ᠸᠢᠢᠯᠢᠶᠠᠮ · ᠬᠢᠯᠪᠧᠷᠲ ᠤᠣᠬᠠᠨ ᠬ᠊
ᠨᠡᠶᠢᠲᠡᠯᠡᠭᠰᠡᠨ ᠴᠠᠭ᠄
2020/10/19
ᠸᠢᠢᠯᠢᠶᠠᠮ · ᠬᠢᠯᠪᠧᠷᠲ ︵威廉·吉尔伯特᠂ William Gilbert︶ ᠠᠩᠭ᠍ᠯᠢ ᠶᠢᠨ ᠬᠠᠭᠠᠨ ᠤ ᠡᠮᠴᠢ᠂ ᠠᠩᠭ᠍ᠯᠢ ᠶᠢᠨ ᠬᠠᠭᠠᠨ ᠤ ᠰᠢᠨᠵᠢᠯᠡᠬᠦ ᠣᠬᠠᠭᠠᠨ ᠤ ᠬᠦᠷᠢᠶᠡᠯᠡᠩ ᠤᠨ ᠹᠢᠽᠢᠺ ᠤᠨ ᠡᠷᠳᠡᠮᠳᠡᠨ᠂ ᠲᠡᠭᠦᠨ ᠤ ᠭᠤᠣᠯ ᠪᠣᠯᠬᠤ ᠠᠮᠵᠢᠯᠳᠡ ᠪᠣᠯ ᠴᠠᠬᠢᠯᠭᠠᠨ ᠣᠬᠠᠭᠠᠨ ᠪᠠ ᠰᠣᠷᠢᠨᠵᠢᠨ ᠣᠬᠠᠭᠠᠨ ᠤ ᠲᠠᠯ᠎ᠠ ᠪᠠᠷ ᠯᠣᠳᠣ ᠲᠣᠮᠣ ᠵᠢᠳᠭᠦᠯ ᠭᠠᠷᠭᠠᠵᠠᠢ᠃ ᠲᠡᠷᠡ 1544 ᠣᠨ ᠤ 5 ᠰᠠᠷ᠎ᠠ ᠶᠢᠨ 24 ᠳᠤ ᠠᠩᠭ᠍ᠯᠢ ᠶᠢᠨ ᠺᠣᠯᠴᠧᠰᠲ᠋ᠧᠷ ︵Colchester︶ ᠮᠡᠨᠳᠦᠯᠡᠵᠡᠢ᠃ 1569 ᠣᠨ ᠳᠤ ᠺᠠᠮᠪᠧᠷᠵ ᠶᠡᠭᠡ ᠰᠣᠷᠭᠠᠭᠤᠯᠢ ᠳᠤ ᠠᠨᠠᠭᠠᠬᠤ ᠣᠬᠠᠭᠠᠨ ᠤ ᠳ᠋ᠣᠺᠲ᠋ᠣᠷ ᠤᠨ ᠵᠡᠷᠭᠡ ᠬᠠᠮᠠᠭᠠᠯᠠᠵᠣ᠂ ᠡᠬᠢᠯᠡᠩᠬᠦᠳᠡ ᠪᠠᠨ ᠬᠢᠮᠢ ᠰᠣᠳᠣᠯᠵᠣ ᠪᠠᠶᠢᠪᠠ᠃ ᠭᠢᠯᠪᠧᠷᠲ 1580 ᠣᠨ ᠤ ᠣᠷᠢᠳ ᠬᠤᠵᠢᠳ ᠠᠴᠠ ᠡᠬᠢᠯᠡᠨ ᠴᠠᠬᠢᠯᠭᠠᠨ ᠣᠬᠠᠭᠠᠨ ᠪᠠ ᠰᠣᠷᠢᠨᠵᠢᠨ ᠣᠬᠠᠭᠠᠨ ᠳᠤ ᠰᠣᠨᠢᠷᠬᠠᠯ ᠳᠠᠳᠠᠭᠳᠠᠵᠣ᠂ ᠰᠣᠳᠣᠯᠣᠯᠭ᠎ᠠ ᠪᠠᠨ ᠡᠬᠢᠯᠡᠬᠦᠯᠵᠡᠢ᠃ 1600 ᠣᠨ ᠳᠤ ᠦᠪᠡᠷ ᠤᠨ ᠪᠦᠳᠦᠭᠡᠯ ︽ᠰᠣᠷᠢᠨᠵᠢᠨ ᠴᠢᠯᠠᠭᠤ ᠶᠢᠨ ᠲᠣᠬᠠᠢ︾ ᠨᠣᠮ ᠢᠶᠠᠨ ᠬᠡᠪᠯᠡᠬᠦᠯᠪᠡ᠃ ᠲᠣᠰ ᠨᠣᠮ ᠨᠢ ᠹᠢᠽᠢᠺ ᠤᠨ ᠲᠡᠣᠬᠡᠨ ᠳᠤ ᠬᠠᠮᠤᠭ ᠠᠩᠬ᠎ᠠ ᠰᠣᠷᠢᠨᠵᠢᠨ ᠣᠬᠠᠭᠠᠨ ᠤ ᠲᠣᠬᠠᠢ ᠰᠢᠰᠲ᠋ᠧᠮ ᠲᠠᠢ ᠲᠠᠶᠢᠯᠪᠣᠷᠢᠯᠠᠭᠰᠠᠨ ᠲᠣᠰᠬᠠᠢ ᠮᠡᠷᠭᠡᠵᠢᠯ ᠤᠨ ᠨᠣᠮ ᠪᠣᠯᠣᠨ᠎ᠠ᠃ ᠭᠠᠯᠢᠯᠢᠶᠥ᠋ ︵Galileo︶ ᠲᠡᠭᠦᠨ ᠤ ᠪᠦᠳᠦᠭᠡᠯ ᠢ ᠦᠨᠡᠯᠡᠬᠦ ᠳᠡᠭᠡᠨ᠄ ︽ᠠᠭᠤᠤ ᠶᠡᠭᠡ ᠲᠡᠭᠡᠨ ᠬᠦᠮᠦᠰ ᠢ ᠠᠳᠠᠭᠠᠷᠬᠤ ᠬᠡᠮᠵᠢᠶᠡᠨ ᠳᠤ ᠬᠦᠷᠴᠡᠢ︾ ᠭᠡᠪᠡ᠃ ᠭᠢᠯᠪᠧᠷᠲ 1603 ᠣᠨ ᠤ 12 ᠰᠠᠷ᠎ᠠ ᠶᠢᠨ 10 ᠤ ᠡᠳᠦᠷ ᠯᠣᠨᠳᠣᠨ ᠳᠤ ᠨᠠᠰᠣ ᠪᠠᠷᠠᠵᠠᠢ᠃ ᠭᠢᠯᠪᠧᠷᠲ ᠰᠣᠷᠢᠨᠵᠢᠨ ᠪᠦᠮᠪᠦᠭᠡ ᠵᠣᠬᠢᠶᠠᠨ ᠭᠠᠷᠭᠠᠵᠣ᠂ ᠲᠡᠭᠦᠨ ᠳᠡᠭᠡᠨ ︽ᠵᠢᠵᠢᠭ ᠲᠡᠯᠡᠬᠡᠢ ᠶᠢᠨ ᠪᠦᠮᠪᠦᠷᠴᠡᠭ︾ ᠭᠡᠬᠦ ᠨᠡᠷ᠎ᠡ ᠦᠭᠴᠡᠢ᠃ ᠡᠨᠡᠬᠦ ᠪᠦᠮᠪᠦᠭᠡᠨ ᠤ ᠦᠩᠭᠡᠨ ᠲᠠᠯ᠎ᠠ ᠳᠤ ᠵᠦᠭᠯᠡᠬᠦᠷ ᠤᠨ ᠵᠡᠬᠦᠥ ᠪᠠ ᠣ ᠶᠢᠨ ᠪᠢᠷ ᠢᠶᠠᠷ ᠭᠤᠣᠯ ᠱᠣᠭᠤᠮ ᠵᠢᠷᠣᠵᠣ᠂ ᠨᠣᠷᠮᠠᠨ ᠤ ᠰᠣᠷᠢᠨᠵᠢᠨ ᠬᠠᠵᠠᠶᠢᠯᠳᠠ ᠶᠢᠨ ᠦᠵᠡᠭᠳᠡᠯ ᠤᠨ ᠢᠯᠡᠷᠡᠬᠦᠯᠳᠡ ᠶᠢ ᠭᠡᠷᠡᠴᠢᠯᠡᠵᠦ᠂ ᠡᠶᠢᠮᠦᠷᠬᠦ ᠪᠦᠮᠪᠦᠭᠡᠨ ᠤ ᠦᠩᠭᠡᠨ ᠲᠠᠯ᠎ᠠ ᠳᠤ ᠰᠣᠷᠢᠨᠵᠢᠨ ᠵᠡᠬᠦᠥ ᠴᠣ᠋ ᠬᠠᠵᠠᠶᠢᠬᠤ ᠶᠣᠮ ᠪᠠᠶᠢᠨ᠎ᠠ ᠭᠡᠵᠦ ᠲᠣᠲᠣᠷᠬᠠᠶᠢᠯᠠᠵᠠᠢ᠃ ᠲᠡᠷᠡ ᠪᠠᠰᠠ ᠦᠩᠭᠡᠨ ᠲᠠᠯ᠎ᠠ ᠨᠢ ᠲᠡᠭᠰᠢ ᠪᠣᠰᠣ ᠰᠣᠷᠢᠨᠵᠢᠨ ᠪᠦᠮᠪᠦᠭᠡᠨ ᠤ ᠰᠣᠷᠢᠨᠵᠢᠨ ᠭᠤᠣᠯ ᠱᠣᠭᠤᠮ ᠨᠢ ᠴᠣ᠋ ᠲᠡᠭᠰᠢ ᠪᠣᠯᠵᠣ ᠴᠢᠳᠠᠬᠤ ᠦᠭᠡᠢ ᠭᠡᠳᠡᠭ ᠢ ᠭᠡᠷᠡᠴᠢᠯᠡᠪᠡ᠃ ᠡᠭᠦᠨ ᠠᠴᠠ ᠪᠣᠯᠵᠣ ᠲᠡᠯᠡᠬᠡᠢ  ᠶᠢᠨ ᠪᠦᠮᠪᠦᠷᠴᠡᠭ ᠵᠢᠩᠬᠢᠨᠢ ᠪᠦᠮᠪᠦᠭᠡ ᠭᠡᠯᠪᠡᠷᠢᠳᠡᠢ ᠪᠢᠰᠢ ᠪᠣᠯᠬᠤᠷ᠂ ᠲᠡᠬᠦᠨ ᠤ ᠦᠩᠭᠡᠨ ᠲᠠᠯ᠎ᠠ ᠳᠤ ᠰᠣᠷᠢᠨᠵᠢᠨ ᠲᠣᠶᠢᠯ ᠢ ᠭᠡᠮᠵᠢᠬᠦ ᠳᠤ ᠵᠦᠭᠯᠡᠭᠦᠷ ᠤᠨ ᠵᠡᠬᠦᠥ ᠨᠢ ᠠᠰ ᠬᠤᠶᠢᠨ᠎ᠠ ᠶᠢ ᠵᠢᠭᠠᠵᠣ ᠴᠢᠳᠠᠬᠤ ᠦᠭᠡᠢ᠂ ᠵᠢᠭᠠᠬᠠᠨ ᠬᠠᠵᠠᠶᠢᠬᠤ ᠶᠣᠮ ᠭᠡᠵᠦ ᠵᠢᠭᠠᠵᠣ ᠭᠠᠷᠭᠠᠵᠠᠢ᠃ ᠭᠢᠯᠪᠧᠷᠲ ᠦᠪᠡᠷ ᠤᠨ ᠢᠯᠡᠷᠡᠭᠦᠯᠦᠭᠰᠡᠨ ᠰᠣᠷᠢᠨᠵᠢᠨ ᠬᠦᠴᠦᠨ ᠤ ᠪᠠᠶᠢᠳᠠᠯ ᠢ ᠦᠨᠳᠦᠰᠦᠯᠡᠵᠦ᠂ ᠨᠢᠭᠡ ᠣᠨᠣᠯ ᠤᠨ ᠰᠢᠰᠲ᠋ᠧᠮ ᠢ ᠲᠣᠷᠠᠳᠣᠨ ᠭᠠᠷᠭᠠᠵᠠᠢ᠃ ᠲᠡᠭᠦᠨ ᠤ ᠲᠦᠰᠦᠭᠡᠯᠡᠬᠦ ᠪᠠᠷ ᠲᠡᠯᠡᠬᠡᠢ ᠶᠢᠨ ᠪᠦᠮᠪᠦᠷᠴᠡᠭ ᠪᠣᠯ ᠮᠠᠰᠢ ᠲᠣᠮᠣ ᠰᠣᠷᠢᠨᠵᠢᠨ ᠪᠦᠮᠪᠦᠭᠡ ᠪᠣᠯᠣᠨ᠎ᠠ᠃ ᠲᠡᠭᠡᠷ᠎ᠡ ᠨᠢ ᠣᠰᠣ ᠰᠢᠷᠣᠢ ᠬᠠᠳᠠ ᠴᠢᠯᠠᠭᠤ ᠪᠦᠷᠬᠦᠵᠦ ᠪᠦᠳᠦᠵᠡᠢ ᠭᠡᠵᠦ ᠦᠵᠡᠵᠡᠢ᠃ ᠲᠡᠭᠦᠨ ᠤ ᠦᠵᠡᠬᠦ ᠪᠠᠷ ᠰᠣᠷᠢᠨᠵᠢᠨ ᠬᠦᠴᠦ ᠬᠦᠳᠡᠯᠭᠡᠭᠡᠨ ᠡᠬᠦᠰᠬᠦ ᠮᠦᠷᠳᠡᠭᠡᠨ ᠪᠠᠰᠠ ᠬᠤᠪᠢᠷᠠᠯᠳᠠ ᠡᠬᠦᠰᠬᠦ ᠶᠣᠮ ᠭᠡᠨ᠎ᠡ᠃ ᠡᠨᠡᠬᠦ ᠰᠣᠷᠢᠨᠵᠢᠨ ᠬᠦᠴᠦ ᠨᠢ ᠭᠠᠳᠠᠭᠰᠢ ᠣᠷᠴᠢᠯᠠᠩ ᠳᠤ ᠬᠦᠷᠳᠡᠯ᠎ᠡ ᠲᠠᠷᠬᠠᠵᠣ᠂ ᠣᠷᠴᠢᠯᠠᠩ ᠶᠢᠷᠲᠢᠨᠴᠦ ᠲᠠᠢ ᠨᠢᠭᠡᠨ ᠴᠣᠭᠴᠠ ᠪᠣᠯᠵᠣ ᠪᠠᠶᠢᠭ᠎ᠠ ᠪᠦᠭᠡᠳ᠂ ᠬᠢᠯᠪᠧᠷᠲ ᠶᠢᠨ ᠦᠵᠡᠬᠦ ᠪᠠᠷ ᠲᠠᠲᠠᠯᠴᠠᠬᠤ ᠬᠦᠴᠦ ᠭᠡᠳᠡᠭ ᠲᠠᠷᠣᠢ ᠰᠣᠷᠢᠨᠵᠢᠨ ᠬᠦᠴᠦ ᠭᠡᠵᠡᠢ᠃ ᠬᠢᠯᠪᠧᠷᠲ ᠶᠢᠨ ᠰᠣᠷᠢᠨᠵᠢᠨ ᠣᠬᠠᠭᠠᠨ ᠤ ᠲᠣᠬᠠᠢ ᠰᠣᠳᠣᠯᠣᠯ ᠨᠢ ᠴᠠᠬᠢᠯᠭᠠᠨ ᠰᠣᠷᠢᠨᠵᠢᠨ ᠣᠬᠠᠭᠠᠨ ᠤ ᠪᠣᠢ ᠪᠣᠯᠬᠤ ᠪᠠ ᠬᠦᠭᠵᠢᠯᠳᠡ ᠳᠤ ᠨᠦᠬᠦᠴᠡᠯ ᠬᠠᠩᠭᠠᠵᠣ ᠦᠭᠴᠡᠢ᠃ ᠴᠠᠬᠢᠯᠭᠠᠨ ᠰᠣᠷᠢᠨᠵᠢᠨ ᠣᠬᠠᠭᠠᠨ ᠳᠣᠳᠣᠷ᠎ᠠ ᠰᠣᠷᠢᠨᠵᠢᠨ ᠬᠦᠴᠦᠨ ᠤ ᠨᠢᠭᠡᠴᠡ ᠶᠢ ᠬᠢᠯᠪᠧᠷᠲ ︵gilbert︶ ᠭᠡᠵᠦ ᠨᠡᠷᠡᠶᠢᠳᠣᠨ᠂ ᠡᠨᠡᠬᠦ ᠠᠭᠤᠤ ᠶᠡᠭᠡ ᠰᠢᠨᠵᠢᠯᠡᠬᠦ ᠣᠬᠠᠭᠠᠨᠳᠠᠨ ᠢ ᠲᠣᠷᠠᠰᠬᠠᠪᠠ᠃ ᠡᠭᠦᠨ ᠠᠴᠠ ᠭᠠᠳᠠᠨ᠎ᠠ ᠪᠠᠰᠠ ᠬᠢᠯᠪᠧᠷᠲ ᠶᠢᠨ ᠰᠣᠳᠣᠯᠣᠯᠭᠠᠨ ᠤ ᠠᠵᠢᠯ ᠨᠢ ᠳᠣᠷᠰᠢᠯᠳᠠ ᠪᠠ ᠣᠨᠣᠯ ᠢ ᠣᠶᠠᠯᠳᠣᠭᠤᠯᠣᠭᠰᠠᠨ ᠨᠡᠶᠢᠳᠡᠯᠢᠭ ᠵᠢᠱᠢᠭ ᠪᠣᠯᠣᠨ᠎ᠠ᠃ ᠲᠣᠷᠰᠢᠯᠳᠠ ᠶᠢᠨ ᠠᠷᠭ᠎ᠠ ᠪᠠᠷ ᠪᠠᠶᠢᠭᠠᠯᠢ ᠶᠢᠷᠲᠢᠨᠴᠦ ᠶᠢ ᠬᠠᠶᠢᠨ ᠰᠣᠳᠣᠯᠣᠭᠰᠠᠨ ᠪᠦᠭᠡᠳ ᠣᠨᠣᠯ ᠤᠨ ᠲᠠᠯ᠎ᠠ ᠪᠠᠷ ᠪᠠᠶᠢᠭᠠᠯᠢ ᠶᠢᠷᠲᠢᠨᠴᠦ ᠶᠢ ᠲᠠᠶᠢᠯᠪᠣᠷᠢᠯᠠᠭᠰᠠᠨ ᠨᠡᠶᠢᠳᠡᠯᠢᠭ ᠵᠢᠱᠢᠭ ᠪᠣᠯᠵᠣ᠂ ᠬᠤᠵᠢᠮ ᠤᠨ ᠬᠦᠮᠦᠰ ᠲᠤ ᠮᠠᠰᠢ ᠰᠠᠶᠢᠨ ᠲᠠᠭᠤᠷᠢᠶᠠᠯ ᠪᠣᠯᠵᠠᠢ᠃ ᠡᠨᠡᠬᠦ ᠲᠠᠯ᠎ᠠ ᠠᠴᠠ ᠦᠵᠡᠪᠡᠯ ᠰᠢᠨᠵᠢᠯᠡᠬᠦ ᠣᠬᠠᠭᠠᠨ ᠤ ᠰᠣᠳᠣᠯᠣᠯᠭ᠎ᠠ ᠶᠢᠨ ᠠᠵᠢᠯ ᠳᠤ ᠵᠦᠪ ᠵᠠᠮ ᠬᠠᠶᠢᠵᠣ ᠦᠭᠭᠦᠭᠰᠡᠨ ᠠᠴᠢ ᠭᠠᠪᠢᠶ᠎ᠠ ᠨᠢ ᠨᠡᠩ ᠠᠭᠤᠤᠣ ᠶᠡᠭᠡ ᠭᠡᠵᠦ ᠲᠣᠬᠠᠢ ᠶᠢᠨ ᠦᠶ᠎ᠡ ᠶᠢᠨ ᠡᠷᠳᠡᠮᠳᠡᠳ ᠠᠴᠠ ᠣᠳᠣ ᠦᠶ᠎ᠡ ᠶᠢᠨ ᠬᠦᠮᠦᠰ ᠬᠦᠷᠳᠡᠯ᠎ᠡ ᠪᠦᠷ ᠵᠦᠪᠰᠢᠶᠡᠷᠡᠨ ᠮᠡᠳᠡᠷᠡᠵᠦ ᠪᠠᠶᠢᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号