ᠡᠾᠦ᠋ᠩᠨᠤ ᠶᠢᠨ ᠣᠷᠤᠭ ᠬᠤᠷᠢᠮ ᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦ ᠶᠢᠨ ᠣᠷᠤᠭ ᠬᠤᠷᠢᠮ ᠭᠡᠪᠡᠯ᠂ ᠴᠠᠨ ᠢᠥᠢ ᠶᠢᠨ ᠯᠣᠸᠠᠨ ᠲᠢ ︵攣鞮︶ ᠣᠪᠣᠭᠳᠠᠨ ᠳᠤ ᠳᠣᠭᠳᠠᠭᠰᠠᠨ ᠣᠷᠤᠭ ᠤᠨ ᠬᠠᠷᠢᠴᠠᠭ᠎ᠠ ᠲᠠᠢ ᠣᠪᠣᠭᠳᠠᠨ ᠪᠣᠯᠬᠤ ᠬᠣ᠋ ᠶᠠᠨ ︵呼衍︶ ᠣᠪᠣᠭ᠂ ᠯᠠᠨ ︵蘭 ︶ ᠣᠪᠣᠭ᠂ ᠰᠢᠥᠢ ᠪᠦ᠋ ︵須蔔︶ ᠣᠪᠣᠭ ᠵᠡᠷᠭᠡ ᠶᠢᠨ ᠢᠵᠡᠭᠤᠷᠳᠠᠨ ᠣᠪᠣᠭᠳᠠᠨ ᠪᠣᠢ ᠠᠮᠣᠢ᠃ ᠲᠡᠳᠡᠨᠡᠷ ᠬᠤᠭᠤᠷᠣᠨᠳᠣ ᠪᠠᠨ ᠬᠠᠷᠢᠯᠴᠠᠨ ᠣᠷᠣᠭᠯᠠᠳᠠᠭ ᠠᠵᠠᠢ᠃ ᠪᠠᠰᠠ ᠾᠦᠩᠨᠦ ᠶᠢᠨ ᠲᠣᠲᠣᠭᠠᠳᠣ ᠳᠤ ᠭᠤᠣᠯ ᠴᠣᠭᠴᠠ ᠪᠣᠯᠣᠭᠰᠠᠨ ᠲᠤ ᠭᠧ ︵屠各︶ ᠭᠡᠳᠡᠭ ᠣᠪᠣᠭ ᠪᠣᠢ᠃ ︽ᠪᠠᠷᠠᠭᠤᠨ ᠶᠢᠨ ᠣᠯᠣᠰ ᠤᠨ ᠪᠢᠴᠢᠭ︾ ᠤᠨ ᠲᠦᠷᠪᠡᠨ ᠬᠠᠷᠢ ᠶᠢᠨ ᠱᠠᠰᠳᠢᠷ ᠲᠤ ᠲᠡᠮᠳᠡᠭᠯᠡᠭᠰᠡᠨ ᠢᠶᠠᠷ ᠾᠦᠩᠨᠦᠴᠦᠳ ᠬᠠᠷᠢ ᠣᠪᠣᠭᠳᠠᠨ ᠲᠠᠢ ᠣᠷᠣᠭᠴᠠᠬᠤ ᠶᠣᠰᠣᠨ ᠦᠭᠡᠢ ᠬᠡᠮᠡᠳᠡᠭ ᠪᠦᠯᠦᠭᠡ᠃ ᠭᠡᠳᠡᠯ᠎ᠡ ᠬᠠᠷᠢᠨ ᠬᠠᠨ ᠣᠯᠣᠰ ᠠᠴᠠ ᠬᠦᠩᠵᠦ ᠶᠢ ᠨᠢ ᠪᠠᠭᠤᠯᠭᠠᠨ ᠠᠪᠴᠢᠷᠠᠵᠣ ᠬᠠᠳᠣᠨ ᠢᠶᠠᠨ ᠪᠣᠯᠭᠠᠵᠣ ᠪᠠᠶᠢᠭᠰᠠᠨ ᠪᠦᠭᠡᠳ ᠲᠡᠭᠦᠨ ᠤ ᠲᠦᠷᠦᠭᠰᠡᠨ ᠬᠦᠪᠡᠭᠦᠨ ᠨᠢ ᠴᠠᠨ ᠢᠥᠢ ᠪᠣᠯᠣᠭᠠᠳ᠂ ᠲᠡᠭᠦᠨ ᠢ ᠦᠵᠢ ᠪᠣᠯᠭᠠᠨ ᠬᠦᠨᠳᠦᠯᠡᠵᠦ ᠪᠠᠶᠢᠭᠰᠠᠨ ᠣᠨᠴᠠᠭᠠᠢ ᠵᠠᠩ ᠲᠠᠳᠬᠠᠯ ᠪᠠᠶᠢᠭᠰᠠᠨ ᠣᠴᠢᠷ ᠪᠣᠯ ᠲᠡᠣᠬᠡᠨ ᠦᠨᠡᠨ ᠬᠡᠷᠡᠭ ᠠᠵᠠᠢ᠃ ᠮᠦᠨᠴᠦ ᠠᠬ᠎ᠠ ᠨᠢ ᠦᠬᠦᠪᠡᠯ ᠲᠡᠭᠦᠥ ᠨᠢ ᠠᠬ᠎ᠠ ᠶᠢᠨ ᠢᠶᠠᠨ ᠡᠬᠡᠨᠡᠷ ᠢ ᠡᠬᠡᠨᠡᠷ ᠪᠣᠯᠭᠠᠨ ᠠᠪᠳᠠᠭ レビラト ᠣᠷᠤᠭ ᠤᠨ ᠵᠠᠩᠰᠢᠯ ᠪᠠᠶᠢᠵᠣ᠂ ᠲᠣᠬᠠᠢ ᠶᠢᠨ ᠦᠶ᠎ᠡ ᠳᠤ ᠾᠦᠩᠨᠦ ᠳᠤ ᠶᠡᠭᠡ ᠳᠦᠰᠢᠮᠡᠯ ᠪᠠᠶᠢᠭᠰᠠᠨ ᠵᠦᠩ ᠬᠠᠩ ᠶᠣᠸᠠᠢ ᠶᠢᠨ ᠬᠡᠯᠡᠬᠦ ᠪᠠᠷ ᠪᠣᠯ ᠣᠷᠤᠭ ᠡᠯᠢᠭᠡᠨ ᠢᠶᠠᠨ ᠠᠯᠳᠠᠭᠤᠵᠠᠢ ᠬᠡᠮᠡᠨ ᠡᠮᠢᠶᠡᠭᠰᠡᠨ ᠠᠴᠠ ᠪᠣᠯᠣᠯ᠎ᠠ ᠭᠡᠳᠡᠭ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号