| | ᠬᠢᠳᠠᠳ ᠲᠡᠣᠬᠡᠨ ᠰᠣᠷᠪᠣᠯᠵᠢ ᠠᠴᠠ ᠾᠦᠩᠨᠦ ᠶᠢᠨ ᠬᠡᠯᠡ ᠶᠢ ᠶᠠᠮᠠᠷ ᠬᠡᠯᠡᠨ ᠤ ᠰᠢᠰᠲ᠋ᠧᠮ ᠳᠤ ᠬᠠᠷᠢᠶᠠᠯᠠᠭᠳᠠᠬᠤ ᠶᠢ | ᠮᠡᠳᠡᠵᠦ ᠴᠢᠳᠠᠬᠤ ᠦᠭᠡᠢ᠂ ᠾᠦᠩᠨᠦ ᠶᠢᠨ ᠬᠡᠯᠡ ᠨᠢ ᠴᠣᠬᠤᠮ ᠶᠠᠮᠠᠷ ᠬᠡᠯᠡ ᠪᠣᠯᠬᠤ ᠲᠣᠬᠠᠢ ᠲᠡᠣᠬᠡᠴᠢᠳ ᠮᠠᠰᠢ | ᠶᠡᠭᠡ ᠰᠠᠨᠠᠯ ᠵᠦᠷᠢᠵᠦ᠂ ᠡᠳᠦᠭᠡ ᠪᠣᠯᠳᠠᠯ᠎ᠠ ᠢᠯᠠᠭᠠᠭᠤᠷᠢ ᠭᠠᠷᠣᠭᠠᠳᠣᠢ ᠪᠠᠶᠢᠭᠰᠠᠭᠠᠷ ᠶᠣᠮ᠃ ᠠᠷᠪᠠᠨ ᠨᠠᠢᠮᠠᠳᠣᠭᠠᠷ | ᠵᠠᠭᠤᠨ ᠠᠴᠠ ᠬᠤᠷᠢᠳᠣᠭᠠᠷ ᠵᠠᠭᠤᠨ ᠤ ᠡᠬᠢᠨ ᠪᠣᠯᠳᠠᠯᠠᠬᠢ᠂ ᠧᠦᠷᠣᠫᠠ ᠶᠢᠨ ᠾᠦᠩᠨᠦ ᠰᠣᠳᠣᠯᠳᠠᠭ ᠡᠷᠳᠡᠮᠳᠡᠨ ᠤ | ᠭᠤᠣᠯ ᠰᠠᠨᠠᠯ ᠨᠢ ᠾᠦᠩᠨᠦ ᠨᠡᠷ ᠶᠠᠮᠠᠷ ᠬᠡᠯᠡᠨ ᠤ ᠰᠠᠯᠪᠣᠷᠢ ᠳᠤ ᠬᠠᠷᠢᠶᠠᠯᠠᠭᠳᠠᠬᠤ ᠶᠢ ᠲᠠᠶᠢᠯᠪᠣᠷᠢᠯᠠᠬᠤ ᠪᠠᠷ | ᠴᠢᠷᠮᠠᠶᠢᠭᠰᠠᠭᠠᠷ ᠢᠷᠡᠵᠡᠢ᠃ ᠵᠢᠱᠢᠶᠡᠯᠡᠪᠡᠯ イノストランツェフ ᠶᠢᠨ ︽ᠾᠦᠩᠨᠦ ᠰᠣᠳᠣᠯᠣᠯ ᠤᠨ | ᠲᠡᠣᠬᠡ︾ ︵1900 ᠣᠨ︶ ᠪᠣᠯ ᠲᠦᠯᠦᠭᠡᠯᠡᠬᠦ ᠴᠢᠨᠠᠷᠳᠠᠢ ᠶᠣᠮ᠃ ᠲᠡᠭᠦᠨ ᠳᠤ ᠾᠦᠩᠨᠦ ᠦᠨᠳᠦᠰᠦᠳᠡᠨ | ᠮᠣᠩᠭᠤᠯ ᠬᠡᠯᠡ ᠲᠠᠢ ᠶᠣᠮ ᠤᠤ᠂ ᠲᠦᠷᠺ ᠬᠡᠯᠡᠳᠡᠢ ᠶᠣᠮ ᠤᠤ᠂ ᠡᠰᠡᠭᠦᠯ᠎ᠡ ᠹᠢᠨ ᠬᠡᠯᠡ ᠲᠠᠢ ᠶᠣᠮ ᠤᠤ ᠭᠡᠳᠡᠭ ᠲᠤ | ᠬᠦᠴᠦ ᠲᠠᠯᠪᠢᠨ ᠣᠷᠣᠯᠳᠣᠵᠣ ᠪᠠᠶᠢᠪᠠ᠃ ᠡᠶᠢᠮᠦᠷᠬᠦ ᠦᠷᠦᠨ᠎ᠡ ᠳᠠᠬᠢᠨ ᠤ ᠰᠣᠳᠣᠯᠣᠯᠭ᠎ᠠ ᠶᠢᠨ ᠨᠦᠯᠦᠭᠡ ᠶᠢ | ᠬᠦᠷᠳᠡᠭᠰᠡᠨ ᠶᠠᠫᠣᠨ ᠳᠤ ᠴᠣ᠋ ᠰᠢᠷᠠᠲ᠋ᠣᠷᠢ ᠺᠢᠷᠠᠺᠦᠴᠢ ᠪᠠ 桑原隲蔵 ᠵᠡᠷᠭᠡ ᠶᠢᠨ ᠡᠷᠳᠡᠮᠳᠡᠨ ᠬᠢᠳᠠᠳ | ᠲᠡᠣᠬᠡᠨ ᠪᠢᠴᠢᠭ ᠠᠴᠠ ᠣᠯᠵᠣ ᠦᠵᠡᠭᠰᠡᠨ ᠾᠦᠩᠨᠦ ᠦᠭᠡ ᠶᠢ ᠰᠣᠩᠭᠤᠨ ᠭᠠᠷᠭᠠᠵᠣ᠂ ᠲᠡᠭᠦᠨ ᠢᠶᠠᠨ ᠾᠦᠩᠨᠦ | ᠶᠢᠨ ᠦᠨᠳᠦᠰᠦᠳᠡᠨ ᠤ ᠬᠡᠯᠡ ᠪᠠᠷ ᠲᠡᠭᠦᠨ ᠤ ᠦᠨᠳᠦᠰᠦᠳᠡᠨ ᠤ ᠬᠠᠷᠢᠶᠠᠯᠠᠯ ᠢ ᠰᠣᠳᠣᠯᠬᠤ ᠭᠤᠣᠯ ᠵᠠᠮ ᠪᠣᠯᠭᠠᠨ | ᠰᠣᠳᠣᠯᠣᠯᠭ᠎ᠠ ᠪᠠᠨ ᠦᠷᠨᠢᠭᠦᠯᠵᠡᠢ᠃ ᠭᠡᠪᠡᠴᠦ 宮脇淳子 ᠶᠢᠨ ᠵᠢᠭᠠᠵᠣ ᠭᠠᠷᠭᠠᠭᠰᠠᠨ ᠲᠠᠢ ᠠᠳᠠᠯᠢ ᠪᠠᠷ | ᠣᠯᠠᠨ ᠦᠨᠳᠦᠰᠦᠳᠡᠨ ᠢᠶᠠᠷ ᠪᠦᠷᠢᠯᠳᠦᠭᠰᠡᠨ ᠨᠡᠬᠦᠳᠡᠯᠴᠢᠨ ᠣᠯᠣᠰ ᠤᠨ ᠬᠡᠯᠡ ᠶᠢ ᠬᠢᠳᠠᠳ ᠲᠡᠣᠬᠡᠨ ᠳᠠᠬᠢ ᠬᠢᠳᠠᠳ | ᠦᠰᠦᠭ ᠢᠶᠠᠷ ᠠᠪᠢᠶᠠᠴᠢᠯᠠᠨ ᠪᠢᠴᠢᠵᠦ ᠲᠡᠮᠳᠡᠭᠯᠡᠭᠳᠡᠨ ᠦᠯᠡᠳᠡᠭᠰᠡᠨ ᠴᠦᠬᠡᠨ ᠬᠡᠳᠦᠨ ᠦᠭᠡ ᠶᠢ ᠣᠳᠣ ᠦᠶ᠎ᠡ ᠶᠢᠨ | ᠮᠣᠩᠭᠤᠯ ᠦᠭᠡ᠂ ᠲᠦᠷᠺ ᠦᠭᠡ ᠪᠠᠷ ᠲᠠᠶᠢᠯᠪᠣᠷᠢᠯᠠᠵᠣ ᠴᠢᠳᠠᠪᠠᠴᠣ᠂ ᠾᠦᠩᠨᠦ ᠭᠡᠳᠡᠭ ᠡᠷᠳᠡᠨ ᠤ ᠨᠡᠭᠦᠳᠡᠯᠴᠢᠨ | ᠣᠯᠣᠰ ᠤᠨ ᠪᠦᠬᠦ ᠢᠷᠭᠡᠳ ᠤᠨ ᠦᠭᠡ ᠬᠡᠯᠡ ᠶᠠᠮᠠᠷ ᠭᠡᠵᠦ ᠲᠣᠲᠣᠯᠠᠬᠤ ᠨᠢ ᠠᠷᠠᠢ ᠵᠣᠬᠢᠰ ᠦᠭᠡᠢ ᠭᠡᠳᠡᠭ ᠨᠢ ᠴᠣ᠋ | ᠶᠣᠰᠣ ᠲᠠᠢ ᠦᠭᠡ ᠪᠠᠶᠢᠨ᠎ᠠ ᠭᠡᠵᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |