ᠡᠾᠦ᠋ᠩᠨᠤ ᠶᠢᠨ ᠣᠷᠣᠰᠢᠭᠤᠯᠭ᠎ᠠᠤᠣᠬᠠᠨ ᠬ᠊
ᠨᠡᠶᠢᠲᠡᠯᠡᠭᠰᠡᠨ ᠴᠠᠭ᠄
2020/10/19
︽ᠰᠣᠳᠣᠷ ᠲᠡᠮᠳᠡᠭᠯᠡᠯ︾ ᠳᠤ ᠪᠢᠴᠢᠵᠣ ᠪᠠᠶᠢᠭ᠎ᠠ ᠪᠠᠷ᠂ ᠦᠬᠦᠭᠰᠡᠳ ᠲᠤ ᠪᠠᠨ ᠠᠪᠰᠠ ᠪᠠᠶᠢᠵᠣ᠂ ᠶᠡᠭᠡ ᠬᠡᠮᠵᠢᠶᠡᠨ  ᠤ ᠠᠯᠳᠠ ᠮᠦᠩᠭᠦ ᠡᠳ᠋ ᠡᠷᠳᠡᠨᠢᠰ ᠳᠡᠪᠡᠯ ᠬᠤᠪᠴᠠᠰᠣ ᠵᠡᠷᠭᠡ ᠪᠠᠨ ᠲᠠᠭᠠᠯᠳᠣᠭᠤᠯᠣᠨ ᠣᠷᠣᠰᠢᠭᠤᠯᠣᠮᠣᠢ᠂ ᠲᠡᠭᠡᠭᠡᠳ ᠣᠩᠭᠤᠨ ᠪᠣᠰᠬᠠᠬᠤ ᠦᠭᠡᠢ᠂ ᠣᠩᠭᠤᠨ ᠤ ᠭᠠᠵᠠᠷ ᠲᠡᠭᠡᠷ᠎ᠡ ᠨᠢ ᠮᠣᠳᠣ ᠲᠠᠷᠢᠬᠤ ᠨᠢ ᠴᠦ ᠪᠣᠢ ᠭᠡᠵᠡᠢ᠃ ᠲᠡᠳᠡᠨᠡᠷ  ᠲᠤ ᠪᠡᠯᠪᠡᠰᠦᠷᠡᠯ ᠤᠨ ᠬᠤᠪᠴᠠᠰᠣ ᠭᠡᠵᠦ ᠦᠭᠡᠢ᠂ ᠭᠡᠪᠡᠴᠦ ᠬᠤᠶᠢᠯᠠᠯᠭ᠎ᠠ ᠭᠠᠷᠭᠠᠬᠤ ᠳᠤ ᠠᠮᠠᠷᠠᠭ ᠬᠠᠳᠣᠳ ᠪᠠ ᠢᠳᠡᠭᠡᠯᠳᠡᠨ ᠰᠠᠶᠢᠳ ᠨᠢ ᠲᠠᠭᠠᠯᠳᠣᠨ ᠦᠬᠦᠭᠴᠢᠳ ᠵᠠᠭᠤᠨ ᠮᠢᠩᠭᠠᠨ ᠢᠶᠠᠷ ᠪᠣᠢ ᠠᠮᠣᠢ ᠭᠡᠵᠡᠢ᠃ ᠡᠶᠢᠮᠦᠷᠬᠦ ᠣᠩᠭᠤᠨ ᠪᠣᠯᠠᠰᠢ ᠬᠤᠵᠢᠮ ᠤᠨ ᠦᠨᠳᠦᠷ ᠲᠡᠷᠭᠡᠳᠦ ᠶᠢᠨ ᠵᠠᠩ ᠲᠠᠳᠬᠠᠯ ᠳᠤ ᠴᠣ᠋ ᠬᠠᠷᠠᠭᠳᠠᠵᠣ ᠪᠠᠶᠢᠪᠠ᠃ ᠡᠨᠡ ᠨᠢ ᠰᠺᠢᠲ᠋ᠠᠢ ᠶᠢᠨ ᠪᠣᠯᠠᠰᠢ ᠲᠠᠢ ᠪᠣᠯ ᠠᠳᠠᠯᠢ ᠦᠭᠡᠢ ᠪᠠᠶᠢᠨ᠎ᠠ᠃ ᠡᠮᠦᠨ᠎ᠡ ᠬᠡᠯᠡᠵᠦ ᠦᠩᠭᠡᠷᠡᠭᠰᠡᠨ ᠬᠣ᠋ ᠶᠠᠨ ᠲᠢ ᠴᠠᠨ ᠢᠥᠢ ᠶᠢᠨ ᠦᠶ᠎ᠡ ᠳᠤ᠂ ᠾᠦᠩᠨᠦ ᠶᠢᠨ ᠸᠠᠩ ᠤᠨ ᠪᠣᠯᠠᠰᠢ ᠶᠢ ᠦᠬᠤᠸᠠᠨ ᠬᠦᠮᠦᠰ ᠠᠭᠤᠳᠠᠯᠠᠪᠠ ᠭᠡᠰᠡᠨ ᠲᠡᠣᠬᠡᠨ ᠲᠡᠮᠳᠡᠭᠯᠡᠯ ᠪᠠᠶᠢᠭ᠎ᠠ ᠪᠣᠯᠪᠠᠴᠣ᠂ ᠬᠤᠵᠢᠮ ᠨᠢ ᠡᠳᠦᠬᠡ ᠪᠣᠯᠳᠠᠯ᠎ᠠ ᠾᠦᠩᠨᠦ ᠶᠢᠨ ᠸᠠᠩ ᠤᠨ ᠪᠣᠯᠠᠰᠢ ᠭᠡᠵᠦ ᠨᠢᠭᠡᠴᠦ ᠣᠯᠳᠠᠭᠠᠳᠣᠢ ᠪᠠᠶᠢᠭᠰᠠᠭᠠᠷ ᠶᠣᠮ᠃ ᠨᠡᠶᠢᠳᠡ ᠶᠢᠨ ᠣᠨ ᠲᠣᠭᠠᠯᠠᠯ ᠤᠨ ᠡᠮᠦᠨ᠎ᠡ ᠬᠤᠶᠢᠨᠠᠬᠢ ᠵᠡᠬᠦᠨ ᠾᠦᠩᠨᠦ᠂ ᠬᠠᠨ ᠣᠯᠣᠰ ᠲᠠᠢ ᠨᠠᠶᠢᠷᠠᠮᠳᠠᠯ ᠢᠶᠠᠷ ᠣᠷᠣᠰᠢᠵᠣ᠂ ᠲᠡᠭᠦᠨ ᠠᠴᠠ ᠵᠢᠭᠠᠬᠠᠨ ᠰᠡᠬᠦᠯᠴᠢ ᠪᠠᠷ ᠾᠦᠩᠨᠦ ᠨᠡᠷ ᠨᠢᠭᠡᠨ ᠴᠠᠭ  ᠤᠨ ᠬᠦᠭᠵᠢᠯ ᠢᠶᠠᠨ ᠣᠯᠵᠣ ᠪᠠᠶᠢᠭ᠎ᠠ ᠴᠠᠭ ᠦᠶ᠎ᠡ ᠳᠤ ᠲᠡᠭᠦᠨ ᠤ ᠸᠠᠩ ᠤᠨ ᠪᠣᠯᠠᠰᠢ ᠪᠣᠯᠪᠠᠥ ᠬᠡᠮᠡᠷ ᠮᠣᠩᠭᠤᠯ ᠤᠨ ᠦᠨᠳᠦᠷᠯᠢᠭ ᠤᠨ ᠠᠷᠣ ᠬᠡᠰᠡᠭ ᠲᠤ ᠪᠠᠶᠢᠭ᠎ᠠ ᠨᠣᠶᠠᠨ ᠠᠭᠤᠯᠠ ᠪᠠ ᠪᠣᠷᠢᠶᠠᠳ ᠤᠨ ᠡᠮᠦᠨ᠎ᠡ ᠬᠡᠰᠡᠭ ᠲᠤ ᠪᠠᠶᠢᠭ᠎ᠠ イリモヴァヤ・パヂ ᠳᠤ ᠢᠯᠡᠷᠡᠭᠦᠯᠦᠭᠰᠡᠨ ᠣᠩᠭᠤᠨ ᠪᠣᠯᠠᠰᠢ ᠭᠡᠳᠦ ᠪᠠᠶᠢᠭ᠎ᠠ ᠶᠣᠮ᠃ ᠲᠡᠭᠦᠨ ᠠᠴᠠ ᠠᠵᠢᠭᠯᠠᠬᠤᠯ᠎ᠠ᠂ ᠨᠣᠶᠠᠨ ᠠᠭᠤᠯᠠ ᠶᠢᠨ ᠪᠣᠯᠠᠰᠢ ᠳᠤ ᠲᠠᠪᠬᠤᠷ ᠠᠪᠰᠠ ᠲᠠᠢ᠂ ᠭᠠᠳᠠᠷ ᠠᠪᠰᠠ ᠶᠢᠨ ᠲᠣᠣᠷ᠎ᠠ ᠢᠰᠡᠬᠡᠢ ᠲᠡᠪᠢᠰᠴᠦ᠂ ᠢᠰᠡᠬᠡᠢ ᠲᠡᠭᠡᠷ᠎ᠡ ᠪᠠᠨ ᠲᠡᠷ᠎ᠡ ᠮᠣᠳᠣ ᠲᠠᠯᠪᠢᠨ᠂ ᠲᠡᠭᠡᠷ᠎ᠡ ᠨᠢ ᠲᠣᠲᠣᠷ ᠠᠪᠰᠠ ᠪᠠᠨ ᠲᠠᠯᠪᠢᠵᠠᠢ ᠃ ᠲᠠᠭᠠᠯᠳᠣᠭᠤᠯᠣᠨ ᠣᠷᠣᠰᠢᠭᠤᠯᠣᠭᠰᠠᠨ ᠡᠳ᠋ ᠲᠤ ᠸᠠᠭᠠᠷ ᠰᠠᠪᠠ᠂ ᠬᠦᠷᠡᠯ ᠰᠠᠪᠠ᠂ ᠬᠠᠰ ᠡᠳ᠋ᠯᠡᠯ᠂ ᠮᠣᠳᠣᠨ ᠡᠳ᠋ᠯᠡᠯ ᠪᠣᠳᠣᠭᠳᠣ ᠨᠡᠬᠡᠮᠡᠯ᠂ ᠰᠢᠷ ᠰᠠᠪᠠ᠂ ᠵᠡᠷᠭᠡ ᠭᠤᠣᠯᠳᠠᠭᠤ ᠲᠣᠮᠳᠠᠳᠣ ᠣᠯᠣᠰ ᠤᠨ ᠡᠳ᠋ ᠪᠠᠷᠠᠭ᠎ᠠ ᠨᠤᠭᠤᠳ ᠪᠠᠶᠢᠵᠠᠢ᠃ ᠭᠡᠪᠡᠴᠦ ᠪᠠᠰᠠ ᠬᠦᠷᠡᠯ ᠲᠣᠭᠤᠭ᠎ᠠ ᠪᠠ ᠭᠯᠢᠹᠣᠨ ᠤ ᠶᠠᠩᠵᠣ ᠲᠠᠢ ᠰᠣᠨᠢᠨ ᠰᠢᠪᠠᠭᠤ ᠴᠠ ᠪᠣᠭᠤ ᠶᠢ ᠲᠠᠭᠠᠷᠢᠵᠣ ᠪᠠᠶᠢᠭ᠎ᠠ ᠵᠢᠷᠤᠭ ᠬᠡ ᠲᠠᠢ ᠨᠡᠬᠦᠳᠡᠯᠴᠢᠨ ᠦᠨᠳᠦᠰᠦᠳᠡᠨ ᠤ ᠦᠪᠡᠷᠮᠢᠴᠡ ᠰᠣᠶᠣᠯ ᠪᠦᠬᠦᠢ ᠡᠳ᠋ ᠦᠯᠦᠭ ᠴᠦ ᠢᠯᠡᠷᠡᠵᠦ ᠪᠠᠶᠢᠪᠠ᠃ ᠡᠭᠦᠨ ᠠᠴᠠ ᠭᠠᠳᠠᠨ᠎ᠠ ᠬᠤᠷᠭᠤᠢ ᠲᠣᠷᠭ᠎ᠠ ᠲᠡᠭᠡᠷ᠎ᠡ ᠡᠪᠡᠷ ᠲᠠᠢ ᠪᠦᠭᠡᠳ ᠵᠢᠭᠦᠷ ᠲᠠᠢ ᠠᠷᠰᠯᠠᠨ  ᠤ ᠵᠢᠷᠤᠭ ᠲᠠᠢ ᠲᠣᠮᠳᠠᠳᠣ ᠣᠯᠣᠰ ᠤᠨ ᠠᠳᠠ ᠠᠴᠠ ᠵᠠᠶᠢᠯᠠᠭᠤᠯᠬᠤ ᠰᠣᠶᠣᠯ ᠤᠨ ᠨᠦᠯᠦᠭᠡ ᠲᠠᠢ ᠬᠠᠳᠬᠤᠮᠠᠯ ᠵᠢᠷᠤᠭ ᠲᠠᠢ ᠨᠡᠬᠡᠮᠡᠯ ᠴᠣ᠋ ᠢᠯᠡᠷᠡᠵᠡᠢ᠃ ᠡᠨᠡ ᠨᠢ ᠬᠡᠯᠡᠯᠭᠡᠨ ᠦᠭᠡᠢ ᠠᠯᠢ ᠣᠵᠣᠭᠤᠷ ᠤᠨ ᠠᠺᠧᠮᠧᠨᠧᠰ ᠲᠦᠷᠦ ᠶᠢᠨ ᠠᠷᠰᠯᠠᠨ ᠪᠠ ᠭᠯᠢᠹᠦᠨ ᠠᠴᠠ ᠢᠷᠡᠯᠳᠡ ᠶᠠᠭᠤᠮ᠎ᠠ ᠮᠦᠨ᠃ イリモヴァヤ・パヂ ᠶᠢᠨ ᠪᠠᠭᠤᠷᠢ ᠳᠤ ᠮᠦᠨ ᠬᠤᠶᠠᠷ ᠲᠠᠪᠬᠤᠷ ᠠᠪᠰᠠ ᠢᠯᠡᠷᠡᠵᠦ᠂ ᠲᠣᠭᠤᠷᠢᠮ ᠤᠨ ᠪᠠᠭᠤᠷᠢ ᠳᠤ ᠪᠣᠯ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ ᠨᠢᠭᠡ ᠵᠠᠭᠤ ᠠᠴᠠ ᠨᠡᠶᠢᠳᠡ ᠶᠢᠨ ᠣᠨ ᠲᠣᠭᠠᠯᠠᠯ ᠤᠨ ᠨᠢᠭᠡᠳᠦᠭᠡᠷ ᠵᠠᠭᠤᠨ ᠳᠤ ᠣᠷᠣᠰᠢᠭᠤᠯᠣᠭᠰᠠᠨ ᠪᠣᠯᠠᠰᠢ ᠪᠠᠶᠢᠵᠣ᠂ ᠪᠣᠯᠠᠰᠢ ᠶᠢᠨ ᠲᠣᠲᠣᠷᠠᠬᠢ ᠡᠳ᠋ ᠦᠯᠦᠭ ᠨᠢ ︽ᠰᠣᠳᠣᠷ ᠲᠡᠮᠳᠡᠭᠯᠡᠯ︾ ᠳᠤ ᠲᠡᠮᠳᠡᠭᠯᠡᠭᠰᠡᠨ ᠲᠠᠢ ᠪᠠᠷᠤᠭ ᠨᠡᠶᠢᠴᠡᠵᠦ᠂ ᠾᠦᠩᠨᠦ ᠶᠢᠨ ᠪᠣᠯᠠᠰᠢ ᠶᠢᠨ ᠬᠡᠯᠪᠡᠷᠢ ᠲᠠᠢ ᠪᠠᠶᠢᠭ᠎ᠠ ᠨᠢ ᠮᠡᠳᠡᠭᠳᠡᠵᠦ ᠪᠠᠶᠢᠨ᠎ᠠ᠃ ᠭᠡᠶ᠎ᠡ ᠡᠳᠡᠭᠡᠷ ᠪᠣᠯᠠᠰᠢ ᠪᠣᠯ ᠪᠦᠷ ᠲᠦᠷᠪᠡᠯᠵᠢᠨ ᠪᠣᠯᠠᠰᠢ ᠪᠠᠷ ᠭᠤᠣᠯᠯᠠᠵᠣ᠂ ᠰᠺᠢᠲ᠋ᠠᠢ ᠪᠣᠯᠠᠰᠢ ᠲᠠᠢ ᠠᠳᠠᠯᠢ ᠦᠭᠡᠢ ᠪᠠᠷ ᠢᠶᠠᠨ ᠢᠯᠭᠠᠷᠠᠵᠣ ᠪᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号