| | ᠠᠨᠳᠧᠷᠧᠶᠠᠰ · ᠸᠢᠰᠠᠯ ︵安德雷亚斯·维萨里᠂ Andreas Wesel︶᠂ | 1514 ᠣᠨ ᠤ 12 ᠰᠠᠷ᠎ᠠ ᠶᠢᠨ 31 ᠤ ᠡᠳᠦᠷ᠂ ᠬᠤᠯᠠᠨᠳ᠋ ᠤᠨ ᠪᠷᠦᠰᠰᠧᠯ ︵布鲁塞尔᠂ | Brussel︶ ᠬᠤᠳᠠ ᠶᠢᠨ ᠨᠢᠭᠡᠨ ᠡᠮᠴᠢ ᠶᠢᠨ ᠭᠡᠷ ᠪᠦᠯᠢ ᠳᠤ ᠮᠡᠨᠳᠦᠯᠡᠵᠦ᠂ 1564 ᠣᠨ ᠤ 10 ᠰᠠᠷ᠎ᠠ ᠶᠢᠨ | ᠤ 15 ᠤ ᠡᠳᠦᠷ ᠭᠷᠢᠭ ᠤᠨ ᠽᠠᠺᠢᠨᠽᠥᠰ ︵扎金索斯Zakinthos︶ ᠲᠤ ᠲᠠᠪᠢᠬᠠᠨ ᠨᠠᠰᠣ ᠲᠠᠢ | ᠨᠠᠰᠣ ᠪᠠᠷᠠᠵᠠᠢ᠃ ᠲᠡᠷᠡ ᠪᠣᠯ ᠨᠢᠭᠡᠨ ᠠᠨᠠᠲ᠋ᠣᠮᠢᠴᠢᠨ ᠪᠦᠭᠡᠳ ᠡᠮᠴᠢ ᠬᠦᠮᠦᠨ ᠪᠢᠯᠡ᠃ ᠲᠡᠭᠦᠨ ᠤ ᠠᠯᠳᠠᠷᠳᠣ | ᠪᠦᠳᠦᠭᠡᠯ ᠪᠣᠯ ︽ᠬᠦᠮᠦᠨ ᠤ ᠪᠠᠶ᠎ᠠ ᠶᠢᠨ ᠪᠦᠳᠦᠴᠡ︾ ᠭᠡᠳᠡᠭ ᠨᠣᠮ ᠪᠣᠯᠣᠨ᠎ᠠ᠃ ᠲᠣᠰ ᠨᠣᠮ ᠲᠣᠬᠠᠢ ᠶᠢᠨ ᠦᠶ᠎ᠡ | ᠳᠤ ᠬᠦᠮᠦᠨ ᠤ ᠪᠠᠶ᠎ᠠ ᠶᠢᠨ ᠠᠨᠠᠲ᠋ᠣᠮᠢ ᠶᠢᠨ ᠲᠣᠬᠠᠢ ᠬᠠᠮᠤᠭ ᠡᠷᠬᠡ ᠰᠦᠷᠳᠦ ᠨᠣᠮ ᠪᠣᠯᠬᠤ ᠶᠣᠮ᠃ ᠣᠳᠣᠬᠢ | ᠬᠦᠮᠦᠰ ᠴᠣ᠋ ᠡᠨᠡᠬᠦ ᠨᠣᠮ ᠢ ᠣᠳᠣ ᠦᠶ᠎ᠡ ᠶᠢᠨ ᠠᠨᠠᠲᠣᠮᠢ ᠶᠢᠨ ᠣᠬᠠᠭᠠᠨ ᠤ ᠡᠬᠢᠯᠡᠯᠳᠡ ᠪᠣᠯᠣᠨ᠎ᠠ ᠭᠡᠵᠦ ᠦᠵᠡᠳᠡᠭ | ᠠᠵᠠᠢ᠃ ᠸᠢᠰᠠᠯ ᠤᠨ ᠲᠡᠭᠡᠳᠦ ᠨᠢ ᠬᠡᠳᠦᠨ ᠦᠶ᠎ᠡ ᠪᠠᠷ ᠢᠶᠠᠨ ᠪᠦᠷ ᠭᠧᠷᠮᠠᠨ ᠤ ᠨᠢᠭᠡᠳᠦᠭᠡᠷ ᠬᠠᠭᠠᠨᠳᠦ ᠬᠦᠷᠦᠨ ᠤ | ᠬᠠᠭᠠᠨ ᠣᠭᠰᠠᠭ᠎ᠠ ᠶᠢᠨ ᠡᠮᠴᠢ ᠪᠠᠶᠢᠭᠰᠠᠨ ᠪᠣᠯᠬᠤᠷ᠂ 1528 ᠣᠨ ᠳᠤ ᠲᠡᠷᠡ ᠠᠩᠬ᠎ᠠ ᠡᠬᠢᠯᠡᠨ᠂ ᠶᠡᠭᠡ | ᠰᠣᠷᠭᠠᠭᠤᠯᠢ ᠳᠤ ᠣᠷᠣᠵᠣ ᠣᠷᠠᠨ ᠵᠢᠷᠤᠭ ᠰᠣᠷᠬᠤ ᠪᠠᠷ ᠪᠣᠯᠵᠠᠢ᠃ ᠭᠡᠪᠡᠴᠦ ᠣᠳᠠᠯ ᠦᠭᠡᠢ ᠲᠡᠭᠦᠨ ᠤ ᠡᠴᠢᠭᠡ ᠨᠢ | ᠬᠠᠭᠠᠨ ᠤ ᠰᠢᠳᠠᠷ ᠰᠠᠶᠢᠳ ᠪᠣᠯᠣᠭᠰᠠᠨ ᠠᠴᠠ ᠲᠡᠷᠡ ᠠᠬᠢᠨ ᠡᠮᠴᠢ ᠰᠣᠷᠴᠣ ᠲᠡᠭᠡᠳᠦᠰ ᠤᠨ ᠦᠢᠯᠡᠰ ᠢᠶᠠᠨ | ᠵᠠᠯᠭᠠᠮᠵᠢᠯᠠᠬᠤ ᠪᠠᠷ ᠪᠣᠯᠵᠣ ᠫᠠᠷᠢᠰ ᠶᠡᠭᠡ ᠰᠣᠷᠭᠠᠭᠤᠯᠢ ᠶᠢ ᠵᠣᠷᠢᠪᠠ᠃ ᠲᠡᠷᠡ ᠠᠳᠡ ᠠᠨᠠᠭᠠᠬᠤ ᠣᠬᠠᠭᠠᠨ ᠢ | ᠰᠣᠷᠣᠯᠴᠠᠬᠤ ᠶᠢᠨ ᠬᠠᠮᠳᠣ ᠠᠨᠠᠲ᠋ᠣᠮᠢ ᠳᠤ ᠲᠣᠷ᠎ᠠ ᠪᠠᠬ᠎ᠠ ᠲᠠᠢ ᠪᠣᠯᠵᠣ᠂ ᠮᠠᠰᠢ ᠣᠯᠠᠨ ᠬᠡᠬᠦᠷ ᠢ ᠲᠣᠶᠠᠴᠢᠨ ᠵᠠᠳᠠᠯᠵᠣ | ᠂ ᠠᠩᠬᠠᠨ ᠤ ᠮᠡᠳᠡᠯᠭᠡ ᠬᠤᠷᠠᠮᠳᠣᠭᠤᠯᠣᠨ ᠰᠣᠳᠣᠯᠣᠭᠰᠠᠨ ᠪᠠᠶᠢᠨ᠎ᠠ᠃ ᠰᠣᠷᠭᠠᠭᠤᠯᠢ ᠪᠠᠨ ᠲᠡᠭᠦᠰᠦᠭᠰᠡᠨ ᠤ ᠲᠠᠷᠠᠭ᠎ᠠ | ᠪᠠᠷ ᠬᠡᠳᠦᠨ ᠭᠠᠵᠠᠷ ᠢᠶᠠᠷ ᠠᠵᠢᠯᠯᠠᠵᠣ ᠰᠣᠷᠣᠯᠴᠠᠵᠣ ᠪᠠᠶᠢᠭᠠᠳ 1537 ᠣᠨ ᠳᠤ ᠳ᠋ᠣᠺᠲ᠋ᠣᠷ ᠵᠡᠷᠭᠡ ᠬᠠᠮᠠᠭᠠᠯᠠᠵᠠᠢ᠃ | ᠲᠡᠭᠡᠭᠡᠳ ᠲᠡᠷᠡ ᠢᠲ᠋ᠠᠯᠢ ᠶᠢᠨ ᠫᠠᠳᠣᠸᠠ ︵Padova︶ ᠶᠡᠭᠡ ᠰᠣᠷᠭᠠᠭᠤᠯᠢ ᠳᠤ ᠪᠠᠭᠰᠢᠯᠠᠵᠣ᠂ ᠠᠨᠠᠲ᠋ᠣᠮᠢ ᠶᠢᠨ | ᠬᠢᠴᠢᠶᠡᠯ ᠵᠢᠭᠠᠭᠰᠠᠨ ᠪᠢᠯᠡ᠃ | 1538 ᠣᠨ ᠳᠤ ᠸᠢᠰᠠᠯ ᠨᠢᠭᠡᠨ ᠲᠡᠪᠳᠡᠷ ᠨᠣᠮ ᠪᠢᠴᠢᠵᠦ᠂ ᠴᠢᠰᠣ ᠲᠠᠯᠪᠢᠬᠤ ᠲᠣᠬᠠᠢ ᠦᠬᠦᠯᠡᠯ ᠨᠡᠶᠢᠳᠡᠯᠡᠵᠡᠢ᠃ | ᠴᠢᠰᠣ ᠲᠠᠯᠪᠢᠬᠤ ᠪᠣᠯ ᠲᠣᠬᠠᠢ ᠶᠢᠨ ᠦᠶ᠎ᠡ ᠳᠤ ᠨᠡᠶᠢᠳᠡᠮ ᠬᠡᠷᠡᠭᠯᠡᠳᠡᠭ ᠮᠡᠷᠭᠡᠵᠢᠯ ᠪᠠ ᠡᠮᠴᠢᠯᠡᠭᠡ ᠪᠠᠶᠢᠵᠠᠢ᠃ ᠭᠡᠪᠡᠴᠦ | ᠶᠠᠮᠠᠷ ᠣᠷᠣᠨ ᠳᠤ ᠴᠢᠰᠣ ᠲᠠᠯᠪᠢᠬᠤ ᠲᠣᠬᠠᠢ ᠨᠢᠭᠡᠳᠦᠯ ᠲᠠᠢ ᠰᠠᠨᠠᠯ ᠦᠭᠡᠢ ᠪᠠᠶᠢᠪᠠ᠃ ᠵᠠᠷᠢᠮ ᠨᠢ ᠡᠪᠡᠳᠴᠢᠯᠡᠭᠰᠡᠨ | ᠬᠡᠰᠡᠭ ᠤᠨ ᠣᠶᠢᠷᠠᠯᠴᠠᠭ᠎ᠠ ᠴᠢᠰᠣ ᠲᠠᠯᠪᠢᠪᠠᠯ ᠰᠠᠶᠢᠨ ᠬᠡᠭᠦ ᠳᠤ᠂ ᠵᠠᠷᠢᠮ ᠨᠢ ᠮᠦᠰᠯᠢᠮ ᠪᠠ ᠲᠣᠮᠳᠠᠳᠣ ᠵᠠᠭᠤᠨ ᠤ | ᠦᠶ᠎ᠡ ᠶᠢᠨ ᠦᠵᠡᠯᠳᠡ ᠪᠠᠷ ᠵᠠᠪᠠᠯ ᠡᠪᠡᠳᠴᠢᠯᠡᠭᠰᠡᠨ ᠬᠡᠰᠡᠭ ᠠᠴᠠ ᠬᠤᠯᠠ ᠰᠢᠭ᠋ ᠣᠷᠣᠨ ᠳᠤ ᠴᠢᠰᠣ ᠲᠠᠯᠪᠢᠪᠠᠯ | ᠰᠠᠶᠢᠨ ᠭᠡᠬᠦ ᠶᠣᠮ ᠭᠡᠨ᠎ᠡ᠃ ᠸᠢᠰᠠᠯ ᠶᠢᠨ ᠨᠣᠮ ᠳᠤ ᠡᠮᠦᠨᠡᠬᠢ ᠰᠠᠨᠠᠯ ᠢ ᠪᠠᠷᠢᠮᠳᠠᠯᠠᠭᠰᠠᠨ ᠪᠦᠭᠡᠳ ᠣᠨᠴᠠᠭᠠᠢ ᠲᠠᠯ᠎ᠠ | ᠨᠢ ᠴᠢᠰᠣ ᠲᠠᠯᠪᠢᠬᠤ ᠣᠷᠣᠨ ᠪᠠᠶᠢᠷᠢ ᠳᠤ ᠠᠨᠠᠲ᠋ᠣᠮᠢ ᠶᠢᠨ ᠵᠢᠷᠤᠭ ᠬᠠᠪᠰᠣᠷᠭᠠᠨ᠂ ᠦᠪᠡᠷ ᠤᠨ ᠰᠠᠨᠠᠯ ᠳᠠᠭᠠᠨ ᠣᠨᠣᠯ | ᠤᠨ ᠦᠨᠳᠦᠰᠦᠯᠡᠯ ᠬᠠᠩᠭᠠᠭᠰᠠᠨ ᠢᠶᠠᠷ ᠣᠯᠠᠨ ᠤ ᠬᠦᠷᠢᠶᠡᠯᠡᠯ ᠢ ᠣᠯᠣᠭᠰᠠᠨ ᠪᠠᠶᠢᠨ᠎ᠠ᠃ | 1543 ᠣᠨ ᠳᠤ ᠸᠢᠰᠠᠯ᠂ ᠨᠠᠷᠢᠯᠢᠭ ᠠᠨᠠᠲ᠋ᠣᠮᠢ ᠶᠢᠨ ᠵᠢᠷᠤᠭ ᠬᠠᠪᠰᠣᠷᠭᠠᠭᠰᠠᠨ ᠲᠣᠯᠣᠭᠠᠨ ᠪᠣᠳᠢ ᠨᠣᠮ ᠬᠦᠮᠦᠨ | ᠤ ᠪᠡᠶ᠎ᠡ ᠶᠢᠨ ᠪᠦᠳᠦᠴᠡ ᠪᠠᠨ ᠬᠡᠪᠯᠡᠬᠦᠯᠵᠡᠢ᠃ ᠲᠡᠷᠡ ᠡᠨᠡᠬᠦ ᠨᠣᠮ ᠢᠶᠠᠨ ᠲᠣᠬᠠᠢ ᠶᠢᠨ ᠦᠶ᠎ᠡ ᠶᠢᠨ ᠭᠧᠷᠮᠠᠨ ᠣᠯᠣᠰ | ᠤᠨ ᠴᠠᠷᠯᠢ ᠸᠠᠩ ᠳᠤ ᠬᠦᠷᠭᠡᠨ ᠦᠭᠭᠦᠭᠰᠡᠨ ᠮᠦᠷᠳᠡᠭᠡᠨ ᠪᠠᠰᠠ ᠲᠣᠰ ᠨᠣᠮ ᠤᠨ ᠲᠣᠪᠴᠢᠯᠠᠭᠰᠠᠨ ᠬᠡᠪᠯᠡᠯ ᠪᠣᠯᠬᠤ ︽ | ᠸᠢᠰᠠᠯ ᠤᠨ ᠬᠦᠮᠦᠨ ᠤ ᠪᠡᠶ᠎ᠡ ᠶᠢᠨ ᠪᠦᠳᠦᠴᠡ ᠶᠢᠨ ᠭᠠᠷᠴᠠᠭ ᠪᠠᠨ ᠲᠦᠢᠮᠴᠢᠯᠠᠯ︾ ᠨᠣᠮ ᠢ ᠬᠡᠪᠯᠡᠨ ᠭᠠᠷᠭᠠᠵᠣ᠂ | ᠦᠪᠡᠷ ᠤᠨ ᠰᠣᠷᠣᠭᠴᠢ ᠨᠡᠷ ᠪᠠ ᠣᠯᠣᠰ ᠤᠨ ᠸᠠᠩ ᠤᠨ ᠬᠦᠪᠡᠭᠦᠳ ᠲᠤ ᠪᠡᠯᠡᠭ ᠪᠣᠯᠭᠠᠨ ᠬᠦᠷᠭᠡᠵᠦ ᠪᠠᠶᠢᠵᠠᠢ᠃ | ᠲᠣᠰ ᠨᠣᠮ ᠨᠢ ᠮᠠᠰᠢ ᠣᠯᠠᠨ ᠲᠠᠯ᠎ᠠ ᠪᠠᠷ ᠣᠳᠣ ᠦᠶ᠎ᠡ ᠶᠢᠨ ᠠᠨᠠᠲ᠋ᠣᠮᠢ ᠶᠢᠨ ᠬᠠᠮᠤᠭ ᠠᠩᠬᠠᠨ ᠤ ᠵᠦᠪ ᠲᠠᠨᠢᠯᠳᠠ | ᠶᠢ ᠲᠣᠷᠠᠳᠣᠨ ᠭᠠᠷᠭᠠᠵᠠᠢ᠃ ᠵᠢᠱᠢᠶᠡᠯᠡᠪᠡᠯ᠄ ᠪᠣᠯᠴᠢᠩ ᠠᠷᠠᠭ ᠶᠠᠰᠣᠨ ᠤ ᠰᠢᠰᠲ᠋ᠧᠮ᠂ ᠲᠣᠲᠣᠷ ᠡᠷᠬᠡᠳᠡᠨ᠂ ᠴᠢᠰᠣᠨ | ᠡᠷᠬᠢᠯᠳᠡ᠂ ᠴᠡᠭᠡᠵᠢᠨ ᠪᠦᠷᠬᠦᠪᠴᠢ᠂ ᠦᠷᠦᠴᠡ᠂ ᠬᠦᠬᠡ ᠰᠣᠳᠠᠯ᠂ ᠰᠡᠮᠡᠵᠡ ︵ᠴᠠᠭᠠᠨ ᠴᠣᠷᠣᠢ︶᠂ ᠴᠢᠨᠠᠭᠰᠢᠯᠠᠪᠠᠯ | ᠳᠣᠳᠣᠷ ᠴᠢᠬᠢ᠂ ᠮᠣᠬᠤᠷ ᠣᠯᠣᠭᠠᠢ ᠪᠠ ᠮᠡᠳᠡᠷᠡᠯ ᠵᠢᠴᠢ ᠬᠢᠮᠡᠯ ᠠᠮᠢᠰᠬᠤᠯᠠᠭᠠ ᠵᠡᠷᠭᠡ ᠳᠤ ᠪᠦᠷ ᠰᠢᠨ᠎ᠡ ᠲᠠᠨᠢᠯᠳᠠ | ᠪᠠ ᠣᠬᠠᠭᠳᠠᠬᠤᠨ ᠢ ᠲᠣᠷᠠᠳᠣᠨ ᠭᠠᠷᠭᠠᠵᠣ᠂ ᠣᠳᠣ ᠦᠶ᠎ᠡ ᠶᠢᠨ ᠠᠨᠠᠭᠠᠬᠤ ᠣᠬᠠᠭᠠᠨ ᠤ ᠵᠦᠪ ᠵᠠᠮ ᠢᠶᠠᠷ ᠬᠦᠭᠵᠢᠬᠦ | ᠵᠠᠮ ᠢ ᠨᠡᠬᠡᠬᠡᠵᠦ ᠦᠭᠴᠡᠢ᠃ ᠣᠨᠴᠠᠭᠠᠶᠢᠯᠠᠨ ᠬᠦᠮᠦᠨ ᠤ ᠪᠡᠶ᠎ᠡ ᠶᠢᠨ ᠪᠦᠳᠦᠴᠡ ᠡᠷᠬᠡᠳᠡᠨ ᠪᠣᠯ ᠣᠳᠣᠮᠰᠢᠯᠠᠨ | ᠬᠤᠪᠢᠰᠴᠣ ᠢᠷᠡᠵᠡᠢ ᠬᠡᠰᠡᠨ ᠠᠩᠬᠠᠨ ᠤ ᠲᠠᠨᠢᠯᠳᠠ ᠶᠢᠨ ᠰᠠᠭᠤᠷᠢ ᠶᠢ ᠲᠠᠯᠪᠢᠵᠣ ᠦᠭᠭᠦᠭᠰᠡᠨ ᠨᠢ ᠨᠡᠩ ᠠᠭᠤᠤ ᠶᠡᠭᠡ | ᠠᠴᠢ ᠭᠠᠪᠢᠶ᠎ᠠ ᠪᠣᠯᠣᠭᠰᠠᠨ ᠠᠵᠠᠢ᠃ ᠲᠣᠰ ᠨᠣᠮ ᠢᠶᠠᠨ ᠬᠡᠪᠯᠡᠬᠦᠯᠦᠨ ᠭᠠᠷᠭᠠᠬᠤ ᠦᠶ᠎ᠡ ᠳᠤ ᠸᠢᠰᠠᠯ ᠰᠠᠶ᠋ᠢ | ᠭᠤᠴᠢᠬᠠᠨ ᠨᠠᠰᠣᠳᠠᠢ ᠪᠠᠶᠢᠭᠰᠠᠨ ᠪᠢᠯᠡ᠃ | ᠸᠢᠰᠠᠯ ᠤᠨ ᠲᠣᠰ ᠨᠣᠮ ᠬᠡᠪᠯᠡᠭᠳᠡᠨ ᠭᠠᠷᠣᠮᠠᠭᠴᠠ᠂ ᠴᠠᠷᠯᠢ ᠲᠠᠪᠣᠳᠣᠭᠠᠷ ᠲᠡᠭᠦᠨ ᠢ ᠦᠪᠡᠷ ᠤᠨ ᠬᠠᠭᠠᠨ ᠣᠷᠳᠣᠨ | ᠤ ᠡᠮᠴᠢ ᠪᠠᠷ ᠣᠷᠢᠨ ᠵᠠᠯᠠᠪᠠ᠃ ᠵᠠᠯᠭᠠᠭᠠᠳ ᠠᠷᠪᠠᠨ ᠬᠤᠶᠠᠷ ᠵᠢᠯ ᠳᠤ ᠲᠡᠷᠡ ᠬᠠᠭᠠᠨ ᠣᠷᠳᠣᠨ ᠤ ᠬᠢᠨ ᠢ ᠲᠠᠭᠠᠨ | ᠭᠠᠵᠠᠷ ᠪᠦᠬᠦᠨ ᠳᠤ ᠵᠣᠭᠠᠴᠠᠨ ᠶᠠᠪᠣᠵᠠᠢ᠃ ᠴᠠᠷᠯᠢ ᠲᠠᠪᠣᠳᠣᠭᠠᠷ ᠰᠠᠭᠤᠷᠢᠨ ᠢᠶᠠᠨ ᠬᠦᠪᠡᠭᠦᠨ ᠹᠢᠯᠢᠫ ᠬᠤᠶᠠᠳᠣᠭᠠᠷ | ᠲᠤ ᠶᠡᠭᠦᠯᠦᠨ ᠦᠭᠭᠦᠭᠰᠡᠨ ᠤ ᠲᠠᠷᠠᠭ᠎ᠠ᠂ ᠹᠢᠯᠢᠫ ᠬᠤᠶᠠᠳᠣᠭᠠᠷ ᠸᠢᠰᠠᠯ ᠳᠤ ᠵᠢᠯ ᠤᠨ ᠬᠦᠯᠦᠰᠦ ᠪᠣᠯᠭᠠᠨ ᠮᠠᠰᠢ ᠶᠡᠭᠡ | ᠬᠡᠮᠵᠢᠶᠡᠨ ᠤ ᠮᠦᠩᠬᠦ ᠱᠠᠩᠨᠠᠭᠰᠠᠨ ᠪᠦᠭᠡᠳ ᠦᠷᠬᠦᠯᠵᠢᠯᠡᠨ ᠣᠷᠳᠣᠨ ᠨᠡᠮᠴᠢ ᠪᠠᠷ ᠣᠷᠢᠨ ᠠᠵᠢᠯᠯᠠᠭᠤᠯᠪᠠ᠃ ᠸᠢᠰᠠᠯ | ᠲᠡᠭᠦᠨ ᠳᠤ ᠲᠠᠯᠠᠷᠬᠠᠬᠤ ᠶᠢᠨ ᠲᠦᠯᠦᠭᠡ᠂ 1555 ᠣᠨ ᠠᠴᠠ ᠡᠬᠢᠯᠡᠨ ᠦᠪᠡᠷ ᠤᠨ ᠨᠣᠮ ᠢᠶᠠᠨ ᠲᠠᠬᠢᠨ ᠬᠢᠨᠠᠨ | ᠵᠠᠰᠠᠬᠤ ᠠᠵᠢᠯ ᠢᠶᠠᠨ ᠡᠬᠢᠯᠡᠬᠦᠯᠪᠡ᠃ ᠡᠨᠡᠬᠦ ᠠᠵᠢᠯ ᠲᠠᠭᠤᠰᠣᠭᠰᠠᠨ ᠤ ᠲᠠᠷᠠᠭ᠎ᠠ ᠪᠠᠷ ᠸᠢᠰᠠᠯ᠂ 1564 ᠣᠨ ᠳᠤ | ᠰᠠᠶᠢᠫᠦᠷᠦᠰ ᠲᠤ ᠮᠦᠷᠭᠦᠯ ᠬᠢᠬᠦ ᠪᠠᠷ ᠣᠴᠢᠪᠠ᠃ ᠶᠧᠷᠦᠰᠧᠯᠠᠮ ᠢᠶᠠᠷ ᠲᠠᠮᠵᠢᠨ ᠦᠩᠭᠡᠷᠡᠬᠦ ᠦᠶ᠎ᠡ ᠳᠤ ᠪᠠᠰᠠ | ᠪᠣᠰᠣᠳ ᠠᠴᠠ ᠣᠷᠢᠯᠭ᠎ᠠ ᠶᠢ ᠢᠷᠡᠵᠦ᠂ ᠲᠡᠭᠦᠨ ᠢ ᠶᠡᠭᠡ ᠰᠣᠷᠭᠠᠭᠤᠯᠢ ᠪᠠᠷ ᠫᠧᠷᠹᠰᠣᠷ ᠪᠣᠯᠭᠠᠬᠤ ᠪᠠᠷ ᠵᠠᠯᠠᠵᠣ | ᠪᠠᠶᠢᠯ᠎ᠠ᠃ ᠭᠡᠶ᠎ᠡ ᠲᠡᠷᠡ ᠬᠠᠮᠢᠭ᠎ᠠ ᠴᠣ᠋ ᠬᠦᠷᠴᠦ ᠠᠮᠵᠢᠯ ᠦᠭᠡᠢ ᠪᠠᠷ ᠽᠠᠺᠢᠨᠽᠥᠰ ᠲᠤ ᠨᠠᠰᠣ ᠪᠠᠷᠠᠵᠠᠢ᠃ ᠭᠡᠶ᠎ᠡ | ᠲᠣᠬᠠᠢ ᠶᠢᠨ ᠦᠶ᠎ᠡ ᠳᠤ ᠪᠠᠰᠠ᠂ ᠲᠡᠭᠦᠨ ᠤ ᠰᠠᠶᠢᠫᠦᠷᠦᠰ ᠲᠤ ᠮᠦᠷᠭᠦᠯ ᠬᠢᠬᠦ ᠪᠠᠷ ᠣᠴᠢᠭᠰᠠᠨ ᠨᠢ ᠱᠠᠰᠢᠨ ᠤ | ᠰᠢᠬᠦᠬᠦ ᠭᠠᠵᠠᠷ ᠤᠨ ᠲᠠᠷᠣᠯᠳᠠ ᠠᠴᠠ ᠪᠣᠯᠣᠭᠰᠠᠨ ᠭᠡᠵᠦ ᠬᠡᠯᠡᠳᠡᠭ ᠶᠣᠮ᠃ ᠲᠡᠳᠡᠨᠡᠷ ᠤᠨ ᠬᠡᠯᠡᠬᠦ ᠪᠠᠷ ᠠᠯᠢ | ᠬᠡᠵᠢᠶᠡᠨᠡᠢ ᠸᠢᠰᠠᠯ ᠦᠪᠡᠷ ᠤᠨ ᠨᠣᠮ ᠢᠶᠠᠨ ᠬᠡᠪᠯᠡᠭᠦᠯᠦᠨ ᠭᠠᠷᠭᠠᠮᠠᠭᠴᠠ᠂ ᠱᠠᠰᠢᠨ ᠤ ᠲᠠᠯ᠎ᠠ ᠶᠢᠨ ᠬᠢᠨᠢ ᠲᠡᠭᠦᠨ ᠳᠤ | ᠮᠠᠰᠢ ᠶᠡᠭᠡ ᠲᠠᠷᠣᠯᠳᠠ ᠦᠵᠡᠬᠦᠯᠵᠦ ᠪᠠᠶᠢᠵᠠᠢ᠃ ᠪᠠᠰᠠ ᠬᠡᠯᠡᠬᠦ ᠪᠠᠷ ᠸᠢᠰᠠᠯ ᠨᠢᠭᠡᠨ ᠣᠳᠠᠭ᠎ᠠ ᠢᠰᠫᠠᠨᠢ ᠶᠢᠨ | ᠢᠵᠠᠭᠤᠷᠳᠠᠨ ᠳᠤ ᠠᠨᠠᠲ᠋ᠣᠮᠢ ᠶᠢᠨ ᠲᠣᠶᠠᠴᠢᠯᠠᠯ ᠬᠢᠵᠦ ᠦᠵᠡᠬᠦᠯᠵᠦ ᠪᠠᠶᠢᠭ᠎ᠠ ᠦᠶ᠎ᠡ ᠳᠤ᠂ ᠵᠠᠷᠢᠮ ᠬᠦᠮᠦᠨ ᠲᠡᠷᠡᠬᠦ | ᠬᠡᠬᠦᠷ ᠬᠢᠨᠢ ᠵᠢᠷᠦᠬᠡ ᠨᠢᠪᠠᠰᠠ ᠴᠣᠬᠢᠯᠠᠭᠰᠠᠭᠠᠷ ᠪᠠᠶᠢᠵᠠᠢ ᠭᠡᠵᠦ ᠵᠠᠭᠠᠯᠳᠣᠭᠰᠠᠨ ᠪᠣᠯᠵᠣ᠂ ᠱᠠᠰᠢᠨ ᠤ ᠰᠢᠬᠦᠬᠦ ᠶᠢᠨ | ᠭᠠᠵᠠᠷ ᠠᠴᠠ ᠲᠡᠭᠦᠨ ᠳᠤ ᠠᠯᠠᠬᠤ ᠶᠠᠯ᠎ᠠ ᠲᠣᠯᠭᠠᠵᠣ᠂ ᠹᠢᠯᠢᠫ ᠬᠤᠶᠠᠳᠣᠭᠠᠷ ᠤᠨ ᠲᠣᠮᠳᠠ ᠠᠴᠠ ᠨᠢ | ᠵᠣᠬᠢᠴᠠᠭᠤᠯᠣᠭᠰᠠᠨ ᠢᠶᠠᠷ ᠦᠬᠦᠬᠦ ᠶᠠᠯ᠎ᠠ ᠠᠴᠠ ᠨᠢ ᠬᠡᠯᠳᠦᠷᠢᠬᠦᠯᠦᠨ᠂ ᠰᠠᠶᠢᠫᠦᠷᠦᠰ ᠲᠤ ᠴᠦᠯᠡᠬᠦ ᠪᠠᠷ ᠰᠢᠢᠳᠭᠡᠭᠰᠡᠨ | ᠭᠡᠵᠦ ᠬᠡᠯᠡᠳᠡᠭ ᠨᠢ ᠴᠣ᠋ ᠣᠷᠣ ᠲᠠᠢ ᠰᠢᠭ᠋ ᠣᠴᠢᠷ ᠪᠠᠶᠢᠯ᠎ᠠ ᠭᠡᠵᠦ ᠦᠡᠵᠳᠡᠭ ᠬᠦᠮᠦᠰ ᠪᠣᠢ᠃ ᠡᠶᠢᠮᠦᠷᠬᠦ ᠵᠦᠢᠯ | ᠵᠦᠢᠯ ᠤᠨ ᠦᠯᠢᠭᠡᠷ ᠸᠢᠰᠠᠯ ᠢ ᠦᠬᠦᠭᠰᠡᠨ ᠠᠴᠠ ᠡᠬᠢᠯᠡᠨ ᠣᠳᠣ ᠪᠣᠯᠳᠠᠯ᠎ᠠ ᠶᠠᠷᠢᠭᠳᠠᠭᠰᠠᠭᠠᠷ ᠶᠣᠮ᠃ ᠶᠠᠮᠠᠷ | ᠪᠠᠶᠢᠭᠰᠠᠨ ᠴᠣ᠋ ᠸᠢᠰᠠᠯ ᠵᠡᠷᠭᠡ ᠶᠢᠨ ᠬᠦᠮᠦᠰ ᠱᠠᠰᠢᠨ ᠤ ᠬᠠᠷᠠᠩᠭᠤᠢ ᠲᠣᠭᠤᠭᠠᠨ ᠳᠤ ᠬᠤᠷᠢᠭᠳᠠᠵᠣ ᠪᠠᠶᠢᠭᠰᠠᠨ | ᠬᠦᠮᠦᠨ ᠲᠦᠷᠦᠯᠬᠢᠳᠡᠨ ᠳᠤ ᠭᠡᠭᠡ ᠭᠡᠷᠡᠯ ᠠᠪᠴᠢᠷᠠᠭᠰᠠᠨ ᠨᠢ ᠲᠠᠮᠵᠢᠭ ᠦᠭᠡᠢ ᠬᠡᠷᠡᠭ ᠮᠦᠨ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |