ᠡᠾᠦ᠋ᠩᠨᠤ ᠶᠢᠨ ᠡᠮᠦᠰᠴᠦ᠂ ᠢᠳᠡᠬᠦ ᠪᠠ ᠰᠠᠭᠤᠬᠤ ᠤᠣᠬᠠᠨ ᠬ᠊
ᠨᠡᠶᠢᠲᠡᠯᠡᠭᠰᠡᠨ ᠴᠠᠭ᠄
2020/10/19
ᠾᠦᠩᠨᠦᠴᠣᠳ ᠤᠨ ᠬᠤᠪᠴᠠᠰᠣ ᠭᠡᠪᠡᠯ ᠭᠤᠣᠯᠳᠠᠭᠤ ᠠᠷᠠᠰᠣ ᠬᠦᠷᠦᠰᠦ ᠪᠠ ᠨᠣᠣᠰᠣ ᠨᠡᠬᠡᠮᠡᠯ ᠤᠨ ᠵᠦᠢᠯ ᠪᠠᠶᠢᠵᠣ᠂ ᠮᠣᠷᠢᠳᠠᠨ ᠦᠨᠳᠦᠰᠦᠳᠡᠨ ᠳᠤ ᠳᠣᠳᠠᠭᠳᠠᠵᠣ ᠪᠣᠯᠣᠰᠢ ᠦᠭᠡᠢ ᠬᠣ᠋ ᠶᠢᠨ ᠬᠤᠪᠴᠠᠰᠣ ᠭᠡᠳᠡᠭ ᠲᠤ ᠦᠮᠦᠳᠦ ᠶᠢ ᠪᠣᠯ ᠨᠡᠶᠢᠳᠡᠮ ᠭᠡᠷᠡᠭᠯᠡᠵᠦ ᠪᠠᠶᠢᠪᠠ᠃ ᠬᠠᠷᠢᠨ ᠪᠠᠶᠢᠯᠳᠣᠭᠠᠨᠳᠣ ᠣᠯᠣᠰ ᠤᠨ ᠦᠶ᠎ᠡ ᠶᠢᠨ ᠲᠣᠮᠳᠠᠳᠣ ᠣᠷᠣᠨ ᠤ ᠬᠦᠮᠦᠰ  ᠲᠤ ᠪᠣᠯ ᠦᠮᠦᠳᠦ ᠬᠡᠳᠡᠭ ᠣᠬᠠᠭᠳᠠᠬᠤᠨ ᠦᠭᠡᠢ ᠪᠢᠯᠡ᠃ ᠲᠡᠶᠢᠮᠦ ᠠᠴᠠ ᠨᠦᠮᠦᠷᠭᠡ ᠮᠡᠳᠦ ᠣᠷᠳᠣ ᠬᠤᠪᠴᠠᠰᠣ  ᠪᠠᠨ ᠡᠮᠦᠰᠴᠦ ᠮᠣᠷᠢ ᠣᠨᠣᠵᠣ ᠴᠢᠳᠠᠬᠤ ᠦᠭᠡᠢ ᠪᠣᠯᠬᠤᠷ᠂ ᠵᠦᠪᠬᠡᠨ ᠪᠠᠶᠢᠯᠳᠣᠭᠠᠨ ᠤ ᠲᠡᠷᠭᠡ ᠭᠡᠳᠡᠭ ᠮᠣᠷᠢᠨ ᠲᠡᠷᠭᠡᠨ ᠳᠡᠭᠡᠨ ᠰᠠᠭᠤᠵᠣ ᠲᠠᠶᠢᠯᠠᠯᠳᠣᠳᠠᠭ ᠪᠠᠶᠢᠵᠠᠢ᠃ ᠭᠡᠪᠡᠴᠦ ᠡᠨᠡᠬᠦ ᠲᠠᠶᠢᠨ ᠤ ᠲᠡᠷᠭᠡ ᠨᠢ ᠮᠣᠷᠢᠳᠠᠨ ᠲᠠᠶᠢᠴᠢᠳ ᠢ ᠪᠣᠳᠣᠪᠠᠯ ᠬᠤᠯᠠ ᠬᠤᠴᠣᠷᠣᠩᠭᠤᠢ ᠪᠠᠶᠢᠭᠰᠠᠨ ᠲᠣᠯᠠ᠂ ᠵᠣᠤ ᠣᠯᠣᠰ ᠤᠨ ᠡᠣ ᠯᠢᠩ ᠸᠠᠩ ᠵᠠᠷᠯᠢᠭ ᠪᠠᠭᠤᠯᠭᠠᠨ ᠦᠪᠡᠷ ᠤᠨ ᠴᠡᠷᠢᠭ ᠢᠶᠠᠨ ︽ᠬᠣ᠋ ᠶᠢᠨ ᠬᠤᠪᠴᠠᠰᠣ ᠶᠢ ᠡᠮᠦᠰᠦᠨ᠂ ᠮᠣᠷᠢ ᠣᠨᠣᠵᠣ ᠪᠠᠶᠢᠯᠳᠣᠬᠤ︾ ᠶᠢ  ᠰᠣᠷᠭᠠᠵᠣ ᠂ ᠳᠣᠮᠳᠠᠳᠣ ᠣᠯᠣᠰ ᠤᠨ ᠴᠡᠷᠢᠭ ᠨᠢ ᠰᠠᠶ᠋ᠢ ᠲᠣᠬᠠᠢ ᠶᠢᠨ ᠦᠶ᠎ᠡ ᠵᠢᠨ‌‍ᠲ᠋ᠠᠶᠢᠨ ᠪᠠᠶᠢᠯᠳᠣᠭᠠᠨ ᠳᠤ ᠲᠣᠬᠢᠷᠠᠵᠣ ᠴᠢᠳᠠᠬᠤ ᠪᠣᠯᠵᠠᠢ᠃ ᠭᠡᠶ᠎ᠡ ᠾᠦᠩᠨᠦ ᠶᠢᠨ ᠴᠠᠨ ᠢᠥᠢ ᠴᠣ᠋ ᠠᠷᠠᠰᠣ ᠬᠦᠷᠦᠰᠦ ᠶᠢᠨ ᠲᠡᠪᠡᠯ ᠬᠤᠪᠴᠠᠰᠣ ᠬᠡᠳᠦᠷᠦᠨ᠂ ᠢᠰᠡᠬᠡᠢ ᠮᠠᠯᠠᠭᠠᠢ ᠪᠠᠨ ᠡᠮᠦᠰᠴᠦ᠂ ᠾᠦᠩᠨᠦ ᠬᠦᠷᠦᠨ ᠳᠤ ᠠᠩᠬᠢ ᠢᠯᠭᠠᠪᠦᠷᠢᠯᠠᠳᠠᠭ ᠮᠠᠯᠠᠭᠠᠢ ᠪᠦᠰᠡ ᠶᠢᠨ ᠲᠦᠷᠢᠮ ᠭᠡᠵᠦ ᠦᠭᠡᠢ ᠠᠵᠠᠢ᠃ ᠬᠤᠭᠤᠯᠠ ᠣᠮᠳᠠ ᠴᠣ᠋ ᠮᠢᠭ᠎ᠠ ᠰᠦ ᠪᠠᠷ ᠭᠤᠣᠯᠳᠠᠵᠣ ᠪᠠᠶᠢᠪᠠ᠃ ᠰᠠᠭᠤᠬᠤ ᠠᠴᠠ ᠳᠣᠭᠳᠠᠭᠰᠠᠨ ᠭᠡᠷ ᠪᠠᠷᠢᠯᠭ᠎ᠠ ᠬᠡᠵᠦ ᠦᠭᠡᠢ᠃ ᠣᠷᠳᠣᠳᠠ ᠰᠠᠭᠤᠬᠤ ᠠᠴᠠ ᠢᠰᠡᠬᠡᠢ ᠭᠡᠷ ᠠᠵᠠᠢ᠃ ᠡᠪᠦᠯ ᠬᠦᠢᠳᠡᠷᠡᠪᠡᠯ ᠲᠣᠯᠠᠭᠠᠨ ᠨᠦᠮᠦᠷᠢ ᠭᠠᠵᠠᠷ ᠨᠡᠭᠦᠳᠡᠯᠯᠡᠨ᠂ ᠵᠣᠨ ᠪᠣᠯᠣᠭᠰᠠᠭᠠᠷ ᠦᠨᠳᠦᠷ ᠰᠡᠷᠢᠬᠦᠨ ᠣᠷᠣᠨ ᠢ ᠲᠡᠮᠡᠴᠡᠨ ᠶᠠᠪᠣᠮᠣᠢ᠃ ᠢᠩᠬᠢᠵᠦ ᠵᠣᠭᠰᠣᠰᠢ ᠦᠭᠡᠢ ᠨᠡᠭᠦᠳᠡᠯᠯᠡᠬᠦ ᠨᠢ ᠮᠠᠯ ᠰᠦᠷᠦᠭ ᠤᠨ ᠪᠡᠯᠴᠢᠭᠡᠷ ᠣᠰᠣ ᠠᠴᠠ ᠰᠢᠯᠳᠠᠭᠠᠯᠠᠭᠳᠠᠨ᠎ᠠ᠃ ᠭᠡᠪᠡᠴᠦ ᠪᠠᠰᠠ ᠲᠣᠮᠳᠠᠳᠣ ᠣᠯᠣᠰ ᠠᠴᠠ ᠣᠯᠵᠠᠯᠠᠭᠰᠠᠨ ᠪᠣᠭᠤᠯ ᠵᠠᠷᠣᠳᠠᠰᠣᠨ ᠳᠤᠨᠢ ᠲᠣᠭᠳᠠᠭᠰᠠᠨ ᠭᠡᠷ ᠪᠠᠷᠢᠯᠭ᠎ᠠ ᠪᠠᠶᠢᠵᠣ᠂ ᠬᠠᠶᠠ ᠵᠠᠷᠢᠮ ᠨᠢ ᠬᠠᠭᠠᠰ ᠨᠦᠭᠡᠨ ᠭᠡᠷ ᠮᠠᠶ᠋ᠢᠭ ᠤᠨ ᠣᠷᠣᠨ ᠰᠠᠭᠤᠴᠠ ᠪᠠ ᠵᠣᠤᠬ᠎ᠠ ᠲᠣᠯᠭ᠎ᠠ ᠶᠢᠨ ᠪᠠᠭᠤᠷᠢ ᠶᠢᠨ ᠣᠷᠣ ᠮᠦᠷ ᠴᠣ᠋ ᠬᠤᠷᠢᠳᠣᠭᠠᠷ ᠵᠠᠭᠤᠨ ᠤ ᠬᠠᠭᠤᠴᠢ ᠮᠠᠯᠳᠠᠮᠠᠯ ᠳᠤ ᠢᠯᠡᠷᠡᠵᠦ ᠪᠠᠶᠢᠯ᠎ᠡ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号