ᠸᠢᠯᠢᠶᠠᠮ · ᠬᠠᠷᠸᠧᠢ ᠤᠣᠬᠠᠨ ᠬ᠊
ᠨᠡᠶᠢᠲᠡᠯᠡᠭᠰᠡᠨ ᠴᠠᠭ᠄
2020/10/19
ᠸᠢᠯᠢᠶᠠᠮ · ᠬᠠᠷᠸᠧᠢ ︵威廉·哈维᠂ William Harvey︶ 1578 ᠣᠨ ᠤ 4 ᠰᠠᠷ᠎ᠠ ᠶᠢᠨ 1-1657 ᠣᠨ ᠤ 6 ᠰᠠᠷ᠎ᠠ ᠶᠢᠨ 3 ᠪᠣᠯᠳᠠᠯ᠎ᠠ ᠠᠮᠢᠳᠣᠷᠠᠵᠣ ᠪᠠᠶᠢᠵᠠᠢ᠃ ᠲᠡᠷᠡ ᠪᠣᠯ ᠠᠩᠭ᠍ᠯᠢ ᠶᠢᠨ ᠨᠢᠭᠡ ᠡᠮᠴᠢ ᠬᠦᠮᠦᠨ ᠪᠢᠯᠡ᠃ ᠮᠦᠨᠴᠣ ᠲᠣᠷᠰᠢᠯᠳᠠ ᠶᠢᠨ ᠹᠢᠽᠢᠦ᠋ᠯᠣᠬᠢ ᠶᠢᠨ ᠣᠬᠠᠭᠠᠨ ᠢ ᠡᠬᠢᠯᠡᠨ ᠡᠭᠦᠳᠦᠭᠰᠡᠨ ᠬᠦᠮᠦᠨ ᠮᠦᠨ᠃ ᠲᠡᠷᠡ ᠲᠣᠷᠰᠢᠯᠳᠠ ᠪᠠᠷ ᠲᠠᠮᠵᠢᠨ ᠲᠣᠷᠰᠢᠯᠳᠠ ᠶᠢᠨ ᠠᠮᠢᠳᠠᠨ ᠤ ᠪᠠᠶ᠎ᠠ ᠲᠣᠲᠣᠷᠠᠬᠢ ᠴᠢᠰᠣᠨ ᠡᠷᠬᠢᠯᠳᠡ ᠶᠢ ᠲᠣᠲᠣᠷᠬᠠᠶᠢᠯᠠᠵᠣ ᠴᠢᠳᠠᠭᠰᠠᠨ ᠢᠶᠠᠷ ᠪᠠᠷᠠᠬᠤ ᠦᠭᠡᠢ ᠵᠢᠷᠣᠬᠡ ᠪᠣᠯ ᠡᠷᠬᠢᠯᠳᠡ ᠶᠢᠨ ᠰᠢᠰᠲ᠋ᠧᠮ ᠳᠤ ᠲᠦᠯᠬᠢᠬᠦ ᠬᠦᠴᠦᠨ ᠪᠣᠯᠵᠣ ᠪᠠᠶᠢᠭ᠎ᠠ ᠡᠷᠬᠡᠳᠡᠨ ᠮᠦᠨ᠂ ᠴᠢᠰᠣ ᠪᠣᠯ ᠵᠢᠷᠣᠬᠡᠨ ᠤ ᠰᠢᠬᠠᠯᠳᠠ ᠳᠣᠣᠷ᠎ᠠ ᠡᠷᠬᠢᠯᠳᠡ ᠬᠢᠵᠦ ᠪᠠᠶᠢᠨ᠎ᠠ ᠭᠡᠵᠦ ᠵᠢᠭᠠᠵᠣ ᠭᠠᠷᠭᠠᠵᠠᠢ᠃ ᠡᠭᠦᠨ ᠤ ᠬᠠᠮᠳᠣ ᠲᠡᠷᠡ ᠪᠠᠰᠠ ᠵᠢᠷᠣᠬᠡᠨ ᠤ ᠯᠣᠭᠰᠢᠬᠤ ᠣᠳᠠᠭ᠎ᠠ ᠪᠦᠷᠢ ᠭᠠᠳᠠᠭᠰᠢ ᠰᠢᠬᠠᠵᠣ ᠭᠠᠷᠭᠠᠬᠤ ᠴᠢᠰᠣᠨ ᠤ ᠨᠣᠷᠮ᠎ᠠ ᠶᠢ ᠪᠣᠳᠣᠵᠣ ᠭᠠᠷᠭᠠᠪᠠ ᠲᠡᠷᠡ ᠵᠢᠷᠣᠬᠡᠨ ᠠᠴᠠ ᠭᠠᠷᠣᠭᠰᠠᠨ ᠴᠢᠰᠣ ᠨᠢ ᠯᠣᠭᠰᠢᠬᠤ ᠰᠣᠳᠠᠯ ᠢᠶᠠᠷ ᠪᠦᠬᠦ ᠪᠡᠶ᠎ᠡ ᠶᠢᠨ ᠡᠯ᠎ᠡ ᠬᠡᠰᠡᠭ ᠲᠤ ᠬᠦᠷᠴᠦ᠂ ᠲᠠᠬᠢᠨ ᠨᠠᠮᠵᠢᠭᠤᠨ ᠰᠣᠳᠠᠯ ᠢᠶᠠᠷ ᠵᠢᠷᠣᠬᠡᠨ ᠳᠤ ᠪᠣᠴᠠᠨ ᠢᠷᠡᠳᠡᠭ ᠭᠡᠵᠦ ᠲᠣᠲᠣᠷᠬᠠᠶᠢᠯᠠᠵᠠᠢ᠃ ᠲᠡᠷᠡ 1628 ᠣᠨ ᠳᠤ ︽ᠠᠮᠢᠳᠠᠨ ᠤ ᠵᠢᠷᠣᠬᠡ ᠪᠠ ᠴᠢᠰᠣᠨ ᠡᠷᠬᠢᠯᠳᠡ ᠶᠢᠨ ᠲᠣᠬᠠᠢ ᠠᠨᠠᠲ᠋ᠣᠮᠢ ᠶᠢᠨ ᠰᠣᠳᠣᠯᠣᠯ ︾ ᠢᠶᠠᠨ ᠨᠡᠶᠢᠳᠡᠯᠡᠵᠦ᠂ 1651 ᠣᠨ ᠳᠤ ︽ᠠᠮᠢᠳᠠᠨ ᠤ ᠦᠷᠡᠵᠢᠯ︾ ᠵᠡᠷᠭᠡ ᠨᠣᠮ ᠢᠶᠠᠨ ᠬᠡᠪᠯᠡᠭᠦᠯᠵᠡᠢ᠃ ᠡᠨᠡᠬᠦ ᠨᠣᠮ ᠨᠢ ᠹᠢᠽᠢᠦ᠋ᠯᠣᠬᠢ ᠪᠠ ᠬᠦᠪᠦᠷᠡᠯ ᠤᠨ ᠰᠣᠳᠣᠯᠣᠯ ᠤᠨ ᠬᠦᠭᠵᠢᠯᠳᠡ ᠳᠤ ᠮᠠᠰᠢ ᠶᠡᠭᠡ ᠦᠢᠯᠡᠳᠦᠯ ᠦᠵᠡᠬᠦᠯᠦᠭᠰᠡᠨ ᠶᠣᠮ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号