ᠹᠷᠠᠨᠰᠢᠰ · ᠪᠠᠺᠣᠨ ᠤᠣᠬᠠᠨ ᠬ᠊
ᠨᠡᠶᠢᠲᠡᠯᠡᠭᠰᠡᠨ ᠴᠠᠭ᠄
2020/10/19
ᠹᠷᠠᠨᠰᠢᠰ · ᠪᠠᠺᠣᠨ ︵弗兰西斯·培根Francis Bacon᠂ 1561 ᠣᠨ ᠤ 1 ᠰᠠᠷ᠎ᠠ  ᠶᠢᠨ 22-1626 ᠣᠨ ᠤ 4 ᠰᠠᠷ᠎ᠠ ᠶᠢᠨ 9 ᠪᠣᠯᠳᠠᠯ᠎ᠠ ᠠᠮᠢᠳᠣᠷᠠᠵᠣ ᠪᠠᠶᠢᠵᠠᠢ︶ ᠪᠣᠯ ᠠᠩᠭ᠍ᠯᠢ ᠶᠢᠨ ᠨᠠᠶᠢᠷᠠᠭᠤᠯᠣᠯ ᠤᠨ ᠵᠣᠬᠢᠶᠠᠯᠴᠢ᠂ ᠬᠠᠣᠯᠢ ᠶᠢᠨ ᠣᠬᠠᠭᠠᠨᠳᠠᠨ᠂ ᠬᠦᠨ ᠣᠬᠠᠭᠠᠨᠳᠠᠨ᠂ ᠣᠯᠣᠰ ᠲᠦᠷᠦᠴᠢᠨ ᠪᠦᠭᠡᠳ ᠡᠷᠳᠡᠨ ᠤ ᠰᠣᠩᠭᠤᠳᠠᠭ ᠲᠣᠷᠰᠢᠯᠭ᠎ᠠ ᠶᠢᠨ ᠣᠨᠣᠯ ᠤᠨ ᠦᠨᠳᠦᠰᠦᠯᠡᠭᠴᠢ ᠪᠣᠯᠣᠨ᠎ᠠ᠃ ᠲᠡᠭᠦᠨ ᠤ ᠦᠵᠡᠯ ᠰᠠᠨᠠᠭ᠎ᠠ ᠪᠣᠯᠣᠨ ᠭᠠᠪᠢᠶ᠎ᠠ ᠵᠢᠳᠭᠦᠯ ᠭᠡᠪᠡᠯ ᠲᠡᠷᠡ ᠬᠠᠮᠤᠭ ᠲᠦᠷᠦᠭᠦᠨ ᠳᠤ ᠰᠢᠨᠵᠢᠯᠡᠬᠦ ᠣᠬᠠᠭᠠᠨ ᠪᠣᠯᠣᠨ ᠠᠷᠭ᠎ᠠ ᠶᠢᠨ ᠣᠨᠣᠯ ᠤᠨ ᠲᠡᠣᠬᠡ ᠶᠢᠨ ᠠᠴᠢ ᠬᠤᠯᠪᠣᠭᠳᠠᠯ ᠪᠠ ᠲᠡᠬᠦᠨ ᠤ ᠬᠦᠮᠦᠨ ᠲᠦᠷᠦᠯᠬᠢᠳᠡᠨ ᠤ ᠠᠮᠢᠳᠣᠷᠠᠯ ᠤᠨ ᠲᠣᠮᠳᠠ ᠦᠵᠡᠬᠦᠯᠬᠦ ᠦᠢᠯᠡᠳᠦᠯ ᠨᠦᠯᠦᠭᠡ ᠶᠢ ᠣᠶᠢᠯᠭᠠᠨ ᠮᠡᠳᠡᠭᠰᠡᠨ ᠬᠦᠮᠦᠨ ᠶᠣᠮ᠃ ᠪᠠᠺᠣᠨ ᠵᠠᠳᠠᠯᠣᠨ ᠰᠢᠨᠵᠢᠬᠦ ᠪᠠᠷ ᠲᠠᠮᠵᠢᠨ ᠰᠢᠨᠵᠢᠯᠡᠬᠦ ᠣᠬᠠᠭᠠᠨ ᠤ ᠶᠡᠷᠦ ᠶᠢᠨ ᠠᠷᠭ᠎ᠠ ᠪᠠ ᠲᠡᠭᠦᠨ ᠢ ᠬᠡᠷᠡᠭᠯᠡᠬᠦ ᠬᠡᠯᠪᠡᠷᠢ ᠶᠢ ᠢᠯᠡᠳᠭᠡᠬᠦ ᠪᠠᠷ ᠴᠢᠷᠮᠠᠶᠢᠭᠰᠠᠨ ᠬᠦᠮᠦᠨ ᠪᠦᠭᠡᠳ ᠰᠢᠨ᠎ᠡ ᠪᠠᠷ ᠪᠣᠢ ᠪᠣᠯᠣᠭᠰᠠᠨ ᠰᠢᠨᠵᠢᠯᠡᠬᠦ ᠣᠬᠠᠭᠠᠨ ᠤ ᠬᠦᠳᠡᠯᠭᠡᠭᠡᠨ  ᠳᠤ ᠬᠦᠭᠵᠢᠯᠳᠡ ᠪᠠ ᠬᠦᠳᠡᠯᠭᠡᠬᠦ ᠬᠦᠴᠦᠨ ᠤ ᠵᠦᠭ ᠴᠢᠭᠯᠡᠯᠳᠡ ᠶᠢ ᠵᠢᠭᠠᠵᠣ ᠦᠭᠭᠦᠭᠰᠡᠨ ᠬᠦᠮᠦᠨ ᠮᠦᠨ᠃ ᠪᠠᠺᠣᠨ ᠪᠣᠯ ᠨᠢᠭᠡᠨ ᠬᠦᠨ ᠣᠬᠠᠭᠠᠨᠳᠠᠨ ᠶᠣᠮ᠃ ᠲᠡᠷᠡ ᠡᠬᠢᠯᠡᠩᠬᠦᠳᠡ ᠪᠠᠨ ᠲᠣᠷᠰᠢᠯᠳᠠ ᠶᠢᠨ ᠠᠷᠭ᠎ᠠ ᠪᠠᠷ ᠬᠠᠶᠢᠨ ᠰᠣᠳᠣᠯᠬᠤ ᠶᠢᠨ ᠪᠣᠯᠣᠯᠴᠠᠭ᠎ᠠ ᠶᠢ ᠡᠷᠢᠯᠬᠢᠯᠡᠵᠡᠢ᠃ ᠲᠡᠷᠡ ᠦᠪᠡᠷ ᠢ ᠪᠠᠨ ᠰᠢᠨᠵᠢᠯᠡᠬᠦ ᠣᠬᠠᠭᠠᠨ ᠤ ᠬᠦᠷᠢᠶ᠎ᠡ ᠴᠠᠷ᠎ᠠ  ᠲᠠᠬᠢ ᠺᠣᠯᠣᠮᠪᠤ ᠪᠣᠯᠬᠤ ᠪᠠᠷ ᠴᠢᠷᠮᠠᠶᠢᠵᠣ ᠪᠠᠶᠢᠭ᠎ᠠ ᠪᠠᠨ ᠢᠳᠡᠭᠡᠯ ᠲᠡᠭᠦᠯᠳᠡᠷ ᠪᠠᠶᠢᠪᠠ᠃ 1605 ᠣᠨ ᠳᠤ ᠲᠠᠷᠠ ︽ᠡᠷᠳᠡᠮ ᠰᠢᠨᠵᠢᠯᠡᠭᠡ ᠶᠢᠨ ᠠᠬᠢᠯᠳᠠ︾ ︵学术的进展︶ ᠭᠡᠳᠡᠭ ᠨᠣᠮ ᠢᠶᠠᠨ ᠬᠡᠪᠯᠡᠬᠦᠯᠵᠡᠢ᠃ ᠡᠨᠡᠬᠦ ᠨᠣᠮ ᠨᠢ ᠲᠡᠬᠦᠨ ᠤ ᠦᠪᠡᠷ ᠤᠨ ᠦᠵᠡᠯᠳᠡ ᠪᠠᠨ ᠲᠠᠶᠢᠯᠪᠣᠷᠢᠯᠠᠭᠰᠠᠨ ᠬᠢᠯᠪᠠᠷᠴᠢᠯᠠᠭᠰᠠᠨ ᠵᠣᠬᠢᠶᠠᠯ ᠪᠣᠯᠣᠨ᠎ᠠ᠃ 1620 ᠣᠨ ᠳᠤ ᠲᠡᠭᠦᠨ ᠤ ᠴᠢᠬᠤᠯᠠ ᠪᠣᠯᠬᠤ ᠵᠣᠬᠢᠶᠠᠯ ︽ᠡᠷᠳᠡᠮ ᠰᠢᠨᠵᠢᠯᠡᠭᠡᠨ ᠤ ᠠᠭᠤᠤ ᠶᠡᠭᠡ ᠰᠡᠷᠭᠦᠯᠳᠡ︾ ︵学术的伟大复兴︶ ᠶᠢᠨ ᠨᠢᠭᠡ ᠬᠡᠰᠡᠭ ᠨᠢ ᠬᠡᠪᠯᠡᠭᠳᠡᠪᠡ᠃ ᠭᠡᠪᠡᠴᠦ ᠲᠡᠷᠡ ᠦᠬᠦᠨ ᠦᠬᠦᠳᠡᠯ᠎ᠡ ᠲᠣᠰ ᠨᠣᠮ ᠢᠶᠠᠨ ᠪᠦᠬᠦᠨ ᠢ ᠪᠢᠴᠢᠵᠦ ᠲᠠᠭᠤᠰᠬᠠᠭᠰᠠᠨ ᠦᠭᠡᠢ᠃ ᠪᠠᠺᠣᠨ ᠤ ᠲᠣᠰ ᠨᠣᠮ ᠲᠣᠣᠷᠠᠬᠢ ᠮᠡᠳᠦ ᠨᠡᠶᠢᠳᠡ ᠵᠢᠷᠭᠤᠭᠠᠨ ᠬᠡᠰᠡᠭ ᠪᠠᠶᠢᠵᠠᠢ᠃ ᠬᠠᠮᠤᠭ ᠲᠡᠷᠢᠬᠦᠨ ᠪᠦᠯᠦᠭ ᠨᠢ ᠣᠳᠣᠷᠢᠳᠬᠠᠯ ᠨᠢ ᠲᠠᠷᠣᠢ ︽ᠡᠷᠳᠡᠮ ᠰᠢᠨᠵᠢᠯᠡᠭᠡᠨ ᠤ ᠠᠬᠢᠯᠳᠠ︾ ᠪᠣᠯᠣᠨ᠎ᠠ᠃ ᠲᠠᠷᠠᠭ᠎ᠠ ᠨᠢ ︽ᠰᠢᠨ᠎ᠡ ᠪᠠᠭᠠᠵᠢ ᠶᠢᠨ ᠲᠣᠬᠠᠢ︾ ᠭᠡᠵᠦ ᠭᠤᠣᠯᠳᠠᠭᠤ ᠰᠢᠨ᠎ᠡ ᠰᠢᠨᠵᠢᠯᠡᠬᠦ ᠣᠬᠠᠭᠠᠨ ᠤ ᠠᠷᠭ᠎ᠠ ᠶᠢᠨ ᠲᠣᠬᠠᠢ ᠵᠠᠳᠠᠯᠣᠯᠳᠠ ᠬᠢᠵᠠᠢ᠃ ᠡᠨᠡᠬᠦ ᠬᠡᠰᠡᠭ ᠨᠢ ᠲᠣᠰ ᠨᠣᠮ ᠤᠨ ᠬᠠᠮᠤᠭ ᠪᠦᠳᠦᠨ ᠦᠯᠡᠳᠡᠭᠡᠭᠰᠡᠨ ᠬᠡᠰᠡᠭ ᠶᠣᠮ᠃ ᠲᠠᠷᠠᠭᠠᠬᠢ ᠲᠦᠯᠦᠪᠯᠡᠭᠡ ᠨᠢ ᠲᠠᠷᠬᠠᠨ ᠤ ᠮᠡᠳᠡᠯᠭᠡ ᠪᠠ ᠳᠣᠷᠰᠢᠯᠳᠠ  ᠶᠢᠨ ᠪᠣᠳᠠᠳᠣ ᠬᠡᠷᠡᠭ ᠤᠨ ᠲᠣᠬᠠᠢ ᠨᠡᠪᠳᠡᠷᠬᠡᠢ ᠪᠢᠴᠢᠭ ᠪᠠᠶᠢᠵᠠᠢ᠃ ᠲᠦᠷᠪᠡᠳᠦᠭᠡᠷ ᠬᠡᠰᠡᠭ ᠨᠢ ᠣᠯᠳᠠᠭᠠᠳᠣᠢ᠃ ᠲᠦᠯᠦᠪᠯᠡᠭᠡ ᠪᠠᠷ ᠡᠨᠡᠬᠦ ᠬᠡᠰᠡᠭ ᠲᠤ ᠶᠠᠭᠠᠬᠢᠵᠣ ᠰᠢᠨ᠎ᠡ ᠠᠷᠭ᠎ᠠ ᠪᠠᠷ ᠪᠣᠳᠠᠳᠣ ᠠᠰᠠᠭᠤᠳᠠᠯ ᠢ ᠵᠠᠳᠠᠯᠣᠨ ᠰᠢᠨᠵᠢᠯᠡᠬᠦ ᠶᠢ ᠭᠤᠣᠯᠴᠢᠯᠠᠨ ᠲᠠᠶᠢᠯᠪᠣᠷᠢᠯᠠᠬᠤ ᠭᠡᠰᠡᠨ ᠪᠠᠶᠢᠵᠠᠢ᠃ ᠲᠠᠪᠣᠳᠣᠭᠠᠷ ᠲᠤ ᠦᠩᠭᠡᠷᠡᠭᠰᠡᠨ ᠪᠠ ᠡᠳᠦᠬᠡ ᠶᠢᠨ ᠰᠢᠨᠵᠢᠯᠡᠬᠦ ᠣᠬᠠᠭᠠᠨ ᠣᠨᠣᠯ ᠢ ᠶᠠᠷᠢᠯᠴᠠᠬᠤ ᠭᠡᠰᠡᠨ ᠪᠠᠶᠢᠪᠠ᠃ ᠬᠠᠮᠤᠭ ᠰᠡᠬᠦᠯ ᠤᠨ ᠬᠡᠰᠡᠭ ᠲᠤ ᠰᠢᠨ᠎ᠡ ᠪᠠᠶᠢᠭᠠᠯᠢ ᠶᠢᠨ ᠬᠦᠨ ᠣᠬᠠᠭᠠᠨ ᠤ ᠲᠣᠬᠠᠢ ᠲᠠᠶᠢᠯᠪᠣᠷᠢᠯᠠᠵᠣ᠂ ᠡᠯ᠎ᠡ ᠲᠠᠯ᠎ᠠ ᠶᠢᠨ ᠪᠣᠳᠠᠳᠣ ᠬᠡᠷᠡᠭ ᠲᠣᠮᠳᠠ ᠠᠴᠠ ᠢᠯᠭᠠᠷᠠᠭᠤᠯᠵᠣ ᠠᠪᠣᠭᠰᠠᠨ ᠲᠦᠰᠦᠭᠡᠯᠡᠯ ᠪᠣᠯᠣᠨ ᠣᠳᠣ ᠪᠠᠷ ᠪᠠᠶᠢᠭ᠎ᠠ ᠰᠢᠨᠵᠢᠯᠡᠬᠦ ᠣᠬᠠᠭᠠᠨ ᠤ ᠣᠨᠣᠯ ᠢᠶᠠᠷ ᠬᠡᠷᠡᠭ ᠪᠣᠳᠠᠰ ᠢ ᠶᠠᠷᠦᠩᠬᠡᠶᠢᠯᠡᠨ ᠲᠠᠶᠢᠯᠪᠣᠷᠢᠯᠠᠬᠤ ᠪᠠᠷ ᠪᠡᠯᠡᠳᠭᠡᠭᠰᠡᠨ ᠪᠢᠯᠡ᠃ ᠪᠠᠺᠣᠨ ᠤ ᠡᠨᠡᠬᠦ ᠨᠣᠮ ᠨᠢ ᠵᠦᠪᠬᠡᠨ ᠬᠤᠶᠠᠳᠣᠭᠠᠷ ᠬᠡᠰᠡᠭ ᠬᠦᠷᠳᠡᠯ᠎ᠡ ᠪᠢᠴᠢᠭᠳᠡᠵᠡᠢ᠃ ᠪᠣᠰᠣᠳ ᠨᠢ ᠬᠦᠳᠦᠯᠪᠦᠷᠢ ᠨᠣᠣᠷᠠᠭ ᠬᠡᠯᠪᠡᠷᠢ ᠪᠠᠷ ᠦᠯᠡᠳᠡᠵᠦ ᠬᠤᠴᠣᠷᠴᠠᠢ᠃ ᠭᠡᠪᠡᠴᠣ ᠡᠨᠡᠬᠦ ᠨᠣᠮ ᠨᠢ ᠲᠣᠬᠠᠢ ᠶᠢᠨ ᠦᠶ᠎ᠡ ︵ᠠᠷᠪᠠᠨ ᠲᠣᠯᠣᠳᠣᠭᠠᠷ ᠵᠠᠭᠤᠨ ᠤ︶ ᠶᠢᠨ ᠠᠩᠭ᠍ᠯᠢ ᠪᠠ ᠠᠷᠪᠠᠨ ᠨᠠᠢᠮᠠᠳᠣᠭᠠᠷ ᠵᠠᠭᠤᠨ ᠤ ᠹᠷᠠᠨᠽᠢ ᠳᠤ ᠲᠣᠶᠢᠯ ᠤᠨ ᠨᠦᠯᠦᠭᠡ ᠦᠵᠡᠬᠦᠯᠪᠡ᠃ ᠰᠢᠯᠳᠠᠭᠠᠨ ᠨᠢ ᠲᠡᠭᠦᠨ ᠤ ᠡᠨᠡᠬᠦ ᠨᠣᠮ ᠨᠢ ᠠᠵᠢᠭᠯᠠᠯᠳᠠ ᠪᠠ ᠲᠣᠷᠰᠢᠯᠳᠠ ᠳᠤ ᠰᠠᠭᠤᠷᠢᠯᠠᠭᠰᠠᠨ ᠰᠢᠨᠵᠢᠯᠡᠬᠦ ᠣᠬᠠᠭᠠᠨ ᠤ ᠲᠠᠨᠢᠯᠳᠠ ᠶᠢᠨ ᠣᠨᠣᠯ ᠢ ᠲᠣᠷᠠᠳᠣᠨ ᠭᠠᠷᠭᠠᠵᠣ᠂ ᠠᠭᠠᠵᠢᠮ ᠢᠶᠠᠷ ᠬᠤᠷᠢᠶᠠᠩᠭᠤᠶᠢᠯᠠᠬᠤ ᠣᠨᠣᠯ ᠤᠨ ᠬᠡᠯᠪᠡᠷᠢ ᠪᠠᠷ ᠬᠦᠮᠦᠰ ᠲᠤ ᠨᠡᠶᠢᠳᠡᠮ ᠮᠡᠳᠡᠷᠡᠭᠳᠡᠵᠡᠢ᠃ ᠪᠠᠺᠣᠨ ᠤ ᠦᠵᠡᠬᠦ ᠪᠠᠷ ᠪᠠᠶᠢᠭᠠᠯᠢ ᠶᠢᠨ ᠰᠢᠨᠵᠢᠯᠡᠬᠦ ᠣᠬᠠᠭᠠᠨ ᠪᠠ ᠡᠵᠡᠮᠰᠢᠬᠦ ᠮᠡᠷᠭᠡᠵᠢᠯ ᠢ ᠣᠶᠢᠯᠭᠠᠨ ᠰᠣᠷᠣᠯᠴᠠᠬᠤ  ᠨᠢ ᠬᠠᠷᠢᠯᠴᠠᠨ ᠣᠶᠠᠯᠳᠣᠵᠣ ᠬᠠᠷᠢᠯᠴᠠᠨ ᠨᠦᠬᠦᠪᠦᠷᠢᠯᠡᠵᠦ ᠪᠠᠶᠢᠭ᠎ᠠ ᠶᠣᠮ ᠭᠡᠵᠦ ᠦᠵᠡᠵᠡᠢ᠃ ᠣᠴᠢᠷ ᠨᠢ ᠡᠨᠡ ᠬᠤᠶᠠᠭᠤᠯᠠ ᠪᠦᠷ ᠰᠢᠨᠵᠢᠯᠡᠬᠦ ᠣᠬᠠᠭᠠᠨ ᠢ ᠬᠡᠷᠡᠭᠯᠡᠭᠰᠡᠨ ᠦᠷ᠎ᠡ ᠪᠦᠳᠦᠭᠡᠯ ᠭᠡᠵᠦ ᠦᠵᠡᠵᠡᠢ᠃ ᠲᠡᠭᠡᠭᠡᠳ ᠲᠡᠷᠡ ᠪᠠᠷᠯᠠᠬᠤ ᠮᠡᠷᠭᠡᠵᠢᠯ᠂ ᠲᠠᠷᠢ ᠪᠣᠯᠣᠨ ᠵᠦᠭᠯᠡᠭᠦᠷ ᠶᠢᠨ ᠡᠭᠦᠳᠦᠯᠳᠡ ᠶᠢᠨ ᠴᠢᠬᠤᠯᠠ ᠴᠢᠨᠠᠷ ᠢᠶᠠᠷ ᠵᠢᠱᠢᠶᠡᠯᠡᠨ ᠲᠠᠶᠢᠯᠪᠣᠷᠢᠯᠠᠵᠠᠢ᠃ ᠲᠡᠷᠡ ᠡᠨᠡᠬᠦ ᠭᠤᠷᠪᠠᠨ ᠵᠦᠢᠯ ᠤᠨ ᠡᠭᠦᠳᠦᠯᠳᠡ ︵ᠲᠣᠬᠠᠢ ᠶᠢᠨ ᠦᠶ᠎ᠡ ᠳᠤ ᠯᠢ ᠶᠣᠸᠠᠢ ᠰᠧ 李约瑟᠂ ᠠᠩᠭ᠍ᠯᠢ ᠨᠡᠷ᠎ᠡ ᠨᠢ Joseph Terence Montgomery Needham᠂ ᠲᠦᠷᠦᠵᠦ ᠭᠠᠷᠣᠭᠠᠳᠣᠢ ᠪᠣᠯᠬᠤᠷ ᠡᠨᠡ ᠭᠤᠷᠪᠠᠨ ᠵᠦᠢᠯ ᠤᠨ ᠡᠬᠦᠳᠦᠯᠳᠡ ᠨᠢ ᠳᠣᠮᠳᠠᠳᠣ ᠶᠢᠨ ᠡᠷᠳᠡᠨ ᠤ ᠡᠭᠦᠳᠦᠯᠳᠡ ᠪᠣᠯᠵᠣ ᠲᠡᠶᠢᠯᠦᠭᠡᠳᠦᠢ ᠪᠠᠶᠢᠵᠣ᠂ ᠬᠠᠷᠢᠨ ᠦᠷᠦᠨᠡᠳᠡᠬᠢᠨ ᠤ ᠣᠳᠣ ᠣᠳᠣ ᠦᠶ᠎ᠡ ᠶᠢᠨ ᠡᠭᠦᠳᠦᠯᠳᠡ ᠬᠡᠪ ᠢᠶᠠᠷ ᠲᠡᠯᠡᠬᠡᠢ ᠲᠠᠬᠢᠨ ᠳᠤ ᠮᠡᠳᠡᠷᠡᠭᠳᠡᠵᠦ ᠪᠠᠶᠢᠵᠠᠢ — ᠮᠣᠩᠭᠤᠯᠴᠢᠯᠠᠭᠴᠢ ᠠᠴᠠ︶ ᠨᠢ ᠣᠳᠣᠬᠢ ᠬᠦᠮᠦᠰ ᠡᠷᠳᠡᠨ ᠤ ᠭᠷᠢᠭ ᠬᠦᠮᠦᠰ  ᠠᠴᠠ ᠨᠡᠩ ᠮᠡᠷᠭᠡᠨ ᠰᠡᠴᠡᠨ ᠪᠠᠶᠢᠨ᠎ᠠ ᠭᠡᠳᠡᠭ ᠢ ᠦᠬᠦᠯᠡᠵᠡᠢ᠃ ᠡᠶᠢᠮᠦ ᠠᠴᠠ ᠪᠠᠺᠣᠨ ᠬᠡᠯᠡᠭᠰᠡᠨ ᠨᠢ᠄ ︽ᠡᠶᠢᠮᠦ  ᠠᠴᠠ ᠰᠢᠨᠵᠢᠯᠡᠬᠦ ᠣᠬᠠᠭᠠᠨ ᠪᠠ ᠮᠡᠷᠭᠡᠵᠢᠯ ᠤᠨ ᠬᠦᠭᠵᠢᠯᠳᠡ ᠶᠢ ᠠᠬᠢᠭᠤᠯᠬᠤ ᠳᠤ ᠰᠢᠨ᠎ᠡ ᠰᠢᠨᠵᠢᠯᠡᠬᠦ ᠣᠬᠠᠭᠠᠨ ᠤ ᠠᠷᠭ᠎ᠠ ᠨᠢ ᠬᠠᠮᠤᠭ ᠣᠷᠢᠳᠠᠪᠠᠷ ᠰᠢᠨ᠎ᠡ ᠶᠣᠰᠣ᠂ ᠰᠢᠨ᠎ᠡ ᠠᠵᠢᠯᠯᠠᠬᠤ ᠲᠦᠷᠢᠮ ᠤᠨ ᠲᠡᠰ ᠲᠠᠷᠠᠭ᠎ᠠ ᠪᠠ ᠰᠢᠨ᠎ᠡ ᠪᠣᠳᠠᠳᠣ ᠬᠡᠷᠡᠭ ᠢ ᠡᠷᠢᠵᠦ ᠣᠯᠬᠤ ᠣᠴᠢᠷ ᠢ ᠴᠢᠬᠤᠯᠠᠴᠢᠯᠠᠨ᠎ᠠ᠃ ᠪᠢᠳᠡ ᠡᠳᠡᠭᠡᠷ ᠢ ᠣᠶᠢᠯᠭᠠᠪᠠᠯ᠂ ᠡᠨᠡᠬᠦ ᠦᠨᠳᠦᠰᠦᠯᠡᠯ᠂ ᠶᠣᠰᠣ ᠪᠠ ᠮᠡᠳᠡᠯᠭᠡ ᠰᠠᠶ᠋ᠢ ᠮᠡᠷᠭᠡᠵᠢᠯ ᠤᠨ ᠲᠠᠯ᠎ᠠ ᠪᠠ ᠰᠢᠨᠵᠢᠯᠡᠬᠦ ᠣᠬᠠᠭᠠᠨ ᠤ ᠲᠠᠯ᠎ᠠ ᠪᠠᠷ ᠰᠢᠨ᠎ᠡ ᠬᠡᠷᠡᠭᠴᠡᠭᠡ ᠶᠢ ᠬᠠᠩᠭᠠᠵᠣ ᠴᠢᠳᠠᠨ᠎ᠠ︾ ᠭᠡᠵᠡᠢ᠃ ᠪᠠᠺᠣᠨ ᠤ ᠰᠢᠨᠵᠢᠯᠡᠬᠦ ᠣᠬᠠᠭᠠᠨ ᠤ ᠠᠷᠭ᠎ᠠ ᠶᠢᠨ ᠦᠵᠡᠯᠳᠡ ᠭᠡᠳᠡᠭ ᠨᠢ ᠳᠣᠷᠰᠢᠯᠳᠠ ᠳᠤ ᠰᠠᠭᠤᠷᠢᠯᠠᠵᠣ᠂ ᠬᠤᠷᠢᠶᠠᠩᠭᠤᠶᠢᠯᠠᠬᠤ ᠪᠠᠷ ᠭᠤᠣᠯᠳᠠᠵᠠᠢ᠃ ᠭᠡᠪᠡᠴᠦ ᠡᠨᠡ ᠨᠢ ᠲᠣᠬᠠᠢ ᠶᠢᠨ ᠦᠶ᠎ᠡ ᠳᠤ ᠮᠦᠨᠴᠣ ᠬᠦᠮᠦᠰ ᠲᠤ ᠣᠨᠴᠠᠭᠠᠢ ᠬᠦᠨᠳᠦᠳᠭᠡᠭᠳᠡᠨ ᠬᠡᠷᠡᠭᠯᠡᠭᠳᠡᠭᠰᠡᠨ ᠦᠭᠡᠢ᠃ ᠬᠡᠵᠢᠶ᠎ᠡ ᠬᠤᠶᠢᠨ᠎ᠠ ᠠᠷᠪᠠ ᠶᠢᠰᠦᠳᠦᠭᠡᠷ ᠵᠠᠭᠤᠨ ᠳᠤ ᠭᠠᠵᠠᠷ ᠰᠢᠨᠵᠢᠯᠡᠭᠡ ᠶᠢᠨ ᠣᠬᠠᠭᠠᠨ ᠪᠠ ᠠᠮᠢᠳᠣ ᠪᠣᠳᠠᠰ ᠤᠨ ᠬᠤᠪᠢᠰᠣᠯ ᠤᠨ ᠣᠨᠣᠯ ᠢᠯᠡᠷᠡᠬᠦ ᠳᠤ ᠰᠠᠶ᠋ᠢ ᠬᠦᠮᠦᠰ ᠲᠤ ᠬᠦᠨᠳᠦᠳᠭᠡᠭᠳᠡᠨ ᠣᠨᠣᠯ ᠤᠨ ᠲᠠᠯ᠎ᠠ ᠪᠠᠷ ᠪᠠ ᠠᠷᠭ᠎ᠠ ᠶᠢᠨ ᠲᠠᠯ᠎ᠠ ᠪᠠᠷ ᠵᠢᠯᠣᠭᠤᠳᠬᠤ ᠦᠢᠯᠡᠳᠦᠯ ᠢᠶᠠᠨ ᠪᠠᠳᠠᠷᠠᠭᠤᠯᠣᠭᠰᠠᠨ ᠪᠠᠶᠢᠨ᠎ᠠ᠃ ᠪᠠᠺᠣᠨ ᠤ ᠲᠣᠬᠠᠢ ᠦᠨᠡᠯᠡᠬᠦ ᠲᠡᠭᠡᠨ ᠮᠠᠷᠺᠰ ᠬᠡᠯᠡᠭᠰᠡᠨ ᠨᠢ᠄ ︽ᠰᠢᠨᠵᠢᠯᠡᠬᠦ ᠣᠬᠠᠭᠠᠨ ᠪᠣᠯ ᠳᠣᠷᠰᠢᠯᠳᠠ ᠶᠢᠨ ᠰᠢᠨᠵᠢᠯᠡᠬᠦ ᠣᠬᠠᠭᠠᠨ ᠮᠦᠨ᠃ ᠰᠢᠨᠵᠢᠯᠡᠬᠦ ᠣᠬᠠᠭᠠᠨ ᠤ ᠠᠷᠭ᠎ᠠ ᠨᠢ ᠣᠶᠣᠨᠴᠢ ᠠᠷᠭ᠎ᠠ ᠪᠠᠷ ᠰᠡᠷᠡᠯ ᠤᠨ ᠲᠠᠨᠢᠯᠳᠠ  ᠶᠢᠨ ᠮᠠᠲ᠋ᠧᠷᠢᠶᠠᠯ ᠢᠶᠠᠨ ᠲᠢᠭᠯᠡᠬᠦ ᠳᠤ ᠪᠣᠢ᠂ ᠲᠠᠷᠣᠢ ᠬᠤᠷᠢᠶᠠᠩᠭᠤᠶᠢᠯᠠᠬᠤ᠂ ᠵᠠᠳᠠᠯᠬᠤ᠂ ᠬᠠᠷᠢᠴᠠᠭᠤᠯᠬᠤ ᠪᠠ ᠠᠵᠢᠭᠯᠠᠬᠤ ᠳᠤ ᠪᠣᠢ᠃ ᠡᠶᠢᠮᠦ ᠠᠴᠠ ᠳᠣᠷᠰᠢᠯᠳᠠ ᠪᠣᠯ ᠣᠶᠣᠨᠴᠢ ᠠᠷᠭ᠎ᠠ ᠶᠢᠨ ᠴᠢᠬᠤᠯᠠ ᠨᠦᠬᠦᠴᠡᠯ ᠪᠣᠯᠣᠨ᠎ᠠ︾ ᠭᠡᠵᠡᠢ᠃ ᠬᠡᠷᠡᠭᠯᠡᠭᠡᠨ ᠤ ᠰᠢᠨᠵᠢᠯᠡᠬᠦ ᠣᠬᠠᠭᠠᠨ ᠤ ᠲᠠᠯ᠎ᠠ ᠪᠠᠷ ᠪᠠᠺᠣᠨ ᠨᠡᠩ ᠰᠨᠢᠷᠬᠠᠯ ᠲᠠᠢ ᠨᠢ ᠲᠠᠷᠬᠠᠨᠴᠣᠳ ᠤᠨ ᠮᠡᠷᠭᠡᠵᠢᠯ ᠪᠠ ᠠᠵᠣ ᠦᠢᠯᠡᠳᠪᠦᠷᠢ ᠶᠢᠨ ᠦᠢᠯᠡᠳᠪᠦᠷᠢᠯᠡᠬᠦ ᠶᠠᠪᠣᠴᠠ ᠪᠠᠶᠢᠪᠠ᠃ ᠡᠶᠢᠮᠦ ᠠᠴᠠ ᠬᠦᠮᠦᠰ ᠪᠠᠰᠠ ᠲᠡᠭᠦᠨ ᠢ ᠠᠵᠣ ᠦᠢᠯᠡᠳᠪᠦᠷᠢ ᠶᠢᠨ ᠰᠢᠨᠵᠢᠯᠡᠬᠦ ᠣᠬᠠᠭᠠᠨ ᠤ ᠬᠦᠨ ᠣᠬᠠᠭᠠᠨᠳᠠᠨ ᠭᠡᠳᠡᠭ ᠠᠵᠠᠢ᠃ ᠪᠠᠺᠣᠨ ᠮᠦᠨ ᠨᠢᠭᠡᠨ ᠨᠠᠶᠢᠷᠠᠭᠤᠯᠣᠯ ᠤᠨ ᠵᠣᠬᠢᠶᠠᠯᠴᠢ ᠪᠠᠶᠢᠵᠠᠢ᠃ 1624 ᠣᠨ ᠳᠤ ᠲᠡᠭᠦᠨ ᠤ ︽ᠦᠬᠦᠯᠡᠬᠦᠢ  ᠶᠢᠨ ᠲᠣᠬᠠᠢ ᠡᠮᠬᠢᠳᠭᠡᠯ︾ ᠭᠡᠳᠡᠭ ᠨᠣᠮ ᠬᠡᠪᠯᠡᠭᠳᠡᠨ ᠭᠠᠷᠪᠠ᠃ ᠲᠣᠰ ᠨᠣᠮ ᠪᠣᠯ ᠮᠦᠨᠴᠣ ᠨᠢᠭᠡᠨ ᠮᠠᠰᠢ ᠭᠤᠶᠣ ᠬᠡᠯᠡᠯᠭᠡ ᠲᠠᠢ ᠣᠯᠳᠠᠰᠢ ᠦᠭᠡᠢ ᠣᠩᠰᠢᠯᠳᠠᠢ ᠨᠣᠮ ᠶᠣᠮ᠃ ᠲᠣᠰ ᠨᠣᠮ ᠳᠣᠳᠣᠷᠠᠬᠢ ᠰᠣᠩᠭᠤᠳᠠᠭ ᠨᠡᠷᠡᠳᠦ ᠦᠭᠦᠯᠡᠪᠦᠷᠢ ᠠᠴᠠ ᠬᠡᠳᠦ ᠶᠢ ᠰᠡᠶᠢᠷᠡᠭᠦᠯᠪᠡᠯ᠄ ᠲᠡᠣᠬᠡ ᠣᠩᠰᠢᠪᠠᠯ ᠮᠡᠷᠭᠡᠨ ᠪᠣᠯᠵᠣ᠂ ᠰᠢᠯᠦᠭ ᠣᠩᠰᠢᠪᠠᠯ ᠰᠡᠴᠡᠨ ᠪᠣᠯᠣᠨ᠎ᠠ᠃ ᠲᠣᠭᠠᠨ ᠤ ᠣᠬᠠᠭᠠᠨ ᠰᠣᠷᠪᠠᠯ ᠨᠠᠷᠢᠨ ᠨᠢᠭᠳᠡ ᠪᠣᠯᠵᠣ᠂ ᠹᠢᠽᠢᠺ ᠰᠣᠷᠪᠠᠯ ᠬᠦᠨᠵᠡᠭᠡᠢ ᠪᠣᠯᠣᠨ᠎ᠠ᠃ ᠡᠰᠢ ᠶᠣᠰᠣᠨ ᠰᠣᠷᠪᠠᠯ ᠲᠦᠪᠯᠡᠬᠦᠨ ᠪᠣᠯᠵᠣ᠂ ᠯᠣᠬᠢᠭ ᠰᠣᠷᠪᠠᠯ ᠬᠡᠯᠮᠣᠷᠴᠢ ᠪᠣᠯᠣᠨ᠎ᠠ᠃ ᠠᠯᠢᠪᠠ ᠰᠣᠷᠭᠠᠯ ᠢ ᠰᠣᠷᠪᠠᠯ᠂ ᠵᠠᠩ ᠲᠠᠳᠬᠠᠯ ᠢ ᠨᠦᠯᠦᠭᠡᠯᠡᠮᠣᠢ ᠭᠡᠵᠡᠢ᠃ ᠪᠠᠰᠠ ᠦᠨᠡᠨ ᠶᠣᠰᠣ ᠪᠣᠯ ᠴᠠᠭ ᠦᠶ᠎ᠡ ᠶᠢᠨ ᠲᠦᠷᠦᠳᠡᠰᠦ ᠪᠣᠯᠬᠤ ᠠᠴᠠ ᠪᠢᠰᠢ᠂ ᠬᠠᠷᠢᠨ ᠡᠷᠬᠡ ᠰᠦᠷ ᠤᠨ ᠲᠦᠷᠦᠳᠡᠰᠦ ᠪᠢᠰᠢ᠃ ᠴᠠᠭ ᠢᠶᠠᠨ ᠵᠣᠬᠢᠰᠳᠠᠢ ᠲᠣᠬᠢᠷᠠᠭᠤᠯᠵᠣ ᠴᠢᠳᠠᠪᠠᠯ ᠲᠠᠷᠣᠢ ᠴᠠᠭ ᠠᠷᠪᠢᠯᠠᠵᠣ ᠪᠠᠶᠢᠭ᠎ᠠ ᠭᠡᠷᠡᠭ ᠮᠦᠨ ᠵᠡᠷᠭᠡ ᠮᠠᠰᠢ ᠣᠯᠠᠨ ᠰᠠᠶᠢᠨ ᠰᠠᠶᠢᠬᠠᠨ ᠦᠬᠦᠯᠡᠪᠦᠷᠢ ᠪᠣᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号