︽ᠲᠠᠪᠣᠰᠣ ᠲᠡᠮᠦᠷ ᠠᠴᠠ ᠣᠴᠢᠷᠯᠠᠬᠤᠢ ᠠᠨᠣ︾ ᠤᠣᠬᠠᠨ ᠬ᠊
ᠨᠡᠶᠢᠲᠡᠯᠡᠭᠰᠡᠨ ᠴᠠᠭ᠄
2020/10/19
ᠡᠨᠡᠬᠦ ᠨᠣᠮ ᠪᠣᠯ ᠪᠠᠷᠠᠭᠤᠨ ᠬᠠᠨ ᠣᠯᠣᠰ ᠤᠨ ᠬᠤᠸᠠᠨ ᠺᠣᠸᠠᠨ ᠭᠡᠳᠡᠭ ᠬᠦᠮᠦᠨ ᠤ ᠨᠠᠶᠢᠷᠠᠭᠤᠯᠣᠨ ᠵᠣᠬᠢᠶᠠᠭᠰᠠᠨ ᠨᠣᠮ ᠪᠣᠯᠣᠨ᠎ᠠ᠃ ᠲᠣᠰ ᠨᠣᠮ ᠤᠨ ᠢᠷᠡᠯᠳᠡ ᠭᠡᠪᠡᠯ ᠨᠡᠶᠢᠳᠡ ᠶᠢᠨ ᠣᠨ ᠲᠣᠭᠠᠯᠠᠯ ᠤᠨ ᠡᠮᠦᠨ᠎ᠡ 81 ᠣᠨ ᠳᠤ᠂ ᠬᠠᠨ ᠣᠯᠣᠰ ᠤᠨ ᠨᠠᠢᠮᠠᠳᠣᠭᠠᠷ ᠦᠶ᠎ᠡ ᠶᠢᠨ ᠬᠠᠭᠠᠨ ᠯᠢᠥ ᠹᠦ᠋ ᠯᠢᠩ ︵ᠯᠢᠥ ᠹᠦ᠋ ᠯᠢᠩ ᠤᠨ ᠰᠦᠮ᠎ᠡ ᠶᠢᠨ ᠴᠣᠯᠠ ᠨᠢ ᠵᠣᠤ ᠳ᠋ᠢ ᠭᠡᠳᠡᠭ᠂ ᠲᠡᠷᠡ ᠪᠣᠯ ᠬᠠᠨ ᠡᠣ ᠳ᠋ᠢ ᠬᠠᠭᠠᠨ ᠯᠢᠥ ᠴᠧ ᠶᠢᠨ ᠣᠳᠬᠤᠨ ᠬᠦᠪᠡᠭᠦᠨ ᠪᠣᠯᠣᠨ᠎ᠠ︶ ᠱᠢ ᠶᠣᠸᠠᠨ ᠤ ᠵᠢᠷᠭᠤᠳᠣᠭᠠᠷ ᠣᠨ᠂ ᠵᠣᠤ ᠪᠢᠴᠢᠭ ᠪᠠᠭᠤᠯᠭᠠᠨ ᠪᠦᠬᠦ ᠣᠯᠣᠰ ᠤᠨ ᠮᠡᠷᠭᠡᠳ ᠰᠠᠶᠢᠴᠣᠣᠯ ᠪᠠ ᠪᠢᠴᠢᠭ  ᠤᠨ ᠡᠷᠳᠡᠮᠳᠡᠳ ᠢ ᠰᠢᠯᠭᠠᠷᠠᠭᠤᠯᠣᠨ᠂ ᠨᠡᠶᠢᠳᠡ ᠵᠢᠷᠠᠨ ᠬᠦᠮᠦᠨ ᠢ ᠰᠣᠩᠭᠤᠨ ᠭᠠᠷᠭᠠᠵᠣ᠂ ᠨᠡᠶᠢᠰᠯᠡᠯ ᠬᠤᠳᠠ ᠳᠤ ᠬᠤᠷᠠᠭᠤᠯᠣᠨ᠂ ᠡᠣ ᠳ᠋ᠢ ᠬᠠᠭᠠᠨ ᠤ ᠦᠶ᠎ᠡ ᠠᠴᠠ ᠡᠬᠢᠯᠡᠨ ᠣᠷᠳᠣ ᠬᠤᠭᠤᠴᠠᠭᠠᠨ᠎ᠠ ᠬᠡᠷᠡᠭᠵᠢᠬᠦᠯᠵᠦ ᠢᠷᠡᠭᠰᠡᠨ ᠲᠦᠷᠦ ᠶᠢᠨ ᠪᠣᠳᠣᠯᠭ᠎ᠠ ᠶᠢ ᠲᠠᠬᠢᠨ ᠰᠢᠨᠵᠢᠯᠡᠨ᠂ ᠠᠷᠠᠳ ᠢᠷᠭᠡᠳ ᠤᠨ ᠲᠣᠮᠳᠠᠬᠢ ᠵᠣᠪᠠᠭᠤᠷᠢ ᠵᠦᠳᠡᠬᠦᠷᠢ ᠶᠢ ᠪᠠᠶᠢᠴᠠᠭᠠᠨ ᠰᠣᠳᠣᠯᠬᠤ ᠡᠬᠦᠳᠡᠨ ᠠᠴᠠ ︽ᠲᠠᠪᠣᠰᠣ ᠲᠡᠮᠦᠷ ᠤᠨ ᠬᠤᠷᠠᠯᠳᠣᠭᠠᠨ︾ ᠢ ᠬᠤᠷᠠᠯᠳᠣᠭᠤᠯᠵᠣ ᠶᠡᠭᠡ ᠮᠠᠷᠭᠤᠯᠳᠣᠭᠠᠨ ᠬᠢᠯᠭᠡᠵᠡᠢ᠃ ᠡᠨᠡᠬᠦ ᠮᠠᠷᠭᠤᠯᠳᠣᠭᠠᠨ ᠬᠤᠶᠠᠷ ᠲᠠᠯ᠎ᠠ ᠪᠣᠯᠣᠨ ᠶᠠᠪᠣᠭᠳᠠᠵᠣ᠂ ᠬᠠᠨ ᠣᠯᠣᠰ ᠤᠨ ᠲᠦᠷᠦ  ᠳᠤ ᠣᠷᠳᠣ ᠬᠤᠭᠤᠴᠠᠭ᠎ᠠ ᠪᠠᠷ ᠡᠳ᠋ ᠤᠨ ᠵᠠᠰᠠᠭ ᠪᠠ ᠲᠠᠷᠢᠶᠠᠯᠠᠩ ᠦᠢᠯᠡᠰ ᠢ ᠡᠷᠬᠢᠯᠡᠭᠰᠡᠨ ᠶᠡᠭᠡ ᠲᠦᠰᠢᠮᠡᠯ ᠪᠦᠭᠡᠳ᠂ ᠡᠳᠦᠬᠡ ᠨᠢᠭᠡᠨᠳᠡ ᠢᠥᠢ ᠱᠢ ᠳ᠋ᠠᠢ ᠹᠦ᠋ ᠶᠢᠨ ᠲᠣᠰᠢᠶᠠᠯ ᠳᠤ ᠲᠠᠪᠰᠢᠭᠰᠠᠨ ᠰᠠᠩ ᠬᠤᠩ ᠶᠠᠩ ᠪᠣᠯᠣᠨ᠂ ᠵᠢᠴᠢ ᠲᠣᠬᠠᠢ ᠶᠢᠨ ᠦᠶ᠎ᠡ ᠶᠢᠨ ᠬᠠᠭᠠᠨ ᠲᠦᠷᠦ ᠶᠢᠨ ᠴᠧᠩᠰᠢᠶᠠᠩ ᠪᠠᠶᠢᠭᠰᠠᠨ ᠲᠢᠶᠠᠨ ᠴᠢᠶᠠᠨ ᠴᠢᠥ ᠬᠤᠶᠠᠭᠤᠯᠠ᠂ ᠲᠦᠷᠦ ᠶᠢᠨ ᠲᠠᠯ᠎ᠠ ᠶᠢ ᠲᠦᠯᠦᠭᠡᠯᠡᠨ᠂ ᠮᠡᠷᠭᠡᠳ ᠰᠠᠶᠢᠴᠣᠣᠯ ᠪᠣᠯᠣᠨ ᠪᠢᠴᠢᠭ ᠤᠨ ᠡᠷᠳᠡᠮᠳᠡᠳ ᠢᠷᠭᠡᠳ ᠤᠨ ᠲᠠᠯ᠎ᠠ  ᠶᠢ ᠲᠦᠯᠦᠭᠡᠯᠡᠨ᠂ ᠲᠣᠬᠠᠢ ᠶᠢᠨ ᠨᠡᠶᠢᠭᠡᠮ ᠤᠨ ᠣᠯᠠᠨ ᠲᠠᠯ᠎ᠠ ᠶᠢᠨ ᠠᠰᠠᠭᠤᠳᠠᠯ ᠢᠶᠠᠷ ᠰᠡᠳᠦᠪᠯᠡᠨ ᠮᠠᠰᠢ ᠬᠤᠷᠴᠠ ᠰᠢᠷᠦᠬᠦᠨ ᠮᠠᠷᠭᠤᠯᠳᠣᠭᠠᠨ ᠬᠢᠭᠰᠡᠨ ᠪᠠᠶᠢᠨ᠎ᠠ᠃ ᠡᠨᠡ ᠣᠳᠠᠭ᠎ᠠ ᠶᠢᠨ ᠮᠠᠷᠭᠤᠯᠳᠣᠭᠠᠨ ᠤ ᠵᠢᠩᠬᠢᠨᠢ ᠣᠳᠬ᠎ᠠ ᠨᠢ ᠦᠨᠡᠨᠳᠡᠭᠡᠨ ᠬᠠᠨ ᠡᠣ ᠳ᠋ᠢ ᠬᠠᠭᠠᠨ ᠤ ᠦᠶ᠎ᠡ ᠠᠴᠠ ᠡᠬᠢᠯᠡᠨ ᠣᠷᠳᠣ ᠬᠤᠭᠤᠴᠠᠭᠠᠨ᠎ᠠ ᠬᠡᠷᠡᠭᠵᠢᠬᠦᠯᠵᠦ ᠢᠷᠡᠭᠰᠡᠨ ᠲᠠᠪᠣᠰᠣ ᠲᠡᠮᠦᠷ ᠤᠨ ᠠᠰᠢᠭ ᠢ ᠣᠯᠣᠰ ᠠᠴᠠ ᠡᠵᠡᠮᠳᠡᠬᠦ᠂ ᠠᠷᠢᠬᠢ ᠲᠠᠷᠠᠰᠣ ᠶᠢ ᠣᠯᠣᠰ ᠠᠴᠠ ᠲᠣᠰᠬᠠᠶᠢᠯᠠᠨ ᠡᠵᠡᠩᠨᠡᠬᠦ ᠵᠢᠴᠢ ᠠᠭᠤᠯᠠ ᠲᠠᠯ᠎ᠠ ᠣᠰᠣ ᠨᠠᠭᠤᠷ ᠢ ᠬᠠᠭᠠᠨ ᠲᠦᠷᠦ ᠠᠴᠠ ᠪᠢᠳᠡᠬᠦᠮᠵᠢᠯᠡᠨ ᠡᠵᠡᠮᠰᠢᠬᠦ ᠵᠡᠷᠭᠡ ᠶᠢᠨ ᠠᠵᠣ ᠠᠬᠤᠢ ᠶᠢᠨ ᠣᠯᠠᠨ ᠲᠠᠯ᠎ᠠ ᠶᠢᠨ ᠲᠦᠷᠦ ᠶᠢᠨ ᠪᠣᠳᠣᠯᠭ᠎ᠠ ᠶᠢ ᠪᠠᠭᠳᠠᠭᠠᠭᠰᠠᠨ ᠪᠦᠬᠦ ᠲᠦᠷᠦ ᠶᠢᠨ ᠪᠣᠳᠣᠯᠭ᠎ᠠ᠂ ᠴᠢᠭᠯᠡᠯᠳᠡ᠂ ᠴᠡᠷᠢᠭ ᠲᠠᠶᠢᠨ᠂ ᠭᠠᠳᠠᠭᠠᠳᠣ ᠬᠠᠷᠢᠯᠴᠠᠭ᠎ᠠ ᠵᠡᠷᠭᠡ ᠳᠤ ᠬᠢᠭᠰᠡᠨ ᠨᠢᠭᠡ ᠣᠳᠠᠭᠠᠨ ᠤ ᠶᠠᠷᠣᠩᠬᠡᠶᠢᠯᠡᠭᠰᠡᠨ ᠦᠨᠡᠯᠡᠮᠵᠢ ᠪᠠ ᠳ᠋ᠦᠩᠨᠡᠯᠳᠡ ᠵᠢᠴᠢ ᠰᠢᠭᠦᠮᠵᠢᠯᠡᠯ ᠭᠡᠵᠦ ᠦᠵᠡᠬᠦ ᠳᠤ ᠪᠣᠷᠣᠭᠤᠳᠠᠮᠠᠷ ᠣᠴᠢᠷ ᠦᠭᠡᠢ᠃ ᠲᠠᠪᠣᠰᠣ ᠲᠡᠮᠦᠷ ᠤᠨ ᠬᠤᠷᠠᠯ ᠦᠩᠭᠡᠷᠡᠭᠡᠳ ᠭᠤᠴᠢᠨ ᠣᠨ ᠪᠣᠯᠣᠭᠰᠠᠨ ᠤ ᠲᠠᠷᠠᠭ᠎ᠠ᠂ ᠬᠤᠸᠠᠨ ᠺᠣᠸᠠᠨ ᠭᠡᠳᠡᠭ ᠬᠦᠮᠦᠨ ᠡᠨᠡᠬᠦ ᠬᠤᠷᠠᠯ ᠤᠨ ᠲᠡᠮᠳᠡᠭᠯᠡᠯ ᠢ ᠦᠨᠳᠦᠰᠦᠯᠡᠨ᠂ ᠮᠠᠷᠭᠤᠯᠳᠣᠭᠰᠠᠨ ᠠᠭᠤᠯᠭ᠎ᠠ ᠶᠢ ᠲᠦᠷᠦᠯ ᠵᠦᠢᠯ ᠢᠶᠠᠷ ᠢᠯᠭᠠᠨ ᠰᠠᠯᠭᠠᠵᠣ ᠂ ᠨᠡᠶᠢᠳᠡ ᠠᠷᠪᠠᠨ ᠪᠣᠳᠢ ᠳᠤ ᠠᠩᠬᠢᠯᠠᠨ᠂ ᠵᠢᠷᠠᠨ ᠪᠦᠯᠦᠭ ᠲᠤ ᠬᠤᠪᠢᠶᠠᠵᠣ ᠨᠠᠶᠢᠷᠠᠭᠤᠯᠣᠭᠰᠠᠨ ︽ᠲᠠᠪᠣᠰᠣ ᠲᠡᠮᠦᠷ  ᠠᠴᠠ ᠣᠴᠢᠷᠯᠠᠬᠤᠢ ᠠᠨᠣ︾ ᠭᠡᠳᠡᠭ ᠨᠡᠷ᠎ᠡ ᠲᠠᠢ ᠮᠠᠷᠭᠤᠯᠳᠣᠭᠠᠨ ᠤ ᠰᠢᠨᠵᠢ ᠪᠦᠬᠦᠢ ᠨᠠᠶᠢᠷᠠᠭᠤᠯᠣᠯ ᠤᠨ ᠬᠡᠯᠪᠡᠷᠢ ᠶᠢᠨ ᠨᠣᠮ ᠵᠣᠬᠢᠶᠠᠭᠳᠠᠭᠰᠠᠨ ᠪᠠᠶᠢᠨ᠎ᠠ᠃ ᠲᠣᠰ ᠮᠠᠷᠭᠤᠯᠳᠣᠭᠠᠨ ᠳᠤ ᠨᠢᠭᠡ ᠲᠣᠪᠣᠶᠢᠭᠰᠠᠨ ᠲᠠᠯ᠎ᠠ ᠭᠡᠪᠡᠯ ᠬᠠᠨ ᠡᠣ ᠳ᠋ᠢ ᠬᠠᠭᠠᠨ ᠤ ᠠᠩᠬᠠᠨ ᠤ ᠦᠶ᠎ᠡ ᠠᠴᠠ ᠡᠬᠢᠯᠡᠨ᠂ ᠵᠢᠯ ᠲᠠᠷᠠᠭᠠᠯᠠᠨ ᠾᠦᠩᠨᠦ ᠲᠠᠢ ᠲᠠᠶᠢᠳᠣᠵᠣ᠂ ᠪᠠᠷᠤᠭ ᠭᠤᠴᠢᠨ ᠬᠡᠳᠦᠨ ᠣᠨ ᠳᠤ ᠵᠢᠯ ᠪᠦᠷᠢ ᠾᠦᠩᠨᠦ ᠶᠢ ᠲᠠᠶᠢᠯᠠᠬᠤ ᠶᠡᠭᠡ ᠴᠡᠷᠢᠭ ᠭᠠᠷᠴᠣ᠂ ᠴᠢᠨᠠᠭᠰᠢᠯᠠᠪᠠᠯ ᠵᠢᠯ ᠳᠤ ᠬᠡᠳᠦ ᠣᠳᠠᠭ᠎ᠠ ᠴᠡᠷᠢᠭ ᠲᠣᠮᠢᠯᠠᠨ ᠾᠦᠩᠨᠦ ᠶᠢ ᠲᠦᠷᠢᠮᠡᠬᠡᠶᠢᠯᠡᠵᠦ ᠪᠠᠶᠢᠵᠠᠢ᠃ ᠡᠶᠢᠮᠦ ᠠᠴᠠ ᠣᠯᠣᠰ ᠭᠡᠷ ᠤᠨ ᠠᠵᠣ ᠠᠬᠤᠢ ᠳᠤ ᠮᠠᠰᠢ ᠶᠡᠭᠡ ᠲᠠᠷᠣᠮᠳᠠ ᠪᠣᠯᠵᠣ᠂ ᠴᠡᠷᠢᠭ ᠲᠠᠶᠢᠨ ᠤ ᠠᠵᠢᠯᠯᠠᠭ᠎ᠠ ᠶᠢ ᠲᠡᠮᠵᠢᠬᠦ ᠶᠢᠨ ᠲᠦᠯᠦᠭᠡ ᠲᠠᠪᠣᠰᠣ ᠲᠡᠮᠦᠷ ᠤᠨ ᠠᠰᠢᠭ ᠢ ᠣᠯᠣᠰ ᠠᠴᠠ ᠡᠵᠡᠮᠰᠢᠬᠦ᠂ ᠠᠷᠢᠬᠢ ᠲᠠᠷᠠᠰᠣ ᠶᠢ ᠣᠯᠣᠰ ᠠᠴᠠ ᠲᠣᠰᠬᠠᠶᠢᠯᠠᠨ ᠡᠵᠡᠩᠨᠡᠬᠦ ᠵᠢᠴᠢ ᠪᠠᠰᠠ ᠠᠭᠤᠯᠠ ᠲᠠᠯ᠎ᠠ ᠨᠠᠭᠤᠷ ᠭᠤᠣᠯ ᠢ ᠬᠦᠷᠳᠡᠯ᠎ᠡ ᠪᠢᠳᠡᠬᠦᠮᠵᠢᠯᠡᠨ ᠣᠯᠣᠰ ᠡᠵᠡᠮᠳᠡᠬᠦ ᠵᠡᠷᠭᠡ ᠶᠢᠨ ᠠᠵᠣ ᠠᠬᠤᠢ  ᠶᠢᠨ ᠲᠦᠷᠦ ᠶᠢᠨ ᠪᠣᠳᠣᠯᠭ᠎ᠠ ᠶᠢ ᠬᠡᠷᠡᠭᠵᠢᠬᠦᠯᠵᠦ ᠪᠠᠶᠢᠭᠰᠠᠨ ᠪᠣᠯᠬᠤᠷ᠂ ᠲᠣᠬᠠᠢ ᠶᠢᠨ ᠦᠶ᠎ᠡ ᠶᠢᠨ ᠡᠯ᠎ᠡ ᠡᠳᠡᠭᠡᠳ  ᠠᠴᠠ ᠡᠨᠡᠬᠦ ᠲᠦᠷᠦ ᠶᠢᠨ ᠪᠣᠳᠣᠯᠭ᠎ᠠ ᠶᠢ ᠣᠯᠣᠰ ᠭᠡᠷ ᠠᠴᠠ ᠠᠷᠠᠳ ᠢᠷᠭᠡᠳ ᠲᠠᠢ ᠪᠠᠨ ᠠᠰᠢᠭ ᠪᠣᠯᠢᠶᠠᠯᠳᠣᠵᠣ ᠪᠠᠶᠢᠨ᠎ᠠ ᠭᠡᠵᠦ ᠰᠠᠨᠠᠯ ᠭᠠᠷᠭᠠᠨ ᠮᠠᠷᠭᠤᠵᠠᠭᠠᠭᠰᠠᠨ ᠪᠣᠯᠬᠤᠷ ᠨᠣᠮ ᠤᠨ ᠨᠡᠷ᠎ᠡ ᠪᠠᠨ ︽ᠲᠠᠪᠣᠰᠣ ᠲᠡᠮᠦᠷ ᠠᠴᠠ ᠣᠴᠢᠷᠯᠠᠬᠤᠢ ᠠᠨᠣ︾ ᠭᠡᠵᠦ ᠨᠡᠷᠡᠯᠡᠵᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号