| | ᠶᠣᠬᠠᠨᠨ᠋ᠨ᠋ᠧᠰ · ᠺᠧᠫᠯᠧᠷ ︵约翰内斯·开普勒᠂ Johannes Kepler︶ ᠪᠣᠯ | 1571 ᠣᠨ ᠤ 12 ᠰᠠᠷ᠎ᠠ ᠶᠢᠨ 27-1630 ᠣᠨ ᠤ 11 ᠰᠠᠷ᠎ᠠ ᠶᠢᠨ 15 ᠪᠣᠯᠳᠠᠯ᠎ᠠ ᠠᠮᠢᠳᠣᠷᠠᠵᠣ | ᠪᠠᠶᠢᠭᠰᠠᠨ ᠭᠧᠷᠮᠠᠨ ᠤ ᠣᠳᠣᠨ ᠣᠷᠣᠨ ᠤ ᠣᠬᠠᠭᠠᠨᠳᠠᠨ᠂ ᠳᠣᠭᠠᠨ ᠤ ᠣᠬᠠᠭᠠᠨᠳᠠᠨ ᠮᠦᠨ᠃ ᠺᠧᠫᠯᠧᠷ ᠪᠣᠯ ᠠᠷᠪᠠᠨ | ᠲᠣᠯᠣᠳᠣᠭᠠᠷ ᠵᠠᠭᠤᠨ ᠤ ᠰᠢᠨᠵᠢᠯᠡᠬᠦ ᠣᠬᠠᠭᠠᠨ ᠤ ᠬᠤᠪᠢᠰᠬᠠᠯ ᠤᠨ ᠵᠠᠩᠬᠢᠯᠭ᠎ᠠ ᠶᠢᠨ ᠬᠦᠮᠦᠨ ᠪᠣᠯᠣᠨ᠎ᠠ᠃ ᠲᠡᠭᠦᠨ ᠤ | ᠬᠦᠮᠦᠰ ᠲᠤ ᠬᠠᠮᠤᠭ ᠮᠡᠳᠡᠷᠡᠭᠳᠡᠭᠰᠡᠨ ᠠᠮᠵᠢᠯᠳᠠ ᠨᠢ ᠺᠧᠫᠯᠧᠷ ᠤᠨ ᠵᠢᠮ᠎ᠡ ᠬᠠᠣᠯᠢ ᠪᠣᠯᠣᠨ᠎ᠠ᠃ ᠡᠭᠦᠨ ᠠᠴᠠ ᠪᠠᠭ᠎ᠠ | ᠯᠠ ᠬᠤᠵᠢᠮ ᠣᠳᠣᠨ ᠣᠷᠣᠨ ᠤ ᠣᠬᠠᠭᠠᠨᠳᠠᠳ ᠲᠡᠭᠦᠨ ᠤ ᠨᠣᠮ ︽ᠰᠢᠨ᠎ᠡ ᠣᠳᠣᠨ ᠣᠷᠣᠨ ᠤ ᠣᠬᠠᠭᠠᠨ︾᠂ ︽ | ᠲᠡᠯᠡᠬᠡᠢ ᠶᠢᠨ ᠵᠣᠬᠢᠴᠠᠯ︾᠂ ︽ᠺᠣᠪᠧᠷᠨᠢᠺ ᠤᠨ ᠣᠳᠣᠨ ᠣᠷᠣᠨ ᠤ ᠣᠬᠠᠭᠠᠨ ᠤ ᠬᠤᠷᠢᠶᠠᠩᠭᠤᠢ︾ ᠠᠴᠠ | ᠰᠢᠷᠭᠠᠭᠠᠵᠣ ᠠᠪᠣᠭᠰᠠᠨ ᠭᠤᠷᠪᠠᠨ ᠵᠣᠷᠪᠣᠰ ᠵᠢᠮ᠎ᠡ ᠬᠠᠣᠯᠢ ᠨᠢ ᠠᠶᠢᠰᠠᠺ · ᠨᠢᠦ᠋ᠲ᠋ᠣᠨ ᠳᠤ ᠦᠭᠭᠦᠭᠰᠡᠨ ᠨᠦᠯᠦᠭᠡ | ᠪᠣᠯ ᠮᠠᠰᠢ ᠶᠡᠭᠡ ᠶᠣᠮ᠃ ᠡᠳᠡᠭᠡᠷ ᠨᠦᠯᠦᠭᠡ ᠠᠴᠠ ᠪᠣᠯᠵᠣ ᠨᠢᠦ᠋ᠲ᠋ᠣᠨ ᠦᠪᠡᠷ ᠤᠨ ᠨᠡᠷ᠎ᠡ ᠠᠯᠳᠠᠷ ᠲᠠᠢ ᠵᠢᠮ᠎ᠡ | ᠬᠠᠣᠯᠢ — ᠪᠣᠳᠠᠰ ᠤᠨ ᠬᠠᠷᠢᠯᠴᠠᠨ ᠲᠠᠲᠠᠯᠴᠠᠬᠤ ᠬᠦᠴᠦᠨ ᠤ ᠵᠢᠮ᠎ᠡ ᠬᠠᠣᠯᠢ ᠪᠠᠨ ᠢᠯᠡᠷᠡᠭᠦᠯᠦᠭᠰᠡᠨ ᠭᠡᠳᠡᠭ ᠶᠣᠮ᠃ | ᠺᠧᠫᠯᠧᠷ ᠪᠣᠯ ᠨᠢᠭᠡᠨ ᠴᠡᠷᠢᠭ ᠬᠦᠮᠦᠨ ᠤ ᠭᠡᠷ ᠪᠦᠯᠢ ᠳᠤ ᠲᠣᠷᠭᠤᠨ ᠲᠦᠷᠦᠭᠰᠡᠨ ᠬᠡᠣᠬᠡᠳ ᠪᠣᠯᠬᠤᠷ ᠪᠠᠶ᠎ᠠ ᠨᠢ ᠮᠠᠰᠢ | ᠲᠣᠷᠣᠢ ᠪᠠᠶᠢᠵᠠᠢ᠃ ᠣᠨᠴᠠᠭᠠᠶᠢᠯᠠᠨ ᠲᠦᠷᠪᠡᠨ ᠨᠠᠰᠣᠳᠠᠢ ᠳᠠᠭᠠᠨ ᠴᠡᠴᠡᠭ ᠡᠪᠡᠳᠴᠢᠨ ᠪᠠ ᠣᠯᠠᠭᠠᠨ ᠡᠰᠡᠷᠭᠡᠨ᠎ᠡ ᠳᠤ | ᠨᠡᠷᠪᠡᠭᠳᠡᠨ ᠣᠯᠠᠮ ᠮᠠᠭᠤ ᠪᠣᠯᠵᠣ ᠨᠢᠳᠦᠨ ᠬᠠᠷᠠᠭ᠎ᠠ ᠨᠢ ᠮᠠᠭᠤᠳᠠᠨ᠂ ᠬᠤᠵᠢᠮ ᠪᠠᠰᠠ ᠪᠠᠰᠠ ᠨᠢᠭᠡᠨ ᠭᠠᠷ ᠨᠢ ᠵᠡᠮᠳᠡᠭ | ᠪᠣᠯᠪᠠ᠃ ᠲᠡᠷᠡ ᠶᠡᠭᠡ ᠰᠣᠷᠭᠠᠭᠤᠯᠢ ᠳᠤ ᠰᠣᠷᠣᠯᠴᠠᠵᠣ ᠪᠠᠶᠢᠬᠤ ᠦᠶ᠎ᠡ ᠠᠴᠠ ᠡᠬᠢᠯᠡᠨ᠂ ᠺᠣᠪᠧᠷᠨᠢᠺ ᠤᠨ ᠣᠨᠣᠯ ᠢ | ᠢᠳᠡᠭᠡᠵᠦ᠂ ᠶᠡᠭᠡ ᠰᠣᠷᠭᠠᠭᠤᠯᠢ ᠪᠠᠨ ᠲᠡᠭᠦᠰᠦᠭᠡᠳ ᠲᠢᠺᠤ · ᠪᠷᠠᠾᠧ ᠳᠤ ᠬᠠᠪᠰᠣᠷᠣᠭᠴᠢ ᠪᠠᠷ ᠠᠵᠢᠯᠯᠠᠨ ᠣᠳᠣᠨ | ᠣᠷᠣᠨ ᠢ ᠰᠢᠨᠵᠢᠯᠡᠬᠦ ᠠᠯᠬᠤᠮ ᠢᠶᠠᠨ ᠡᠬᠢᠯᠡᠬᠦᠯᠵᠡᠢ᠃ | ᠲᠢᠺᠤ · ᠪᠠᠷᠠᠾᠧ 1601 ᠣᠨ ᠳᠤ ᠨᠠᠰᠣ ᠪᠠᠷᠠᠬᠤ ᠳᠠᠭᠠᠨ ᠪᠣᠢ ᠪᠦᠬᠦᠢ ᠰᠢᠨᠵᠢᠯᠡᠭᠡᠨ ᠤ ᠮᠠᠲ᠋ᠧᠷᠢᠶᠠᠯ ᠪᠠ ᠪᠠᠭᠠᠵᠢ | ᠭᠡᠷᠡᠭᠰᠡᠯ ᠢᠶᠠᠨ ᠪᠦᠷ ᠺᠧᠫᠯᠧᠷ ᠲᠤ ᠦᠯᠡᠳᠡᠭᠡᠨ ᠦᠭᠴᠡᠢ᠃ ᠲᠡᠭᠡᠭᠡᠳ ᠺᠧᠫᠯᠧᠷ 1627 ᠣᠨ ᠳᠤ ᠦᠪᠡᠷ ᠤᠨ | ᠨᠢᠭᠡᠨ ᠴᠢᠬᠤᠯᠠ ᠪᠣᠯᠬᠤ ᠵᠣᠬᠢᠶᠠᠯ ︽ᠷᠦᠳᠣᠯᠹ ︵Rudolf︶ ᠣᠳᠣᠨ ᠮᠠᠴᠢᠳ ᠤᠨ ᠬᠦᠰᠦᠨᠦᠭᠳᠦ︾ ︵鲁道 | 夫星行表︶ ᠭᠡᠳᠡᠭ ᠢᠶᠠᠨ ᠨᠡᠶᠢᠳᠡᠯᠡᠨ᠂ ᠲᠡᠭᠦᠨ ᠤ ᠡᠨᠡᠬᠦ ᠨᠣᠮ ᠨᠢ ᠲᠣᠬᠠᠢ ᠶᠢᠨ ᠦᠶ᠎ᠡ ᠶᠢᠨ ᠬᠠᠮᠤᠭ | ᠣᠨᠣᠪᠴᠢᠳᠠᠢ ᠬᠦᠰᠦᠨᠦᠭᠳᠦ ᠪᠠᠶᠢᠭᠰᠠᠨ ᠶᠣᠮ᠃ | 1596 ᠣᠨ ᠳᠤ ᠺᠧᠫᠯᠧᠷ ᠣᠷᠴᠢᠯᠠᠩ ᠤᠨ ᠣᠨᠣᠯ ᠤᠨ ᠲᠣᠬᠠᠢ ᠨᠣᠮ ︽ᠣᠷᠴᠢᠯᠠᠩ ᠤᠨ ᠨᠢᠭᠤᠴᠠ︾ ᠪᠠᠨ | ᠬᠡᠪᠯᠡᠨ ᠨᠡᠶᠢᠳᠡᠯᠡᠪᠡ᠃ 1604 ᠣᠨ ᠤ 10 ᠰᠠᠷ᠎ᠠ ᠶᠢᠨ 17 ᠡᠳᠦᠷ ᠲᠤ ᠲᠡᠷᠡ ᠪᠠᠰᠠ ᠬᠡᠳᠦ ᠰᠢᠨ᠎ᠡ ᠣᠳᠣ | SN ᠢ ᠢᠯᠡᠷᠡᠬᠦᠯᠪᠡ᠃ ᠬᠡᠳᠦᠶᠢᠪᠡᠷ ᠬᠠᠮᠤᠭ ᠣᠷᠢᠳᠠᠪᠠᠷ ᠢᠯᠡᠷᠡᠭᠦᠯᠦᠭᠰᠡᠨ ᠬᠦᠮᠦᠨ ᠪᠢᠰᠢ ᠴᠣ᠋ ᠲᠡᠷᠡ ᠡᠨᠡᠬᠦ ᠰᠢᠨ᠎ᠡ | ᠣᠳᠣᠨ ᠢ ᠬᠦᠨᠵᠡᠭᠡᠢ ᠰᠣᠳᠣᠯᠵᠣ᠂ ︽ᠮᠣᠭᠠᠶᠢᠳᠣ ᠰᠠᠭᠤᠳᠠᠯ ᠤᠨ ᠲᠣᠣᠷᠠᠬᠢ ᠰᠢᠨ᠎ᠡ ᠣᠳᠣᠨ︾ ︵蛇夫座脚 | 部的新星᠂ De Stella Nova in Pede Serpentarii︶ ᠭᠡᠬᠦ ᠨᠣᠮ ᠢᠶᠠᠨ | ᠨᠡᠶᠢᠳᠡᠯᠡᠵᠡᠢ᠃ ᠬᠦᠮᠦᠰ ᠲᠡᠭᠦᠨ ᠤ ᠭᠠᠪᠢᠶ᠎ᠠ ᠵᠢᠳᠭᠦᠯ ᠢ ᠲᠣᠷᠠᠰᠬᠠᠬᠤ ᠶᠢᠨ ᠲᠦᠯᠦᠭᠡ ᠲᠣᠰ ᠬᠡᠳᠦ ᠰᠢᠨ᠎ᠡ ᠣᠳᠣ | ᠶᠢ ᠲᠡᠭᠦᠨ ᠤ ᠨᠡᠷ᠎ᠡ ᠪᠠᠷ ︽ᠺᠧᠫᠯᠧᠷ ᠬᠡᠳᠦ ᠰᠢᠨ᠎ᠡ ᠣᠳᠣ︾ ᠭᠡᠵᠦ ᠨᠡᠷᠡᠶᠢᠳᠴᠡᠢ᠃ 1609 ᠣᠨ ᠳᠤ ᠣᠳᠣᠨ | ᠮᠡᠴᠢᠳ ᠤᠨ ᠣᠷᠴᠢᠯ ᠤᠨ ᠲᠣᠬᠠᠢ ᠬᠤᠶᠠᠷ ᠵᠣᠷᠪᠣᠰ ᠵᠢᠮ᠎ᠡ ᠬᠠᠣᠯᠢ ᠪᠠᠨ ᠨᠡᠶᠢᠳᠡᠯᠡᠵᠡᠢ᠃ 1618 ᠣᠨ ᠳᠤ | ᠭᠤᠷᠪᠠᠳᠣᠭᠠᠷ ᠵᠣᠷᠪᠣᠰ ᠵᠢᠮ᠎ᠡ ᠬᠠᠣᠯᠢ ᠶᠢ ᠨᠢ ᠢᠯᠡᠷᠡᠬᠦᠯᠦᠨ ᠨᠡᠶᠢᠳᠡᠯᠡᠪᠡ᠃ ᠡᠨᠡ ᠪᠣᠯ ᠲᠠᠷᠣᠢ ᠬᠦᠮᠦᠰ ᠤᠨ | ᠬᠡᠯᠡᠳᠡᠭ ︽ᠺᠧᠫᠯᠧᠷ ᠤᠨ ᠵᠢᠮ᠎ᠡ ᠬᠠᠣᠯᠢ︾ ᠭᠡᠳᠡᠭ ᠣᠳᠣᠨ ᠮᠡᠴᠢᠳ ᠤᠨ ᠣᠷᠴᠢᠯ ᠤᠨ ᠲᠣᠬᠠᠢ ᠭᠤᠷᠪᠠᠨ ᠶᠡᠭᠡ | ᠵᠢᠮ᠎ᠡ ᠬᠠᠣᠯᠢ ᠮᠦᠨ᠃ ᠡᠨᠡᠬᠦ ᠵᠢᠮ᠎ᠡ ᠬᠠᠣᠯᠢ ᠨᠢ ᠲᠡᠯᠡᠬᠡᠢ ᠶᠢᠨ ᠪᠦᠮᠪᠦᠷᠴᠡᠭ ᠢ ᠪᠠᠭᠳᠠᠭᠠᠭᠰᠠᠨ ᠣᠳᠣᠨ ᠪᠦᠮᠪᠦᠷᠴᠡᠭ | ᠨᠤᠭᠤᠳ ᠨᠠᠷᠠ ᠶᠢ ᠲᠠᠭᠠᠨ ᠡᠷᠬᠢᠵᠦ ᠪᠠᠶᠢᠭ᠎ᠠ ᠪᠣᠳᠠᠳᠣ ᠪᠠᠶᠢᠳᠠᠯ ᠢ ᠲᠣᠲᠣᠷᠬᠠᠶᠢᠯᠠᠵᠣ ᠴᠢᠳᠠᠭᠰᠠᠨ ᠣᠨᠣᠯ ᠤᠨ | ᠦᠨᠳᠦᠰᠦᠯᠡᠯ ᠮᠦᠨ᠃ 1618 ᠣᠨ -1621 ᠣᠨ ᠪᠣᠯᠳᠠᠯ᠎ᠠ ᠲᠡᠷᠡ ︽ᠺᠣᠪᠧᠷᠨᠢᠺ ᠤᠨ ᠣᠳᠣᠨ ᠣᠷᠣᠨ ᠤ | ᠣᠬᠠᠭᠠᠨ ᠤ ᠬᠤᠷᠢᠶᠠᠩᠭᠤᠢ︾ ᠭᠡᠳᠡᠭ ᠨᠣᠮ ᠢᠶᠠᠨ ᠪᠢᠴᠢᠵᠡᠢ᠃ ᠲᠡᠭᠦᠨ ᠤ ᠨᠣᠮ ᠳᠤ ᠣᠳᠣᠨ ᠣᠷᠣᠨ ᠤ ᠣᠬᠠᠭᠠᠨ | ᠭᠡᠪᠡᠯ ᠲᠣᠣᠷᠠᠬᠢ ᠮᠡᠳᠦ ᠲᠠᠪᠣᠨ ᠬᠡᠰᠡᠭ ᠢᠶᠠᠷ ᠪᠦᠷᠢᠯᠳᠦᠵᠡᠢ ᠭᠡᠪᠡ᠃ ᠲᠠᠷᠣᠢ᠄ ᠣᠳᠣᠨ ᠣᠷᠣᠨ ᠢ ᠠᠵᠢᠭᠯᠠᠨ | ᠬᠡᠮᠵᠢᠬᠦ ᠠᠵᠢᠭᠯᠠᠨ ᠬᠡᠮᠵᠢᠵᠦ ᠣᠯᠣᠭᠰᠠᠨ ᠬᠦᠳᠡᠯᠭᠡᠭᠡᠨ ᠳᠡᠭᠡᠨ ᠲᠦᠰᠦᠭᠡᠯᠡᠯ ᠬᠢᠬᠦ ᠣᠷᠴᠢᠯᠠᠩ ᠤᠨ ᠲᠣᠬᠠᠢ ᠹᠢᠽᠢᠺ | ᠶᠢᠨ ᠣᠬᠠᠭᠠᠨ ᠪᠣᠶᠣ ᠬᠡᠯᠪᠡᠷᠢ ᠶᠢᠨ ᠣᠬᠠᠭᠠᠨ ᠣᠳᠣᠨ ᠪᠦᠮᠪᠦᠷᠴᠡ ᠤᠨ ᠦᠩᠬᠡᠷᠡᠭᠰᠡᠨ ᠪᠠ ᠢᠷᠡᠭᠡᠳᠦᠢ ᠶᠢ | ᠲᠦᠰᠦᠭᠡᠯᠡᠨ ᠪᠣᠳᠣᠬᠤ ᠬᠤᠯᠪᠣᠭᠳᠠᠯ ᠪᠦᠬᠦᠢ ᠪᠠᠭᠠᠵᠢ ᠬᠡᠷᠡᠭᠰᠡᠯ ᠢ ᠦᠢᠯᠡᠳᠬᠦ ᠪᠣᠶᠣ ᠬᠡᠷᠡᠭᠯᠡᠬᠦ ᠮᠢᠬᠠᠨᠢᠭ ᠣᠬᠠᠭᠠᠨ | ᠤ ᠬᠡᠰᠡᠭ | ᠺᠧᠫᠯᠧᠷ ᠤᠨ ᠭᠤᠷᠪᠠᠨ ᠵᠢᠮ᠎ᠡ ᠬᠠᠣᠯᠢ ᠨᠢ ᠰᠣᠩᠭᠤᠳᠠᠭ ᠣᠳᠣᠨ ᠣᠷᠣᠨ ᠤ ᠰᠣᠳᠣᠯᠣᠯ ᠤᠨ ᠬᠦᠭᠵᠢᠯᠳᠡ ᠳᠤ | ᠪᠠᠳᠣᠳᠠᠢ ᠰᠠᠭᠤᠷᠢ ᠪᠣᠯᠵᠣ ᠴᠢᠳᠠᠵᠠᠢ᠃ ᠮᠦᠨ ᠡᠬᠦᠨ ᠠᠴᠠ ᠣᠯᠪᠠᠯᠠᠵᠣ᠂ ᠨᠢᠦ᠋ᠲ᠋ᠣᠨ ᠤ ᠪᠣᠳᠠᠰ ᠤᠨ ᠲᠠᠲᠠᠯᠴᠠᠬᠤ | ᠬᠦᠴᠦᠨ ᠤ ᠵᠢᠮ᠎ᠡ ᠬᠠᠣᠯᠢ ᠮᠡᠨᠳᠦᠯᠡᠭᠰᠡᠨ ᠪᠢᠯᠡ᠃ | ᠺᠧᠫᠯᠧᠷ ᠮᠦᠨ ᠴᠣ᠋ ᠣᠳᠣ ᠦᠶ᠎ᠡ ᠶᠢᠨ ᠬᠡᠷᠡᠯ ᠤᠨ ᠣᠬᠠᠭᠠᠨ ᠤ ᠰᠠᠭᠤᠷᠢᠯᠠᠭᠴᠢ ᠪᠢᠯᠡ᠃ ᠲᠡᠷᠡ ᠵᠡᠭᠦᠥ ᠶᠢᠨ | ᠰᠦᠪᠡ ᠪᠠᠷ ᠲᠦᠷᠰᠦᠵᠢᠬᠦᠯᠬᠦ ᠦᠵᠡᠭᠳᠡᠯ ᠢ ᠰᠣᠳᠣᠯᠵᠣ᠂ ᠭᠸᠣᠮᠧᠲᠷ ᠤᠨ ᠭᠡᠷᠡᠯ ᠤᠨ ᠣᠬᠠᠭᠠᠨ ᠤ ᠲᠠᠯ᠎ᠠ ᠲᠠᠶᠢᠯᠪᠣᠷᠢ | ᠬᠢᠭᠰᠡᠨ ᠬᠦᠮᠦᠨ ᠮᠦᠨ᠃ ᠲᠡᠷᠡ ᠵᠢᠭᠠᠵᠣ ᠭᠠᠷᠭᠠᠭᠰᠠᠨ ᠨᠢ ᠭᠡᠷᠡᠯ ᠤᠨ ᠬᠦᠴᠦᠳᠡᠯ ᠨᠢ ᠭᠡᠷᠡᠯ ᠤᠨ ᠡᠭᠦᠰᠦᠯᠳᠡ ᠶᠢᠨ | ᠵᠠᠢ ᠲᠠᠢ ᠣᠷᠪᠠᠭᠤ ᠬᠠᠷᠢᠴᠠᠭ᠎ᠠ ᠲᠠᠢ ᠭᠡᠵᠡᠢ᠃ ᠲᠡᠷᠡ ᠭᠡᠷᠡᠯ ᠤᠨ ᠨᠣᠭᠤᠷᠠᠯᠳᠠ ᠶᠢᠨ ᠠᠰᠠᠭᠤᠳᠠᠯ ᠢ ᠰᠣᠳᠣᠯᠵᠣ᠂ | 1611 ᠣᠨ ᠳᠤ ︽ᠭᠡᠷᠡᠯ ᠨᠣᠭᠤᠷᠠᠭᠤᠯᠬᠤ ᠣᠬᠠᠭᠠᠨ︾ ᠭᠡᠳᠡᠭ ᠨᠣᠮ ᠢᠶᠠᠨ ᠪᠢᠴᠢᠵᠦ᠂ ᠬᠠᠮᠤᠭ ᠡᠷᠳᠡ ᠭᠡᠷᠡᠯ | ᠤᠨ ᠰᠠᠴᠣᠷᠠᠭ ᠪᠠ ᠭᠡᠷᠡᠯ ᠤᠨ ᠪᠠᠭᠴᠠ ᠭᠡᠳᠡᠭ ᠣᠬᠠᠭᠳᠠᠬᠤᠨ ᠢ ᠲᠣᠷᠠᠳᠣᠨ ᠭᠠᠷᠭᠠᠵᠣ᠂ ᠣᠳᠣ ᠶᠢᠨ ᠦᠶ᠎ᠡ ᠶᠢᠨ | ᠲᠣᠷᠠᠨ ᠤ ᠣᠨᠣᠯ ᠢ ᠢᠯᠡᠷᠡᠬᠦᠯᠵᠦ᠂ ᠭᠠᠯᠢᠯᠶᠣ᠋ · ᠭᠠᠯᠢᠯᠸᠢ ᠶᠢᠨ ᠡᠬᠦᠳᠦᠭᠰᠡᠨ ᠲᠣᠷᠠᠨ ᠳᠤ ᠵᠠᠰᠠᠪᠣᠷᠢ ᠣᠷᠣᠭᠤᠯᠣᠨ᠂ | ᠣᠳᠣ ᠦᠶ᠎ᠡ ᠶᠢᠨ ᠲᠣᠷᠠᠨ ᠢ ᠡᠭᠦᠳᠦᠨ᠂ ᠬᠦᠮᠦᠰ ᠲᠤ ᠺᠧᠫᠯᠧᠷ ᠤᠨ ᠲᠣᠷᠠᠨ ᠭᠡᠵᠦ ᠨᠡᠷᠡᠯᠡᠭᠳᠡᠭᠰᠡᠨ ᠪᠢᠯᠡ᠃ | ᠺᠧᠫᠯᠧᠷ ᠪᠠᠰᠠ ᠬᠦᠮᠦᠨ ᠤ ᠨᠢᠳᠣᠨ ᠤ ᠬᠠᠷᠠᠭ᠎ᠠ ᠶᠢᠨ ᠠᠵᠢᠯᠯᠠᠭ᠎ᠠ ᠶᠢ ᠰᠣᠳᠣᠯᠵᠣ᠂ ᠬᠦᠮᠦᠰ ᠶᠠᠭᠤᠮ᠎ᠠ ᠣᠯᠵᠣ | ᠦᠵᠡᠵᠦ ᠪᠠᠶᠢᠭ᠎ᠠ ᠨᠢ ᠪᠣᠳᠠᠰ ᠤᠨ ᠣᠶᠢᠯᠠᠭᠤᠯᠣᠭᠰᠠᠨ ᠭᠡᠷᠡᠯ ᠨᠢ ᠨᠢᠳᠦᠨ ᠤ ᠪᠣᠯᠣᠷ ᠪᠡᠶᠡᠲᠦ ᠪᠠᠷ ᠲᠠᠮᠵᠢᠨ ᠬᠠᠷᠠᠭᠠᠨ | ᠤ ᠲᠣᠣᠷᠯᠢᠭ ᠪᠦᠷᠬᠦᠪᠴᠢ ᠳᠤ ᠲᠣᠰᠴᠣ ᠬᠠᠷᠠᠭᠠᠨ ᠰᠡᠷᠡᠯ ᠡᠭᠦᠰᠴᠦ ᠪᠠᠶᠢᠨ᠎ᠠ ᠭᠡᠵᠦ ᠲᠣᠲᠣᠯᠠᠵᠠᠢ᠃ ᠲᠡᠷᠡ ᠪᠠᠰᠠ | ᠣᠶᠢᠷ᠎ᠠ ᠬᠠᠷᠠᠭ᠎ᠠ ᠪᠠ ᠬᠤᠯᠠ ᠬᠠᠷᠠᠭ᠎ᠠ ᠡᠬᠦᠰᠬᠦ ᠶᠢᠨ ᠰᠢᠯᠳᠠᠭᠠᠨ ᠢ ᠲᠣᠲᠣᠯᠠᠭᠰᠠᠨ ᠪᠢᠯᠡ᠃ ᠪᠠᠰᠠ ᠠᠭᠠᠷ ᠮᠠᠨᠳᠠᠯ | ᠳᠤ ᠭᠡᠷᠡᠯ ᠨᠣᠭᠤᠷᠠᠬᠤ ᠶᠢᠨ ᠣᠶᠢᠷᠠᠯᠴᠠᠭ᠎ᠠ ᠵᠢᠮ᠎ᠡ ᠬᠠᠣᠯᠢ ᠶᠢ ᠢᠯᠡᠷᠡᠬᠦᠯᠵᠦ ᠠᠭᠠᠷ ᠮᠠᠨᠳᠠᠯ ᠮᠦᠨ ᠬᠦᠨᠳᠦ ᠶᠢᠨ | ᠵᠢᠩ ᠲᠠᠢ ᠭᠡᠳᠡᠭ ᠲᠠᠨᠢᠵᠦ ᠮᠡᠳᠡᠭᠰᠡᠨ ᠬᠦᠮᠦᠨ ᠶᠣᠮ᠃ ᠡᠭᠦᠨ ᠢᠶᠠᠷ ᠪᠠᠷᠠᠬᠤ ᠦᠭᠡᠢ ᠪᠠᠰᠠ ᠰᠠᠷ᠎ᠠ ᠭᠬᠢᠷᠲᠦᠬᠦ ᠦᠶ᠎ᠡ | ᠳᠤ ᠰᠠᠷᠠᠨ ᠤ ᠦᠩᠭᠡ ᠨᠢ ᠣᠯᠠᠪᠢᠷ ᠪᠣᠯᠵᠣ ᠪᠠᠶᠢᠭ᠎ᠠ ᠨᠢ ᠨᠠᠷᠠᠨ ᠤ ᠭᠡᠷᠡᠯ ᠲᠡᠯᠡᠬᠡᠢ ᠶᠢᠨ ᠪᠦᠮᠪᠦᠷᠴᠡᠭ ᠤᠨ ᠠᠭᠠᠷ | ᠮᠠᠨᠳᠠᠯ ᠠᠴᠠ ᠣᠶᠢᠯᠠᠵᠣ ᠰᠠᠷᠠᠨ ᠳᠤ ᠬᠦᠷᠦᠭᠡᠳ ᠪᠣᠯᠵᠣ ᠪᠠᠶᠢᠭ᠎ᠠ ᠶᠣᠮ ᠭᠡᠵᠦ ᠲᠠᠶᠢᠯᠪᠣᠷᠢᠯᠠᠵᠠᠢ᠃ | 1630 ᠣᠨ ᠤ 11 ᠰᠠᠷ᠎ᠠ ᠳᠤ ᠺᠧᠫᠯᠧᠷ ᠡᠪᠡᠳᠴᠢᠯᠡᠨ ᠦᠨᠳᠦᠷ ᠬᠠᠯᠠᠭᠤᠷᠠᠵᠣ᠂ ᠬᠡᠳᠦᠨ ᠡᠳᠦᠷ ᠪᠣᠯᠣᠭᠠᠳ | ᠶᠠᠳᠠᠭᠤ ᠵᠦᠳᠡᠬᠦᠥ ᠪᠠ ᠡᠪᠡᠳᠴᠢᠨ ᠵᠣᠪᠠᠯᠠᠩ ᠤᠨ ᠡᠷᠬᠡᠨ ᠳᠤ ᠨᠠᠰᠣ ᠪᠠᠷᠠᠵᠠᠢ᠃ ᠲᠡᠭᠦᠨ ᠤ ᠴᠢᠨᠳᠠᠷ ᠢ ᠨᠢᠭᠡᠨ | ᠵᠢᠵᠢᠭ ᠲᠣᠭᠠᠩ ᠳᠤ ᠣᠷᠣᠰᠢᠭᠤᠯᠪᠠ᠃ ᠲᠡᠷᠡ ᠦᠪᠡᠷ ᠤᠨ ᠣᠩᠭᠤᠨ ᠤ ᠬᠦᠰᠢᠶᠡᠨ ᠲᠡᠭᠡᠨ ᠪᠢᠴᠢᠭᠰᠡᠨ ᠪᠢᠴᠢᠭᠡᠰᠦ | ᠨᠢ᠄ ︽ᠦᠩᠭᠡᠷᠡᠭᠰᠡᠨ ᠪᠢ ᠲᠡᠭᠷᠢ ᠶᠢᠨ ᠦᠨᠳᠦᠷ ᠢ ᠬᠡᠮᠵᠢᠯᠦᠭᠡ᠂ ᠡᠳᠦᠬᠡ ᠭᠠᠵᠠᠷ ᠤᠨ ᠬᠦᠨ ᠢ ᠣᠯᠰᠣᠭᠠᠢ ᠬᠡᠮᠡᠮᠣᠢ | ᠃ ᠮᠢᠨᠦ ᠰᠦᠨᠡᠰᠦ ᠲᠡᠭᠡᠳᠦ ᠲᠡᠭᠷᠢ ᠠᠴᠠ ᠢᠷᠡᠭᠰᠡᠨ ᠪᠣᠯᠪᠠᠴᠣ᠂ ᠡᠭᠡᠯ ᠪᠡᠶ᠎ᠡ ᠪᠠᠨ ᠡᠬᠡ ᠭᠠᠵᠠᠷ ᠲᠤ ᠰᠢᠩᠭᠡᠭᠡᠰᠦᠭᠡᠢ | ᠬᠡᠮᠡᠮᠣᠢ︾ ᠭᠡᠵᠡᠢ᠃ ᠬᠦᠮᠦᠰ ᠡᠨᠡᠬᠦ ᠠᠭᠤᠤ ᠶᠡᠭᠡ ᠰᠢᠨᠵᠢᠯᠡᠬᠦ ᠣᠬᠠᠭᠠᠨᠳᠠᠨ ᠢ ᠲᠣᠷᠠᠰᠬᠠᠬᠤ ᠶᠢᠨ ᠲᠦᠯᠦᠭᠡ | 2009 ᠣᠨ ᠤ 3 ᠰᠠᠷ᠎ᠠ ᠶᠢᠨ 6 ᠳᠤ ᠬᠠᠷᠪᠣᠨ ᠭᠠᠷᠭᠠᠭᠰᠠᠨ ᠨᠠᠷᠠᠨ ᠤ ᠠᠶᠢᠮᠠᠭ ᠤᠨ ᠭᠠᠳᠠᠨᠠᠬᠢ ᠭᠠᠷᠠᠭ ᠣᠳᠣ | ᠶᠢ ᠬᠠᠶᠢᠨ ᠰᠢᠨᠵᠢᠬᠦ ᠰᠠᠨᠰᠠᠷ ᠤᠨ ᠲᠣᠷᠠᠨ ᠢ ᠺᠧᠫᠯᠧᠷ ᠲᠣᠷᠠᠨ ᠬᠡᠵᠦ ᠨᠡᠷᠡᠶᠢᠳᠦᠨ ᠲᠡᠭᠦᠨ ᠢ ᠲᠣᠷᠠᠭᠬᠠᠪᠠ᠃ ᠪᠠᠰᠠ | ᠵᠢᠵᠢᠭ ᠭᠠᠷᠠᠭ 1134 ᠪᠠ ᠰᠠᠷ᠎ᠠ ᠪᠦᠮᠪᠦᠷᠴᠡᠭ ᠲᠡᠭᠡᠷᠡᠬᠢ ᠲᠣᠰᠪᠣᠷᠢ ᠨᠢᠭᠡᠨ ᠰᠣᠯᠢᠷ ᠤᠨ ᠨᠦᠭᠡ ᠶᠢ ᠲᠡᠭᠦᠨ ᠤ | ᠨᠡᠷ᠎ᠡ ᠪᠠᠷ ᠨᠡᠷᠡᠯᠡᠭᠰᠡᠨ ᠪᠠᠶᠢᠳᠠᠭ ᠶᠣᠮ᠃ | ᠠᠣᠰᠲ᠋ᠠᠷᠢᠶᠠ ︵Austria奥地利︶ ᠶᠢᠨ ᠯᠢᠨᠽ ︵Linz︶ ᠶᠡᠭᠡ ᠰᠣᠷᠭᠠᠭᠤᠯᠢ ᠲᠡᠭᠦᠨ ᠢ | ᠲᠣᠷᠠᠰᠬᠠᠬᠤ ᠶᠢᠨ ᠲᠦᠯᠦᠭᠡ ᠰᠣᠷᠭᠠᠭᠤᠯᠢ ᠶᠢᠨ ᠨᠡᠷ᠎ᠡ ᠪᠠᠨ ᠬᠠᠯᠠᠵᠣ ᠶᠣᠬᠠᠨᠨᠧᠰ · ᠺᠧᠫᠯᠧᠷ ᠯᠢᠨᠽ ᠶᠡᠭᠡ | ᠰᠣᠷᠭᠠᠭᠤᠯᠢ ︵约翰内斯·开普勒林茨大学︶ ᠭᠡᠵᠡᠢ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |