ᠠᠨᠲ᠋ᠣᠨᠢ · ᠸᠠᠨ · ᠯᠸᠧᠸ᠋ᠨᠬᠤᠺ ᠤᠣᠬᠠᠨ ᠬ᠊
ᠨᠡᠶᠢᠲᠡᠯᠡᠭᠰᠡᠨ ᠴᠠᠭ᠄
2020/10/19
ᠠᠨᠲ᠋ᠣᠨᠢ · ᠯᠸᠧᠸ᠋ᠨᠬᠤᠺ ︵列文虎克᠂ Antoni van Leeuwenhoek︶ 1632 ᠣᠨ  ᠤ 10 ᠰᠠᠷ᠎ᠠ ᠶᠢᠨ 24-1723 ᠣᠨ ᠤ 8 ᠰᠠᠷ᠎ᠠ ᠶᠢᠨ 26 ᠪᠣᠯᠳᠠᠯ᠎ᠠ ᠠᠮᠢᠳᠣᠷᠠᠵᠣ ᠪᠠᠶᠢᠵᠠᠢ᠃ ᠲᠡᠭᠦᠨ ᠤ ᠨᠡᠷ᠎ᠡ ᠶᠢ ᠪᠠᠰᠠ Thonius Philips van Leeuwenhoek ᠭᠡᠳᠡᠭ ᠶᠣᠮ᠃ ᠲᠡᠷᠡ ᠪᠣᠯ ᠬᠤᠯᠠᠨᠳ᠋  ᠶᠢᠨ ᠠᠷᠠᠯᠵᠢᠶᠠᠴᠢᠨ ᠪᠦᠭᠡᠳ ᠰᠢᠨᠵᠢᠯᠡᠬᠦ ᠣᠬᠠᠭᠠᠨᠳᠠᠨ ᠮᠦᠨ᠃ ᠲᠡᠭᠦᠨ ᠢ ᠬᠦᠮᠦᠰ ᠮᠢᠺᠷᠣᠪ ᠰᠣᠳᠣᠯᠣᠯ ᠤᠨ ᠡᠪᠦᠭᠡ ᠭᠡᠵᠦ ᠲᠠᠭᠤᠳᠠᠳᠠᠭ᠃ ᠲᠡᠭᠦᠨ ᠤ ᠬᠠᠮᠤᠭ ᠶᠡᠭᠡ ᠠᠮᠵᠢᠯᠳᠠ ᠭᠡᠪᠡᠯ ᠲᠣᠮᠣᠷᠠᠭᠤᠯᠬᠤ ᠰᠢᠯ ᠢ ᠵᠠᠰᠠᠨ ᠰᠠᠶᠢᠵᠢᠷᠠᠭᠤᠯᠵᠣ᠂ ᠮᠢᠺᠷᠣᠪ ᠰᠣᠳᠣᠯᠣᠯ ᠢ ᠡᠭᠦᠳᠦᠭᠰᠡᠨ ᠬᠡᠷᠡᠭ ᠪᠣᠯᠬᠤ ᠶᠣᠮ᠃ ᠡᠶᠢᠮᠦ ᠠᠴᠠ ᠣᠳᠣ ᠦᠶ᠎ᠡ ᠶᠢᠨ ᠬᠦᠮᠦᠰ ᠴᠣ᠋ ᠲᠡᠭᠦᠨ ᠳᠤ ᠮᠠᠰᠢ ᠬᠦᠷᠢᠶᠡᠯᠡᠯ ᠲᠠᠢ᠂ ᠵᠢᠱᠢᠶᠡᠯᠡᠪᠡᠯ 2004 ᠣᠨ ᠤ ᠪᠢᠯᠧᠲ ᠦᠭᠴᠦ ᠰᠣᠩᠭᠤᠬᠤ ᠠᠷᠭ᠎ᠠ ᠪᠠᠷ ᠲᠣᠲᠣᠷᠠᠭᠤᠯᠣᠭᠰᠠᠨ ᠬᠤᠯᠠᠨᠳ᠋ ᠶᠢᠨ ᠠᠭᠤᠤ ᠶᠡᠭᠡ ᠬᠦᠮᠦᠰ ᠳᠣᠮᠳᠠ ᠲᠡᠭᠦᠨ ᠤ ᠪᠢᠯᠧᠲ ᠨᠢ ᠲᠦᠷᠪᠡᠳᠦᠭᠡᠷ ᠲᠤ ᠣᠷᠣᠵᠣ᠂ ᠬᠤᠯᠠᠨᠳ᠋ ᠶᠢᠨ ᠠᠭᠤᠤ ᠶᠡᠭᠡ ᠬᠦᠨ ᠣᠬᠠᠭᠠᠨᠳᠠᠨ᠂ ᠬᠦᠮᠦᠯᠢᠭ ᠦᠵᠡᠯᠳᠡᠨ ᠤ ᠡᠪᠦᠭᠡ ᠭᠡᠭᠳᠡᠭᠰᠡᠨ ᠳ᠋ᠧᠰᠢᠳᠧᠷᠢᠦ᠋ᠰ · ᠢᠷᠠᠰᠮᠦᠰ ᠤᠨ ᠡᠮᠦᠨ᠎ᠡ ᠵᠢᠬᠰᠠᠭᠠᠭᠳᠠᠭᠰᠠᠨ ᠪᠢᠯᠡ᠃ ᠲᠡᠷᠡ ᠭᠠᠷ ᠢᠶᠠᠷ ᠵᠣᠬᠢᠶᠠᠭᠰᠠᠨ ᠲᠣᠮᠣᠷᠠᠭᠤᠯᠬᠤ ᠰᠢᠯ ᠢᠶᠠᠷ ᠬᠠᠮᠤᠭ ᠠᠩᠬ᠎ᠠ ᠳ᠋ᠠᠩ ᠡᠰ ᠲᠤ ᠠᠮᠢᠳᠣ ᠪᠣᠳᠠᠰ ᠢ ᠠᠵᠢᠭᠯᠠᠨ ᠲᠠᠶᠢᠯᠪᠣᠷᠢᠯᠠᠭᠰᠠᠨ ᠬᠦᠮᠦᠨ ᠪᠦᠭᠡᠳ ᠡᠳᠡᠭᠡᠷ ᠠᠮᠢᠳᠣ ᠪᠣᠳᠠᠰ ᠢᠶᠠᠨ animalcules ᠭᠡᠵᠦ ᠨᠡᠷᠡᠶᠢᠳᠴᠡᠢ᠃ ᠲᠡᠷᠡ ᠡᠬᠦᠨ ᠠᠴᠠ ᠭᠠᠳᠠᠨ᠎ᠠ ᠪᠠᠰᠠ ᠪᠣᠯᠴᠢᠩ ᠤᠨ ᠡᠰ᠂ ᠪᠠᠺᠲ᠋ᠧᠷᠢ᠂ ᠦᠷ᠎ᠡ ᠶᠢᠨ ᠡᠰ᠂ ᠬᠢᠯᠭᠠᠰᠣᠨ ᠰᠣᠳᠠᠯ ᠲᠣᠲᠣᠷ᠎ᠠ ᠣᠷᠣᠰᠴᠣ ᠪᠠᠶᠢᠭ᠎ᠠ ᠴᠢᠰᠣᠨ ᠤ ᠣᠷᠣᠰᠬᠠᠯ ᠵᠡᠷᠬᠡ ᠶᠢ ᠠᠵᠢᠭᠯᠠᠨ ᠬᠠᠷᠠᠵᠣ ᠲᠠᠶᠢᠯᠪᠣᠷᠢᠯᠠᠭᠰᠠᠨ ᠰᠢᠨᠵᠢᠯᠡᠬᠦ ᠣᠬᠠᠭᠠᠨᠳᠠᠨ ᠶᠣᠮ᠃ ᠲᠡᠷᠡ ᠨᠢᠭᠡᠨ ᠨᠠᠰᠣᠨ ᠳᠠᠭᠠᠨ ᠲᠠᠪᠣᠨ ᠵᠠᠭᠤ ᠠᠴᠠ ᠲᠡᠭᠡᠭᠰᠢ ᠰᠢᠯ ᠬᠠᠪᠳᠠᠰᠣ ᠶᠢ ᠦᠷᠦᠵᠦ᠂ ᠲᠦᠷᠪᠡᠨ ᠵᠠᠭᠤ  ᠠᠴᠠ ᠲᠡᠭᠡᠭᠰᠢ ᠲᠣᠮᠣᠷᠠᠭᠤᠯᠬᠤ ᠰᠢᠯ ᠵᠣᠬᠢᠶᠠᠭᠰᠠᠨ ᠬᠦᠮᠦᠨ ᠶᠣᠮ᠃ ᠣᠳᠣ ᠪᠣᠯᠳᠠᠯ᠎ᠠ ᠲᠡᠭᠦᠨ ᠤ ᠲᠣᠲᠣᠷ᠎ᠠ ᠶᠢᠰᠦᠨ ᠵᠦᠢᠯ ᠤᠨ ᠲᠣᠮᠣᠷᠠᠭᠤᠯᠬᠤ ᠰᠢᠯ ᠨᠢ ᠬᠦᠮᠦᠰ ᠲᠤ ᠬᠡᠷᠡᠭᠯᠡᠭᠳᠡᠭᠰᠡᠭᠡᠷ ᠪᠣᠢ᠃ ᠯᠸᠧᠸ᠋ᠨᠬᠤᠺ ᠨᠠᠰᠣ ᠪᠠᠷᠠᠭᠰᠠᠨ ᠤ ᠲᠠᠷᠠᠭ᠎ᠠ ᠲᠡᠭᠦᠨ ᠤ ᠰᠣᠳᠣᠯᠣᠯᠭᠠᠨ ᠤ ᠦᠢᠯᠡᠰ ᠢ ᠵᠠᠯᠭᠠᠮᠵᠢᠯᠠᠬᠤ ᠬᠦᠮᠦᠨ ᠦᠭᠡᠢ ᠪᠣᠯᠣᠭᠠᠳ᠂ ᠮᠢᠺᠷᠣᠪ ᠰᠣᠳᠣᠯᠣᠯ ᠬᠠᠷᠠᠩᠭᠤᠢ ᠦᠶ᠎ᠡ ᠳᠤ ᠣᠷᠣᠵᠠᠢ᠃ ᠲᠡᠭᠦᠨ ᠤ ᠰᠢᠯᠳᠠᠭᠠᠨ ᠨᠢ ᠭᠤᠣᠯᠳᠠᠭᠤ ᠮᠢᠺᠷᠣᠪ ᠤᠨ ᠲᠣᠬᠠᠢ ᠰᠣᠷᠣᠯᠴᠠᠬᠤ ᠮᠡᠷᠭᠡᠵᠢᠯ ᠲᠡᠯᠭᠡᠷᠡᠭᠡᠳᠦᠢ ᠪᠠᠶᠢᠭᠰᠠᠨ ᠪᠠ ᠬᠦᠮᠦᠰ ᠮᠢᠺᠷᠣᠪ ᠠᠮᠢᠳᠠᠨ ᠢ ᠵᠦᠪᠬᠡᠨ ᠨᠢᠭᠡᠨ ᠰᠣᠨᠢᠷᠬᠠᠯ ᠲᠡᠳᠦᠢ ᠪᠣᠯᠬᠤ ᠠᠴᠠ ᠪᠢᠰᠢ᠂ ᠨᠡᠶᠢᠭᠡᠮ ᠨᠡᠶᠢᠳᠡ ᠳᠤ ᠢᠳᠡᠪᠬᠢᠳᠡᠢ ᠨᠦᠯᠦᠭᠡ ᠪᠣᠯᠬᠤ ᠦᠭᠡᠢ ᠶᠠᠯᠢᠮ ᠦᠭᠡᠢ ᠬᠡᠷᠡᠭ ᠭᠡᠵᠦ ᠦᠵᠡᠭᠰᠡᠨ ᠠᠴᠠ ᠪᠣᠯᠵᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号