ᠾᠦᠩᠨᠦ ᠶᠢᠨ ᠪᠠᠢ ᠳ᠋ᠧᠩ ᠤᠨ ᠪᠠᠶᠢᠯᠳᠣᠭᠠᠨ ᠤᠣᠬᠠᠨ ᠬ᠊
ᠨᠡᠶᠢᠲᠡᠯᠡᠭᠰᠡᠨ ᠴᠠᠭ᠄
2020/10/19
   ᠮᠣᠳᠣᠨ ᠣᠮᠠᠷᠠᠰᠢ ᠾᠥᠨ ᠢᠥᠢ᠂ ᠴᠢᠥᠢ ᠱᠧ᠂ ᠳ᠋ᠢᠩ ᠯᠢᠩ᠂ ᠭᠧ ᠺᠦᠨ᠂ ᠰᠢᠨ ᠯᠢ ᠵᠡᠷᠭᠡ ᠶᠢᠨ ᠣᠯᠠᠨ ᠣᠭᠰᠠᠭ᠎ᠠ ᠶᠢ ᠨᠣᠮᠣᠳᠬᠠᠨ ᠠᠪᠴᠠᠢ᠃ ᠡᠨᠡ ᠦᠶᠡᠰ ᠢᠶᠠᠷ ᠳᠣᠮᠳᠠᠳᠣ ᠣᠯᠣᠰ ᠲᠤ ᠬᠠᠨ ᠣᠯᠣᠰ ᠤᠨ ᠯᠢᠥ ᠪᠠᠩ ᠲᠣᠲᠣᠭᠠᠳᠣ ᠶᠢᠨ ᠲᠠᠶᠢᠨ ᠳᠠᠭᠠᠨ ᠢᠯᠠᠯᠳᠠ ᠣᠯᠵᠣ᠂ ᠬᠤᠸᠠᠩᠳᠢ ᠶᠢᠨ ᠰᠠᠭᠤᠳᠠᠯ ᠲᠠᠭᠠᠨ ᠰᠠᠭᠤᠪᠠ᠃ ᠨᠡᠶᠢᠳᠡ  ᠶᠢᠨ ᠣᠨ ᠲᠣᠭᠠᠯᠠᠯ ᠠᠴᠠ ᠡᠮᠦᠨ᠎ᠡ 200 ᠣᠨ ᠳᠤ ᠾᠦᠩᠨᠦ ᠨᠡᠷ ᠮᠠ ᠶᠢ ᠭᠡᠳᠡᠭ ᠭᠠᠵᠠᠷ ᠲᠤ ᠬᠠᠨ ᠣᠯᠣᠰ ᠤᠨ ᠬᠢᠵᠠᠭᠠᠷ ᠤᠨ ᠲᠦᠰᠢᠮᠡᠯ ᠬᠠᠨ ᠸᠠᠩ ᠬᠡᠷᠬᠢᠮ ᠲᠠᠢ ᠬᠠᠨ ᠰᠢᠨ ︵ᠲᠣᠬᠠᠢ ᠶᠢᠨ ᠦᠶ᠎ᠡ ᠶᠢᠨ ᠴᠡᠷᠢᠭ ᠤᠨ ᠡᠷᠳᠡᠮᠳᠡᠨ ᠬᠠᠨ ᠰᠢᠨ ᠪᠢᠰᠢ᠂ ᠡᠳᠡ ᠬᠤᠶᠠᠭᠤᠯᠠ ᠠᠳᠠᠯᠢ ᠣᠪᠣᠭ ᠨᠡᠷ᠎ᠡ ᠲᠠᠢ ᠪᠣᠯᠬᠤᠷ ᠡᠬᠦᠨ ᠢ ᠨᠢ ᠬᠠᠨ ᠸᠠᠩ ᠰᠢᠨ ᠭᠡᠵᠦ ᠨᠦᠬᠦᠬᠡ ᠶᠢ ᠬᠤᠸᠠᠢ ᠶᠢᠨ ᠾᠸᠥ ᠬᠠᠨ ᠰᠢᠨ ᠭᠡᠳᠡᠭ ᠶᠣᠮ — ᠮᠣᠩᠭᠤᠯᠴᠢᠯᠠᠭᠴᠢ ᠠᠴᠠ︶ ᠢ ᠲᠠᠶᠢᠯᠠᠨ ᠲᠠᠷᠣᠵᠣ ᠬᠠᠨ ᠸᠠᠩ ᠰᠢᠨ ᠾᠦᠩᠨᠦ ᠳᠤ ᠪᠠᠭᠤᠵᠣ ᠦᠭᠴᠡᠢ᠃ ᠡᠬᠦᠨ ᠠᠴᠠ ᠪᠣᠯᠵᠣ ᠾᠦᠩᠨᠦ ᠨᠡᠷ ᠲᠠᠶᠢᠶᠣᠸᠠᠨ ᠳᠤ ᠳᠣᠪᠳᠣᠯᠣᠨ ᠬᠦᠷᠴᠦ᠂ ᠲᠣᠬᠠᠢ ᠶᠢᠨ ᠦᠶ᠎ᠡ ᠶᠢᠨ ᠴᠢᠬᠤᠯᠠ ᠪᠠᠯᠭᠠᠰᠣ ᠪᠣᠯᠬᠤ ᠶᠢᠨ ᠶᠠᠩ ᠢ ᠰᠢᠬᠠᠮᠳᠠᠭᠤᠯᠪᠠ᠃ ᠡᠨᠡ ᠦᠶᠡᠰ ᠲᠤ ᠯᠢᠥ ᠪᠠᠩ ᠬᠠ ᠣᠯᠣᠰ ᠤᠨ ᠶᠡᠭᠡ ᠴᠡᠷᠢᠭ ᠢᠶᠠᠨ ᠲᠠᠶᠢᠴᠢᠯᠠᠨ ᠲᠣᠰᠠᠯᠠᠷ᠎ᠠ ᠢᠷᠡᠭᠰᠡᠨ ᠳᠤ ᠶᠠᠭ ᠰᠠᠶᠢᠬᠠᠨ ᠡᠪᠦᠯ ᠤᠨ ᠬᠦᠢᠳᠡᠨ ᠪᠦᠭᠡᠳ ᠲᠡᠭᠷᠢ ᠣᠨᠴᠠ ᠬᠦᠢᠳᠡᠷᠡᠨ᠂ ᠬᠦᠢᠳᠡᠨ ᠣᠷᠣᠰᠬᠠᠯ ᠳᠤ ᠲᠠᠭᠠᠷᠢᠭᠳᠠᠨ᠂ ᠬᠠᠨ ᠣᠯᠣᠰ ᠤᠨ ᠴᠡᠷᠢᠭ ᠶᠡᠬᠡᠪᠡᠷ ᠬᠦᠯᠳᠡᠵᠦ ᠰᠢᠷᠠᠭᠳᠣᠪᠠ᠃ ᠾᠦᠩᠨᠦ ᠶᠢᠨ ᠮᠣᠳᠣᠨ ᠴᠠᠨ ᠢᠥᠢ ᠣᠮᠠᠷᠠᠰᠢ ᠴᠡᠷᠢᠭ ᠢᠶᠠᠨ ᠲᠠᠲᠠᠵᠣ ᠬᠠᠨ ᠣᠯᠣᠰ ᠤᠨ ᠴᠡᠷᠢᠭ ᠢ ᠦᠳᠦᠭᠡᠨ ᠦᠪᠡᠷ ᠤᠨ ᠪᠦᠰᠡᠯᠡᠯᠳᠡ ᠲᠡᠭᠡᠨ ᠣᠷᠣᠭᠤᠯᠬᠤ ᠪᠠᠷ ᠣᠬᠤᠷᠢᠵᠠᠢ᠃ ᠪᠠᠢ ᠳ᠋ᠧᠩ ᠳᠤ ᠬᠦᠷᠴᠦ᠂ ᠴᠠᠨ ᠢᠥᠢ ᠦᠪᠡᠷ ᠤᠨ ᠭᠤᠴᠢᠨ ᠲᠦᠮᠡᠨ ᠮᠣᠷᠢᠳᠣ ᠴᠡᠷᠢᠭ ᠢᠶᠠᠷ ᠬᠠᠨ ᠣᠯᠣᠰ ᠤᠨ ᠶᠡᠭᠡ ᠴᠡᠷᠢᠭ ᠢ ᠪᠦᠰᠡᠯᠡᠨ ᠠᠪᠴᠣ᠂ ᠬᠠᠨ ᠣᠯᠣᠰ ᠤᠨ ᠴᠡᠷᠢᠭ ᠡᠵᠡᠳ ᠲᠦᠰᠢᠮᠡᠳ ᠲᠠᠢ ᠪᠠᠨ ᠬᠠᠮᠳᠣ ᠲᠣᠯᠣᠭᠠᠨ ᠰᠦᠨᠢ ᠲᠣᠯᠣᠭᠠᠨ ᠡᠳᠦᠷ ᠪᠦᠰᠡᠯᠡᠭᠳᠡᠨ᠂ ᠬᠦᠮᠦᠨ ᠪᠦᠬᠦᠨ ᠨᠣᠶᠢᠷ ᠬᠤᠭᠤᠯᠠ ᠦᠭᠡᠢ ᠲᠣᠯᠤᠭ᠎ᠠ ᠬᠤᠨᠣᠯ᠎ᠠ ᠭᠡᠳᠡᠭ ᠶᠣᠮ᠃ ᠭᠡᠪᠡᠴᠦ ᠯᠢᠥ ᠪᠠᠩ ᠶᠡᠭᠡ ᠵᠦᠪᠯᠡᠭᠴᠢ ᠲᠦᠰᠢᠮᠡᠯ ᠴᠧᠨ ᠫᠢᠩ ᠤᠨ ᠠᠷᠭ᠎ᠠ ᠪᠠᠷ ᠴᠠᠨ ᠢᠥᠢ ᠶᠢᠨ ᠬᠠᠳᠣᠨ ᠢ ᠶᠡᠬᠡᠪᠡᠷ ᠬᠠᠭ᠋ᠣᠯᠢᠳᠣᠨ᠂ ᠬᠠᠨ ᠣᠯᠣᠰ ᠠᠴᠠ ᠴᠠᠨ ᠢᠥᠢ ᠳᠤ ᠭᠤᠶᠣ ᠬᠡᠣᠬᠡᠨ ᠬᠦᠷᠭᠡᠬᠦ ᠭᠡᠵᠦ ᠪᠣᠢ ᠬᠡᠮᠡᠨ ᠵᠠᠪᠰᠠᠷᠳᠠᠭᠤᠯᠵᠣ ᠪᠠᠶᠢᠭᠠᠳ ᠪᠦᠰᠡᠯᠡᠯᠳᠡ ᠠᠴᠠ ᠵᠦᠳᠡᠵᠦ ᠮᠣᠯᠳᠣᠷᠢᠨ ᠭᠠᠷᠴᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号