ᠠᠶᠢᠰᠠᠺ · ᠨᠢᠦ᠋ᠲ᠋ᠣᠨ ᠤᠣᠬᠠᠨ ᠬ᠊
ᠨᠡᠶᠢᠲᠡᠯᠡᠭᠰᠡᠨ ᠴᠠᠭ᠄
2020/10/19
ᠠᠶᠢᠰᠠᠺ · ᠨᠢᠦ᠋ᠲ᠋ᠣᠨ ︵Isaac Newton︶ 1643 ᠣᠨ ᠤ 1 ᠰᠠᠷ᠎ᠠ ᠶᠢᠨ 4 ᠳᠤ ᠮᠡᠨᠳᠦᠯᠡᠵᠦ᠂ 1727 ᠣᠨ ᠤ 3 ᠰᠠᠷ᠎ᠠ ᠶᠢᠨ 31 ᠨᠠᠰᠣ ᠪᠠᠷᠠᠵᠠᠢ᠃ ᠲᠡᠷᠡ ᠪᠣᠯ ᠢᠩᠭᠧᠯᠠᠨᠳ᠋ ‍ᠤ᠊ ᠹᠢᠽᠢᠺ ᠤᠨ ᠣᠬᠠᠭᠠᠨᠳᠠᠨ᠂ ᠲᠣᠭᠠᠨ ᠤ ᠣᠬᠠᠭᠠᠨᠳᠠᠨ᠂ ᠣᠳᠣᠨ ᠣᠷᠣᠨ ᠤ ᠡᠷᠳᠡᠮᠳᠡᠨ᠂ ᠪᠠᠶᠢᠭᠠᠯᠢ ᠶᠢᠨ ᠬᠦᠨ ᠣᠬᠠᠭᠠᠨ ᠤ ᠡᠷᠳᠡᠮᠳᠡᠨ ᠪᠦᠭᠡᠳ ᠮᠦᠨᠴᠦ ᠨᠢᠭᠡᠨ ᠠᠯᠳᠠ ᠰᠢᠷᠭᠠᠭᠠᠭᠴᠢ ᠪᠢᠯᠡ᠃ ᠠᠶᠢᠰᠠᠺ · ᠨᠢᠦ᠋ᠲ᠋ᠣᠨ 1687 ᠣᠨ ᠳᠤ ᠨᠡᠶᠢᠳᠡᠯᠡᠭᠰᠡᠨ ᠦᠬᠦᠯᠡᠯ ︽ᠪᠠᠶᠢᠭᠠᠯᠢ ᠶᠢᠨ ᠬᠦᠨ ᠣᠬᠠᠭᠠᠨ ᠲᠣᠭᠠᠨ ᠤ ᠣᠬᠠᠭᠠᠨ ᠤ ᠲᠣᠬᠠᠢ ᠦᠨᠳᠦᠰᠦᠯᠡᠯ︾ ᠳᠡᠭᠡᠨ ᠲᠠᠲᠠᠯᠴᠠᠬᠤ ᠬᠦᠴᠦ ᠪᠠ ᠭᠤᠷᠪᠠᠨ ᠶᠡᠭᠡ ᠬᠦᠳᠡᠯᠭᠡᠭᠡᠨ ᠤ ᠵᠢᠮ᠎ᠡ ᠬᠠᠣᠯᠢ ᠪᠠᠨ ᠲᠠᠶᠢᠯᠪᠣᠷᠢᠯᠠᠵᠠᠢ᠃ ᠡᠳᠡᠭᠡᠷ ᠲᠠᠶᠢᠯᠪᠣᠷᠢᠯᠠᠯ ᠨᠢ ᠡᠭᠦᠨ ᠠᠴᠠ ᠬᠤᠵᠢᠮ ᠤᠨ ᠭᠤᠷᠪᠠᠨ ᠵᠠᠭᠤᠨ ᠤ ᠲᠣᠷᠰᠢ ᠶᠢᠨ ᠹᠢᠽᠢᠺ ᠤᠨ ᠶᠢᠷᠲᠢᠨᠴᠦ ᠰᠢᠨᠵᠢᠯᠡᠬᠦ ᠣᠬᠠᠭᠠᠨ ᠤ ᠦᠨᠳᠦᠰᠦᠨ ᠦᠵᠡᠯᠳᠡ ᠪᠣᠯᠵᠣ ᠲᠡᠭᠡᠳᠦᠯᠡᠭᠳᠡᠭᠰᠡᠨ ᠮᠦᠷᠳᠡᠭᠡᠨ ᠣᠳᠣ ᠦᠶ᠎ᠡ ᠶᠢᠨ ᠪᠠᠷᠢᠯᠭ᠎ᠠ ᠶᠢᠨ ᠣᠬᠠᠭᠠᠨ ᠤ ᠰᠠᠭᠤᠷᠢ ᠪᠣᠯᠣᠭᠰᠠᠨ ᠪᠠᠶᠢᠨ᠎ᠠ᠃ ᠲᠡᠷᠡ ᠪᠠᠰᠠ ᠺᠧᠫᠯᠧᠷ  ᠤᠨ ᠣᠳᠣᠨ ᠮᠠᠴᠢᠳ ᠤᠨ ᠣᠷᠴᠢᠯ ᠤᠨ ᠵᠢᠮ᠎ᠡ ᠶᠣᠰᠣ ᠪᠣᠯᠣᠨ ᠲᠡᠭᠦᠨ ᠤ ᠲᠠᠲᠠᠯᠴᠠᠬᠤ ᠬᠦᠴᠦᠨ ᠤ ᠣᠨᠣᠯ ᠤᠨ ᠲᠣᠬᠠᠢ ᠨᠢᠭᠡᠳᠦᠮᠡᠯ ᠪᠠᠶᠢᠬᠤ ᠶᠢ ᠨᠣᠳᠠᠯᠠᠬᠤ ᠶᠢ ᠲᠠᠮᠵᠢᠨ᠂ ᠭᠠᠵᠠᠷ ᠤᠨ ᠭᠠᠳᠠᠷᠭᠤ ᠲᠠᠬᠢ ᠪᠣᠳᠠᠰ ᠪᠠ ᠣᠳᠣᠨ ᠣᠷᠣᠨ ᠤ ᠬᠦᠳᠡᠯᠭᠡᠭᠡᠨ ᠳᠤ ᠬᠦᠷᠳᠡᠯ᠎ᠡ ᠪᠦᠷ ᠡᠨᠡᠬᠦ ᠲᠠᠲᠠᠯᠴᠠᠬᠤ ᠬᠦᠴᠦᠨ ᠢ ᠵᠢᠷᠣᠮᠯᠠᠬᠤ ᠪᠠᠶᠢᠭᠠᠯᠢ ᠶᠢᠨ ᠵᠢᠮ᠎ᠡ ᠶᠣᠰᠣ ᠶᠢ ᠲᠡᠯᠭᠡᠨ ᠦᠵᠡᠬᠦᠯᠵᠦ ᠴᠢᠳᠠᠵᠠᠢ᠃ ᠢᠩᠬᠢᠭᠡᠳ ᠵᠢᠩᠬᠢᠨᠢ ᠪᠠᠷ ᠨᠠᠷᠠ ᠪᠠᠷ ᠲᠦᠪᠯᠡᠬᠦ ᠦᠵᠡᠯ ᠰᠠᠶ᠋ᠢ ᠴᠢᠩᠭ᠎ᠠ ᠬᠦᠴᠦᠳᠡᠢ ᠣᠨᠣᠯ ᠤᠨ ᠲᠡᠮᠵᠢᠯᠭᠡ ᠲᠠᠢ ᠪᠣᠯᠭᠠᠭᠰᠠᠨ ᠪᠠᠶᠢᠨ᠎ᠠ᠃ ᠡᠬᠦᠨᠴᠡ ᠡᠬᠢᠯᠡᠨ ᠰᠢᠨᠵᠢᠯᠡᠬᠦ ᠣᠬᠠᠭᠠᠨ ᠰᠠᠶ᠋ᠢ ᠣᠯᠠᠮ ᠲᠡᠭᠦᠯᠳᠡᠷ ᠣᠨᠣᠯ ᠤᠨ ᠦᠨᠳᠦᠰᠦᠯᠡᠯ ᠲᠠᠢ ᠪᠣᠯᠵᠣ᠂ ᠰᠢᠨᠵᠢᠯᠡᠬᠦ ᠣᠬᠠᠭᠠᠨ ᠤ ᠬᠤᠪᠢᠰᠬᠠᠯ ᠬᠦᠭᠵᠢᠯᠳᠡ ᠶᠢᠨ ᠵᠠᠮ ᠢᠶᠠᠨ ᠡᠯᠬᠦᠭᠰᠡᠨ ᠪᠢᠯᠡ᠃ ᠠᠶᠢᠰᠠᠺ · ᠨᠢᠦ᠋ᠲ᠋ᠣᠨ ᠪᠠᠰᠠ ᠬᠦᠴᠦᠨ ᠣᠬᠠᠭᠠᠨ ᠤ ᠲᠠᠯ᠎ᠠ ᠪᠠᠷ ᠭᠠᠷᠮᠠᠭᠠᠢ ᠵᠢᠳᠭᠦᠯ ᠭᠠᠷᠭᠠᠭᠰᠠᠨ ᠤ ᠬᠠᠮᠳᠣ ᠭᠡᠷᠡᠯ  ᠤᠨ ᠣᠬᠠᠭᠠᠨ ᠤ ᠲᠠᠯ᠎ᠠ ᠪᠠᠷ ᠣᠶᠢᠯᠳᠠ ᠶᠢᠨ ᠲᠣᠷᠠᠨ ᠵᠡᠷᠭᠡ ᠶᠢ ᠡᠬᠦᠳᠦᠨ ᠪᠦᠳᠦᠭᠡᠵᠦ᠂ ᠭᠤᠷᠪᠠᠯᠵᠢᠨ ᠰᠢᠯ ᠢᠶᠠᠷ ᠨᠡᠷᠡᠨ ᠤ ᠭᠡᠷᠡᠯ ᠢ ᠰᠠᠯᠭᠠᠵᠣ᠂ ᠭᠡᠷᠡᠯ ᠤᠨ ᠦᠩᠭᠡ ᠶᠢᠨ ᠣᠨᠣᠯ ᠢ ᠪᠣᠢ ᠪᠣᠯᠭᠠᠵᠠᠢ᠃ ᠪᠠᠰᠠ ᠬᠦᠷᠦᠭᠡᠬᠦ ᠵᠢᠮ᠎ᠡ ᠬᠠᠣᠯᠢ ᠶᠢ ᠰᠢᠰᠲ᠋ᠧᠮ ᠲᠠᠢ ᠪᠠᠷ ᠲᠠᠶᠢᠯᠪᠣᠷᠢᠯᠠᠵᠣ ᠪᠠᠶᠢᠭᠰᠠᠨ ᠮᠦᠷᠳᠡᠭᠡᠨ ᠲᠠᠭᠤᠨ ᠤ ᠬᠤᠷᠳᠣᠴᠠ ᠳᠤ ᠠᠩᠬ᠎ᠠ ᠠᠯᠬᠤᠮ ᠰᠣᠳᠣᠯᠣᠯᠳᠠ ᠬᠢᠵᠦ ᠪᠠᠶᠢᠪᠠ᠃ ᠲᠣᠭᠠᠨ ᠤ ᠣᠬᠠᠭᠠᠨ ᠤ ᠲᠠᠯ᠎ᠠ ᠪᠠᠷ ᠪᠣᠰᠣᠳ ᠬᠦᠮᠦᠨ ᠲᠠᠢ ᠬᠠᠮᠳᠣ ᠢᠯᠭᠠᠷᠠᠯ ᠴᠣᠮᠬᠠᠳᠬᠠᠯ ᠤᠨ ᠣᠬᠠᠭᠠᠨ ᠢ ᠲᠣᠰᠪᠣᠷᠢ ᠪᠡᠶ᠎ᠡ ᠪᠠᠨ ᠲᠠᠭᠠᠵᠣ ᠬᠦᠭᠵᠢᠬᠦᠯᠦᠭᠰᠡᠨ ᠢᠷᠠᠭᠤ ᠠᠯᠳᠠᠷ ᠢ ᠬᠦᠷᠳᠡᠭᠡᠰᠡᠨ ᠶᠣᠮ᠃ ᠡᠭᠦᠨ ᠠᠴᠠ ᠪᠣᠰᠣᠳ ᠪᠠᠰᠠ ᠣᠯᠠᠨ ᠲᠣᠭᠠᠨ ᠤ ᠣᠬᠠᠭᠠᠨ ᠤ ᠲᠣᠬᠠᠢ ᠵᠢᠮ᠎ᠡ ᠬᠠᠣᠯᠢ᠂ ᠣᠭ ᠶᠣᠰᠣ ᠲᠣᠮᠢᠶ᠎ᠠ ᠵᠡᠷᠭᠡ ᠶᠢ ᠰᠣᠳᠣᠯᠣᠯᠨ ᠪᠦᠳᠦᠭᠡᠵᠦ ᠪᠠᠶᠢᠭᠰᠠᠨ ᠢ ᠠᠳᠡ ᠲᠣᠷᠠᠳᠬᠤ ᠦᠭᠡᠢ᠃ 2005 ᠣᠨ ᠳᠤ ᠠᠩᠭ᠍ᠯᠢ ᠶᠢᠨ ᠬᠠᠭᠠᠨ ᠤ ᠡᠷᠳᠡᠮ ᠰᠢᠨᠵᠢᠯᠡᠭᠡᠨ ᠤ ᠨᠡᠶᠢᠬᠡᠮᠯᠢᠭ ᠠᠴᠠ ︽ᠰᠢᠨᠵᠢᠯᠡᠬᠦ ᠣᠬᠠᠭᠠᠨ ᠤ ᠬᠦᠭᠵᠢᠯᠳᠡ ᠶᠢᠨ ᠲᠡᠣᠬᠡᠨ ᠳᠤ ᠣᠷᠣᠭᠤᠯᠣᠭᠰᠠᠨ ᠬᠤᠪᠢ ᠨᠡᠮᠡᠭᠦᠷᠢ ᠪᠠᠷ ᠬᠠᠮᠤᠭ ᠶᠡᠭᠡ ᠬᠦᠮᠦᠨ ᠬᠡᠨ ᠪᠣᠢ︾ ᠭᠡᠬᠦ ᠨᠡᠶᠢᠭᠡᠮ ᠤᠨ ᠪᠠᠶᠢᠴᠠᠭᠠᠯᠳᠠ ᠬᠢᠭᠰᠡᠨ ᠤ ᠳ᠋ᠦᠩ ᠳᠤ᠂ ᠪᠠᠶᠢᠴᠠᠭᠠᠯᠳᠠ ᠳᠤ ᠣᠷᠣᠯᠴᠠᠭᠰᠠᠨ ᠬᠠᠭᠠᠨ ᠤ ᠰᠢᠨᠵᠢᠯᠡᠬᠦ ᠣᠬᠠᠭᠠᠨ ᠤ ᠨᠡᠶᠢᠭᠡᠮᠯᠢᠭ ᠤᠨ ᠭᠡᠰᠢᠭᠦᠳ ᠪᠠ ᠨᠡᠶᠢᠭᠡᠮ ᠤᠨ ᠡᠯ᠎ᠡ ᠡᠲᠡᠭᠡᠳ ᠬᠢᠨ ᠠᠶᠢᠰᠠᠺ · ᠨᠢᠦ᠋ᠲ᠋ᠣᠨ ᠤ ᠬᠤᠪᠢ ᠨᠡᠮᠡᠭᠦᠷᠢ ᠨᠢ ᠠᠯᠪᠧᠷᠲ · ᠠᠶᠢᠨᠰᠲ᠋ᠠᠶᠢᠨ ᠠᠴᠠ ᠨᠡᠩ ᠶᠡᠭᠡ ᠭᠡᠵᠦ ᠦᠵᠡᠵᠡᠢ᠃ ᠠᠶᠢᠰᠠᠺ · ᠨᠢᠦ᠋ᠲ᠋ᠣᠨ ᠠᠯᠮᠣᠷᠠᠳ ᠣᠨᠠᠬᠤ ᠶᠢ ᠦᠵᠡᠭᠡᠳ ᠰᠡᠷᠡᠭᠳᠡᠯ ᠣᠯᠵᠣ ᠲᠠᠲᠠᠯᠴᠠᠬᠤ ᠬᠦᠴᠦ ᠶᠢ ᠢᠯᠡᠷᠡᠬᠦᠯᠪᠡ ᠭᠡᠵᠦ ᠬᠦᠮᠦᠰ ᠬᠡᠯᠡᠳᠡᠭ᠃ ᠵᠠᠷᠢᠮ ᠬᠦᠮᠦᠰ ᠡᠬᠦᠨ ᠢ ᠦᠯᠢᠭᠡᠷᠴᠢᠯᠡᠨ ᠨᠢᠭᠡᠨ ᠠᠯᠮᠣᠷᠠᠳ ᠶᠠᠭ ᠰᠠᠶᠢᠬᠠᠨ ᠳᠣᠷᠰᠢᠯᠳᠠ  ᠶᠢᠨ ᠲᠣᠬᠠᠢ ᠪᠣᠳᠣᠯ ᠪᠣᠯᠣᠨ ᠶᠠᠪᠣᠵᠣ ᠪᠠᠶᠢᠭᠰᠠᠨ ᠨᠢᠦ᠋ᠲ᠋ᠣᠨ ᠤ ᠮᠠᠩᠨᠠᠢ ᠲᠡᠭᠡᠷ᠎ᠡ ᠨᠢ ᠣᠨᠠᠵᠣ᠂ ᠲᠡᠭᠦᠨ ᠤ ᠲᠡᠷᠢᠬᠢᠨ  ᠳᠤ ᠬᠡᠨᠡᠳᠳᠡ ᠨᠢᠭᠡᠨ ᠬᠢᠯᠠᠰᠬᠢᠭᠰᠠᠨ ᠰᠡᠷᠡᠯᠳᠡ ᠣᠷᠣᠵᠣ ᠲᠠᠲᠠᠯᠴᠠᠬᠤ ᠬᠦᠴᠦ ᠤ ᠵᠢᠮ᠎ᠡ ᠬᠠᠣᠯᠢ ᠶᠢ ᠢᠯᠡᠷᠡᠬᠦᠯᠪᠡ ᠭᠡᠳᠡᠭ ᠴᠣ᠋ ᠪᠣᠢ᠃ ᠤ᠊ ᠠᠶᠢᠰᠠᠺ · ᠨᠢᠦ᠋ᠲ᠋ᠣᠨ ᠬᠠᠭᠠᠨ ᠤ ᠵᠣᠭᠤᠰ ᠬᠢᠬᠦ ᠦᠢᠯᠡᠳᠪᠦᠷᠢ ᠳᠤ ᠬᠢᠨᠠᠭᠴᠢ ᠲᠠᠷᠤᠭ᠎ᠠ ᠪᠠᠷ ᠠᠵᠢᠯᠯᠠᠵᠣ ᠪᠠᠶᠢᠭ᠎ᠠ ᠦᠶᠡᠰ ᠲᠤ ᠲᠡᠭᠦᠨ ᠤ ᠬᠠᠪᠰᠣᠷᠣᠭᠴᠢ ᠪᠠᠶᠢᠭᠰᠠᠨ ᠵᠢᠭᠡ ᠬᠦᠷᠭᠡᠨ ᠤ ᠬᠢᠨᠢ ᠬᠤᠵᠢᠮ ᠬᠡᠯᠡᠭᠰᠡᠨ  ᠢᠶᠠᠷ ᠪᠣᠯ ᠡᠨᠡᠬᠦ ᠦᠯᠢᠭᠡᠷ ᠡᠶᠢᠮᠦ ᠪᠠᠶᠢᠵᠠᠢ᠄ 1666 ᠣᠨ ᠳᠤ ᠲᠡᠷᠡ ᠺᠠᠮᠪᠧᠷᠵ ᠶᠡᠭᠡ ᠰᠣᠷᠭᠠᠭᠤᠯᠢ ᠠᠴᠠ ᠰᠠᠯᠣᠭᠠᠳ᠂ ᠯᠢᠨᠺᠧᠨ ᠮᠣᠵᠢ ᠳᠤ ᠪᠠᠶᠢᠭ᠎ᠠ ᠡᠬᠡ ᠪᠠᠨ ᠦᠵᠡᠬᠦ ᠪᠠᠷ ᠣᠴᠢᠵᠠᠢ᠃ ᠲᠡᠭᠡᠭᠡᠳ ᠨᠢᠭᠡ ᠴᠡᠴᠡᠷᠯᠢᠭ ᠲᠣᠲᠣᠷ᠎ᠠ ᠰᠣᠯᠠ ᠠᠯᠬᠤᠬᠤ ᠶᠢᠨ ᠬᠠᠮᠳᠣ᠂ ᠠᠯᠮᠣᠷᠠᠳ ᠤᠨ ᠭᠠᠵᠠᠷ ᠣᠨᠠᠬᠤ ᠶᠢ ᠬᠠᠷᠠᠭᠠᠳ᠂ ᠠᠯᠮᠣᠷᠠᠳ ᠶᠠᠭᠠᠬᠢᠭᠠᠳ ᠰᠠᠷᠠ ᠰᠢᠭ᠋ ᠦᠨᠳᠦᠷ ᠲᠤ ᠲᠣᠭᠳᠠᠵᠣ ᠴᠢᠳᠠᠬᠤ ᠦᠭᠡᠢ ᠬᠠᠷᠢᠨ ᠭᠠᠵᠠᠷ ᠣᠨᠠᠳᠠᠭ ᠪᠣᠢ ᠭᠡᠵᠦ ᠪᠣᠳᠣᠭᠠᠳ᠂ ᠡᠨᠡ ᠪᠠᠷᠤᠭ ᠲᠠᠲᠠᠯᠴᠠᠬᠤ ᠬᠦᠴᠦᠨ ᠤ ᠬᠢᠵᠠᠭᠠᠷ ᠲᠤ ᠪᠠᠶᠢᠭ᠎ᠠ ᠰᠠᠷᠠ ᠪᠣᠯ ᠦᠪᠡᠷ ᠤᠨ ᠲᠣᠭᠤᠷᠢᠭ ᠵᠠᠮ ᠢᠶᠠᠷ ᠠᠶᠠᠯᠠᠵᠣ ᠭᠠᠵᠠᠷ ᠣᠨᠠᠬᠤ ᠦᠭᠡᠢ ᠪᠣᠯᠳᠠᠭ ᠶᠣᠮ ᠪᠢᠵᠡ ᠭᠡᠳ ᠡᠬᠢᠯᠡᠨ ᠲᠡᠭᠦᠨ ᠤ ᠲᠤᠭ᠎ᠠ ᠪᠠᠨᠶᠢᠮᠳᠠ ᠶᠢ ᠰᠢᠰᠲ᠋ᠧᠮ ᠲᠠᠢ ᠪᠣᠳᠣᠵᠣ᠂ ᠡᠨᠡᠬᠦ ᠦᠷ᠎ᠡ ᠳ᠋ᠦᠩ ᠳᠤ ᠬᠦᠷᠦᠭᠰᠡᠨ ᠭᠡᠳᠡᠭ᠃ ᠠᠶᠢᠰᠠᠺ · ᠨᠢᠦ᠋ᠲ᠋ᠣᠨ ᠤ ᠬᠡᠯᠡᠭᠰᠡᠨ ᠮᠡᠷᠭᠡᠨ ᠦᠭᠡ ᠹᠷᠠᠨᠽᠢ ᠶᠢᠨ ᠲᠣᠭᠠᠨ ᠤ ᠣᠬᠠᠭᠠᠨᠳᠠᠨ ᠶᠣᠰᠧᠹ · ᠯᠠᠭᠷᠠᠩᠭᠧ Joseph · Lagrange ᠶᠡᠷᠦᠳᠡᠭᠡᠨ ᠨᠢᠦ᠋ᠲ᠋ᠣᠨ ᠪᠣᠯ ᠣᠳᠣ ᠪᠣᠯᠳᠠᠯᠠᠬᠢ ᠬᠠᠮᠤᠭ ᠠᠭᠤᠤ ᠶᠡᠭᠡ ᠠᠪᠢᠶᠠᠰ ᠪᠢᠯᠢᠭᠳᠡᠨ ᠪᠦᠭᠡᠳ ᠬᠠᠮᠤᠭ ᠵᠣᠯ ᠲᠠᠢ ᠬᠦᠮᠦᠨ ᠮᠦᠨ᠂ ᠣᠴᠢᠷ ᠨᠢ ᠪᠢᠳᠡ ᠲᠠᠬᠢᠨ ᠦᠭᠡᠷ᠎ᠡ ᠨᠢᠭᠡ ᠶᠢᠷᠲᠢᠨᠴᠦ ᠶᠢᠨ ᠰᠢᠰᠲ᠋ᠧᠮ ᠢ ᠡᠷᠢᠨ ᠣᠯᠵᠣ ᠴᠢᠳᠠᠬᠤ ᠦᠭᠡᠢ ᠪᠣᠯᠵᠠᠢ ᠭᠡᠳᠡᠭ ᠶᠣᠮ᠃ ᠵᠠᠷᠢᠮ ᠬᠦᠮᠦᠨ ᠤ ᠬᠡᠯᠡᠬᠦ ᠪᠠᠷ ᠨᠢᠦ᠋ᠲ᠋ᠣᠨ ᠪᠣᠯ ᠦᠪᠡᠷ ᠤᠨ ᠠᠮᠵᠢᠯᠳᠠ ᠪᠦᠳᠦᠭᠡᠯ ᠳᠡᠭᠡᠨ ᠮᠠᠰᠢ ᠲᠠᠷᠥᠥ ᠨᠣᠮᠣᠬᠠᠨ ᠬᠦᠩᠭᠡᠮᠰᠦᠭ ᠬᠦᠮᠦᠨ ᠭᠡᠳᠡᠭ᠃ ᠲᠡᠷᠡ 1676 ᠣᠨ ᠳᠤ ᠯᠥᠪᠧᠷᠲ · ᠬᠤᠺ ᠲᠤ ᠦᠭᠭᠦᠭᠰᠡᠨ ᠨᠢᠭᠡ ᠬᠤᠪᠢ ᠵᠠᠬᠢᠳᠠᠯ ᠳᠤ ᠲᠣᠣᠷᠠᠬᠢ ᠮᠡᠳᠦ ᠠᠯᠳᠠᠷᠲᠣ ᠦᠭᠡᠰ ᠨᠢ ᠢᠯᠡᠷᠡᠵᠡᠢ᠄ ᠬᠡᠷᠪᠡ ᠨᠠᠳᠠ ᠶᠢ ᠨᠡᠩ ᠠᠯᠣᠰ ᠬᠤᠯᠠ ᠶᠢ ᠬᠠᠷᠠᠵᠣ ᠴᠢᠳᠠᠵᠠᠢ ᠭᠡᠪᠡᠯ᠂ ᠰᠢᠯᠳᠠᠭᠠᠨ ᠨᠢ ᠪᠢ ᠠᠪᠣᠷᠭᠤᠴᠣᠳ ᠤᠨ ᠮᠦᠷᠦᠨ ᠲᠡᠭᠡᠷ᠎ᠡ ᠵᠣᠭᠰᠣᠵᠣ ᠪᠠᠶᠢᠭ᠎ᠠ ᠠᠴᠠ ᠪᠣᠯᠣᠭᠰᠠᠨ ᠶᠣᠮ ᠭᠡᠵᠡᠢ᠃ ᠭᠡᠳᠡᠯ᠎ᠡ ᠲᠡᠣᠬᠡᠨ ᠳᠠᠬᠢ ᠪᠣᠰᠣᠳ ᠲᠡᠮᠳᠡᠭᠯᠡᠯ ᠠᠴᠠ ᠦᠵᠡᠪᠡᠯ ᠠᠶᠢᠰᠠᠺ · ᠨᠢᠦ᠋ᠲ᠋ᠣᠨ ᠪᠣᠯ ᠦᠨᠡᠬᠡᠷ ᠬᠠᠷᠢᠨ ᠴᠡᠭᠡᠵᠢ ᠢᠪᠴᠥᠥ ᠬᠦᠮᠦᠨ ᠪᠠᠶᠢᠵᠠᠢ᠃ ᠲᠡᠷᠡ ᠦᠷᠬᠦᠯᠵᠢ ᠲᠣᠬᠠᠢ ᠶᠢᠨ ᠦᠶ᠎ᠡ ᠳᠤ ᠲᠡᠭᠦᠨ ᠠᠴᠠ ᠨᠡᠷ᠎ᠡ ᠠᠯᠳᠠᠷ ᠢᠶᠠᠷ ᠲᠣᠳᠠᠬᠤ ᠦᠭᠡᠢ ᠯᠠᠶᠢᠪᠨᠢᠽᠢ ︵Leibniz︶ ᠪᠠ ᠬᠤᠺ ᠨᠡᠷ ᠢ ᠲᠠᠭᠠᠷᠢᠳᠠᠭ ᠪᠠᠶᠢᠪᠠ᠃ ᠨᠡᠩ ᠢᠯᠠᠩᠭᠤᠶ᠎ᠠ ᠨᠢᠦ᠋ᠲ᠋ᠣᠨ ᠤ ᠲᠡᠮᠵᠢᠭᠴᠢ ᠨᠡᠷ ᠨᠢ ᠲᠠᠲᠠ ᠬᠤᠶᠠᠭᠤᠯᠠ ᠶᠢ ᠶᠡᠷᠦᠳᠡᠭᠡᠨ ᠲᠠᠷᠣᠮᠳᠠᠯᠠᠳᠠᠭ ᠪᠠᠶᠢᠪᠠ᠃ ᠲᠡᠣᠬᠡᠨ ᠡᠷᠳᠡᠮᠳᠡᠳ ᠤᠨ ᠶᠡᠷᠦ ᠶᠢᠨ ᠦᠵᠡᠯᠳᠡ ᠪᠠᠷ ᠲᠡᠭᠡᠷᠡᠬᠢ ᠠᠯᠳᠠᠡᠳᠣ ᠦᠭᠡᠰ ᠪᠣᠯ ᠦᠨᠡᠨᠳᠡᠭᠡᠨ ᠠᠶᠢᠰᠠᠺ · ᠨᠢᠦ᠋ᠲ᠋ᠣᠨ ᠤ ᠲᠡᠭᠦᠨ ᠠᠴᠠ ᠪᠡᠶ᠎ᠡ ᠪᠠᠷ ᠪᠠᠭ᠎ᠠ ᠮᠦᠷᠳᠡᠭᠡᠨ ᠪᠦᠭᠳᠦᠷ ᠨᠢᠷᠣᠭᠤ ᠲᠠᠢ ᠬᠤᠺ ᠢ ᠲᠣᠷᠣᠮᠵᠢᠯᠡᠬᠤ ᠶᠢᠨ ᠲᠦᠯᠦᠭᠡ ᠬᠡᠯᠡᠭᠰᠡᠨ ᠦᠭᠡ ᠪᠣᠯᠬᠤ ᠠᠴᠠ ᠪᠢᠰᠢ᠂ ᠬᠠᠷᠢᠨ ᠦᠪᠡᠷ ᠢ ᠪᠠᠨ ᠬᠦᠩᠭᠡᠮᠰᠦᠭᠯᠡᠭᠰᠡᠨ ᠦᠭᠡ ᠪᠢᠰᠢ ᠭᠡᠳᠡᠭ ᠶᠣᠮ᠃ ᠡᠨᠡᠬᠦ ᠬᠡᠯᠡᠯᠭᠡ ᠶᠢᠨ ᠦᠨᠳᠦᠰᠦᠯᠡᠯ ᠨᠢ ᠶᠠᠭ ᠡᠨᠡᠬᠦ ᠦᠶ᠎ᠡ ᠪᠠᠷ ᠳᠡᠳᠡ ᠬᠤᠶᠠᠭᠤᠯᠠ ᠭᠡᠷᠡᠯ ᠤᠨ ᠣᠬᠠᠭᠠᠨ ᠤ ᠮᠠᠷᠭᠤᠯᠳᠣᠭᠠᠨ ᠬᠢᠵᠦ ᠪᠠᠶᠢᠭᠰᠠᠨ ᠪᠣᠯᠬᠤᠷ ᠡᠶᠢᠮᠦ ᠬᠡᠷᠡᠭ ᠡᠭᠦᠰᠦᠭᠰᠡᠨ ᠭᠡᠳᠡᠭ ᠶᠣᠮ᠃ ᠡᠨᠡᠬᠦ ᠲᠠᠶᠢᠯᠪᠣᠷᠢ ᠨᠢ ᠲᠡᠭᠦᠨ  ᠤ ᠪᠣᠰᠣᠳ ᠲᠠᠯ᠎ᠠ ᠶᠢᠨ ᠮᠡᠳᠭᠡᠯᠴᠡᠨ ᠲᠠᠢ ᠴᠣ᠋ ᠨᠡᠶᠢᠴᠡᠵᠦ ᠪᠠᠶᠢᠭ᠎ᠠ ᠶᠣᠮ᠃ ᠵᠢᠱᠢᠶᠡᠯᠡᠪᠡᠯ ᠬᠡᠨ ᠬᠦᠮᠦᠨ ᠢᠯᠭᠠᠷᠠᠯ ᠴᠣᠮᠬᠠᠳᠬᠠᠯ ᠤᠨ ᠣᠬᠠᠭᠠᠨ ᠤ ᠬᠦᠭᠵᠢᠯᠳᠡ ᠳᠤ ᠬᠤᠪᠢ ᠨᠡᠮᠡᠭᠦᠷᠢ ᠣᠷᠣᠭᠤᠯᠣᠭᠰᠠᠨ ᠲᠣᠬᠠᠢ ᠮᠠᠷᠭᠤᠯᠳᠣᠭᠠᠨ ᠵᠡᠷᠭᠡ ᠪᠦᠷ ᠡᠭᠦᠨ ᠢ ᠭᠡᠷᠡᠯᠡᠴᠢᠯᠡᠵᠦ ᠪᠠᠶᠢᠨ᠎ᠠ ᠭᠡᠳᠡᠭ᠃ ᠶᠠᠭᠤ ᠬᠡᠯᠡᠭᠰᠡᠨ ᠴᠣ᠋ ᠲᠡᠭᠦᠨ ᠤ ᠠᠮᠵᠢᠯᠳᠠ ᠨᠢ ᠲᠡᠭᠦᠨ ᠤ ᠠᠯᠳᠠᠭ᠎ᠠ ᠲᠣᠳᠠᠭᠳᠠᠯ ᠠᠴᠠ ᠨᠡᠩ ᠶᠡᠭᠡ ᠭᠡᠳᠡᠭ ᠢ ᠬᠤᠵᠢᠮ ᠤᠨ ᠲᠡᠣᠬᠡ ᠬᠠᠷᠠᠭᠤᠯᠬᠤ ᠨᠢ ᠲᠠᠮᠵᠢᠭ ᠦᠭᠡᠢ᠃ ᠲᠡᠭᠦᠨ ᠤ ᠨᠠᠰᠣ ᠪᠠᠷᠠᠭᠰᠠᠨ ᠨᠢ ᠨᠢᠦ᠋ᠲ᠋ᠣᠨ 1727 ᠣᠨ ᠤ 3 ᠰᠠᠷ᠎ᠠ ᠶᠢᠨ ᠤ 31 ᠤ ᠡᠳᠦᠷ ᠯᠣᠨᠳᠣᠨ ᠬᠤᠳᠠ  ᠳᠤ ᠨᠠᠰᠣ ᠪᠠᠷᠠᠪᠠ᠃ ᠲᠡᠷᠡ ᠪᠣᠯ ᠴᠣᠷ ᠤᠨ ᠭᠠᠭᠴᠠᠬᠠᠨ ᠣᠯᠣᠰ ᠤᠨ ᠣᠷᠣᠰᠢᠯᠭ᠎ᠠ ᠬᠢᠵᠦ ᠦᠭᠭᠦᠭᠰᠡᠨ ᠬᠦᠷᠳᠡᠭᠡᠮᠵᠢ  ᠲᠠᠢ ᠰᠢᠨᠵᠢᠯᠡᠬᠦ ᠣᠬᠠᠭᠠᠨᠳᠠᠨ ᠪᠣᠯᠣᠨ᠎ᠠ᠃ ᠲᠡᠭᠦᠨ ᠤ ᠴᠢᠨᠳᠠᠷ ᠢ ᠸᠢᠰᠲᠮᠢᠨᠰᠲ᠋ᠧᠷ ᠲᠣᠭᠠᠩ ᠤᠨ ᠭᠤᠣᠯ ᠣᠷᠳᠣᠨ  ᠳᠤ ᠣᠷᠣᠰᠢᠭᠤᠯᠵᠠᠢ᠃ ᠲᠡᠭᠦᠨ ᠢ ᠦᠬᠦᠭᠰᠡᠨ ᠤ ᠲᠠᠷᠠᠭ᠎ᠠ ᠲᠡᠭᠦᠨ ᠤ ᠴᠢᠨᠳᠠᠷ ᠲᠣᠲᠣᠷ᠎ᠠ ᠠᠴᠠ ᠶᠡᠭᠡ ᠬᠡᠮᠵᠢᠶᠡᠨ ᠤ ᠮᠦᠩᠭᠦᠨ ᠣᠰᠣ ᠢᠯᠡᠷᠡᠪᠡ᠃ ᠡᠳᠡᠭᠡᠷ ᠨᠢ ᠲᠡᠭᠦᠨ ᠤ ᠷᠢᠯᠦ ᠪᠠᠱᠢᠯᠭᠠᠭᠰᠠᠨ ᠲᠠᠢ ᠬᠤᠯᠪᠣᠭᠳᠠᠯ ᠲᠠᠢ ᠪᠣᠯᠬᠤ ᠨᠢ ᠭᠡᠷᠡᠴᠢᠯᠡᠭᠳᠡᠪᠡ᠃ ᠡᠨᠡ ᠨᠢ ᠮᠦᠨ ᠲᠡᠭᠦᠨ ᠤ ᠦᠳᠡᠯᠦᠭᠡ ᠨᠠᠰᠣᠨ ᠤ ᠬᠢᠨᠢ ᠮᠠᠰᠢ ᠣᠯᠠᠨ ᠰᠣᠨᠢᠨ ᠬᠠᠴᠢᠨ ᠵᠠᠩ ᠪᠠ ᠦᠢᠯᠡ ᠠᠵᠢᠯᠯᠭ᠎ᠠ ᠶᠢᠨ ᠬᠢᠨᠢ ᠰᠢᠯᠳᠠᠭᠠᠨ ᠪᠣᠯᠬᠤ ᠮᠠᠭᠠᠳ ᠭᠡᠵᠦ ᠲᠠᠭᠠᠮᠠᠭᠯᠠᠵᠦ ᠪᠣᠢ᠃ ᠨᠢᠦ᠋ᠲ᠋ᠣᠨ ᠤ ᠣᠩᠭᠤᠨ ᠤ ᠲᠡᠭᠡᠷ᠎ᠡ ᠲᠡᠭᠦᠨ ᠤ ᠬᠦᠷᠦᠭ ᠢ ᠱᠣᠭᠤᠮᠯᠠᠨ ᠪᠣᠰᠬᠠᠵᠠᠢ᠃ ᠠᠩᠭ᠍ᠯᠢ ᠶᠢᠨ ᠠᠯᠳᠠᠷᠳᠣ ᠰᠢᠯᠦᠭᠴᠢᠨ ᠠᠯᠧᠺᠰᠠᠨᠳᠠᠷ · ᠫᠣᠫᠧ ︵Alexander Pope︶ ᠠᠴᠠ ᠲᠡᠭᠦᠨ ᠳᠤ ᠬᠦᠰᠢᠶᠡᠨ ᠤ ᠪᠢᠴᠢᠭᠡᠰᠦ ᠪᠢᠴᠢᠵᠦ ᠦᠭᠴᠡᠢ᠃ ᠬᠦᠰᠢᠶᠡᠨ ᠤ ᠪᠢᠴᠢᠭᠡᠰᠦ ᠨᠢ᠄ ︽ᠪᠠᠶᠢᠭᠠᠯᠢ ᠪᠠ ᠪᠠᠶᠢᠭᠠᠯᠢ ᠶᠢᠨ ᠵᠢᠮ᠎ᠡ ᠬᠠᠷᠠᠩᠭᠤᠢ ᠳᠤ ᠲᠠᠯᠳᠠᠷᠢᠪᠠᠢ᠃ ᠰᠠᠬᠢᠭᠤᠯᠰᠣᠨ ᠦᠬᠦᠯᠡᠷᠦᠨ᠂ ᠨᠢᠦ᠋ᠲ᠋ᠣᠨ ᠢ ᠶᠠᠪᠣᠭᠤᠯᠣᠭᠠᠷᠠᠢ︕ ᠲᠡᠭᠡᠭᠡᠳ ᠲᠦᠮᠡᠨ ᠪᠣᠳᠠᠰ ᠲᠦᠭᠡᠮᠡᠯ ᠭᠡᠷᠡᠯᠳᠦᠪᠡᠢ︾ ᠭᠡᠵᠡᠢ᠃ ᠨᠢᠦ᠋ᠲ᠋ᠣᠨ ᠤ ᠵᠣᠬᠢᠶᠠᠭᠰᠠᠨ ᠨᠣᠮ ᠲᠡᠪᠳᠡᠷ᠄ ︽ᠹᠯᠦᠺᠰᠢᠨᠰ ᠠᠷᠭ᠎ᠠ︾ ︵Fluxions арга︶ 1671᠃ ︽ᠪᠣᠳᠠᠰ ᠤᠨ ᠡᠷᠬᠢᠯᠳᠡ ᠶᠢᠨ ᠵᠠᠮ ᠲᠣᠲᠣᠷᠠᠬᠢ ᠬᠦᠳᠡᠯᠭᠡᠭᠡᠨ︾ 1684᠃ ︽ᠪᠠᠶᠢᠭᠠᠯᠢ ᠶᠢᠨ ᠬᠦᠨ ᠣᠬᠠᠭᠠᠨ ᠲᠣᠲᠣᠷᠠᠬᠢ ᠲᠣᠭᠠᠨ ᠤ ᠣᠬᠠᠭᠠᠨ ᠤ ᠦᠨᠳᠦᠰᠦᠯᠡᠯ︾ 1687᠃ ︽ᠭᠡᠷᠡᠯ ᠤᠨ ᠣᠬᠠᠭᠠᠨ︾ 1704᠃ ︽ᠵᠣᠭᠤᠰ ᠴᠢᠳᠬᠤᠬᠤ ᠦᠢᠯᠡᠳᠪᠦᠷᠢ ᠶᠢᠨ ᠭᠤᠣᠯ ᠬᠠᠷᠢᠭᠤᠴᠠᠯᠭᠠᠳᠠᠨ ᠪᠣᠯᠣᠭᠰᠠᠨ ᠤ ᠬᠤᠪᠢ ᠶᠢᠨ ᠮᠡᠳᠡᠭᠦᠯᠦᠯᠳᠡ ︾ 1701-1725᠃ ︽ᠲᠡᠯᠭᠡᠷᠡᠩᠬᠦᠢ ᠠᠭᠤᠯᠭ᠎ᠠ ᠶᠢᠨ ᠲᠤᠭ᠎ᠠ ᠪᠣᠳᠣᠯᠭ᠎ᠠ︾ 1707᠃ ︽ᠲᠦᠭᠦᠮᠴᠢᠯᠡᠨ ᠨᠠᠶᠢᠷᠠᠭᠤᠯᠣᠭᠰᠠᠨ ᠣᠨ ᠲᠠᠷᠠᠭᠠᠯᠠᠭᠰᠠᠨ ᠲᠡᠣᠬᠡ︾᠂ ︽ᠲᠡᠯᠡᠬᠡᠢ ᠶᠢᠨ ᠰᠢᠰᠲ᠋ᠧᠮ︾᠂ ︽ᠭᠡᠷᠡᠯ  ᠤᠨ ᠣᠬᠠᠭᠠᠨ ᠤ ᠲᠡᠶᠢᠯᠣᠮᠵᠢ︾᠂ ︽ᠡᠷᠳᠡᠨ ᠤ ᠸᠠᠩᠳᠣ ᠣᠯᠣᠰ ᠤᠨ ᠣᠨ ᠤ ᠢᠯᠡᠳᠭᠡᠯ᠂ ᠵᠠᠰᠠᠪᠣᠷᠢᠯᠠᠭᠰᠠᠨ︾ ᠪᠣᠯᠣᠨ ︽De mundi systemate︾ ᠵᠡᠷᠭᠡ ᠪᠣᠯ ᠲᠡᠭᠦᠨ ᠢ ᠦᠭᠦᠭᠰᠡᠨ ᠤ ᠲᠠᠷᠠᠭ᠎ᠠ ᠪᠠᠷ 1728 ᠣᠨ ᠳᠤ ᠬᠡᠪᠯᠡᠭᠳᠡᠵᠡᠢ᠃ ︽ᠠᠷᠢᠭᠤᠨ ᠨᠣᠮ ᠲᠠᠬᠢ ᠬᠤᠶᠠᠷ ᠬᠡᠰᠡᠭ ᠨᠡᠷ᠎ᠡ ᠠᠯᠳᠠᠷ ᠲᠠᠢ ᠠᠳᠡᠭᠦᠷᠡᠯ ᠤᠨ ᠲᠡᠤᠬᠡᠨ ᠬᠤᠪᠢᠷᠠᠯ︾ 1754᠂ ᠵᠡᠷᠭᠡ ᠮᠠᠰᠢ ᠣᠯᠠᠨ ᠨᠣᠮ ᠵᠣᠬᠢᠶᠠᠯ ᠪᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号