ᠡᠾᠦ᠋ᠩᠨᠤ ᠶᠢᠨ ᠵᠠᠩ ᠲᠠᠳᠬᠠᠯ ᠪᠠ ᠰᠣᠶᠣᠯ ᠤᠣᠬᠠᠨ ᠬ᠊
ᠨᠡᠶᠢᠲᠡᠯᠡᠭᠰᠡᠨ ᠴᠠᠭ᠄
2020/10/19
    ᠾᠦᠩᠨᠦ ᠨᠡᠷ ᠲᠤ ᠦᠰᠦᠭ ᠪᠢᠴᠢᠭ ᠦᠭᠡᠢ ᠪᠣᠯᠬᠤᠷ᠂ ᠦᠪᠡᠷ ᠤᠨ ᠬᠡᠷᠡᠭ ᠣᠴᠢᠷ ᠢᠶᠠᠨ ᠲᠡᠮᠳᠡᠭᠯᠡᠨ ᠦᠯᠡᠳᠡᠭᠰᠡᠨ ᠵᠦᠢᠯ ᠭᠡᠵᠦ ᠦᠭᠡᠢ᠃ ᠡᠶᠢᠮᠦ ᠠᠴᠠ ᠬᠠᠭᠤᠴᠢ ᠮᠠᠯᠳᠠᠮᠠᠯ ᠠᠴᠠ ᠢᠯᠡᠷᠡᠭᠰᠡᠨ ᠰᠢᠭᠤᠳ ᠲᠡᠣᠬᠡᠨ ᠮᠠᠲ᠋ᠧᠷᠢᠶᠠᠯ ᠠᠴᠠ ᠭᠠᠳᠠᠨ᠎ᠠ᠂ ᠵᠦᠪᠬᠡᠨ ᠲᠣᠮᠳᠠᠳᠣ ᠶᠢᠨ ᠲᠡᠣᠬᠡᠨ ᠰᠣᠷᠪᠣᠯᠵᠢ ᠶᠢ ᠠᠰᠢᠭᠯᠠᠬᠤ ᠪᠣᠯᠣᠨ᠎ᠠ᠃ ︽ᠰᠣᠳᠣᠷ ᠲᠡᠮᠳᠡᠭᠯᠡᠯ︾ ᠳᠤ ᠾᠦᠩᠨᠦ ᠨᠡᠷ ᠢ ︽ᠳᠣᠪᠳᠣᠯᠵᠣ ᠨᠠᠮᠨᠠᠬᠤ ᠳᠤᠷ ᠭᠠᠪᠰᠢᠭᠠᠢ︾ ᠭᠡᠵᠦ ᠲᠡᠮᠳᠡᠭᠯᠡᠵᠦ ᠪᠠᠶᠢᠭ᠎ᠠ ᠠᠴᠠ ᠦᠵᠡᠪᠡᠯ᠂ ᠾᠦᠩᠨᠦ ᠪᠣᠯ ᠨᠢᠭᠡᠨ ᠮᠣᠶᠢᠳᠠᠨ ᠦᠨᠳᠦᠰᠦᠳᠡᠨ ᠪᠣᠯᠬᠤ ᠨᠢ ᠲᠠᠮᠵᠢᠭ ᠦᠭᠡᠢ᠃ ᠨᠡᠬᠦᠳᠡᠯᠴᠢᠨ ᠮᠣᠷᠢᠳᠠᠨ ᠦᠨᠳᠦᠰᠦᠳᠡᠨ ᠳᠤ ᠠᠪᠴᠣ ᠬᠡᠯᠡᠪᠡᠯ᠂ ᠲᠠᠶᠢᠨ ᠲᠠᠵᠢᠨ ᠡᠬᠦᠰᠬᠦ ᠶᠣᠮ ᠪᠣᠯ ᠡᠷᠡᠴᠦᠳ ᠨᠢ ᠪᠦᠷ ᠲᠠᠶᠢᠴᠢᠨ ᠪᠣᠯᠬᠤ ᠨᠢ ᠰᠡᠵᠢᠭᠯᠡᠰᠢ ᠦᠭᠡᠢ ᠮᠦᠷᠳᠡᠭᠡᠨ ᠡᠮᠡᠭᠳᠡᠶᠢᠴᠣᠳ ᠴᠣ᠋ ᠲᠠᠶᠢᠨ ᠲᠠᠢ ᠬᠤᠯᠪᠣᠭᠳᠠᠯ ᠲᠠᠢ ᠰᠢᠯᠳᠠᠭᠠᠨ ᠢᠶᠠᠷ ᠴᠡᠷᠢᠭ ᠮᠣᠷᠢ ᠪᠠᠨ ᠲᠠᠭᠠᠵᠣ ᠨᠡᠬᠦᠵᠦ ᠶᠠᠪᠣᠬᠤ ᠨᠢ ᠡᠩ ᠤᠨ ᠬᠡᠷᠡᠭ ᠪᠢᠵᠡ᠃ ᠡᠶᠢᠮᠦ ᠣᠨᠴᠠᠭᠠᠢ ᠪᠠᠶᠢᠳᠠᠯ ᠠᠴᠠ ᠪᠣᠯᠵᠣ᠂ ︽ᠵᠠᠯᠠᠭᠤ ᠢᠳᠡᠷᠴᠦᠳ ᠨᠢ ᠨᠡᠶᠢᠭᠡᠮ ᠳᠤ ᠬᠦᠨᠳᠦᠳᠭᠡᠭᠳᠡᠨ᠂ ᠨᠠᠰᠣᠳᠠᠢ ᠪᠣᠭᠤᠷᠠᠯᠴᠣᠳ  ᠨᠢ ᠦᠯᠦ ᠬᠦᠨᠳᠦᠳᠭᠡᠭᠳᠡᠬᠦ︾ ᠨᠢ ᠴᠣ᠋ ᠣᠶᠢᠯᠭᠠᠮᠵᠢ ᠲᠠᠢ ᠬᠡᠷᠡᠭ ᠪᠣᠶᠣ᠃ ︽ᠨᠢᠭᠡᠨ ᠡᠷᠦᠬᠡ ᠶᠢᠨ ᠠᠬᠠᠮᠠᠳ ᠨᠢ ᠲᠠᠶᠢᠨ ᠳᠤ ᠦᠷᠡᠭᠳᠡᠪᠡᠯ᠂ ᠲᠡᠭᠦᠨ ᠤ ᠣᠷᠣ ᠶᠢ ᠵᠠᠯᠭᠠᠮᠵᠢᠯᠠᠭᠰᠠᠨ ᠬᠦᠪᠡᠭᠦᠨ ᠨᠢ᠂ ᠦᠪᠡᠷ ᠤᠨ ᠲᠦᠷᠦᠭᠰᠡᠨ ᠡᠬᠡ  ᠠᠴᠠ ᠪᠠᠨ ᠣᠨᠳᠣᠤ᠂ ᠡᠴᠢᠭᠡ ᠶᠢᠨ ᠢᠶᠠᠨ ᠪᠣᠰᠣᠳ ᠲᠠᠲᠠᠪᠣᠷᠢ ᠨᠤᠭᠤᠳ ᠢ ᠡᠮᠡᠯᠡᠬᠦ ︵レビラト ᠣᠷᠤᠭ︶  ᠨᠢ ᠡᠩ ᠤᠨ ᠬᠡᠷᠡᠭ ᠰᠢᠥᠬᠠᠨ ︽ᠰᠣᠳᠣᠷ ᠲᠡᠮᠳᠡᠭᠯᠡᠯ︾ ᠳᠤ ᠲᠡᠮᠳᠡᠭᠯᠡᠯᠳᠡᠢ ᠪᠣᠯᠪᠠᠴᠣ᠂ ᠲᠡᠭᠡᠳᠦ ᠦᠶ᠎ᠡ ᠶᠢᠨ ᠴᠠᠨ ᠢᠥᠢ ᠶᠢᠨ ᠬᠠᠳᠣᠨ ︵ᠦᠵᠢ᠂ 閼氏 ᠲᠦᠷᠦᠭᠦᠥ ᠦᠰᠦᠭ ᠨᠢ ᠡ ᠪᠠ ᠶᠠᠨ ᠭᠡᠵᠦ ᠬᠤᠶᠠᠷ ᠣᠩᠰᠢᠯᠭ᠎ᠠ ᠲᠠᠢ᠂ ᠲᠠᠷᠠᠭᠠᠬᠢ ᠦᠰᠦᠭ ᠨᠢ ᠣᠳᠣ ᠪᠣᠯ ᠱᠾᠢ ᠣᠩᠰᠢᠬᠤ ᠪᠣᠶᠣ ᡁᠢ ᠭᠡᠵᠦ ᠣᠩᠰᠢᠨ᠎ᠠ᠂ ᠡᠷᠳᠡ ᠲᠡᠭᠡᠳᠦ ᠳᠤ ᠪᠠᠨ ᠪᠣᠯ ᠪᠠᠷᠤᠭ ᠰᠢ ᠪᠣᠶᠣ ᠵᠢᠢ ᠭᠡᠵᠦ ᠣᠩᠰᠢᠳᠠᠭ ᠠᠵᠠᠢ︶ ᠢ ᠶᠡᠬᠡᠯ᠎ᠡ ᠬᠦᠨᠳᠦᠳᠭᠡᠬᠦ ᠵᠠᠩᠰᠢᠯ ᠲᠠᠢ᠂ ᠬᠤᠵᠢᠮ ᠤᠨ ᠮᠣᠩᠭᠤᠯ ᠪᠠ ᠲᠦᠷᠺ ᠴᠣ᠋ ᠡᠶᠢᠮᠦ ᠪᠠᠶᠢᠵᠠᠢ᠃ ᠡᠭᠦᠨ ᠠᠴᠠ ᠦᠵᠡᠪᠡᠯ ᠪᠢᠴᠢᠭ ᠤᠨ ᠰᠣᠷᠭᠠᠯᠳᠠᠨ ᠤ ᠣᠨᠣᠯ ᠢᠶᠠᠷ ᠾᠦᠩᠨᠦᠴᠦᠳ ᠢ ᠬᠡᠳᠦᠷᠬᠡᠢ ᠰᠢᠬᠦᠮᠵᠢᠯᠡᠬᠦ ᠨᠢ ᠲᠡᠣᠬᠡᠨ ᠦᠨᠡᠨ ᠲᠠᠢ ᠨᠡᠶᠢᠴᠡᠬᠦ ᠦᠭᠡᠢ ᠮᠡᠳᠦ ᠪᠠᠶᠢᠨᠠᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号