ᠡᠷᠳᠡᠨ ᠤ ᠯᠸᠥ ᠯᠠᠨ ᠤ ᠪᠠᠭᠤᠷᠢ ᠤᠣᠬᠠᠨ ᠬ᠊
ᠨᠡᠶᠢᠲᠡᠯᠡᠭᠰᠡᠨ ᠴᠠᠭ᠄
2020/10/19
ᠡᠷᠳᠡᠨ ᠤ ᠯᠸᠥ ᠯᠠᠨ ᠤ ᠪᠠᠭᠤᠷᠢ᠂ ᠣᠳᠣᠬᠢ ᠰᠢᠨᠵᠢᠶᠠᠩ ᠤᠨ ᠪᠠᠶᠠᠨᠭᠤᠣᠯ ᠮᠣᠩᠭᠤᠯ ᠦᠨᠳᠦᠰᠦᠳᠡᠨ ᠤ ᠦᠪᠡᠷᠳᠡᠭᠡᠨ ᠵᠠᠰᠠᠬᠤ ᠵᠸᠥ ᠶᠢᠨ ᠷᠦᠸᠧ ᠴᠢᠶᠠᠩ ᠰᠢᠶᠠᠨ ᠤ ᠣᠮᠠᠷ᠎ᠠ᠂ ᠯᠣᠪ ᠨᠠᠭᠤᠷ ᠤᠨ ᠪᠠᠷᠠᠭᠤᠨ ᠬᠤᠶᠢᠨ᠎ᠠ ᠦᠨᠴᠦᠭ ᠲᠤ ᠪᠠᠶᠢᠭ᠎ᠠ ᠶᠣᠮ᠃ ᠯᠸᠥ ᠯᠠᠨ ᠪᠣᠯ ︽ᠰᠣᠳᠣᠷ ᠲᠡᠮᠳᠡᠭᠯᠡᠯ︾ ᠠᠴᠠ ᠡᠬᠢᠯᠡᠨ ᠲᠡᠣᠬᠡᠨ ᠨᠣᠮ ᠳᠤ ᠬᠠᠷᠠᠭᠳᠠᠭᠰᠠᠨ ᠰᠢᠨᠵᠢᠶᠠᠩ ᠳᠠᠬᠢ ᠡᠷᠳᠡᠨ ᠤ ᠰᠣᠶᠣᠯ ᠪᠣᠯᠪᠠᠰᠣᠨ ᠲᠤ ᠣᠯᠣᠰ ᠤᠨ ᠨᠢᠭᠡ ᠨᠢ ᠪᠣᠯᠣᠨ᠎ᠠ᠃ ᠲᠡᠭᠡᠳᠦ ᠵᠠᠭᠤᠨ ᠤ ᠡᠬᠢᠨ ᠢᠶᠠᠷ ᠰᠸᠧᠳᠧᠨ ᠤ ᠪᠠᠷᠳᠠᠭ᠎ᠠ ᠰᠢᠨᠵᠢᠯᠡᠭᠴᠢ᠂ ᠬᠠᠭᠤᠴᠢ ᠰᠣᠳᠣᠯᠣᠭᠴᠢ ᠰᠸᠧᠨ · ᠾᠧᠳᠢᠨ ︵Sven Hedin︶ ᠭᠡᠳᠡᠭ ᠬᠦᠮᠦᠨ ᠰᠢᠨᠵᠢᠶᠠᠩ ᠳᠤ ᠪᠠᠷᠳᠠᠭ᠎ᠠ ᠬᠠᠶᠢᠵᠣ ᠪᠠᠶᠢᠭᠠᠳ ᠲᠣᠰ ᠪᠠᠭᠤᠷᠢ ᠶᠢ ᠢᠯᠡᠷᠡᠬᠦᠯᠵᠦ᠂ ᠮᠠᠰᠢ ᠣᠯᠠᠨ ᠬᠠᠭᠤᠴᠢ ᠦᠯᠡᠳᠡᠭᠳᠡᠯ ᠣᠯᠵᠣ᠂ ᠬᠤᠯᠣᠰᠣ ᠮᠣᠳᠣᠨ ᠳᠤ ᠪᠢᠴᠢᠭᠰᠡᠨ ᠡᠯᠳᠡᠪ ᠵᠦᠢᠯ ᠤᠨ ᠪᠢᠴᠢᠭ  ᠠᠴᠠ Kroraina ︵ᠺᠷᠦᠷᠠᠶᠢᠨᠠ︶ ᠭᠡᠳᠡᠭ ᠦᠰᠦᠭ ᠪᠠᠶᠢᠬᠤ ᠶᠢ ᠣᠯᠵᠣ ᠮᠡᠳᠡᠭᠡᠳ᠂ ᠡᠨᠡᠬᠦ ᠪᠠᠭᠤᠷᠢ ᠪᠣᠯ ᠲᠠᠷᠣᠢ ᠣᠷᠴᠢᠨ ᠦᠶ᠎ᠡ ᠳᠤ ᠬᠡᠯᠡᠳᠡᠭ Kroran ︵ᠺᠷᠦᠷᠠᠨ︶ ᠲᠠᠷᠣᠢ ᠡᠷᠳ᠋ᠨ ᠦᠶ᠎ᠡ ᠶᠢᠨ ᠺᠷᠦᠷᠠᠶᠢᠨᠠ᠂ ᠬᠢᠳᠠᠳ ᠲᠡᠣᠬᠡᠨ ᠳᠤ ᠪᠢᠴᠢᠭᠳᠡᠭᠰᠡᠨ ᠯᠸᠥ ᠯᠠᠨ ᠤ ᠪᠠᠭᠤᠷᠢ ᠪᠣᠯᠣᠨ᠎ᠠ ᠭᠡᠵᠦ ᠮᠠᠭᠠᠳᠯᠠᠨ ᠲᠣᠳᠣᠯᠠᠵᠠᠢ᠃ ᠭᠡᠪᠡᠴᠦ ᠰᠢᠥᠢ ᠭᠤᠸᠠᠩ ᠤᠨ ᠬᠡᠯᠡᠭᠰᠡᠨ ᠯᠸᠥ ᠯᠠᠨ ᠢ ᠪᠠᠰᠠ ᠯᠸᠥ ᠬᠤᠸᠠᠩ ᠬᠡᠮᠡᠮᠣᠢ ᠭᠡᠳᠡᠭ ᠤᠨ ᠯᠸᠥ ᠬᠤᠸᠠᠩ ᠭᠡᠰᠡᠨ ᠦᠭᠡ ᠶᠢ ᠬᠠᠶᠢᠵᠣ ᠣᠯᠣᠭᠰᠠᠨ ᠦᠭᠡᠢ᠃ ᠭᠤᠣᠯ ᠲᠠᠶᠢᠯᠪᠣᠷᠢ ᠳᠤ ᠬᠡᠯᠡᠭᠰᠡᠨ ᠯᠸᠥ ᠯᠠᠨ ᠪᠣᠯ ᠴᠠᠩ ᠠᠨ ᠠᠴᠠ ᠮᠢᠩᠭ᠎ᠠ ᠵᠢᠷᠭᠤᠭᠠᠨ ᠭᠠᠵᠠᠷ ᠭᠡᠰᠡᠨ ᠠᠴᠠ ᠦᠵᠡᠬᠦᠯ᠎ᠡ ᠡᠨᠡᠬᠦ ᠲᠤᠭ᠎ᠠ ᠪᠣᠷᠣᠭᠤ ᠦᠭᠡᠢ ᠪᠣᠯ ᠬᠠᠨ ᠣᠯᠣᠰ ᠤᠨ ᠦᠶ᠎ᠡ ᠶᠢᠨ ᠭᠠᠵᠠᠷ ᠤᠨ ᠵᠠᠢ ᠪᠠ ᠴᠢᠨ ᠣᠯᠣᠰ ᠤᠨ ᠬᠢ ᠠᠴᠠ ᠶᠡᠭᠡ ᠪᠠᠶᠢᠭ᠎ᠠ ᠨᠢ ᠲᠣᠲᠣᠷᠬᠠᠢ ᠪᠠᠶᠢᠨ᠎ᠠ᠃ ᠡᠳᠦᠬᠡ ᠶᠢᠨ ᠰᠢ ᠠᠨ ᠠᠴᠠ ᠷᠦᠸᠧ ᠴᠢᠶᠠᠩ ᠳᠤ ᠬᠦᠷᠳᠡᠯ᠎ᠡ ᠠᠰ ᠵᠠᠢ ᠨᠢ ᠪᠠᠷᠤᠭ ᠨᠢᠭᠡ ᠮᠢᠩᠭ᠎ᠠ ᠶᠢᠰᠦᠨ ᠵᠠᠭᠤᠨ ᠺᠢᠯᠣᠮᠧᠲᠷ ᠣᠷᠴᠢᠮ ᠪᠣᠢ᠃ ᠡᠭᠦᠨ ᠢᠶᠠᠷ ᠦᠵᠡᠬᠦᠯ᠎ᠡ ᠭᠤᠣᠯ ᠲᠠᠶᠢᠯᠪᠣᠷᠢ ᠳᠤ ᠪᠣᠷᠣᠭᠤ ᠬᠡᠯᠡᠭᠰᠡᠨ ᠪᠣᠶᠣ ᠬᠤᠵᠢᠮ ᠤᠨ ᠬᠦᠮᠦᠰ ᠪᠣᠷᠣᠭᠤ ᠡᠰᠢᠯᠡᠭᠰᠡᠨ ᠴᠦ ᠮᠠᠭᠠᠳ ᠦᠭᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号