯᠠᠨ ᠷᠸᠣᠽᠢᠴᠣᠳ ᠢ ᠲᠣᠪᠳᠣᠯᠪᠠ᠃ ᠮᠣᠳᠣᠨ ᠴᠣ᠋ ᠷᠸᠣᠽᠢ ᠨᠡᠷ  ᠢ ᠰᠡᠷᠡᠮᠵᠢ ᠠᠯᠳᠠᠭᠤᠯᠣᠨ ᠲᠣᠳᠠᠭᠠᠨ ᠭᠠᠷᠴᠣ ᠣᠯᠣᠰ ᠲᠠᠭᠠᠨ ᠪᠣᠴᠠᠨ᠂ ᠦᠪᠡᠷ ᠤᠨ ᠪᠡᠶ᠎ᠡ ᠳᠡᠭᠡᠨ ᠦᠨᠡᠨᠴᠢ ᠢᠳᠡᠭᠡᠯ ᠲᠠᠢ ᠬᠦᠮᠦᠰ ᠲᠠᠢ ᠬᠤᠯᠪᠣᠭᠠᠯᠠᠨ᠂ ᠲᠦᠮᠡᠨ ᠴᠠᠨ ᠢᠥᠢ ᠶᠢ ᠠᠯᠠᠵᠣ ᠦᠪᠡᠷ ᠤᠨ ᠪᠡᠶ᠎ᠡ ᠪᠠᠨ ᠴᠠᠨ ᠢᠥᠢ ᠡᠷᠬᠦᠮᠵᠢᠯᠡᠪᠡ᠃ ᠮᠣᠳᠣᠨ ᠴᠠᠨ ᠢᠥᠢ ᠪᠣᠯᠣᠮᠠᠭᠴᠠ ᠪᠠᠨ ᠵᠡᠬᠦᠨᠰᠢ ᠳ᠋ᠦᠩᠬᠤ ᠶᠢᠨ ᠸᠠᠩ ᠢ ᠲᠠᠶᠢᠯᠠᠨ ᠠᠯᠠᠵᠣ᠂ ᠪᠠᠷᠠᠭᠤᠨᠰᠢ ᠷᠸᠣᠽᠢ ᠨᠡᠷ ᠢᠯᠠᠨ᠂ ᠡᠮᠦᠨᠡᠰᠢ ᠯᠸᠥ ᠹᠠᠨ᠂ ᠪᠠᠢ ᠶᠠᠩ᠂ ᠾᠧ ᠨᠠᠨ ᠸᠠᠩ ᠵᠡᠷᠭᠡ ᠶᠢ ᠨᠢᠭᠡᠳᠭᠡᠨ ᠠᠪᠴᠠᠢ᠃ ᠲᠡᠭᠡᠭᠡᠳ ᠮᠣᠳᠣᠨ᠂ ᠬᠠᠨ ᠣᠯᠣᠰ ᠪᠠ ᠴᠣ᠋ ᠣᠯᠣᠰ ᠤᠨ ᠲᠡᠮᠡᠴᠡᠯ ᠢ ᠵᠠᠪᠰᠢᠨ᠂ ᠡᠮᠦᠨᠡᠰᠢ ᠳᠣᠮᠳᠠᠳᠣ ᠣᠯᠣᠰ ᠢ ᠲᠣᠪᠳᠣᠯᠣᠨ᠂ ᠣᠳᠠᠯ ᠦᠭᠡᠢ ᠨᠢᠭᠡᠨ ᠮᠠᠰᠢ ᠯᠣᠳᠣ ᠳᠣᠮᠣ ᠬᠠᠭᠠᠨᠳᠣ ᠣᠯᠣᠰ ᠢ ᠪᠠᠶᠢᠭᠤᠯᠣᠨ ᠠᠮᠵᠢᠪᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号