ᠡᠾᠦ᠋ᠩᠨᠤ ᠶᠢᠨ ᠵᠡᠭᠦᠨ ᠪᠠᠷᠠᠭᠤᠨ ᠸᠠᠩ ᠵᠠᠩᠵᠤᠨ ᠤᠣᠬᠠᠨ ᠬ᠊
ᠨᠡᠶᠢᠲᠡᠯᠡᠭᠰᠡᠨ ᠴᠠᠭ᠄
2020/10/19
    ᠾᠦᠩᠨᠦ ᠶᠢᠨ ᠵᠡᠬᠦᠨ ᠪᠠᠷᠠᠭᠤᠨ ᠸᠠᠩ ᠬᠤᠪᠢᠶᠠᠬᠤ ᠨᠢ ᠬᠤᠵᠢᠮ ᠤᠨ ᠴᠢᠩᠬᠢᠰ ᠬᠠᠭᠠᠨ ᠤ ᠵᠡᠬᠦᠨ ᠪᠠᠷᠠᠭᠤᠨ ᠭᠠᠷ ᠤᠨ ᠲᠦᠮᠡᠨ ᠪᠠ ᠭᠤᠣᠯ ᠤᠨ ᠲᠦᠮᠡᠨ ᠬᠤᠪᠢᠶᠠᠬᠤ ᠲᠠᠢ ᠨᠢᠭᠡᠨ ᠠᠳᠠᠯᠢ ᠪᠠᠶᠢᠨ᠎ᠠ᠃ ᠵᠦᠪᠬᠡᠨ ᠠᠳᠠᠯᠢ ᠦᠭᠡᠢ  ᠨᠢ ᠾᠦᠩᠨᠦ ᠪᠣᠯ ᠵᠡᠬᠦᠨ ᠪᠠᠷᠠᠭᠤᠨ ᠭᠠᠷ ᠲᠤ ᠪᠦᠷ ᠴᠠᠨ ᠢᠥᠢ ᠶᠢᠨ ᠣᠪᠣᠭ ᠲᠦᠷᠦᠯ ᠤᠨ ᠬᠦᠮᠦᠰ ᠢᠶᠠᠷ ᠭᠤᠣᠯᠯᠠᠵᠣ ᠪᠠᠶᠢᠭᠰᠠᠨ ᠪᠣᠯ ᠴᠢᠩᠬᠢᠰ ᠬᠠᠭᠠᠨ ᠤ ᠦᠶ᠎ᠡ ᠳᠤ ᠪᠦᠷ ᠬᠠᠷᠢ ᠣᠪᠣᠭ ᠤᠨ ᠢᠳᠡᠭᠡᠯᠳᠡᠨ ᠬᠦᠯᠦᠭ ᠪᠠᠭᠠᠳᠣᠷᠴᠣᠳ ᠢᠶᠠᠷ ᠲᠠᠷᠣᠭᠠᠯᠠᠵᠣ ᠪᠠᠶᠢᠵᠠᠢ᠃ ᠵᠡᠬᠦᠨ ᠭᠠᠷ ᠤᠨ ᠣᠯᠠᠨ ᠸᠠᠩ ᠵᠠᠩᠵᠣᠨ ᠨᠡᠷ ᠨᠢ ᠵᠡᠬᠦᠨ ᠵᠣᠪᠬᠢᠰ ᠢ ᠡᠵᠡᠯᠡᠨ᠂ ᠱᠠᠩ ᠭᠦ᠋ ᠶᠢᠨ ᠠᠰ ᠬᠤᠶᠢᠨ᠎ᠠ ᠰᠠᠭᠤᠵᠣ᠂ ᠵᠡᠬᠦᠨᠰᠢ ᠦᠷᠬᠦᠯᠵᠢᠯᠡᠨ ᠾᠦᠢ ᠮᠦᠸᠧ᠂ ᠰᠣᠯᠣᠩᠭᠤᠰ ᠲᠤ ᠲᠣᠯᠵᠣᠬᠤᠢ᠃ ᠪᠠᠷᠠᠭᠤᠨ ᠭᠠᠷ ᠤᠨ ᠣᠯᠠᠨ ᠸᠠᠩ ᠵᠠᠩᠵᠣᠨ ᠨᠡᠷ ᠨᠢ ᠪᠠᠷᠠᠭᠤᠨ ᠡᠳᠡᠭᠡᠳ ᠢ ᠡᠵᠡᠯᠡᠨ᠂ ᠱᠠᠩ ᠵᠢᠶᠦ᠋ᠨ ᠤ ᠠᠰ ᠬᠤᠶᠢᠨ᠎ᠠ ᠰᠠᠭᠤᠵᠣ᠂ ᠪᠠᠷᠠᠭᠤᠨᠰᠢ ᠷᠸᠥ ᡁᠢ᠂ ᠳ᠋ᠢ᠂ ᠴᠢᠶᠠᠩ ᠲᠠᠢ ᠵᠠᠯᠭᠠᠨ᠂ ᠬᠠᠷᠢᠨ ᠴᠠᠨ ᠢᠥᠢ  ᠶᠢᠨ ᠣᠷᠳᠣᠨ ᠠᠨᠣ ᠳ᠋ᠠᠢ᠂ ᠶᠦᠨ ᠵᠦᠩ ᠤᠨ ᠠᠰ ᠬᠤᠶᠢᠨ᠎ᠠ ᠪᠠᠶᠢᠵᠣ᠂ ᠲᠣᠰᠪᠣᠷᠢ ᠦᠪᠡᠷ ᠦᠪᠡᠷ ᠤᠨ ᠡᠵᠡᠮᠰᠢᠯ ᠨᠣᠳᠤᠭ ᠲᠠᠢ ᠪᠦᠭᠡᠳ᠂ ᠡᠪᠡᠰᠦ ᠣᠰᠣ ᠶᠢ ᠲᠠᠭᠠᠨ ᠨᠡᠭᠦᠳᠡᠯᠯᠡᠨ ᠠᠮᠢᠳᠣᠷᠠᠮᠣᠢ᠃ ᠭᠡᠪᠡᠴᠦ ᠵᠡᠬᠦᠨ ᠪᠠᠷᠠᠭᠤᠨ ᠮᠡᠷᠭᠡᠨ ᠸᠠᠩ᠂ ᠵᠡᠬᠦᠨ ᠪᠠᠷᠠᠭᠤᠨ ᠦᠷᠯᠦᠭ ᠸᠠᠩ ᠨᠢ ᠬᠠᠮᠤᠭ ᠶᠡᠭᠡ ᠡᠵᠡᠮᠰᠢᠯ ᠨᠣᠳᠤᠭ ᠲᠠᠢ᠃ ᠵᠡᠬᠦᠨ ᠪᠠᠷᠠᠭᠤᠨ ᠬᠤᠳᠣᠬᠤ  ᠨᠢ ᠵᠠᠰᠠᠭ ᠲᠤ ᠲᠣᠰᠠᠯᠠᠮᠣᠢ᠃ ᠬᠤᠷᠢᠨ ᠲᠦᠷᠪᠡᠨ ᠲᠡᠰ ᠤᠨ ᠣᠯᠠᠨ ᠨᠣᠶᠠᠳ ᠲᠤ ᠪᠦᠷ ᠳᠣᠰ ᠳᠣᠰ ᠤᠨ ᠮᠢᠩᠭᠠᠳᠣ ᠶᠢᠨ ᠨᠣᠶᠠᠨ ︵千长︶᠂ ᠵᠠᠭᠤᠳᠣ ᠶᠢᠨ ᠨᠣᠶᠠᠨ ︵百长︶᠂ ᠠᠷᠪᠠᠳᠣ ᠶᠢᠨ ᠨᠣᠶᠠᠨ ︵什长︶᠂ ᠵᠢᠵᠢᠭ ᠸᠠᠩ ᠪᠣᠯᠣᠨ ᠴᠧᠩᠰᠢᠶᠠᠩ᠂ ᠳ᠋ᠦ᠋ ᠸᠧᠢ ᠵᠢᠴᠢ ᠳ᠋ᠠᠩ ᠬᠣ᠋᠂ ᠵᠢᠥᠢ ᠴᠢᠥᠢ ︵且渠︶ ᠨᠡᠷ  ᠢᠶᠠᠨ ᠡᠷᠭᠦᠮᠵᠢᠯᠡᠬᠦ ᠡᠷᠬᠡ ᠲᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号