ᠡᠸᠤ ᠲᠦᠸᠧ ︵瓯脱︶ ᠭᠡᠳᠡᠭ ᠦᠭᠡ ᠶᠢᠨ ᠤᠳᠬ᠎ᠠᠤᠣᠬᠠᠨ ᠬ᠊
ᠨᠡᠶᠢᠲᠡᠯᠡᠭᠰᠡᠨ ᠴᠠᠭ᠄
2020/10/19
ᠡᠸᠤ ᠲᠦᠸᠧ ︵瓯脱︶ ᠭᠡᠳᠡᠭ ᠤᠨ ᠲᠣᠬᠠᠢ᠂ ᠮᠢᠨᠦ ᠬᠤᠪᠢ ᠬᠦᠮᠦᠨ ᠤ ᠦᠵᠡᠬᠦ ᠪᠠᠷ ᠪᠣᠯ ᠣᠭᠳᠣᠭᠤᠯ ᠭᠡᠬᠦ ᠪᠣᠶᠣ ᠣᠲᠣᠯᠬ᠎ᠠ ︵ᠲᠣᠮᠳᠠᠬᠢ ᠳ᠋ᠣ ᠶᠢ ᠪᠦᠷ To ᠪᠠᠷ ᠣᠩᠰᠢᠨ᠎ᠠ︶ ᠭᠡᠳᠡᠭ ᠦᠭᠡ ᠮᠠᠭᠠᠳ ᠭᠡᠵᠦ ᠪᠣᠳᠣᠵᠣ ᠪᠣᠢ᠂ ᠮᠢᠨᠦ ᠣᠯᠵᠣ ᠦᠵᠡᠭᠰᠡᠨ ᠲᠡᠯᠡᠬᠡᠢ ᠨᠡᠶᠢᠳᠡ ᠶᠢᠨ ᠾᠦᠩᠨᠦ ᠰᠣᠳᠣᠯᠣᠯᠭᠠᠨ ᠤ ᠬᠦᠮᠦᠰ ᠤᠨ ᠦᠬᠦᠯᠡᠯ ᠳᠤ ᠪᠦᠷ ᠦᠷᠦᠭᠡ ᠪᠣᠶᠣ ᠭᠡᠷ ᠭᠡᠳᠡᠭ ᠣᠳᠬ᠎ᠠ ᠲᠠᠢ ᠭᠡᠵᠡᠢ᠂ ᠡᠨᠡ ᠨᠢ ᠭᠤᠣᠯᠳᠠᠭᠤ ᠣᠮᠠᠷᠠᠳᠣ ᠶᠢᠨ ᠭᠤᠷᠪᠠᠨ ᠶᠡᠭᠡ ᠬᠡᠯᠡ ᠪᠣᠯᠬᠤ᠂ ᠮᠣᠩᠭᠤᠯ ᠲᠦᠷᠺ ᠪᠠ ᠲᠦᠩᠭᠦᠰ ᠬᠡᠯᠡᠨ ᠳᠤ ᠬᠠᠷᠢᠴᠠᠭᠤᠯᠣᠨ ᠰᠣᠳᠣᠯᠣᠭᠰᠠᠨ ᠪᠠ ᠬᠢᠳᠠᠳ ᠬᠡᠯᠡᠨ ᠤ ᠲᠡᠶᠢᠯᠪᠣᠷᠢ ᠳᠤ ᠰᠠᠭᠤᠷᠢᠯᠠᠭᠰᠠᠨ ᠠᠴᠠ ᠪᠣᠯᠵᠠᠢ᠃ ᠣᠮᠠᠷᠠᠳᠣ ᠶᠢᠨ ᠭᠤᠷᠪᠠᠨ ᠶᠡᠭᠡ ᠬᠡᠯᠡ ᠪᠣᠯ ᠨᠢᠭᠡᠯ᠎ᠡ ᠠᠯᠳᠠᠢ ᠰᠠᠯᠪᠣᠷᠢ ᠶᠢᠨ ᠬᠡᠯᠡ ᠪᠣᠯᠬᠤᠷ᠂ ᠲᠡᠭᠦᠨ ᠤ ᠬᠤᠭᠤᠷᠣᠨᠳᠣ ᠪᠠᠨ ᠠᠳᠠᠯᠢᠬᠠᠨ ᠦᠭᠡ ᠭᠡᠬᠦ ᠪᠣᠶᠣ ᠬᠠᠮᠳᠣ ᠶᠢᠨ ᠦᠭᠡ  ᠨᠢ ᠬᠠᠮᠤᠭ ᠦᠨᠳᠦᠷ ᠲᠡᠭᠡᠨ ᠵᠠᠭᠤᠨ ᠤ ᠬᠤᠷᠢᠨ ᠲᠠᠪᠤ ᠳᠤ ᠬᠦᠷᠳᠡᠭ ᠭᠡᠳᠡᠭ᠂ ᠡᠶᠢᠮᠦ ᠠᠴᠠ ᠴᠣᠬᠤᠮ ᠠᠯᠢ ᠬᠡᠯᠡᠨ  ᠤ ᠦᠭᠡ ᠪᠣᠯᠬᠤ ᠶᠢ ᠲᠣᠭᠳᠠᠭᠠᠬᠤ ᠳᠤ ᠣᠯᠠᠩᠬᠢ ᠳᠠᠭᠠᠨ ᠡᠭᠡᠳᠡᠷᠭᠡᠨ ᠲᠠᠢ ᠪᠠᠶᠢᠳᠠᠭ ᠨᠢ ᠰᠣᠨᠢᠨ ᠪᠢᠰᠢ᠃ ᠪᠢ ᠾᠦᠩᠨᠦ ᠪᠣᠯ ᠮᠣᠩᠭᠤᠯ ᠬᠡᠯᠡᠳᠡᠨ ᠭᠡᠵᠦ ᠨᠣᠳᠠᠯᠠᠬᠤ ᠪᠠᠷ ᠴᠢᠷᠮᠠᠶᠢᠵᠣ ᠪᠠᠶᠢᠭ᠎ᠠ ᠪᠣᠯᠬᠤᠷ ᠡᠨᠡᠬᠦ ᠣᠭᠳᠣᠭᠤᠯ ᠪᠣᠶᠣ ᠣᠲᠣᠯᠬ᠎ᠠ ᠭᠡᠳᠡᠭ ᠦᠭᠡ ᠪᠠᠷ ᠲᠠᠶᠢᠯᠪᠣᠷᠢᠯᠠᠬᠤ ᠪᠠᠷ ᠣᠷᠣᠯᠳᠣᠵᠣ ᠪᠠᠶᠢᠨ᠎ᠠ᠃ ᠣᠭᠳᠣᠭᠤᠯ ᠪᠣᠶᠣ ᠣᠲᠣᠯᠬ᠎ᠠ ᠭᠡᠳᠡᠭ  ᠨᠢ ᠬᠠᠮᠤᠭ ᠡᠮᠦᠨᠡᠬᠢ ᠬᠤᠰᠢᠭᠤᠴᠢ ᠪᠣᠶᠣ ᠬᠠᠷᠠᠭᠤᠯ ᠭᠡᠵᠦ ᠣᠶᠢᠯᠭᠠᠵᠣ ᠪᠣᠯᠣᠨ᠎ᠠ᠃ ᠠᠳᠡ ᠮᠢᠨᠦ ᠣᠶᠢᠯᠭᠠᠵᠣ ᠪᠠᠶᠢᠭ᠎ᠠ ᠪᠠᠷ ᠣᠭᠳᠣᠭᠤᠯ ᠪᠣᠶᠣ ᠣᠲᠣᠯᠬ᠎ᠠ ᠭᠡᠳᠡᠭ ᠨᠢ ᠵᠡᠬᠦᠨ ᠬᠣ᠋ ᠪᠣᠯᠣᠨ ᠾᠦᠩᠨᠦ ᠶᠢᠨ ᠬᠤᠭᠤᠷᠣᠨᠳᠣᠬᠢ ᠬᠦᠮᠦᠨ ᠦᠭᠡᠢ ᠭᠠᠵᠠᠷ ᠢ ᠵᠢᠭᠠᠵᠣ ᠪᠠᠶᠢᠭ᠎ᠠ ᠪᠢᠰᠢ᠂ ᠬᠠᠷᠢᠨ ᠬᠦᠮᠦᠨ ᠦᠭᠡᠢ ᠭᠠᠵᠠᠷ ᠤᠨ ᠬᠤᠶᠠᠷ ᠲᠠᠯ᠎ᠠ ᠳᠤ ᠳᠣᠰᠪᠣᠷᠢ ᠶᠢᠨ ᠵᠠᠬ᠎ᠠ ᠬᠢᠵᠠᠭᠠᠷ ᠲᠠᠭᠠᠨ ᠰᠡᠷᠭᠡᠶᠢᠯᠡᠨ ᠰᠠᠭᠤᠵᠣ ᠪᠠᠶᠢᠭ᠎ᠠ ᠬᠠᠷᠠᠭᠤᠯ ᠤᠨ ᠭᠠᠵᠠᠷ ᠢ ᠵᠢᠭᠠᠵᠣ ᠪᠠᠶᠢᠭ᠎ᠠ ᠪᠣᠯᠪᠠᠥ ᠭᠡᠵᠦ ᠪᠣᠳᠣᠵᠣ ᠪᠣᠢ᠂ ᠵᠡᠬᠦᠨ ᠬᠣ᠋ ᠪᠠ ᠾᠦᠩᠨᠦ ᠬᠦᠮᠦᠰ ᠪᠦᠷ ᠠᠳᠠᠯᠢᠬᠠᠨ ᠬᠡᠯᠡ ᠲᠠᠢ ᠬᠦᠮᠦᠰ ᠪᠣᠯᠬᠤᠷ ᠢᠵᠢᠯ ᠬᠡᠷᠡᠭ ᠲᠤ ᠢᠵᠢᠯ ᠨᠢᠭᠡᠨ ᠣᠭᠳᠣᠭᠤᠯ ᠭᠡᠳᠡᠭ ᠨᠡᠷ᠎ᠡ ᠦᠭᠴᠦ᠂ ᠬᠤᠪᠢ ᠬᠤᠪᠢᠨ ᠤ ᠬᠢᠯᠢ ᠬᠢᠵᠠᠭᠠᠷ ᠢᠶᠠᠨ ᠰᠠᠬᠢᠵᠣ ᠰᠠᠭᠤᠬᠤ ᠨᠢ ᠣᠶᠢᠯᠭᠠᠮᠵᠢ ᠲᠠᠢ ᠪᠢᠵᠡ᠃ ᠴᠢᠨᠠᠭᠰᠢᠯᠠᠪᠠᠯ ᠠᠷᠪᠠᠨ ᠭᠤᠷᠪᠠᠳᠣᠭᠠᠷ ᠵᠠᠭᠤᠨ ᠪᠠ ᠲᠡᠭᠦᠨ  ᠠᠴᠠ ᠬᠤᠵᠢᠮ ᠤᠨ ᠮᠣᠩᠭᠤᠯᠴᠣᠳ ᠲᠤ ᠡᠨᠡᠬᠦ ᠦᠭᠡ ᠶᠡᠬᠡᠯ᠎ᠡ ᠢᠳᠡᠪᠬᠢᠳᠡᠢ ᠬᠡᠷᠡᠭᠯᠡᠭᠳᠡᠵᠦ ᠪᠠᠶᠢᠵᠠᠢ᠃ ᠵᠢᠱᠢᠶᠡᠯᠡᠪᠡᠯ ᠮᠣᠩᠭᠤᠯ ᠤᠨ ᠨᠢᠭᠤᠴᠠ ᠲᠣᠪᠴᠢᠶᠠᠨ ᠳᠤ ᠲᠠᠶᠢᠨ ᠲᠠᠵᠢᠨ ᠳᠤ ᠬᠡᠨ ᠬᠡᠨ ᠢ ᠣᠭᠳᠣᠭᠤᠯ ᠭᠡᠬᠦ ᠪᠣᠶᠣ ᠣᠲᠣᠯᠬ᠎ᠠ  ᠳᠤ ᠭᠠᠷᠭᠠᠵᠣ᠂ ᠬᠡᠨ ᠬᠡᠨ ᠢ ᠲᠡᠭᠦᠨ ᠤ ᠬᠤᠶᠢᠨ᠎ᠠ ᠠᠴᠠ ᠬᠡᠵᠢᠭᠡ ᠳᠤ ᠶᠠᠪᠣᠭᠤᠯᠬᠤ ᠭᠡᠳᠡᠭ ᠦᠭᠡ ᠴᠡᠷᠢᠭ ᠲᠠᠶᠢᠨ  ᠤ ᠲᠣᠰᠬᠠᠢ ᠨᠡᠷ᠎ᠡ ᠲᠣᠮᠢᠶ᠎ᠠ ᠪᠣᠯᠵᠣ ᠣᠯᠠᠨ ᠬᠡᠷᠡᠭᠯᠡᠭᠳᠡᠳᠡᠭ ᠶᠣᠮ᠃ ᠡᠶᠢᠮᠦᠷᠬᠦ ᠣᠭᠳᠣᠭᠤᠯ ᠣᠲᠣᠯᠬ᠎ᠠ ᠳᠤ ᠭᠠᠷᠣᠭᠰᠠᠳ ᠦᠪᠡᠷ ᠤᠨ ᠬᠢᠵᠠᠭᠠᠷ ᠲᠠᠭᠠᠨ ᠨᠦᠭᠡᠨ ᠭᠡᠷ ᠪᠣᠶᠣ ᠪᠣᠰᠣᠳ ᠬᠡᠯᠪᠡᠷᠢ ᠶᠢᠨ ᠲᠦᠭᠦᠮ ᠣᠷᠣᠴᠠ ᠪᠠᠷᠢᠨ᠂ ᠡᠭᠡᠯᠵᠢᠯᠡᠨ ᠬᠠᠷᠠᠭᠤᠯᠳᠠᠨ ᠰᠠᠭᠤᠬᠤ ᠪᠣᠯᠬᠤᠷ᠂ ᠰᠢᠷᠣᠢ ᠶᠢᠨ ᠭᠡᠷ ᠨᠦᠬᠡᠨ ᠭᠡᠷ ᠭᠡᠵᠦ ᠲᠠᠶᠢᠯᠪᠣᠷᠢᠯᠠᠬᠤ ᠨᠢ ᠴᠦ ᠶᠠᠭ ᠪᠣᠷᠣᠭᠤ ᠭᠡᠬᠦ ᠶᠢᠨ ᠠᠷᠭ᠎ᠠ ᠦᠭᠡᠢ ᠪᠢᠵᠡ᠃ ᠨᠡᠩ ᠴᠢᠨᠠᠭᠰᠢᠯᠠᠨ ᠬᠢᠳᠠᠳ ᠬᠦᠮᠦᠨ ᠢ ᠰᠡᠷᠭᠡᠶᠢᠯᠡᠨ ᠬᠠᠷᠠᠭᠤᠯᠳᠠᠵᠣ ᠪᠠᠶᠢᠭ᠎ᠠ ᠴᠡᠷᠢᠭ ᠤᠨ ᠬᠠᠷᠠᠭᠤᠯ ᠤᠨ ᠭᠠᠵᠠᠷ ᠭᠡᠵᠦ ᠣᠶᠢᠯᠭᠠᠬᠤ ᠨᠢ ᠴᠦ ᠪᠣᠷᠣᠭᠤ ᠦᠭᠡᠢ ᠠᠵᠠᠢ᠃ ᠲᠠᠬᠢᠨ ᠬᠡᠯᠡᠬᠦ  ᠨᠢ ᠰᠦᠯᠵᠢᠶᠡᠨ ᠨᠠᠶᠢᠵᠠ ᠬᠤᠯᠪᠣᠭᠠᠴᠢᠨ ᠬᠦᠮᠦᠨᠪᠣᠰᠣ ᠠᠪᠣᠭᠠᠢ ᠲᠣᠰ ᠦᠭᠡ ᠶᠢ ᠣᠲᠣ ︵Oto︶ ᠭᠡᠳᠡᠭ ᠦᠭᠡ ᠮᠠᠭᠠᠳ ᠭᠡᠵᠦ ᠨᠠᠳᠠ ᠰᠠᠨᠠᠭᠤᠯᠣᠭᠰᠠᠨ ᠢ ᠠᠳᠡ ᠣᠨᠴᠠᠯᠠᠨ ᠲᠡᠮᠳᠡᠭᠯᠡᠨ ᠦᠯᠡᠳᠡᠭᠡᠶ᠎ᠡ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号