ᠡᠾᠦ᠋ᠩᠨᠤ ᠶᠢᠨ ᠬᠠᠣᠯᠢ ᠴᠠᠭᠠᠵᠠ ᠤᠣᠬᠠᠨ ᠬ᠊
ᠨᠡᠶᠢᠲᠡᠯᠡᠭᠰᠡᠨ ᠴᠠᠭ᠄
2020/10/19
ᠶᠠᠯ᠎ᠠ ᠶᠢᠨ ᠬᠡᠯᠪᠡᠷᠢ ᠠᠴᠠ ᠨᠢ᠂ ᠦᠵᠡᠪᠡᠯ ᠭᠤᠣᠯᠳᠠᠭᠤ ᠭᠤᠷᠪᠠᠨ ᠵᠦᠢᠯ ᠪᠣᠢ᠃ ᠲᠠᠷᠣᠢ ᠦᠬᠦᠬᠦ ᠶᠠᠯ᠎ᠠ᠂ ᠨᠢᠴᠠᠯᠬᠤ ᠶᠠᠯ᠎ᠠ᠂ ᠡᠳ᠋ ᠢ ᠨᠢ ᠲᠠᠯᠠᠭᠳᠠᠬᠤ ᠵᠡᠷᠭᠡ ᠪᠣᠢ᠃ ᠨᠢᠴᠠᠯᠠᠬᠤ ᠭᠡᠳᠡᠭ ᠨᠢ ᠲᠡᠷᠭᠡ ᠪᠠᠷ ᠲᠠᠭᠠᠷᠢᠭᠤᠯᠣᠨ ᠶᠠᠰᠣ ᠦᠶ᠎ᠡ ᠶᠢ ᠨᠢ ᠬᠡᠮᠬᠡᠯᠡᠬᠦ ᠪᠣᠶᠣ ᠬᠢᠳᠤᠭ᠎ᠠ ᠪᠠᠷ ᠨᠢᠭᠤᠷ ᠤᠨ ᠠᠷᠠᠰᠣ ᠶᠢ ᠨᠢ ᠬᠠᠭᠠᠯᠠᠬᠤ ᠶᠢ ᠵᠢᠭᠠᠵᠣ ᠪᠠᠶᠢᠨ᠎ᠠ᠃ ᠾᠦᠩᠨᠦ ᠶᠢᠨ ᠬᠠᠣᠯᠢ ᠴᠠᠭᠠᠵᠠ ᠪᠣᠯ ᠵᠦᠩ ᠬᠠᠩ ᠶᠣᠸᠠᠢ ᠶᠢᠨ ᠬᠡᠯᠡᠭᠰᠡᠨ ᠮᠡᠳᠦ ᠪᠠᠷ ︽ᠲᠦᠭᠦᠮ ᠪᠣᠯᠪᠠᠴᠣ ᠬᠡᠷᠡᠭᠵᠢᠬᠦᠯᠬᠦ ᠳᠤ ᠬᠢᠯᠪᠡᠷ︾ ᠭᠡᠳᠡᠭ ᠢᠶᠠᠷ ᠦᠨᠡᠬᠡᠷ ᠲᠦᠭᠦᠮ ᠮᠦᠷᠳᠡᠭᠡᠨ ᠴᠢᠩᠭ᠎ᠠ ᠭᠡᠳᠡᠭ ᠢᠶᠠᠷ ᠣᠨᠴᠠᠯᠠᠭᠳᠠᠨ᠎ᠠ᠃ ᠦᠬᠦᠬᠦ ᠶᠠᠯ᠎ᠠ ᠨᠢ᠄ ᠬᠢᠳᠤᠭ᠎ᠠ ᠭᠡᠷᠡᠭᠯᠡᠨ ᠬᠦᠮᠦᠨ ᠤ ᠪᠠᠶ᠎ᠠ ᠶᠢ ᠲᠣᠬᠤᠢ ︵22~23cm︶ ᠬᠢᠷᠢᠳᠡᠢ ᠭᠡᠮᠳᠦᠭᠡᠭᠰᠡᠨ ᠪᠣᠶᠣ ᠦᠬᠦᠭᠦᠯᠦᠭᠰᠡᠳ ᠳᠤ ᠦᠬᠦᠬᠦ ᠶᠠᠯ᠎ᠠ ᠣᠨᠣᠭᠳᠠᠭᠤᠯᠣᠨ᠎ᠠ᠃ ᠳᠦᠰᠢᠮᠡᠯ ᠪᠣᠯᠬᠤ ᠠᠴᠠ ᠲᠠᠲᠠᠭᠠᠯᠵᠠᠭᠰᠠᠳ ᠪᠣᠶᠣ ᠣᠷᠪᠠᠭᠴᠢᠳ ᠲᠤ ᠦᠬᠦᠬᠦ ᠶᠠᠯ᠎ᠠ ᠣᠨᠣᠭᠳᠠᠭᠤᠯᠣᠨ᠎ᠠ᠃ ᠲᠠᠶᠢᠨ ᠳᠤ ᠬᠤᠯᠴᠠᠶᠢᠨ ᠲᠡᠶᠢᠯᠦᠭᠳᠡᠭᠰᠡᠳ ᠢ ᠮᠦᠨ ᠦᠬᠦᠬᠦ ᠶᠠᠯ᠎ᠠ ᠲᠣᠯᠭᠠᠨ᠎ᠠ᠃ ᠲᠠᠶᠢᠨ ᠤ ᠣᠷᠭᠤᠳᠣᠯ ᠳᠤ ᠦᠬᠦᠬᠦ ᠶᠠᠯ᠎ᠠ ᠲᠣᠯᠭᠠᠨ᠎ᠠ᠃ ᠨᠢᠴᠠᠯᠠᠬᠤ ᠶᠠᠯ᠎ᠠ᠄ ᠪᠠᠭ᠎ᠠ ᠰᠠᠭ᠎ᠠ ᠶᠠᠯ᠎ᠠ ᠳᠤ ᠨᠢᠴᠠᠯᠠᠬᠤ ᠶᠠᠯ᠎ᠠ ᠲᠣᠯᠭᠠᠨ᠎ᠠ᠃ ᠡᠳ᠋ ᠢ ᠨᠢ ᠲᠠᠯᠠᠭᠳᠠᠬᠤ᠄ ᠬᠤᠯᠠᠭᠠᠶᠢᠴᠢ ᠶᠢᠨ ᠶᠠᠯ᠎ᠠ ᠳᠤ ᠪᠣᠯ ᠡᠷᠦᠭᠡ ᠭᠡᠷ ᠤᠨ ᠡᠳ᠋ ᠬᠦᠷᠦᠩᠭᠡ ︵ᠮᠠᠯ ᠣᠨᠤᠭ᠎ᠠ ᠶᠢ ᠨᠢ ᠬᠤᠷᠢᠶᠠᠮᠵᠢᠯᠠᠨ᠎ᠠ︶  ᠶᠢ ᠨᠢ ᠲᠠᠯᠠᠭᠳᠠᠨ᠎ᠠ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号